︽ᠢᠷᠭᠡᠨ ᠤ ᠬᠠᠣᠯᠢ ᠶᠢᠨ ᠪᠢᠴᠢᠭ︾ ᠤᠨ ᠬᠤᠷᠢᠨ ᠨᠢᠭᠡᠲᠦᠭᠡᠷ ᠵᠦᠢᠯ ᠤᠨ ᠲᠣᠭᠲᠠᠭᠠᠯ ᠢ ᠦᠨᠳᠦᠰᠦᠯᠡᠪᠡᠯ᠂ | ᠲᠣᠬᠠᠢ ᠶᠢᠨ ᠬᠦᠮᠦᠨ ᠭᠡᠷ ᠪᠠᠶᠢᠰᠢᠩ ᠬᠤᠲᠠᠯᠲᠣᠭᠠᠯᠠᠬᠤ ᠬᠡᠯᠡᠯᠴᠡᠭᠡᠷ ᠪᠣᠶᠣ ᠪᠣᠰᠣᠳ ᠦᠯᠦ ᠬᠦᠲᠡᠯᠬᠦ ᠬᠦᠷᠦᠩᠭᠡ | ᠶᠢᠨ ᠪᠣᠲᠠᠰ ᠤᠨ ᠡᠷᠭᠡ ᠶᠢᠨ ᠲᠣᠬᠠᠢ ᠬᠡᠯᠡᠯᠴᠡᠭᠡᠷ ᠲᠣᠭᠲᠠᠬᠤ ᠳᠤ ᠪᠠᠨ᠂ ᠢᠷᠡᠭᠡᠲᠦᠢ ᠳᠤ ᠪᠣᠲᠠᠰ ᠤᠨ ᠡᠷᠭᠡ ᠶᠢᠨ | ᠪᠡᠶᠡᠯᠡᠭᠲᠡᠬᠦ ᠶᠢ ᠪᠠᠲᠣᠯᠠᠬᠤ ᠶᠢᠨ ᠲᠦᠯᠦᠭᠡ᠂ ᠪᠣᠯᠵᠣᠯ ᠶᠣᠰᠣᠭᠠᠷ ᠢᠶᠠᠨ ᠲᠠᠩᠰᠠᠯᠠᠬᠤ ᠪᠠᠶᠢᠭᠤᠯᠣᠮᠵᠢ ᠳᠤ | ᠣᠷᠢᠳᠴᠢᠯᠠᠨ ᠮᠡᠳᠡᠭᠲᠡᠵᠦ ᠲᠠᠩᠰᠠᠯᠠᠭᠤᠯᠬᠤ ᠪᠠᠷ ᠭᠤᠶᠣᠴᠢᠯᠠᠵᠣ ᠪᠣᠯᠣᠨ᠎ᠡ᠃ ᠣᠷᠢᠳᠴᠢᠯᠠᠨ ᠮᠡᠲᠡᠭᠲᠡᠵᠦ | ᠲᠠᠩᠰᠠᠯᠠᠭᠤᠯᠣᠬᠰᠠᠨ ᠤ ᠲᠠᠷᠠᠭ᠎ᠠ᠂ ᠣᠷᠢᠳᠴᠢᠯᠠᠨ ᠮᠡᠳᠡᠭᠲᠡᠵᠦ ᠲᠠᠩᠰᠠᠯᠠᠭᠤᠯᠣᠬᠰᠠᠨ ᠡᠷᠭᠡᠲᠣ ᠬᠦᠮᠦᠨ ᠢᠶᠠᠷ | ᠵᠦᠪᠰᠢᠶᠡᠷᠡᠬᠦᠯᠦᠭᠰᠡᠨ ᠦᠭᠡᠢ ᠪᠠᠷ ᠲᠣᠰ ᠦᠯᠦ ᠬᠦᠲᠡᠯᠬᠦ ᠬᠦᠷᠦᠩᠭᠡ ᠶᠢ ᠰᠢᠢᠳᠪᠦᠷᠢᠯᠡᠭᠰᠡᠨ ᠪᠠᠶᠢᠪᠠᠯ᠂ ᠪᠣᠲᠠᠰ ᠤᠨ | ᠡᠷᠭᠡ ᠶᠢᠨ ᠬᠦᠴᠦᠨ ᠲᠠᠢ ᠪᠣᠯᠬᠤ ᠦᠭᠡᠢ᠃ ᠡᠶᠢᠮᠣ ᠠᠴᠠ ᠬᠤᠲᠠᠯᠲᠣᠭᠴᠢ ᠶᠢᠨ ︽ᠨᠢᠭᠡ ᠬᠡᠷ ᠢᠶᠠᠨ ᠬᠤᠶᠠᠷ | ᠬᠤᠲᠠᠯᠲᠣᠬᠤ︾ ᠶᠢ ᠰᠡᠷᠭᠡᠶᠢᠯᠡᠬᠦ ᠬᠠᠮᠤᠭ ᠰᠠᠶᠢᠨ ᠠᠷᠭ᠎ᠠ ᠨᠢ ᠭᠡᠷ ᠬᠤᠲᠠᠯᠲᠣᠨ ᠠᠪᠬᠤ ᠬᠡᠯᠡᠯᠴᠡᠭᠡᠷ ᠢᠯᠠᠩᠭᠤᠶ᠎ᠠ | ᠬᠤᠭᠤᠴᠠᠭᠠᠲᠣ ᠭᠡᠷ ᠪᠠᠶᠢᠰᠢᠩ ᠬᠤᠲᠠᠯᠲᠣᠨ ᠠᠪᠬᠤ ᠬᠡᠯᠡᠯᠴᠡᠭᠡᠷ ᠲᠣᠭᠲᠠᠭᠰᠠᠨ ᠤ ᠲᠠᠷᠠᠭ᠎ᠠ ᠬᠠᠣᠯᠢ ᠶᠣᠰᠣᠭᠠᠷ | ᠲᠠᠷᠣᠶᠢᠬᠠᠨ ᠲᠠᠩᠰᠠᠯᠠᠬᠤ ᠪᠠᠶᠢᠭᠤᠯᠣᠮᠵᠢ ᠳᠤ ᠬᠦᠷᠴᠦ ᠣᠷᠢᠳᠴᠢᠯᠠᠨ ᠮᠡᠲᠡᠭᠲᠡᠬᠦ ᠲᠠᠩᠰᠠᠯᠠᠯᠲᠠ ᠬᠢᠵᠦ ᠦᠪᠡᠷ ᠤᠨ | ᠢᠷᠡᠭᠡᠲᠦᠢ ᠶᠢᠨ ᠡᠷᠭᠡ ᠠᠰᠢᠭ ᠢᠶᠠᠨ ᠬᠠᠮᠠᠭᠠᠯᠠᠨ᠎ᠠ᠃ ᠣᠴᠢᠷ ᠨᠢ ᠣᠷᠢᠳᠴᠢᠯᠠᠨ ᠮᠡᠲᠡᠭᠲᠡᠵᠦ ᠲᠠᠩᠰᠠᠯᠠᠭᠤᠯᠣᠬᠰᠠᠨ ᠤ | ᠲᠠᠷᠠᠭ᠎ᠠ᠂ ᠣᠷᠢᠳᠴᠢᠯᠠᠨ ᠮᠡᠳᠡᠭᠲᠡᠵᠦ ᠲᠠᠩᠰᠠᠯᠠᠭᠤᠯᠣᠬᠰᠠᠨ ᠡᠷᠭᠡᠲᠣ ᠬᠦᠮᠦᠨ ᠢᠶᠠᠷ ᠵᠦᠪᠰᠢᠶᠡᠷᠡᠬᠦᠯᠬᠦ ᠦᠭᠡᠢ ᠪᠣᠯ | ᠲᠣᠰ ᠭᠡᠷ ᠢ ᠲᠠᠬᠢᠨ ᠬᠤᠲᠠᠯᠲᠣᠵᠦ ᠲᠡᠶᠢᠯᠬᠦ ᠦᠭᠡᠢ᠃ ᠬᠤᠲᠠᠯᠲᠣᠭᠰᠠᠨ ᠴᠦ ᠪᠣᠲᠠᠰ ᠤᠨ ᠡᠷᠭᠡ ᠶᠢᠨ ᠬᠦᠴᠦᠨ ᠲᠠᠢ | ᠪᠣᠯᠬᠤ ᠦᠭᠡᠢ᠂ ᠲᠠᠷᠣᠢ ᠬᠠᠣᠯᠢ ᠶᠢᠨ ᠬᠠᠮᠠᠭᠠᠯᠠᠯᠲᠠ ᠶᠢ ᠬᠦᠷᠲᠡᠵᠦ ᠴᠢᠲᠠᠬᠤ ᠦᠭᠡᠢ᠃ ᠭᠡᠪᠡᠴᠦ ᠠᠩᠬᠠᠷᠣᠭᠤᠰᠢᠲᠠᠢ | ᠨᠢ ᠣᠷᠢᠳᠴᠢᠯᠠᠨ ᠮᠡᠳᠡᠭᠲᠡᠬᠦ ᠲᠠᠩᠰᠠᠯᠠᠯᠲᠠ ᠪᠠᠰᠠ ᠴᠠᠭ ᠬᠤᠭᠤᠴᠠᠭᠠᠨ ᠤ ᠬᠢᠵᠠᠭᠠᠷᠯᠠᠯ ᠲᠠᠢ ᠪᠠᠶᠢᠲᠠᠭ᠂ ᠲᠠᠷᠣᠢ | ᠣᠷᠢᠳᠴᠢᠯᠠᠨ ᠮᠡᠳᠡᠭᠲᠡᠵᠦ ᠲᠠᠩᠰᠠᠯᠠᠭᠤᠯᠣᠬᠰᠠᠨ ᠤ ᠲᠠᠷᠠᠭ᠎ᠠ᠂ ᠠᠪᠴᠠᠭᠠᠨ ᠤ ᠡᠷᠭᠡ ᠣᠰᠠᠲᠣᠭᠰᠠᠨ ᠪᠣᠶᠣ ᠦᠯᠦ | ᠬᠦᠲᠡᠯᠬᠦ ᠬᠦᠷᠦᠩᠭᠡ ᠶᠢᠨ ᠲᠠᠩᠰᠠᠯᠠᠯᠲᠠ ᠬᠢᠵᠦ ᠲᠡᠶᠢᠯᠬᠦ ᠡᠲᠦᠷ ᠠᠴᠠ ᠡᠬᠢᠯᠡᠨ ᠶᠡᠷᠡᠨ ᠡᠲᠦᠷ ᠤᠨ ᠲᠣᠲᠣᠷ᠎ᠠ | ᠲᠠᠩᠰᠠᠯᠠᠭᠤᠯᠬᠤ ᠪᠠᠷ ᠭᠤᠶᠣᠴᠢᠯᠠᠭᠰᠠᠨ ᠦᠭᠡᠢ ᠪᠠᠶᠢᠪᠠᠯ᠂ ᠣᠷᠢᠳᠴᠢᠯᠠᠨ ᠮᠡᠳᠡᠭᠲᠡᠵᠦ ᠲᠠᠩᠰᠠᠯᠠᠭᠤᠯᠣᠬᠰᠠᠨ ᠨᠢ | ᠬᠦᠴᠦᠨ ᠦᠭᠡᠢ ᠪᠣᠯᠲᠠᠭ᠃ ᠲᠦᠬᠦᠮ ᠢᠶᠠᠷ ᠬᠡᠯᠡᠪᠡᠯ᠂ ᠭᠡᠷ ᠬᠤᠲᠠᠯᠲᠣᠨ ᠠᠪᠬᠤ ᠬᠡᠯᠡᠯᠴᠡᠭᠡᠷ ᠲᠣᠭᠲᠠᠮᠠᠭᠴᠠ | ᠲᠠᠷᠣᠶᠢᠬᠠᠨ ᠬᠡᠯᠡᠯᠴᠡᠭᠡᠷ ᠢᠶᠠᠨ ᠠᠪᠴᠦ ᠲᠠᠩᠰᠠᠯᠠᠬᠤ ᠪᠠᠶᠢᠭᠤᠯᠭ᠎ᠠ ᠳᠤ ᠬᠦᠷᠴᠦ ᠭᠡᠷ ᠬᠤᠲᠠᠯᠲᠣᠨ ᠠᠪᠬᠤ ᠭᠡᠷ᠎ᠡ | ᠲᠣᠭᠲᠠᠭᠰᠠᠨ ᠢᠶᠠᠨ ᠮᠡᠲᠡᠭᠲᠡᠵᠦ ᠲᠠᠩᠰᠠᠯᠠᠭᠤᠯᠣᠨᠡ᠃ ᠲᠠᠷᠠᠭ᠎ᠠ ᠨᠢ ᠦᠪᠡᠷ ᠤᠨ ᠢᠶᠠᠨ ᠨᠡᠷ᠎ᠡ ᠲᠡᠭᠡᠷ᠎ᠡ ᠵᠢᠩᠬᠢᠨᠢ | ᠲᠠᠩᠰᠠᠯᠠᠯᠲᠠ ᠬᠢᠵᠦ ᠲᠡᠶᠢᠯᠬᠦ ᠡᠲᠦᠷ ᠠᠴᠠ ᠡᠬᠢᠯᠡᠨ ᠶᠡᠷᠡᠨ ᠡᠲᠦᠷ ᠤᠨ ᠲᠣᠲᠣᠷ᠎ᠠ ᠡᠷᠬᠡᠪᠰᠢ ᠲᠠᠩᠰᠠᠯᠠᠭᠤᠯᠬᠤ | ᠭᠤᠶᠣᠴᠢᠯᠠᠯ ᠭᠠᠷᠭᠠᠨ᠎ᠠ᠃ ᠦᠭᠡᠢ ᠪᠣᠯ ᠣᠷᠢᠳᠴᠢᠯᠠᠨ ᠮᠡᠳᠡᠭᠲᠡᠬᠦ ᠲᠠᠩᠰᠠᠯᠠᠯᠲᠠ ᠬᠦᠴᠦᠨ ᠦᠭᠡᠢ ᠪᠣᠯᠣᠨ᠎ᠡ᠃ ︵ | ᠮᠦᠷᠡᠨ᠂ ᠣᠶᠣᠨᠪᠢᠯᠢᠭ᠌︶ |