5 ᠰᠠᠶᠢᠬᠠᠨ ᠳᠠᠳᠬᠠᠯ ᠢ ᠪᠠᠷᠢᠮᠳᠠᠯᠠᠵᠤ ᠪᠠᠢ︕
ᠨᠡᠶᠢᠲᠡᠯᠡᠭᠰᠡᠨ ᠴᠠᠭ᠄
2022/11/10
       1. ᠳᠣᠷᠠᠳᠠᠢ ᠵᠦᠢᠯ ᠠᠴᠠ ᠪᠠᠨ ᠭᠠᠷᠳᠠᠨ᠎ᠠ᠃ ᠪᠡᠶ᠎ᠡ ᠪᠠᠨ ᠪᠠᠷᠢᠬᠤ ᠰᠠᠶᠢᠨ ᠳᠠᠳᠬᠠᠯ ᠲᠠᠢ ᠪᠣᠯᠣᠶ᠎ᠠ ᠭᠡᠪᠡᠯ᠂ ᠥᠪᠡᠷ ᠤᠨ ᠳᠤᠷᠠᠲᠠᠢ ᠵᠦᠢᠯ ᠠᠴᠠ ᠪᠠᠨ ᠭᠠᠷᠳᠠᠵᠤ ᠬᠢᠬᠦ ᠬᠡᠷᠡᠭᠲᠡᠢ᠃ ᠨᠣᠮ ᠳᠤ ᠳᠤᠷᠠᠲᠠᠢ ᠬᠥᠮᠥᠨ ᠡᠷᠲᠡ ᠪᠣᠰᠣᠭᠠᠳ ᠥᠷᠯᠥᠭᠡ ᠨᠢᠭᠡ ᠴᠠᠭ ᠨᠤᠮ ᠤᠩᠰᠢᠬᠤ ᠨᠢ ᠡᠩ ᠤᠨ ᠯᠠ ᠶᠠᠪᠤᠳᠠᠯ︔ ᠳᠠᠮᠢᠷ ᠰᠫᠤᠷᠲ ᠳᠤ ᠳᠤᠷᠠᠲᠠᠢ ᠬᠥᠮᠥᠨ ᠬᠦᠶᠦᠵᠦ ᠪᠠᠶᠢᠭᠠᠳ ᠬᠥᠯᠥᠰᠦ ᠠᠰᠬᠠᠷᠠᠭᠤᠯᠬᠤ ᠳᠤ ᠦᠪᠡᠷ ᠲᠤᠨᠢ ᠵᠢᠷᠭᠠᠯ ᠲᠠᠢ ᠮᠡᠳᠡᠷᠡᠮᠵᠢ ᠥᠭᠬᠦᠨ᠎ᠡ᠃ ᠡᠶᠢᠮᠦ ᠠᠴᠠ ᠪᠡᠶ᠎ᠡ ᠳᠡᠭᠡᠨ ᠲᠣᠬᠢᠷᠠᠬᠤ ᠦᠭᠡᠢ ᠵᠦᠢᠯ ᠢ ᠠᠯᠪᠠ ᠪᠠᠷ ᠬᠢᠬᠦ ᠶᠢᠨ ᠣᠷᠣᠨ ᠳᠤ ᠬᠠᠷᠢᠨ ᠳᠣᠷᠠᠳᠠᠢ ᠵᠦᠢᠯ ᠢᠶᠠᠨ ᠣᠯᠵᠤ ᠠᠪᠤᠭᠠᠳ᠂ ᠪᠠᠷᠢᠮᠳᠠᠯᠠᠵᠦ ᠶᠠᠪᠤᠬᠤ ᠨᠢ ᠴᠢᠬᠤᠯᠠ᠃        2. ᠨᠠᠷᠢᠨ ᠨᠢᠮᠪᠠᠢ ᠬᠠᠷᠠᠯᠲᠠ ᠲᠠᠢ ᠪᠠᠶᠢᠬᠤ᠃ ᠡᠷᠲᠡ ᠤᠨᠲᠠᠵᠤ ᠡᠷᠲᠡ ᠪᠤᠰᠬᠤ ᠪᠠᠷ ᠵᠤᠷᠢᠭ ᠰᠢᠭᠤᠳᠣᠬᠰᠠᠨ ᠪᠠᠶᠢᠳᠠᠯ᠎ᠠ ᠪᠠᠨ ᠤᠲᠠᠰᠤ ᠪᠠᠨ ᠪᠠᠷᠢᠬᠰᠠᠭᠠᠷ ᠪᠠᠶᠢᠭᠠᠳ ᠰᠦᠨᠢ ᠶᠢᠨ ᠬᠤᠶᠠᠷ ᠴᠠᠭ ᠪᠤᠯᠭᠠᠴᠢᠬᠠᠨ᠎ᠠ︔ ᠬᠡᠳᠦᠨ ᠨᠣᠮ ᠤᠩᠰᠢᠬᠤ ᠰᠠᠨᠠᠭᠠᠳᠠᠢ ᠪᠠᠶᠢᠬᠰᠠᠨ ᠴᠦ ᠺᠢᠨᠤ᠋ ᠵᠦᠴᠦᠭᠡ ᠬᠦᠭᠡᠭᠡᠭᠡᠳ ᠶᠠᠪᠤᠴᠢᠬᠠᠨ᠎ᠠ᠁ ᠳᠡᠭᠦᠨ ᠤ ᠤᠴᠢᠷ ᠨᠢ ᠲᠠ ᠠᠮᠢᠳᠣᠷᠠᠯ ᠳᠠᠭᠠᠨ ᠪᠤᠳᠠᠳᠠᠢ ᠪᠠᠷ ᠨᠠᠷᠢᠨ ᠬᠠᠷᠠᠯᠲᠠ ᠳᠣᠭᠳᠠᠭᠠᠭ᠎ᠠ ᠦᠭᠡᠢ ᠳᠤ ᠪᠠᠶᠢᠨ᠎ᠠ᠃ ᠶᠡᠭᠡ ᠶᠢ ᠬᠢᠬᠦ ᠳᠤ ᠴᠦ ᠠᠳᠠᠯᠢᠬᠠᠨ ᠪᠠᠭ᠎ᠠ ᠪᠠᠭ᠎ᠠ ᠬᠠᠷᠠᠯᠲᠠ ᠪᠠᠨ ᠨᠠᠷᠢᠨ ᠪᠣᠳᠠᠲᠠᠢ ᠳᠤᠭᠳᠠᠭᠠᠨ ᠭᠡᠷᠡᠭᠵᠢᠬᠦᠯᠵᠦ ᠴᠢᠳᠠᠪᠠᠯ᠂ ᠶᠠᠪᠤᠭᠠᠨ ᠳᠠᠭᠠᠨ ᠳᠦᠷᠢᠮᠵᠢᠬᠦ ᠪᠤᠯᠤᠨ᠎ᠠ᠃        3. ᠪᠣᠯᠣᠮᠵᠢ ᠦᠭᠡᠢ ᠬᠠᠷᠠᠯᠲᠠ ᠠᠴᠠ ᠲᠠᠲᠠᠭᠠᠯᠵᠠᠬᠤ᠃ ᠠᠮᠢᠳᠤᠷᠠᠯ ᠳᠤᠮᠳᠠ᠂ ᠣᠯᠠᠨ ᠬᠦᠮᠦᠰ ᠤᠴᠢᠷ ᠶᠠᠪᠤᠳᠠᠯ ᠳᠤ ᠪᠠᠷᠰ ᠤᠨ ᠳᠣᠯᠣᠭᠠᠢ ᠪᠠᠷ ᠡᠬᠢᠯᠡᠬᠡᠳ᠂ ᠮᠤᠭᠠᠢ ᠶᠢᠨ ᠰᠡᠬᠦᠯ ᠢᠶᠠᠷ ᠳᠠᠭᠤᠰᠬᠠᠳᠠᠭ᠃ ᠡᠨᠡ ᠨᠢ ᠪᠡᠶ᠎ᠡ ᠳᠡᠭᠡᠨ ᠬᠡᠳᠦᠷᠭᠡᠢ ᠦᠨᠳᠦᠷ ᠪᠠᠷᠢᠮᠵᠢᠶ᠎ᠠ ᠳᠠᠯᠪᠢᠬᠰᠠᠨ ᠠᠴᠠ ᠪᠣᠯᠤᠭᠰᠠᠨ ᠪᠠᠶᠢᠵᠤ ᠮᠡᠳᠡᠨ᠎ᠡ᠃ ᠵᠠᠷᠢᠮ ᠬᠥᠮᠥᠨ ᠰᠠᠷ᠎ᠠ ᠳᠤ 20 ᠵᠢᠩ ᠰᠢᠭᠤᠷᠠᠬᠤ ᠱᠠᠭᠠᠷᠳᠠᠯᠭ᠎ᠠ ᠪᠡᠶᠡᠨ ᠳᠡᠭᠡᠨ ᠳᠠᠯᠪᠢᠳᠠᠭ ᠴᠦ ᠡᠨᠡ ᠬᠡᠴᠡᠬᠦᠦ ᠬᠠᠷᠠᠯᠲᠠ ᠶᠢ ᠪᠡᠶᠡᠯᠡᠭᠦᠯᠬᠦ ᠠᠴᠠ ᠤᠷᠬᠢᠬᠤ ᠳᠤ ᠨᠡᠩ ᠠᠮᠠᠷᠬᠠᠨ ᠪᠠᠶᠢᠳᠠᠭ ᠶᠤᠮ᠃ ᠢᠩᠬᠢᠬᠦ ᠶᠢᠨ ᠣᠷᠣᠨ ᠳᠤ ᠬᠠᠷᠢᠨ ᠡᠳᠦᠷ ᠪᠦᠷᠢ 20 ᠮᠢᠨᠦ᠋ᠲ ᠬᠦᠶᠦᠵᠦ ᠪᠠᠶᠢᠬᠤ ᠨᠢ ᠠᠮᠠᠷᠬᠠᠨ ᠪᠡᠶᠡᠯᠡᠭᠳᠡᠬᠦ ᠮᠦᠷᠳᠡᠬᠡᠨ ᠡᠨᠡ ᠨᠢ ᠪᠠᠶᠢᠩᠭᠤ ᠪᠠᠷᠢᠮᠲᠠᠯᠠᠵᠤ ᠴᠢᠳᠠᠬᠤ ᠪᠠᠷᠢᠮᠵᠢᠶ᠎ᠠ ᠶᠤᠮ᠃        4. ᠲᠣᠭᠲᠠᠮᠠᠯ ᠬᠤᠭᠤᠴᠠᠭ᠎ᠠ ᠲᠠᠢ ᠳ᠋ᠦᠩᠨᠡᠯᠳᠡ ᠬᠢᠬᠦ᠃ ᠪᠡᠶᠡᠨ ᠳᠡᠭᠡᠨ ᠪᠠᠶᠢᠩᠭᠤ ᠳ᠋ᠦᠩᠨᠡᠯᠳᠡ ᠬᠢᠵᠦ᠂ ᠣᠯᠵᠦ ᠠᠯᠳᠠᠬᠰᠠᠨ ᠢᠶᠠᠨ ᠳᠣᠩᠭᠠᠬᠤ ᠨᠢ ᠥᠪᠡᠷ ᠢ ᠪᠠᠨ ᠬᠦᠭᠵᠢᠬᠦᠯᠬᠦ ᠶᠢᠨ ᠴᠢᠬᠤᠯᠠ ᠨᠢᠬᠡ ᠳᠠᠯ᠎ᠠ ᠮᠦᠨ᠃        5. ᠠᠮᠵᠢᠯᠳᠠ ᠳᠤ ᠬᠦᠷᠬᠦ ᠳᠤ ᠶᠠᠭᠠᠷᠠᠵᠤ ᠪᠣᠯᠬᠤ ᠦᠭᠡᠢ᠂ ᠬᠠᠷᠠᠭ᠎ᠠ ᠪᠠᠨ ᠬᠤᠯᠠ ᠲᠠᠯᠪᠢᠬᠤ ᠬᠡᠷᠡᠭᠲᠡᠢ᠃ ᠵᠠᠷᠢᠮ ᠬᠥᠮᠥᠨ ᠮᠠᠰᠢ ᠶᠠᠭᠠᠷᠠᠮᠠᠲᠠᠭᠠᠢ ᠪᠠᠶᠢᠵᠤ᠂ ᠶᠡᠷᠦ ᠨᠢ ᠣᠬᠤᠷᠬᠠᠨ ᠬᠤᠭᠤᠴᠠᠭᠠᠨ ᠳᠤ ᠮᠡᠳᠡᠭᠳᠡᠬᠦ᠋ᠢᠴᠡ ᠦᠷ᠎ᠡ ᠳ᠋ᠦᠩ ᠭᠠᠷᠭᠠᠬᠤ ᠶᠢ ᠪᠤᠳᠤᠳᠠᠭ᠃ ᠶᠡᠷᠦᠨᠢ ᠶᠠᠭᠤ ᠬᠢᠭᠰᠡᠨ ᠴᠦ ᠬᠦᠯᠢᠴᠡᠩᠬᠦᠢ᠂ ᠳᠠᠭᠠᠭᠠᠴᠠᠳᠠᠢ ᠬᠠᠨᠳᠣᠵᠦ ᠰᠣᠷᠬᠤ ᠨᠢ ᠴᠢᠬᠤᠯᠠ ᠶᠤᠮ ᠡ᠃
 
ᠢᠷᠡᠯᠲᠡ᠄ ᠠᠷᠠᠳ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号