| 8 ᠳ᠋ᠤᠭᠠᠷ ᠰᠠᠷ᠎ᠠ ᠶᠢᠨ 8 ᠤ ᠡᠳᠦᠷ᠂ ᠲᠣᠣᠺᠢᠣ᠋ ᠶᠢᠨ ᠣᠯᠢᠮᠫᠢᠺ ᠤᠨ ᠲᠠᠮᠢᠷ ᠤᠨ ᠴᠤᠭᠯᠠᠭᠠᠨ ᠤ ᠡᠮᠡᠭᠲᠡᠶ ᠶᠢᠨ | ᠳᠤᠮᠳᠠ ᠲᠠᠰ ᠤᠨ ᠨᠢᠳᠤᠷᠭᠠᠨ ᠲᠡᠮᠡᠴᠡᠭᠡᠨ ᠤ ᠰᠢᠢᠳᠪᠦᠷᠢᠲᠦ ᠲᠡᠮᠡᠴᠡᠭᠡᠨ ᠳᠤ ᠥᠪᠥᠷ ᠮᠣᠩᠭᠤᠯ ᠤᠨ ᠥᠪᠡᠷᠲᠡᠭᠡᠨ | ᠵᠠᠰᠠᠬᠤ ᠣᠷᠣᠨ ᠤ ᠲᠠᠮᠢᠷᠴᠢᠨ ᠯᠢ ᠴᠢᠶᠠᠨ ᠮᠥᠩᠭᠦᠨ ᠮᠧᠳᠠᠯ ᠬᠦᠷᠲᠡᠪᠡ᠃ | ᠲᠡᠮᠡᠴᠡᠭᠡᠨ ᠳᠤ᠂ ᠯᠢ ᠴᠢᠶᠠᠨ ᠪᠡᠶ᠎ᠡ ᠶᠢᠨ ᠥᠨᠳᠥᠷ ᠤᠨ ᠳᠠᠪᠠᠭᠤᠯᠢᠭ ᠢᠶᠠᠨ ᠠᠰᠢᠭᠯᠠᠨ᠂ ᠤᠷᠤᠭᠰᠢ | ᠨᠦᠷᠦᠬᠦ ᠪᠠᠷ ᠳᠡᠮᠵᠢᠨ ᠨᠥᠭᠦᠭᠡ ᠡᠲᠡᠭᠡᠳ ᠲᠤ ᠪᠠᠨ ᠳᠠᠷᠤᠯᠲᠠ ᠤᠴᠠᠷᠠᠭᠤᠯᠤᠭᠰᠠᠨ ᠴᠦ᠂ ᠠᠩᠭ᠍ᠯᠢ ᠶᠢᠨ ᠲᠠᠮᠢᠷᠴᠢᠨ | ᠫᠯᠠᠶᠢᠰ ᠱᠠᠯᠠᠮᠠᠭᠠᠢ ᠵᠠᠶᠢᠯᠠᠬᠤ ᠪᠠ ᠡᠮᠦᠨᠡᠬᠢ ᠨᠢᠳᠤᠷᠭ᠎ᠠ ᠪᠠᠷ ᠢᠶᠠᠨ ᠨᠠᠩ ᠬᠤᠷᠴᠠ ᠰᠢᠷᠦᠭᠦᠨ ᠳᠠᠭᠠᠷᠢᠯᠲᠠ ᠬᠢᠭᠰᠡᠨ ᠤ | ᠡᠴᠦᠰ ᠲᠤ ᠯᠢ ᠴᠢᠶᠠᠨ ᠡᠰᠡᠷᠭᠦ ᠡᠲᠡᠭᠡᠳ ᠢᠶᠠᠨ ᠳᠡᠶᠢᠯᠦᠭᠰᠡᠨ ᠦᠭᠡᠢ ᠮᠥᠩᠭᠦᠨ ᠮᠧᠳᠠᠯ ᠭᠠᠷᠳᠠᠪᠠ᠃ ᠯᠢ ᠴᠢᠶᠠᠨ ᠤ | ᠭᠡᠷ ᠤᠨ ᠬᠥᠮᠦᠰ ᠪᠣᠯᠤᠨ ᠥᠪᠥᠷ ᠮᠣᠩᠭᠤᠯ ᠤᠨ ᠪᠡᠶ᠎ᠡ ᠶᠢᠨ ᠲᠠᠮᠢᠷ ᠤᠨ ᠲᠣᠪᠴᠢᠶ᠎ᠠ ᠶᠢᠨ ᠬᠠᠮᠢᠶ᠎ᠠ ᠪᠦᠬᠦᠢ | ᠤᠳᠤᠷᠢᠳᠤᠯᠭ᠎ᠠ᠂ ᠥᠪᠥᠷ ᠮᠣᠩᠭᠤᠯ ᠤᠨ ᠬᠦᠨᠳᠦ ᠤᠷᠤᠯᠳᠤᠭᠠᠨ ᠤ ᠲᠥᠪ ᠤᠨ ᠳᠠᠰᠬᠠᠯᠵᠢᠭᠤᠯᠤᠭᠴᠢ᠂ ᠠᠩᠭᠢ ᠶᠢᠨ | ᠭᠡᠰᠢᠭᠦᠳ ᠬᠠᠮᠲᠤ ᠪᠠᠷ ᠡᠨᠡ ᠬᠦ ᠬᠥᠮᠦᠰ ᠤᠨ ᠰᠡᠳᠬᠢᠯ ᠢ ᠳᠣᠭᠳᠣᠯᠤᠭᠤᠯᠤᠮ᠎ᠠ ᠰᠢᠢᠳᠪᠦᠷᠢᠲᠦ ᠲᠡᠮᠡᠴᠡᠭᠡᠨ ᠢ | ᠰᠣᠨᠢᠷᠬᠠᠵᠤ᠂ ᠤᠯᠠᠨ ᠢᠶᠠᠷ ᠢᠶᠠᠨ ᠭᠠᠷ ᠲᠠᠬᠢ ᠤᠯᠠᠭᠠᠨ ᠲᠤᠭ ᠢᠶᠠᠨ ᠨᠠᠮᠠᠷᠢᠭᠤᠯᠤᠨ ᠳᠡᠯᠭᠡᠴᠡ ᠶᠢᠨ ᠨᠠᠭᠠᠨ᠎ᠠ ᠠᠴᠠ | ᠯᠢ ᠴᠢᠶᠠᠨ ᠳᠤ ᠰᠦᠷ ᠨᠡᠮᠡᠷᠢᠯᠡᠪᠡ᠃ | 1990 ᠣᠨ ᠳᠤ ᠲᠥᠷᠥᠭᠰᠡᠨ ᠯᠢ ᠴᠢᠶᠠᠨ ᠤᠤᠯ ᠨᠢ ᠰᠠᠭᠰᠤᠨ ᠪᠥᠮᠪᠥᠭᠡᠴᠢᠨ ᠪᠠᠶᠢᠵᠠᠶ᠃ 2007 ᠣᠨ ᠳᠤ | ᠪᠡᠶ᠎ᠡ ᠦᠨᠳᠦᠷ ᠮᠦᠴᠢ ᠤᠷᠲᠤ ᠯᠢ ᠴᠢᠶᠠᠨ ᠳᠠᠰᠬᠠᠯᠵᠢᠭᠤᠯᠤᠭᠴᠢ ᠳᠤ ᠪᠠᠨ ᠠᠩᠬᠠᠷᠤᠭᠳᠠᠵᠤ ᠲᠡᠭᠦᠨ ᠢ ᠥᠪᠥᠷ | ᠮᠣᠩᠭᠤᠯ ᠤᠨ ᠨᠢᠳᠤᠷᠭᠠᠨ ᠲᠡᠮᠡᠴᠡᠭᠡᠨ ᠤ ᠠᠩᠭᠢ ᠳᠤ ᠰᠣᠩᠭᠤᠨ ᠣᠷᠣᠭᠤᠯᠵᠠᠶ᠃ ᠤᠷᠲᠤ ᠡᠳᠦᠷ ᠤᠳᠠᠭᠠᠨ | ᠬᠤᠨᠤᠭ ᠤᠨ ᠬᠠᠲᠠᠭᠤᠵᠢᠯᠲᠠᠶ ᠪᠣᠯᠪᠠᠰᠤᠷᠠᠯ ᠪᠠ ᠭᠠᠷᠮᠠᠭᠠᠶ ᠠᠪᠢᠶᠠᠰ ᠪᠢᠯᠢᠭ ᠢᠶᠠᠷ ᠢᠶᠠᠨ ᠯᠢ ᠴᠢᠶᠠᠨ ᠣᠯᠠᠨ ᠤᠳᠠᠭ᠎ᠠ | ᠪᠥᠬᠦ ᠤᠯᠤᠰ ᠤᠨ ᠮᠠᠩᠯᠠᠶ ᠳᠤ ᠰᠢᠯᠭᠠᠷᠠᠭᠰᠠᠨ ᠪᠥᠭᠡᠳ ᠣᠯᠠᠨ ᠤᠯᠤᠰ ᠤᠨ ᠶᠡᠭᠡ ᠤᠷᠤᠯᠳᠤᠭᠠᠨ ᠳᠤ ᠤᠳᠠᠭ᠎ᠠ | ᠳᠠᠷᠠᠭᠠᠯᠠᠨ ᠰᠢᠯᠢᠳᠡᠭ ᠬᠢᠷᠢ ᠪᠦᠲᠦᠮᠵᠢ ᠤᠯᠪᠠ᠃ 2014 ᠣᠨ ᠤ ᠨᠠᠢᠮᠠᠳᠤᠭᠠᠷ ᠬᠤᠭᠤᠴᠠᠭᠠᠨ ᠤ ᠳᠡᠯᠡᠬᠡᠶ ᠶᠢᠨ | ᠡᠮᠡᠭᠲᠡᠶ ᠶᠢᠨ ᠨᠢᠳᠤᠷᠭᠠᠨ ᠲᠡᠮᠡᠴᠡᠭᠡᠨ ᠤ ᠮᠠᠩᠯᠠᠶ ᠰᠢᠯᠭᠠᠷᠠᠭᠤᠯᠬᠤ ᠤᠷᠤᠯᠳᠤᠭᠠᠨ ᠳᠤ ᠲᠡᠷᠡ ᠠᠩᠬ᠎ᠠ ᠤᠳᠠᠭ᠎ᠠ | ᠤᠯᠤᠰ ᠢᠶᠠᠨ ᠲᠥᠯᠥᠭᠡᠯᠡᠨ ᠤᠷᠤᠯᠳᠤᠭᠠᠨ ᠳᠤ ᠣᠷᠣᠯᠴᠠᠭᠠᠳ ᠳᠡᠳ᠋ᠯᠡᠪᠡ᠃ 2016 ᠣᠨ ᠤ ᠷᠢᠦ᠋ ᠳ᠋ᠢ | ᠿᠧᠨ᠋ᠸᠢᠢᠷᠦ᠋ ᠳᠤ᠂ ᠯᠢ ᠴᠢᠶᠠᠨ ᠣᠯᠢᠮᠫᠢᠺ ᠤᠨ ᠲᠠᠮᠢᠷ ᠤᠨ ᠴᠤᠭᠯᠠᠭᠠᠨ ᠤ ᠠᠩᠬᠠᠨ ᠤ ᠭᠠᠷᠤᠭᠠᠨ ᠳᠤ ᠭᠠᠷᠴᠤ᠂ | ᠬᠠᠭᠠᠰ ᠰᠢᠢᠳᠪᠦᠷᠢᠲᠦ ᠤᠷᠤᠯᠳᠤᠭᠠᠨ ᠳᠤ ᠣᠷᠤᠯᠴᠠᠨ ᠭᠠᠤᠯᠢᠨ ᠮᠧᠳᠠᠯ ᠬᠦᠷᠲᠡᠵᠡᠢ᠃ 2017 ᠣᠨ ᠳᠤ᠂ ᠲᠡᠷᠡ | ᠠᠽᠢᠶ᠎ᠠ ᠲᠢᠪ ᠤᠨ ᠡᠮᠡᠭᠲᠡᠶ ᠶᠢᠨ ᠨᠢᠳᠤᠷᠭᠠᠨ ᠲᠡᠮᠡᠴᠡᠭᠡᠨ ᠤ ᠮᠠᠩᠯᠠᠶ ᠰᠢᠯᠭᠠᠷᠠᠭᠤᠯᠬᠤ ᠤᠷᠤᠯᠳᠤᠭᠠᠨ ᠳᠤ ᠮᠠᠩᠯᠠᠶᠢᠯᠠᠪᠠ | ᠃ 2018 ᠣᠨ ᠳᠤ᠂ ᠠᠷᠪᠠᠳᠤᠭᠠᠷ ᠬᠤᠭᠤᠴᠠᠭᠠᠨ ᠤ ᠳᠡᠯᠡᠬᠡᠶ ᠶᠢᠨ ᠡᠮᠡᠭᠲᠡᠶ ᠶᠢᠨ ᠨᠢᠳᠤᠷᠭᠠᠨ ᠲᠡᠮᠡᠴᠡᠭᠡᠨ ᠤ | ᠮᠠᠩᠯᠠᠶ ᠰᠢᠯᠭᠠᠷᠠᠭᠤᠯᠬᠤ ᠤᠷᠤᠯᠳᠤᠭᠠᠨ ᠳᠤ ᠯᠢ ᠴᠢᠶᠠᠨ 75 ᠺᠢᠯᠣᠭ᠍ᠷᠠᠮ ᠤᠨ ᠲᠠᠰ ᠤᠨ ᠮᠠᠩᠯᠠᠶ ᠳᠤ ᠰᠢᠯᠭᠠᠷᠠᠵᠠᠶ᠃ | 2019 ᠣᠨ ᠳᠤ᠂ ᠯᠢ ᠴᠢᠶᠠᠨ ᠠᠽᠢᠶ᠎ᠠ ᠲᠢᠪ ᠤᠨ ᠡᠮᠡᠭᠲᠡᠶ ᠶᠢᠨ ᠨᠢᠳᠤᠷᠭᠠᠨ ᠲᠡᠮᠡᠴᠡᠭᠡᠨ ᠤ ᠮᠠᠩᠯᠠᠶ | ᠰᠢᠯᠭᠠᠷᠠᠭᠤᠯᠬᠤ ᠤᠷᠤᠯᠳᠤᠭᠠᠨ ᠤ 75 ᠺᠢᠯᠣᠭ᠍ᠷᠠᠮ ᠤᠨ ᠲᠠᠰ ᠤᠨ ᠮᠠᠩᠯᠠᠶ ᠳᠤ ᠰᠢᠯᠭᠠᠷᠠᠪᠠ᠃ ᠯᠢ ᠴᠢᠶᠠᠨ 2020 | ᠣᠨ ᠤ ᠳᠤᠤᠺᠢᠤ᠋ ᠶᠢᠨ ᠣᠯᠢᠮᠫᠢᠺ ᠤᠨ ᠲᠠᠮᠢᠷ ᠤᠨ ᠴᠤᠭᠯᠠᠭᠠᠨ ᠤ ᠰᠢᠢᠳᠪᠦᠷᠢᠲᠦ ᠲᠡᠮᠡᠴᠡᠭᠡᠨ ᠠᠴᠠ ᠡᠮᠦᠨᠡᠬᠢ | ᠤᠷᠤᠯᠳᠤᠭᠠᠨ ᠳᠤ ᠨᠢᠭᠡ ᠵᠠᠮ ᠲᠡᠷᠢᠭᠦᠯᠡᠨ᠂ 5 ᠬᠠᠷᠢᠴᠠᠬᠤ 0 ᠢᠶᠠᠷ ᠡᠰᠡᠷᠭᠦ ᠡᠲᠡᠭᠡᠳ ᠢᠶᠠᠨ ᠢᠯᠠᠵᠤ ᠰᠢᠢᠳᠪᠦᠷᠢᠲᠦ | ᠲᠡᠮᠡᠴᠡᠭᠡᠨ ᠳᠤ ᠣᠷᠤᠵᠤ᠂ ᠳᠤᠮᠳᠠᠳᠤ ᠤᠯᠤᠰ ᠤᠨ ᠨᠢᠳᠤᠷᠭᠠᠴᠢᠨ ᠤ ᠣᠮᠤᠭ ᠰᠦᠷ ᠢ ᠬᠠᠷᠠᠭᠤᠯᠵᠠᠢ᠃ | ᠥᠪᠥᠷ ᠮᠣᠩᠭᠤᠯ ᠤᠨ ᠪᠡᠶ᠎ᠡ ᠶᠢᠨ ᠲᠠᠮᠢᠷ ᠤᠨ ᠲᠣᠪᠴᠢᠶ᠎ᠠ ᠶᠢᠨ ᠤᠷᠤᠯᠳᠤᠭᠠᠨ ᠤ ᠪᠡᠶ᠎ᠡ ᠶᠢᠨ ᠲᠠᠮᠢᠷ ᠤᠨ | ᠭᠠᠵᠠᠷ ᠤᠨ ᠳᠠᠷᠤᠭ᠎ᠠ ᠴᠢᠯᠠᠭᠤ᠄ ︽ᠲᠤᠰ ᠬᠤᠭᠤᠴᠠᠭᠠᠨ ᠤ ᠣᠯᠢᠮᠫᠢᠺ ᠤᠨ ᠲᠠᠮᠢᠷ ᠤᠨ ᠴᠤᠭᠯᠠᠭᠠᠨ ᠳᠤ ᠮᠠᠨ ᠤ | ᠣᠷᠣᠨ ᠤ ᠶᠠᠩ ᠵᠢᠶᠠ ᠢᠦᠢ᠂ ᠯᠢ ᠴᠢᠶᠠᠨ᠂ ᠰᠦᠨ ᠬᠤᠩ ᠢ᠂ ᠴᠧᠨ ᠳ᠋ᠦᠩ ᠴᠢ ᠵᠡᠷᠭᠡ 4 ᠲᠠᠮᠢᠷᠴᠢᠨ | ᠲᠤᠤᠺᠢᠤ᠋ ᠳᠤ ᠬᠦᠷᠴᠦ ᠤᠷᠤᠯᠳᠤᠭᠠᠨ ᠳᠤ ᠣᠷᠣᠯᠴᠠᠪᠠ᠂ ᠰᠦᠨ ᠬᠤᠩ ᠢ ᠲᠠᠶᠢᠺᠤᠨᠳᠤ᠋ ᠶᠢᠨ ᠤᠷᠤᠯᠳᠤᠭᠠᠨ ᠤ | ᠲᠠᠪᠤᠳᠤᠭᠠᠷ ᠲᠤ ᠣᠷᠣᠵᠤ᠂ ᠯᠢ ᠴᠢᠶᠠᠨ ᠨᠢᠭᠡᠨ ᠬᠤᠪᠣᠷ ᠨᠠᠨᠳᠢᠨ ᠮᠥᠩᠭᠦᠨ ᠮᠧᠳᠠᠯ ᠬᠦᠷᠲᠡᠵᠦ᠂ ᠨᠢᠭᠡᠨᠲᠡ ᠮᠠᠨ ᠤ | ᠣᠷᠣᠨ ᠤ ᠲᠠᠮᠢᠷᠴᠢᠳ ᠤᠨ ᠬᠢᠯᠢ ᠶᠢᠨ ᠭᠠᠳᠠᠨ᠎ᠠ ᠡᠷᠬᠢᠯᠡᠭᠰᠡᠨ ᠣᠯᠢᠮᠫᠢᠺ ᠤᠨ ᠲᠠᠮᠢᠷ ᠤᠨ ᠴᠤᠭᠯᠠᠭᠠᠨ ᠳᠤ | ᠣᠷᠤᠯᠴᠠᠭᠰᠠᠨ ᠠᠴᠠ ᠨᠠᠭᠠᠰᠢᠬᠢ ᠬᠠᠮᠤᠭ ᠤᠨ ᠰᠠᠶᠢᠨ ᠬᠢᠷᠢ ᠪᠦᠲᠦᠮᠵᠢ ᠶᠢ ᠡᠭᠦᠳᠴᠡᠢ᠃ ᠪᠢᠳᠡ ᠪᠠᠰᠠ ᠲᠠᠰᠤᠷᠠᠯᠲᠠ | ᠦᠭᠡᠶ ᠲᠤᠷᠰᠢᠯᠭ᠎ᠠ ᠪᠠᠨ ᠳ᠋ᠦᠩᠨᠡᠵᠦ᠂ ᠦᠷᠭᠦᠯᠵᠢᠯᠡᠨ ᠴᠢᠷᠮᠠᠶᠢᠨ ᠲᠡᠮᠡᠴᠡᠵᠦ᠂ ᠳᠠᠷᠠᠭ᠎ᠠ ᠬᠤᠭᠤᠴᠠᠭᠠᠨ ᠤ | ᠣᠯᠢᠮᠫᠢᠺ ᠤᠨ ᠲᠠᠮᠢᠷ ᠤᠨ ᠴᠤᠭᠯᠠᠭᠠᠨ ᠳᠡᠭᠡᠷ᠎ᠡ ᠨᠡᠩ ᠰᠠᠶᠢᠨ ᠬᠢᠷᠢ ᠪᠦᠲᠦᠮᠵᠢ ᠤᠯᠬᠤ ᠪᠠᠷ ᠴᠢᠷᠮᠠᠶᠢᠨ᠎ᠠ︾ ᠭᠡᠵᠡᠢ᠃ | | |