ᠬᠠᠮᠢᠶ᠎ᠠ ᠪᠢᠳᠡᠨ ᠢ ᠬᠡᠷᠡᠭᠰᠡᠪᠡᠯ ᠪᠢᠳᠡ ᠲᠡᠨᠳᠡ ᠣᠴᠢᠨ᠎ᠠ
ᠨᠡᠶᠢᠲᠡᠯᠡᠭᠰᠡᠨ ᠴᠠᠭ᠄
2022/1/5
             — ᠰᠢᠨ᠎ᠡ ᠪᠠᠷᠭᠤ ᠪᠠᠷᠠᠭᠤᠨ ᠬᠤᠰᠢᠭᠤᠨ ᠤ ᠬᠡᠷᠦᠯᠦᠨ ᠰᠣᠮᠣ ᠶᠢᠨ ︽ᠰᠠᠷᠠᠯᠠᠩ︾              ᠡᠮᠡᠭᠲᠡᠶᠢᠴᠦᠳ ᠤᠨ ᠰᠠᠶᠢᠨ ᠳᠤᠷ᠎ᠠ ᠶᠢᠨ ᠦᠢᠯᠡᠴᠢᠯᠡᠭᠡᠨ ᠤ ᠠᠩᠭᠢ ᠶᠢᠨ ᠬᠢᠵᠢᠭ ᠲᠠᠢ              ᠲᠡᠮᠡᠴᠡᠭᠰᠡᠨ ᠦᠢᠯᠡ ᠠᠵᠢᠯᠯᠠᠭ᠎ᠠ ᠶᠢ ᠲᠡᠮᠳᠡᠭᠯᠡᠪᠡ      ᠰᠠᠶᠢᠨ ᠳᠤᠷᠠᠴᠤᠳ ᠤᠨ ᠪᠦᠴᠡ ᠵᠡᠭᠦᠭᠰᠡᠨ ᠰᠣᠮᠣ᠂ ᠭᠠᠴᠠᠭ᠎ᠠ ᠬᠤᠶᠠᠷ ᠱᠠᠲᠤᠨ ᠤ ᠡᠯ᠎ᠡ ᠦᠨᠳᠦᠰᠦᠲᠡᠨ ᠤ ᠡᠮᠡᠭᠲᠡᠢ ᠠᠵᠢᠯᠲᠠᠳ ᠪᠣᠯᠣᠨ ᠰᠠᠶᠢᠨ ᠳᠤᠷ᠎ᠠ ᠶᠢᠨ ᠦᠢᠯᠡᠴᠢᠯᠡᠭᠡᠨ ᠤ ᠠᠩᠭᠢ ᠶᠢᠨ ᠠᠵᠢᠯᠲᠠᠳ ᠰᠣᠮᠣ ᠶᠢᠨ ᠣᠷᠣᠵᠤ ᠭᠠᠷᠬᠤ ᠡᠭᠦᠳᠡ ᠶᠢᠨ ᠬᠤᠷᠢᠭ᠎ᠠ ᠴᠡᠭ᠂ ᠡᠷᠡᠭᠦᠯ ᠬᠠᠮᠠᠭᠠᠯᠠᠯ ᠤᠨ ᠬᠤᠷᠢᠶ᠎ᠠ᠂ ᠲᠣᠮᠢᠯᠠᠭᠰᠠᠨ ᠰᠠᠯᠪᠤᠷᠢ᠂ ᠮᠠᠯᠴᠢᠨ ᠡᠷᠦᠬᠡ ᠶᠢᠨ ᠬᠤᠭᠤᠷᠣᠨᠳᠤ ᠰᠦᠯᠵᠢᠯᠳᠦᠵᠦ᠂ ᠬᠠᠮᠢᠶ᠎ᠠ ᠬᠡᠷᠡᠭᠴᠡᠭᠡ ᠲᠠᠢ ᠪᠣᠯ ᠲᠡᠨᠳᠡ ᠣᠴᠢᠵᠤ ᠠᠴᠢ ᠬᠠᠷᠢᠭᠤ ᠬᠦᠰᠡᠬᠦ ᠦᠭᠡᠢ ᠪᠠᠷ ᠦᠢᠯᠡᠴᠢᠯᠡᠨ᠎ᠡ᠁ ᠲᠡᠳᠡᠨᠦᠰ ᠪᠣᠯ ᠳᠠᠷᠤᠢ ᠰᠢᠨ᠎ᠡ ᠪᠠᠷᠭᠤ ᠪᠠᠷᠠᠭᠤᠨ ᠬᠤᠰᠢᠭᠤᠨ ᠤ ᠬᠡᠷᠦᠯᠦᠨ ᠰᠣᠮᠣ ᠶᠢᠨ ︽ᠰᠠᠷᠠᠯᠠᠩ︾ ᠡᠮᠡᠭᠲᠡᠶᠢᠴᠦᠳ ᠤᠨ ᠰᠠᠶᠢᠨ ᠳᠤᠷ᠎ᠠ ᠶᠢᠨ ᠦᠢᠯᠡᠴᠢᠯᠡᠭᠡᠨ ᠤ ᠠᠩᠭᠢ ᠶᠢᠨ ᠬᠢᠨ ᠪᠣᠯᠣᠨ᠎ᠠ᠃
     ᠨᠢᠳᠣᠨᠣᠨ᠂ ᠲᠡᠳᠡ 50 ᠭᠠᠷᠤᠢ ᠡᠳᠦᠷ ᠳᠠᠷᠠᠭᠠᠯᠠᠨ ᠰᠣᠮᠣ ᠶᠢᠨ ᠣᠷᠣᠵᠤ ᠭᠠᠷᠬᠤ ᠡᠭᠦᠳᠡ ᠶᠢᠨ ᠬᠤᠷᠢᠭ᠎ᠠ ᠴᠡᠭ ᠤᠨ ᠵᠢᠵᠢᠭᠦᠷᠯᠡᠬᠦ ᠠᠵᠢᠯᠲᠠᠨ ᠳᠤ ᠬᠠᠯᠠᠭᠤᠨ ᠪᠦᠯᠢᠶᠡᠨ ᠪᠤᠳᠠᠭ᠎ᠠ ᠬᠢᠵᠦ ᠬᠦᠷᠭᠡᠨ᠂ ᠲᠠᠯᠠᠪᠤᠷ ᠭᠠᠵᠠᠷ ᠢ ᠠᠷᠢᠭᠤᠳᠬᠠᠬᠤ᠂ ᠭᠡᠷ ᠤᠨ ᠳᠣᠲᠣᠨ᠎ᠠ ᠭᠠᠳᠠᠨᠠᠬᠢ ᠶᠢ ᠴᠡᠪᠡᠷᠯᠡᠬᠦ ᠵᠡᠷᠭᠡ ᠬᠠᠮᠤᠭ ᠤᠨ ᠭᠤᠶᠣ ᠦᠢᠯᠡᠴᠢᠯᠡᠭᠴᠢ ᠪᠣᠯᠵᠤ ᠠᠵᠢᠯᠯᠠᠭᠰᠠᠨ ᠢᠶᠠᠷ ᠪᠠᠷᠠᠬᠤ ᠦᠭᠡᠢ᠂ ᠡᠮᠦᠨ᠎ᠡ ᠹᠷᠤᠨᠲ ᠤᠨ ᠠᠵᠢᠯᠲᠠᠳ ᠲᠤ 2 ᠲᠦᠮᠡ ᠭᠠᠷᠤᠢ ᠲᠦᠬᠦᠷᠢᠭ ᠤᠨ ᠦᠷᠲᠡᠭ ᠪᠦᠬᠦᠢ ᠲᠣᠬᠤᠨᠢᠭᠤᠯᠬᠤ ᠪᠣᠳᠠᠰ ᠬᠦᠷᠭᠡᠵᠦ᠂ ᠬᠠᠮᠤᠭ ᠤᠨ ᠭᠤᠶᠣ ᠰᠠᠶᠢᠨ ᠳᠤᠷᠠᠴᠤᠳ ᠪᠣᠯᠪᠠ᠃ ᠲᠡᠳᠡ ᠪᠠᠰᠠ 850 ᠮᠠᠯᠴᠢᠳ ᠲᠤ ᠦᠢᠯᠡᠳᠪᠦᠷᠢᠯᠡᠯ ᠠᠮᠢᠳᠤᠷᠠᠯ ᠳᠤ ᠬᠡᠷᠡᠭᠰᠡᠬᠦ ᠡᠳ᠋ ᠪᠣᠳᠠᠰ ᠣᠷᠣᠯᠠᠨ ᠬᠤᠳᠠᠯᠳᠤᠨ ᠠᠪᠴᠤ ᠬᠦᠷᠭᠡᠨ ᠥᠭᠴᠦ᠂ ᠬᠠᠮᠤᠭ ᠤᠨ ᠭᠤᠶᠣ ᠣᠷᠣᠯᠠᠨ ᠬᠤᠳᠠᠯᠳᠤᠨ ᠠᠪᠤᠭᠴᠢ ᠪᠣᠯᠪᠠ᠃ 2021ᠣᠨ ᠤ 8 ᠰᠠᠷ᠎ᠠ ᠳᠤ᠂ ᠲᠡᠳᠡ ᠰᠣᠮᠣ ᠶᠢᠨ ᠮᠠᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠᠶᠢᠴᠠᠭᠠᠬᠤ ᠭᠠᠵᠠᠷ ᠲᠤ 16 ᠡᠳᠦᠷ ᠳᠠᠷᠠᠭᠠᠯᠠᠨ ᠬᠤᠭᠤᠯᠠ ᠪᠤᠳᠠᠭ᠎ᠠ ᠬᠦᠷᠭᠡᠵᠦ᠂ ᠭᠡᠷ ᠤᠨ ᠳᠣᠲᠣᠨ᠎ᠠ ᠭᠠᠳᠠᠨᠠᠬᠢ ᠪᠦᠬᠦᠶᠢᠯᠡ ᠠᠵᠢᠯ ᠳᠤ ᠬᠠᠪᠰᠤᠷᠤᠨ ᠠᠵᠢᠯᠯᠠᠭᠰᠠᠨ ᠶᠤᠮ᠃
     ᠲᠤᠰ ᠤᠳᠠᠭ᠎ᠠ ᠶᠢᠨ ᠬᠢᠵᠢᠭ ᠢ ᠰᠡᠷᠭᠡᠶᠢᠯᠡᠬᠦ ᠡᠮᠦᠨ᠎ᠡ ᠹᠷᠤᠨᠲ ᠳᠤ ᠮᠦᠨ ᠯᠡ ᠲᠡᠳᠡᠨ ᠤ ᠪᠠᠷ᠎ᠠ ᠬᠠᠷᠠᠭᠳᠠᠵᠤ ᠯᠡ ᠪᠠᠶᠢᠳᠠᠭ᠃ ᠲᠡᠳᠡ᠂ ᠰᠣᠮᠣ ᠶᠢᠨ ᠨᠠᠭᠠᠰᠢ ᠴᠠᠭᠠᠰᠢ ᠨᠡᠪᠲᠡᠷᠡᠬᠦ ᠵᠠᠮ ᠤᠨ ᠬᠤᠷᠢᠭ᠎ᠠ ᠴᠡᠭ ᠲᠤ 23 ᠡᠳᠦᠷ ᠵᠢᠵᠢᠭᠦᠷᠯᠡᠵᠦ᠂ 6 ᠤᠳᠠᠭ᠎ᠠ ᠶᠢᠨ ᠪᠦᠭᠡᠮ ᠬᠦᠴᠢᠯ ᠤᠨ ᠰᠢᠯᠭᠠᠨ ᠪᠠᠶᠢᠴᠠᠭᠠᠯᠲᠠ ᠶᠢᠨ ᠠᠵᠢᠯ ᠤᠨ ᠡᠭᠦᠷᠭᠡ ᠶᠢ ᠦᠨᠳᠦᠷ ᠪᠦᠲᠦᠮᠵᠢᠲᠡᠢ ᠪᠠᠷ ᠪᠡᠶᠡᠯᠡᠭᠦᠯᠪᠡ᠃ ᠲᠡᠳᠡ ᠪᠠᠰᠠ ᠮᠠᠰᠢ ᠣᠯᠠᠨ ᠡᠮᠡᠭᠲᠡᠶᠢᠴᠦᠳ ᠢ ᠳᠠᠶᠢᠴᠢᠯᠠᠨ ᠬᠢᠵᠢᠭ ᠢ ᠰᠡᠷᠭᠡᠶᠢᠯᠡᠬᠦ ᠡᠮᠦᠨ᠎ᠡ ᠹᠷᠤᠨᠲ ᠤᠨ ᠠᠵᠢᠯᠲᠠᠳ ᠲᠤ 6.5 ᠲᠦᠮᠡᠨ ᠲᠦᠬᠦᠷᠢᠭ ᠤᠨ ᠦᠷᠲᠡᠭ ᠪᠦᠬᠦᠢ ᠡᠳ᠋ ᠪᠣᠳᠠᠰ ᠬᠠᠨᠳᠢᠪᠯᠠᠵᠤ᠂ 268 ᠮᠠᠯᠴᠢᠨ ᠡᠷᠦᠬᠡ ᠳᠤ ᠠᠮᠢᠳᠤᠷᠠᠯ ᠤᠨ ᠪᠤᠳᠠᠰ ᠢ ᠣᠷᠣᠯᠠᠨ ᠬᠤᠳᠠᠯᠳᠤᠨ ᠠᠪᠴᠤ ᠬᠦᠷᠭᠡᠭᠰᠡᠨ ᠪᠦᠭᠡᠳ 18 ᠤᠳᠠᠭ᠎ᠠ ᠨᠢᠭᠡᠳᠦᠭᠡᠷ ᠹᠷᠤᠨᠲ ᠤᠨ ᠠᠵᠢᠯᠲᠠᠨ ᠳᠤ ᠬᠠᠯᠠᠭᠤᠨ ᠬᠤᠭᠤᠯᠠ ᠬᠦᠷᠭᠡᠵᠦ ᠥᠭᠭᠦᠭᠰᠡᠨ ᠪᠠᠶᠢᠨ᠎ᠠ᠃
     ᠬᠡᠷᠦᠯᠦᠨ ᠰᠣᠮᠣ ᠶᠢᠨ ︽ᠰᠠᠷᠠᠯᠠᠩ︾ ᠡᠮᠡᠭᠲᠡᠶᠢᠴᠦᠳ ᠤᠨ ᠰᠠᠶᠢᠨ ᠳᠤᠷ᠎ᠠ ᠶᠢᠨ ᠦᠢᠯᠡᠴᠢᠯᠡᠭᠡᠨ ᠤ ᠠᠩᠭᠢ ᠶᠢᠨ  ᠬᠢᠨ ᠬᠠᠮᠢᠭ᠎ᠠ ᠲᠡᠳᠡᠨ ᠢ ᠬᠡᠷᠡᠭᠰᠡᠪᠡᠯ ᠲᠡᠨᠳᠡ ᠣᠴᠢᠵᠤ ᠬᠠᠯᠠᠭᠤᠨ ᠰᠡᠳᠬᠢᠯ ᠢᠶᠠᠷ ᠦᠢᠯᠡᠴᠢᠯᠡᠨ᠎ᠡ᠃ ᠲᠡᠳᠡ ᠪᠣᠯ ᠬᠡᠷᠦᠯᠦᠨ ᠤ ᠳᠡᠮᠵᠢᠨ ᠳᠠᠬᠢ ᠬᠠᠮᠤᠭ ᠤᠨ ᠭᠤᠶᠣ ᠰᠠᠷᠠᠯᠠᠩ ᠴᠡᠴᠡᠭ᠂ ᠲᠡᠳᠡ ᠪᠣᠯ ᠬᠡᠵᠢᠶᠡᠳᠡ ᠬᠦᠮᠦᠰ ᠤᠨ ᠰᠡᠳᠬᠢᠯ ᠢ ᠳᠤᠯᠠᠭᠠᠴᠠᠭᠤᠯᠳᠠᠭ ᠬᠠᠮᠤᠭ ᠤᠨ ᠭᠤᠶᠣ ᠳᠠᠬᠢᠨᠢᠰ ᠪᠢᠯᠡ᠃
                           ᠬᠠᠮ ᠵᠠᠭᠤᠴᠢᠯᠠᠭᠤᠷ ᠤᠨ ᠰᠤᠷᠪᠤᠯᠵᠢᠯᠠᠭᠴᠢ ᠪᠣᠯᠣᠷ                                ᠴᠢᠮᠡᠭᠡᠯᠡᠭᠴᠢ ᠪᠠᠢ ᠶᠠ ᠶᠢᠩ
 
ᠢᠷᠡᠯᠲᠡ᠄ ᠬᠦᠯᠦᠨ ᠪᠣᠶᠢᠷ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号