ᠲᠥᠷᠥ ᠶᠢᠨ ᠶᠠᠪᠤᠳᠠᠯ ᠤᠨ ᠬᠤᠷᠢᠶᠠᠨ ᠤ ᠬᠤᠯᠪᠤᠭᠠᠯᠠᠨ ᠰᠡᠷᠭᠡᠶᠢᠯᠡᠵᠦ ᠬᠤᠯᠪᠤᠭᠠᠯᠠᠨ ᠡᠵᠡᠮᠳᠡᠬᠦ ᠲᠣᠭᠲᠠᠴᠠ | 11 ᠳ᠋ᠦ᠋ᠭᠡᠷ ᠰᠠᠷ᠎ᠠ ᠶᠢᠨ 22 ᠤᠨ ᠡᠳᠦᠷ ᠰᠣᠨᠢᠨ ᠮᠡᠳᠡᠭᠡ ᠨᠡᠶᠢᠲᠡᠯᠡᠬᠦ ᠬᠤᠷᠠᠯ ᠬᠤᠷᠠᠯᠳᠤᠭᠤᠯᠵᠤ᠂ ᠬᠢᠵᠢᠭ ᠤᠨ | ᠪᠠᠶᠢᠳᠠᠯ ᠢ ᠰᠡᠷᠭᠡᠶᠢᠯᠡᠨ ᠡᠵᠡᠮᠳᠡᠬᠦ ᠶᠢ ᠰᠢᠯᠢᠳᠡᠭᠵᠢᠭᠦᠯᠬᠦ ᠠᠷᠭ᠎ᠠ ᠬᠡᠮᠵᠢᠶ᠎ᠡ ᠶᠢ ᠲᠡᠷᠡ ᠬᠡᠪ ᠢᠶᠠᠷ ᠨᠢ | ᠨᠠᠶᠢᠳᠠᠪᠤᠷᠢᠵᠢᠭᠤᠯᠵᠤ᠂ ᠣᠳᠣᠬᠠᠨ ᠤ ᠬᠢᠵᠢᠭ ᠤᠨ ᠪᠠᠶᠢᠳᠠᠯ ᠢ ᠰᠢᠢᠳᠪᠦᠷᠢᠯᠡᠬᠦ ᠠᠵᠢᠯ ᠢ ᠪᠥᠬᠦ ᠬᠦᠴᠦᠨ ᠢᠶᠠᠷ ᠢᠶᠠᠨ | ᠰᠠᠶᠢᠲᠤᠷ ᠠᠳᠬᠤᠬᠤ ᠲᠤᠬᠠᠢ ᠲᠠᠨᠢᠯᠴᠠᠭᠤᠯᠪᠠ᠃ ᠬᠠᠮᠲᠤ ᠪᠠᠷ ᠣᠶᠢᠯᠠᠭᠠᠵᠠᠭᠠᠶ᠎ᠠ ︱ | | | ᠶᠢᠰᠦᠳᠦᠭᠡᠷ ᠬᠡᠪᠯᠡᠯ ᠤᠨ ᠰᠡᠷᠭᠡᠶᠢᠯᠡᠨ ᠡᠵᠡᠮᠳᠡᠬᠦ ᠲᠥᠰᠥᠯ ᠪᠠ ᠬᠤᠷᠢᠨ ᠵᠦᠢᠯ ᠤᠨ ᠠᠷᠭ᠎ᠠ ᠬᠡᠮᠵᠢᠶ᠎ᠡ ᠶᠢ | ᠭᠤᠶᠢᠪᠢᠰᠢ ᠦᠭᠡᠢ ᠪᠥᠭᠡᠳ ᠥᠭᠡᠷᠡᠲᠦᠭᠦᠯᠬᠦ ᠦᠭᠡᠢ ᠪᠠᠷ ᠬᠡᠷᠡᠭᠵᠢᠭᠦᠯᠬᠦ ᠶᠢ ᠪᠠᠷᠢᠮᠲᠠᠯᠠᠨ᠎ᠠ | ᠣᠶᠢᠷ᠎ᠠ ᠶᠢᠨ ᠬᠤᠭᠤᠴᠠᠭᠠᠨ ᠳᠤ᠂ ᠪᠥᠬᠦ ᠤᠯᠤᠰ ᠤᠨ ᠲᠤᠬᠠᠢ ᠶᠢᠨ ᠭᠠᠵᠠᠷ ᠤᠨ ᠬᠢᠵᠢᠭ ᠤᠨ ᠪᠠᠶᠢᠳᠠᠯ ᠤᠨ | ᠬᠠᠯᠳᠠᠪᠤᠷᠢᠯᠠᠬᠤ ᠬᠡᠪᠴᠢᠶ᠎ᠡ ᠥᠷᠭᠡᠳᠴᠦ᠂ ᠬᠠᠯᠳᠠᠪᠤᠷᠢᠯᠠᠬᠤ ᠬᠡᠯᠬᠢᠶ᠎ᠡ ᠣᠯᠠᠰᠢᠷᠠᠵᠤ᠂ ᠬᠢᠵᠢᠭ ᠤᠨ ᠪᠠᠶᠢᠳᠠᠯ ᠤᠨ | ᠨᠥᠯᠥᠭᠡᠯᠡᠬᠦ ᠬᠡᠪᠴᠢᠶ᠎ᠡ ᠨᠢ ᠥᠷᠭᠡᠳᠦᠭᠰᠡᠨ ᠬᠦᠨᠳᠦ ᠨᠣᠴᠢᠲᠠᠢ ᠨᠠᠷᠢᠨ ᠪᠤᠳᠤᠯᠢᠶᠠᠨᠲᠠᠢ ᠪᠠᠶᠢᠳᠠᠯ ᠢᠯᠡᠷᠡᠵᠡᠢ᠃ | ᠠᠷᠠᠳ ᠲᠦᠮᠡᠨ ᠢ ᠳᠡᠭᠡᠳᠦᠯᠡᠬᠦ᠂ ᠠᠮᠢ ᠨᠠᠰᠤ ᠶᠢ ᠳᠡᠭᠡᠳᠦᠯᠡᠬᠦ ᠶᠢ ᠡᠷᠡᠰ ᠭᠤᠶᠢᠪᠢᠰᠢ ᠦᠭᠡᠢ ᠪᠠᠷᠢᠮᠲᠠᠯᠠᠵᠤ᠂ | ︽ᠭᠠᠳᠠᠨ᠎ᠠ ᠠᠴᠠ ᠣᠷᠣᠭᠤᠯᠬᠤ ᠶᠢ ᠰᠡᠷᠭᠡᠶᠢᠯᠡᠬᠦ᠂ ᠳᠣᠲᠣᠭᠠᠳᠤ ᠳᠤ ᠪᠠᠨ ᠲᠠᠬᠢᠨ ᠡᠭᠦᠰᠬᠦ ᠶᠢ ᠰᠡᠷᠭᠡᠶᠢᠯᠡᠬᠦ︾ | ᠶᠡᠷᠦᠩᠬᠡᠢ ᠠᠷᠭ᠎ᠠ ᠪᠣᠳᠣᠯᠭ᠎ᠠ ᠶᠢ ᠡᠷᠡᠰ ᠭᠤᠶᠢᠪᠢᠰᠢ ᠦᠭᠡᠢ ᠪᠠᠷᠢᠮᠲᠠᠯᠠᠵᠤ᠂ ︽ᠬᠥᠳᠡᠯᠦᠩᠭᠦᠢ ᠪᠠᠷ ᠠᠷᠢᠯᠭᠠᠨ | ᠴᠡᠪᠡᠷᠯᠡᠬᠦ︾ ᠶᠡᠷᠦᠩᠬᠡᠢ ᠴᠢᠭᠯᠡᠯᠲᠡ ᠶᠢ ᠡᠷᠡᠰ ᠭᠤᠶᠢᠪᠢᠰᠢ ᠦᠭᠡᠢ ᠪᠠᠷᠢᠮᠲᠠᠯᠠᠵᠤ᠂ ᠮᠢᠨᠴᠦᠭᠦᠷᠡᠨ ᠰᠤᠯᠠᠷᠠᠬᠤ | ᠰᠡᠳᠬᠢᠴᠡ᠂ ᠪᠠᠶᠢᠳᠠᠯ ᠢ ᠠᠵᠢᠭᠯᠠᠬᠤ ᠰᠡᠳᠬᠢᠴᠡ ᠶᠢ ᠡᠷᠡᠰ ᠲᠡᠪᠴᠢᠵᠦ᠂ ᠶᠢᠰᠦᠳᠦᠭᠡᠷ ᠬᠡᠪᠯᠡᠯ ᠤᠨ ᠰᠡᠷᠭᠡᠶᠢᠯᠡᠨ | ᠡᠵᠡᠮᠳᠡᠬᠦ ᠲᠥᠰᠥᠯ ᠪᠣᠯᠣᠨ ᠬᠤᠷᠢᠨ ᠵᠦᠢᠯ ᠤᠨ ᠠᠷᠭ᠎ᠠ ᠬᠡᠮᠵᠢᠶ᠎ᠡ ᠶᠢ ᠭᠤᠶᠢᠪᠢᠰᠢ ᠦᠭᠡᠢ ᠪᠥᠭᠡᠳ ᠥᠭᠡᠷᠡᠲᠦᠭᠦᠯᠬᠦ | ᠦᠭᠡᠢ ᠪᠠᠷ ᠬᠡᠷᠡᠭᠵᠢᠭᠦᠯᠬᠦ ᠶᠢ ᠪᠠᠷᠢᠮᠲᠠᠯᠠᠵᠤ᠂ ᠰᠡᠷᠭᠡᠶᠢᠯᠡᠬᠦ ᠳᠤ ᠰᠠᠭᠤᠷᠢᠯᠠᠬᠤ᠂ ᠡᠷᠲᠡ ᠢᠯᠡᠷᠡᠭᠦᠯᠬᠦ ᠳᠤ ᠰᠠᠭᠤᠷᠢᠯᠠᠬᠤ | ᠪᠠ ᠲᠦᠷᠭᠡᠨ ᠰᠢᠢᠳᠪᠦᠷᠢᠯᠡᠬᠦ ᠳᠤ ᠰᠠᠭᠤᠷᠢᠯᠠᠵᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠡᠯ᠎ᠡ ᠵᠦᠢᠯ ᠤᠨ | ᠠᠵᠢᠯ ᠢ ᠰᠢᠨᠵᠢᠯᠡᠬᠦ ᠤᠬᠠᠭᠠᠨᠴᠢ ᠪᠥᠭᠡᠳ ᠣᠨᠣᠴᠠᠲᠠᠢ ᠪᠠᠷ ᠰᠠᠶᠢᠲᠤᠷ ᠬᠢᠬᠦ ᠬᠡᠷᠡᠭᠲᠡᠢ᠃ | ᠬᠢᠵᠢᠭ ᠤᠨ ᠪᠠᠶᠢᠳᠠᠯ ᠡᠭᠦᠰᠦᠭᠰᠡᠨ ᠭᠠᠵᠠᠷ ᠣᠷᠣᠨ ᠤ ᠬᠢᠨ ᠲᠦᠷᠭᠡᠨ ᠢ ᠲᠦᠷᠭᠡᠨ ᠢᠶᠠᠷ ᠠᠷᠭᠠᠴᠠᠭᠠᠬᠤ | ᠠᠷᠭ᠎ᠠ ᠬᠡᠮᠵᠢᠶ᠎ᠡ ᠪᠠᠷ ᠬᠢᠵᠢᠭ ᠤᠨ ᠪᠠᠶᠢᠳᠠᠯ ᠢ ᠰᠢᠢᠳᠪᠦᠷᠢᠯᠡᠬᠦ ᠠᠵᠢᠯ ᠢ ᠥᠷᠨᠢᠭᠦᠯᠵᠦ᠂ ᠲᠦᠭᠰᠢᠭᠦᠷᠢ ᠲᠠᠢ ᠣᠷᠣᠨ ᠢ | ᠣᠨᠣᠪᠴᠢᠲᠠᠶ ᠬᠤᠪᠢᠶᠠᠷᠢᠯᠠᠨ᠂ ᠪᠥᠭᠡᠮ ᠬᠦᠴᠢᠯ ᠤᠨ ᠪᠠᠶᠢᠴᠠᠭᠠᠯᠲᠠ ᠶᠢ ᠡᠮᠬᠢ ᠵᠢᠷᠤᠮ ᠲᠠᠢ ᠵᠣᠬᠢᠶᠠᠨ ᠪᠠᠶᠢᠭᠤᠯᠵᠤ᠂ | ᠲᠦᠭᠰᠢᠭᠦᠷᠢ ᠲᠠᠢ ᠬᠥᠮᠥᠰ ᠢ ᠪᠦᠲᠦᠮᠵᠢᠲᠡᠶ ᠬᠠᠮᠢᠶᠠᠷᠤᠨ ᠡᠵᠡᠮᠳᠡᠵᠦ᠂ ᠲᠤᠰᠠᠭᠠᠷᠯᠠᠬᠤ ᠠᠵᠢᠯ ᠢ ᠴᠢᠩᠭ᠎ᠠ | ᠵᠢᠷᠤᠮᠵᠢᠭᠤᠯᠤᠨ᠂ ᠬᠠᠷᠢᠶ᠎ᠠ ᠭᠠᠵᠠᠷ᠂ ᠰᠠᠯᠠᠭ᠎ᠠ ᠮᠥᠴᠢᠷ᠂ ᠪᠠᠶᠢᠭᠤᠯᠭ᠎ᠠ ᠨᠢᠭᠡᠴᠢ᠂ ᠬᠤᠪᠢ ᠬᠥᠮᠥᠨ ︽ᠳᠥᠷᠪᠡᠨ | ᠲᠠᠯ᠎ᠠ ᠶᠢᠨ ᠬᠠᠷᠢᠭᠤᠴᠠᠯᠭ᠎ᠠ︾ ᠶᠢ ᠨᠠᠶᠢᠳᠠᠪᠤᠷᠢᠵᠢᠭᠤᠯᠤᠨ ᠪᠣᠳᠠᠲᠠᠶᠢᠵᠢᠭᠤᠯᠬᠤ ᠶᠢ ᠦᠨᠡᠨ ᠬᠦ ᠪᠠᠲᠤᠯᠠᠵᠤ᠂ | ᠬᠢᠵᠢᠭ ᠤᠨ ᠪᠠᠶᠢᠳᠠᠯ ᠤᠨ ᠥᠷᠭᠡᠵᠢᠨ ᠳᠡᠯᠭᠡᠷᠡᠬᠦ ᠶᠢ ᠠᠯᠢ ᠲᠦᠷᠭᠡᠨ ᠢᠶᠠᠷ ᠬᠤᠷᠢᠭᠯᠠᠬᠤ ᠬᠡᠷᠡᠭᠲᠡᠢ᠃ | ᠱᠠᠲᠤ ᠱᠠᠲᠤ ᠪᠠᠷ ᠱᠠᠭᠠᠷᠳᠠᠯᠭ᠎ᠠ ᠨᠡᠮᠡᠬᠦ ᠶᠢ ᠦᠷᠭᠦᠯᠵᠢᠯᠡᠨ ᠴᠡᠭᠴᠡᠯᠡᠨ ᠵᠠᠰᠠᠵᠤ᠂ ᠬᠠᠮᠢᠶᠠᠷᠬᠤ ᠶᠣᠰᠣᠲᠠᠢ ᠶᠢ | ᠨᠢ ᠡᠷᠡᠰ ᠬᠠᠮᠢᠶᠠᠷᠴᠤ᠂ ᠬᠦᠴᠦᠨ ᠦᠭᠡᠢ ᠪᠣᠯᠭᠠᠬᠤ ᠶᠣᠰᠣᠲᠠᠢ ᠶᠢ ᠨᠢ ᠡᠷᠡᠰ ᠬᠦᠴᠦᠨ ᠦᠭᠡᠢ ᠪᠣᠯᠭᠠᠵᠤ᠂ | ᠨᠠᠶᠢᠳᠠᠪᠤᠷᠢᠵᠢᠭᠤᠯᠬᠤ ᠶᠣᠰᠣᠲᠠᠢ ᠶᠢ ᠨᠢ ᠪᠣᠳᠠᠲᠠᠢ ᠳᠤ ᠨᠠᠶᠢᠳᠠᠪᠤᠷᠢᠵᠢᠭᠤᠯᠵᠤ᠂ ᠬᠢᠵᠢᠭ ᠤᠨ ᠪᠠᠶᠢᠳᠠᠯ ᠢ | ᠰᠢᠢᠳᠪᠦᠷᠢᠯᠡᠬᠦ ᠬᠤᠭᠤᠴᠠᠭᠠᠨ ᠳᠠᠬᠢ ᠤᠯᠠᠨ ᠲᠦᠮᠡᠨ ᠤ ᠦᠨᠳᠦᠰᠦᠨ ᠠᠮᠢᠳᠤᠷᠠᠯ ᠪᠣᠯᠣᠨ ᠡᠪᠡᠳᠴᠢᠨ ᠦᠵᠡᠭᠦᠯᠬᠦ | ᠬᠡᠷᠡᠭᠴᠡᠭᠡ ᠶᠢ ᠰᠠᠶᠢᠲᠤᠷ ᠪᠠᠲᠤᠯᠠᠬᠤ ᠬᠡᠷᠡᠭᠲᠡᠢ᠃ | | | ᠱᠠᠲᠤ ᠱᠠᠲᠤ ᠪᠠᠷ ᠱᠠᠭᠠᠷᠳᠠᠯᠭ᠎ᠠ ᠨᠡᠮᠡᠬᠦ ᠠᠰᠠᠭᠤᠳᠠᠯ ᠢ ᠴᠡᠭᠴᠡᠯᠡᠨ ᠵᠠᠰᠠᠬᠤ ᠡᠷᠴᠢᠮ ᠢ ᠴᠢᠩᠭᠠᠷᠠᠭᠤᠯᠤᠨ᠎ᠠ | ᠡᠯ᠎ᠡ ᠭᠠᠵᠠᠷ ᠤᠨ ᠬᠢᠨ ᠱᠠᠲᠤ ᠱᠠᠲᠤ ᠪᠠᠷ ᠱᠠᠭᠠᠷᠳᠠᠯᠭ᠎ᠠ ᠨᠡᠮᠡᠬᠦ ᠠᠰᠠᠭᠤᠳᠠᠯ ᠢ ᠴᠡᠭᠴᠡᠯᠡᠨ ᠵᠠᠰᠠᠬᠤ | ᠡᠷᠴᠢᠮ ᠢᠶᠠᠨ ᠤᠯᠠᠮ ᠨᠢᠭᠡ ᠠᠯᠬᠤᠮ ᠴᠢᠩᠭᠠᠷᠠᠭᠤᠯᠵᠤ᠂ ᠰᠤᠷᠭᠠᠭᠤᠯᠢ ᠶᠢ ᠳᠤᠷ᠎ᠠ ᠪᠠᠷ ᠢᠶᠠᠨ ᠪᠢᠲᠡᠭᠦᠮᠵᠢᠯᠡᠨ | ᠬᠢᠴᠢᠶᠡᠯ ᠵᠣᠭᠰᠤᠭᠠᠬᠤ᠂ ᠠᠵᠢᠯ ᠢ ᠵᠣᠭᠰᠣᠭᠠᠵᠤ ᠦᠢᠯᠡᠳᠪᠦᠷᠢᠯᠡᠯ ᠢ ᠵᠣᠭᠰᠤᠭᠠᠬᠤ᠂ ᠵᠥᠪᠰᠢᠶᠡᠷᠡᠯ ᠦᠭᠡᠢ ᠪᠠᠷ ᠵᠠᠮ | ᠬᠠᠷᠢᠯᠴᠠᠭ᠎ᠠ ᠶᠢ ᠲᠠᠰᠤᠯᠬᠤ᠂ ᠳᠤᠷ᠎ᠠ ᠪᠠᠷ ︽ᠪᠢᠲᠡᠭᠦᠮᠵᠢᠲᠦ︾ ᠬᠠᠮᠢᠶᠠᠷᠤᠯᠲᠠ ᠶᠠᠪᠤᠭᠤᠯᠬᠤ᠂ ᠳᠤᠷ᠎ᠠ ᠪᠠᠷ | ᠪᠢᠲᠡᠭᠦᠮᠵᠢᠯᠡᠨ ᠡᠵᠡᠮᠳᠡᠬᠦ᠂ ᠤᠷᠳᠤ ᠬᠤᠭᠤᠴᠠᠭ᠎ᠠ ᠪᠠᠷ ᠪᠢᠲᠡᠭᠦᠮᠵᠢᠯᠡᠯ ᠢ ᠲᠠᠶᠢᠯᠬᠤ ᠦᠭᠡᠢ᠂ ᠡᠮᠨᠡᠭᠦᠯᠬᠦ ᠶᠢ | ᠳᠤᠷ᠎ᠠ ᠪᠠᠷ ᠵᠣᠭᠰᠤᠭᠠᠬᠤ ᠵᠡᠷᠭᠡ ᠠᠰᠠᠭᠤᠳᠠᠯ ᠢ ᠭᠤᠣᠯᠳᠠᠯᠭ᠎ᠠ ᠲᠠᠢ ᠴᠡᠭᠴᠡᠯᠡᠨ ᠵᠠᠰᠠᠵᠤ᠂ ᠤᠯᠠᠨ ᠲᠦᠮᠡᠨ ᠤ | ᠵᠠᠭᠠᠯᠳᠤᠵᠤ ᠢᠯᠡᠴᠢᠯᠡᠨ ᠮᠡᠳᠡᠭᠦᠯᠬᠦ ᠠᠷᠭ᠎ᠠ ᠵᠠᠮ ᠢ ᠰᠠᠭᠠᠳ ᠦᠭᠡᠢ ᠨᠠᠪᠲᠠᠷᠡᠭᠦᠯᠵᠦ᠂ ᠤᠯᠠᠨ ᠲᠦᠮᠡᠨ ᠤ | ᠵᠠᠭᠠᠯᠳᠤᠭᠰᠠᠨ ᠪᠠᠴᠢᠮᠳᠠᠵᠤ ᠪᠡᠷᠬᠡᠳᠡᠵᠦ ᠵᠣᠪᠠᠨᠢᠵᠤ ᠬᠦᠰᠡᠵᠦ ᠪᠠᠶᠢᠭ᠎ᠠ ᠠᠰᠠᠭᠤᠳᠠᠯ ᠢ ᠴᠠᠭ ᠲᠤᠬᠠᠢ ᠳᠤ ᠨᠢ | ᠰᠢᠢᠳᠪᠦᠷᠢᠯᠡᠵᠦ᠂ ᠬᠤᠷᠢᠨ ᠵᠦᠢᠯ ᠤᠨ ᠰᠢᠯᠢᠳᠡᠭᠵᠢᠭᠦᠯᠬᠦ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠤᠨ | ᠪᠣᠳᠠᠲᠠᠶᠢᠵᠢᠭᠤᠯᠵᠤ᠂ ᠦᠷ᠎ᠡ ᠪᠦᠲᠦᠮᠵᠢ ᠭᠠᠷᠭᠠᠬᠤ ᠶᠢ ᠦᠨᠡᠨ ᠬᠦ ᠪᠠᠲᠤᠯᠠᠬᠤ ᠬᠡᠷᠡᠭᠲᠡᠢ᠃ | | | ᠣᠳᠣᠬᠠᠨ ᠳᠤ ᠮᠠᠨ ᠤ ᠤᠯᠤᠰ ᠤᠨ ᠲᠤᠬᠠᠢ ᠶᠢᠨ ᠭᠠᠵᠠᠷ ᠤᠨ ᠬᠢᠵᠢᠭ ᠤᠨ ᠪᠠᠶᠢᠳᠠᠯ ᠮᠥᠨ ᠯᠡ ᠬᠦᠨᠳᠦ | ᠬᠡᠴᠡᠭᠦᠦ ᠨᠠᠷᠢᠨ ᠪᠤᠳᠤᠯᠢᠶᠠᠨᠲᠠᠢ ᠪᠠᠶᠢᠵᠤ᠂ ᠵᠠᠷᠢᠮ ᠮᠤᠵᠢ ᠣᠷᠣᠨ ᠭᠤᠷᠪᠠᠨ ᠵᠢᠯ ᠤᠨ ᠲᠤᠷᠰᠢᠬᠢ ᠬᠠᠮᠤᠭ ᠤᠨ | ᠬᠦᠨᠳᠦ ᠬᠡᠴᠡᠭᠦᠦ ᠨᠠᠷᠢᠨ ᠪᠤᠳᠤᠯᠢᠶᠠᠨᠲᠠᠢ ᠪᠠᠶᠢᠳᠠᠯ ᠳᠤ ᠲᠤᠯᠭᠠᠷᠠᠵᠤ ᠪᠤᠢ | ᠣᠳᠣᠬᠠᠨ ᠳᠤ ᠮᠠᠨ ᠤ ᠤᠯᠤᠰ ᠤᠨ ᠲᠤᠬᠠᠢ ᠶᠢᠨ ᠭᠠᠵᠠᠷ ᠤᠨ ᠬᠢᠵᠢᠭ ᠤᠨ ᠪᠠᠶᠢᠳᠠᠯ ᠮᠥᠨ ᠬᠦ ᠬᠦᠨᠳᠦ | ᠨᠣᠴᠢᠲᠠᠢ ᠪᠥᠭᠡᠳ ᠨᠠᠷᠢᠨ ᠪᠤᠳᠤᠯᠢᠶᠠᠨᠲᠠᠢ ᠪᠠᠶᠢᠵᠤ᠂ ᠬᠡᠰᠡᠭ ᠭᠠᠵᠠᠷ ᠣᠷᠣᠨ ᠤ ᠬᠢᠵᠢᠭ ᠤᠨ ᠪᠠᠶᠢᠳᠠᠯ ᠤᠨ ᠲᠠᠷᠬᠠᠬᠤ | ᠬᠤᠷᠳᠤᠴᠠ ᠲᠦᠷᠭᠡᠳᠴᠦ᠂ ᠰᠡᠷᠭᠡᠶᠢᠯᠡᠨ ᠡᠵᠡᠮᠳᠡᠬᠦ ᠬᠦᠴᠢᠷᠳᠡᠯ ᠲᠠᠰᠤᠷᠠᠯᠲᠠ ᠦᠭᠡᠢ ᠨᠡᠮᠡᠭᠳᠡᠵᠦ ᠪᠠᠶᠢᠨ᠎ᠠ᠃ | ᠣᠶᠢᠷ᠎ᠠ ᠶᠢᠨ ᠬᠤᠭᠤᠴᠠᠭᠠᠨ ᠳᠤ ᠡᠭᠦᠰᠦᠭᠰᠡᠨ ᠬᠢᠵᠢᠭ ᠤᠨ ᠪᠠᠶᠢᠳᠠᠯ ᠳᠤ ᠳᠣᠣᠷᠠᠬᠢ ᠮᠡᠲᠦ ᠣᠨᠴᠠᠯᠢᠭ ᠲᠠᠢ᠄ | ᠨᠢᠭᠡ ᠳᠤ᠂ ᠰᠢᠨ᠎ᠡ ᠪᠠᠷ ᠨᠡᠮᠡᠭᠳᠡᠭᠰᠡᠨ ᠬᠠᠯᠳᠠᠪᠤᠷᠢᠯᠠᠭᠰᠠᠳ ᠤᠨ ᠲᠤᠭ᠎ᠠ ᠬᠡᠮᠵᠢᠶ᠎ᠡ ᠦᠷᠭᠦᠯᠵᠢᠯᠡᠨ ᠨᠡᠮᠡᠭᠳᠡᠵᠦ ᠪᠠᠶᠢᠨ᠎ᠠ᠃ | 11 ᠳ᠋ᠦ᠋ᠭᠡᠷ ᠰᠠᠷ᠎ᠠ ᠶᠢᠨ 1 ᠤ ᠡᠳᠦᠷ ᠠᠴᠠ ᠨᠠᠭᠠᠰᠢ᠂ ᠪᠥᠬᠦ ᠤᠯᠤᠰ ᠲᠤ ᠨᠡᠶᠢᠲᠡ 25.3 ᠲᠦᠮᠡᠨ | ᠬᠠᠯᠳᠠᠪᠤᠷᠢᠯᠠᠭᠰᠠᠳ ᠰᠢᠨ᠎ᠡ ᠪᠠᠷ ᠨᠡᠮᠡᠭᠳᠡᠵᠦ᠂ ᠣᠶᠢᠷ᠎ᠠ ᠶᠢᠨ ᠨᠢᠭᠡ ᠭᠠᠷᠠᠭ ᠲᠤ ᠳᠤᠮᠳᠠᠴᠢ ᠪᠠᠷ ᠡᠳᠦᠷ ᠪᠦᠷᠢ 2.22 | ᠲᠦᠮᠡᠨ ᠬᠠᠯᠳᠠᠪᠤᠷᠢᠯᠠᠭᠰᠠᠳ ᠰᠢᠨ᠎ᠡ ᠪᠠᠷ ᠨᠡᠮᠡᠭᠳᠡᠵᠦ᠂ ᠲᠦᠷᠦᠭᠦᠸ ᠨᠢᠭᠡ ᠭᠠᠷᠠᠭ ᠤᠨ ᠬᠢ ᠠᠴᠠ ᠨᠢᠭᠡ ᠳᠠᠬᠢᠨ | ᠨᠡᠮᠡᠭᠳᠡᠵᠡᠢ᠃ ᠬᠤᠶᠠᠷ ᠲᠤ᠂ ᠬᠢᠵᠢᠭ ᠤᠨ ᠪᠠᠶᠢᠳᠠᠯ ᠤᠨ ᠬᠠᠮᠤᠷᠬᠤ ᠬᠡᠪᠴᠢᠶ᠎ᠡ ᠨᠢ ᠥᠷᠭᠡᠨ᠂ ᠬᠠᠯᠳᠠᠪᠤᠷᠢᠯᠠᠬᠤ | ᠬᠡᠯᠬᠢᠶ᠎ᠡ ᠨᠢ ᠪᠤᠳᠤᠯᠢᠶᠠᠨᠲᠠᠢ ᠪᠣᠯᠵᠤ ᠪᠠᠶᠢᠨ᠎ᠠ᠃ ᠣᠯᠠᠩᠬᠢ ᠮᠤᠵᠢ ᠣᠷᠣᠨ ᠳᠤ ᠬᠢᠵᠢᠭ ᠤᠨ ᠪᠠᠶᠢᠳᠠᠯ ᠦᠷᠭᠦᠯᠵᠢᠯᠡᠨ | ᠦᠷᠪᠢᠰᠴᠦ᠂ ᠣᠯᠠᠨ ᠮᠤᠵᠢ ᠣᠷᠣᠨ ᠤ ᠬᠢᠵᠢᠭ ᠤᠨ ᠪᠠᠶᠢᠳᠠᠯ ᠤᠨ ᠬᠠᠯᠳᠠᠪᠤᠷᠢᠯᠠᠬᠤ ᠬᠡᠪᠴᠢᠶ᠎ᠡ ᠥᠷᠭᠡᠳᠴᠦ᠂ | ᠬᠠᠯᠳᠠᠪᠤᠷᠢᠯᠠᠬᠤ ᠬᠡᠯᠬᠢᠶ᠎ᠡ ᠨᠢ ᠣᠯᠠᠰᠢᠷᠠᠵᠤ᠂ ᠵᠠᠷᠢᠮ ᠮᠤᠵᠢ ᠣᠷᠣᠨ ᠭᠤᠷᠪᠠᠨ ᠵᠢᠯ ᠤᠨ ᠲᠤᠷᠰᠢᠬᠢ ᠬᠠᠮᠤᠭ ᠤᠨ | ᠬᠦᠨᠳᠦ ᠬᠡᠴᠡᠭᠦᠦ ᠪᠥᠭᠡᠳ ᠨᠠᠷᠢᠨ ᠪᠤᠳᠤᠯᠢᠶᠠᠨᠲᠠᠢ ᠪᠠᠶᠢᠳᠠᠯ ᠳᠤ ᠲᠤᠯᠭᠠᠷᠠᠵᠤ ᠪᠤᠢ᠃ ᠭᠤᠷᠪᠠ ᠳᠤ᠂ ᠬᠥᠮᠥᠨ ᠠᠮᠠ | ᠨᠢᠭᠲᠠᠷᠠᠭᠰᠠᠨ ᠬᠤᠲᠠ ᠨᠢ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠭᠤᠣᠯᠳᠠᠯᠭ᠎ᠠ ᠲᠠᠢ ᠭᠠᠵᠠᠷ ᠣᠷᠣᠨ ᠪᠣᠯᠪᠠ | ᠃ ᠭᠤᠸᠠᠩᠵᠧᠦ᠂ ᠴᠦᠩᠴᠢᠩ ᠢᠶᠠᠷ ᠠᠪᠴᠤ ᠬᠡᠯᠡᠪᠡᠯ᠂ ᠬᠥᠮᠥᠨ ᠠᠮᠠ ᠶᠢᠨ ᠬᠡᠪᠴᠢᠶ᠎ᠡ ᠶᠡᠭᠡ᠂ ᠬᠥᠮᠥᠨ ᠠᠮᠠ ᠶᠢᠨ | ᠨᠡᠭᠦᠳᠡᠯ ᠴᠢᠨᠠᠷ ᠴᠢᠩᠭ᠎ᠠ᠂ ᠶᠡᠭᠡ ᠳᠡᠭᠡᠳᠦ ᠰᠤᠷᠭᠠᠭᠤᠯᠢ ᠵᠡᠷᠭᠡ ᠭᠤᠣᠯᠳᠠᠯᠭ᠎ᠠ ᠲᠠᠢ ᠲᠠᠯᠠᠪᠤᠷ ᠭᠠᠵᠠᠷ ᠲᠥᠪᠯᠡᠷᠡᠵᠦ᠂ | ᠬᠥᠮᠥᠰ ᠤᠨ ᠴᠤᠭᠯᠠᠷᠠᠯ ᠤᠨ ᠴᠢᠨᠠᠷᠲᠠᠢ ᠠᠵᠢᠯᠯᠠᠭ᠎ᠠ ᠣᠯᠠᠨ ᠠᠴᠠ ᠪᠣᠯᠵᠤ᠂ ᠬᠢᠵᠢᠭ ᠤᠨ ᠲᠠᠷᠬᠠᠯᠲᠠ ᠶᠢᠨ | ᠲᠦᠭᠰᠢᠭᠦᠷᠢ ᠪᠠ ᠰᠡᠷᠭᠡᠶᠢᠯᠡᠨ ᠡᠵᠡᠮᠳᠡᠬᠦ ᠬᠦᠴᠢᠷᠳᠡᠯ ᠢ ᠬᠦᠨᠳᠦᠷᠡᠭᠦᠯᠦᠭᠰᠡᠨ ᠪᠠᠶᠢᠨ᠎ᠠ᠃ | ᠣᠨᠴᠠᠭᠠᠶᠢᠯᠠᠨ ᠣᠯᠠᠨ ᠳᠤ ᠰᠠᠨᠠᠭᠤᠯᠬᠤ ᠴᠢᠬᠤᠯᠠᠲᠠᠢ ᠵᠦᠢᠯ ᠭᠡᠪᠡᠯ᠂ ᠰᠢᠨ᠎ᠡ ᠲᠢᠲᠢᠮᠯᠢᠭ ᠠᠭᠤᠰᠬᠢᠨ | ᠦᠷᠪᠢᠰᠦᠯ ᠪᠣᠯ ᠠᠮᠢᠰᠬᠤᠯ ᠤᠨ ᠰᠢᠰᠲ᠋ᠧᠮ ᠤᠨ ᠡᠪᠡᠳᠴᠢᠨ ᠮᠥᠨ᠂ ᠰᠢᠨ᠎ᠡ ᠲᠢᠲᠢᠮᠯᠢᠭ ᠸᠢᠷᠦ᠋ᠰ ᠨᠢ ᠭᠤᠣᠯᠳᠠᠭᠤ | ᠠᠮᠢᠰᠬᠤᠯ ᠤᠨ ᠵᠠᠮ ᠤᠨ ᠰᠢᠯᠦᠰᠦ ᠪᠠ ᠨᠢᠭᠲᠠ ᠬᠦᠷᠦᠯᠴᠡᠬᠦ ᠵᠡᠷᠭᠡ ᠠᠷᠭ᠎ᠠ ᠵᠠᠮ ᠢᠶᠠᠷ ᠲᠠᠷᠬᠠᠳᠠᠭ᠃ ᠡᠶᠢᠮᠦ ᠠᠴᠠ | ᠪᠢᠳᠡ ᠡᠳᠦᠷ ᠲᠤᠲᠤᠮ ᠤᠨ ᠠᠮᠢᠳᠤᠷᠠᠯ ᠪᠠ ᠠᠵᠢᠯ ᠤᠨ ᠳᠤᠮᠳᠠ ᠪᠠᠨ ᠣᠯᠠᠨ ᠢᠶᠠᠷ ᠢᠶᠠᠨ ᠴᠥᠮ ᠬᠢᠵᠢᠭ ᠢ | ᠰᠡᠷᠭᠡᠶᠢᠯᠡᠬᠦ ᠦᠨᠳᠦᠰᠦᠨ ᠪᠠᠷᠢᠮᠵᠢᠶ᠎ᠠ ᠶᠢ ᠵᠢᠷᠤᠮᠯᠠᠵᠤ᠂ ᠭᠠᠷ ᠢᠶᠠᠨ ᠰᠠᠶᠢᠲᠤᠷ ᠤᠬᠢᠶᠠᠬᠤ᠂ ᠠᠮᠠᠪᠴᠢ ᠵᠡᠭᠦᠬᠦ᠂ | ᠨᠡᠶᠢᠭᠡᠮ ᠤᠨ ᠬᠠᠷᠢᠯᠴᠠᠭᠠᠨ ᠤ ᠵᠠᠢ ᠶᠢ ᠪᠠᠲᠤᠯᠠᠬᠤ ᠪᠠ ᠠᠷᠢᠭᠤᠳᠬᠠᠨ ᠴᠡᠪᠡᠷᠯᠡᠵᠦ᠂ ᠥᠪᠡᠷ ᠤᠨ ᠡᠷᠡᠭᠦᠯ | ᠮᠡᠨᠳᠦ ᠶᠢᠨ ᠢᠶᠠᠨ ᠨᠢᠭᠡᠳᠦᠭᠡᠷ ᠬᠠᠷᠢᠭᠤᠴᠠᠯᠭᠠᠲᠠᠨ ᠪᠣᠯᠬᠤ ᠬᠡᠷᠡᠭᠲᠡᠢ᠃ | | | ᠠᠪᠤᠷᠠᠨ ᠵᠠᠰᠠᠬᠤ ᠴᠢᠬᠤᠯᠠ ᠰᠠᠯᠠᠭ᠎ᠠ ᠲᠠᠰᠤᠭ ᠢ ︽ᠴᠢᠬᠤᠯᠠ ᠦᠭᠡᠢ ᠪᠣᠯ ᠪᠢᠲᠡᠭᠦᠮᠵᠢᠯᠡᠨ ᠡᠵᠡᠮᠳᠡᠬᠦ ᠦᠭᠡᠢ︾ | ᠪᠠᠶᠢᠬᠤ ᠶᠢ ᠪᠡᠶᠡᠯᠡᠭᠦᠯᠬᠦ ᠬᠡᠷᠡᠭᠲᠡᠢ | ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠᠷ ᠰᠢᠯᠲᠠᠭ ᠪᠣᠯᠭᠠᠵᠤ ᠬᠢᠵᠢᠭ ᠤᠨ ᠪᠠᠶᠢᠳᠠᠯ ᠤᠨ ᠠᠶᠤᠯ | ᠲᠦᠭᠰᠢᠭᠦᠷᠢ ᠡᠭᠦᠰᠦᠭᠰᠡᠨ ᠡᠮᠴᠢᠯᠡᠭᠡᠨ ᠤ ᠪᠠᠶᠢᠭᠤᠯᠤᠮᠵᠢ ᠶᠢ ᠬᠠᠭᠠᠵᠤ ᠪᠢᠲᠡᠭᠦᠮᠵᠢᠯᠡᠵᠦ ᠪᠣᠯᠬᠤ ᠦᠭᠡᠢ᠂ ᠢᠯᠠᠩᠭᠤᠶ᠎ᠠ | ᠡᠮᠴᠢᠯᠡᠭᠡᠨ ᠤ ᠪᠠᠶᠢᠭᠤᠯᠤᠮᠵᠢ ᠶᠢᠨ ᠲᠦᠷᠭᠡᠨ ᠡᠮᠨᠡᠬᠦ᠂ ᠨᠡᠪᠴᠢᠭᠦᠯᠦᠨ ᠢᠯᠭᠠᠷᠠᠭᠤᠯᠬᠤ ᠲᠠᠰᠤᠭ᠂ ᠮᠡᠰᠡ ᠵᠠᠰᠠᠯ ᠤᠨ | ᠲᠠᠰᠤᠭ᠂ ᠬᠥᠩᠭᠡᠵᠢᠯᠲᠡ ᠶᠢᠨ ᠲᠠᠰᠤᠭ᠂ ᠬᠦᠨᠳᠦ ᠡᠪᠡᠳᠴᠢᠲᠡᠨ ᠢ ᠬᠠᠷᠠᠭᠠᠯᠵᠠᠨ ᠬᠠᠮᠠᠭᠠᠯᠠᠬᠤ ᠲᠠᠰᠤᠭ ᠵᠡᠷᠭᠡ | ᠴᠢᠬᠤᠯᠠ ᠪᠦᠬᠦᠢ ᠠᠪᠤᠷᠠᠨ ᠵᠠᠰᠠᠬᠤ ᠰᠠᠯᠠᠭ᠎ᠠ ᠲᠠᠰᠤᠭ ᠢ ︽ᠴᠢᠬᠤᠯᠠ ᠦᠭᠡᠢ ᠪᠣᠯ ᠪᠢᠲᠡᠭᠦᠮᠵᠢᠯᠡᠨ ᠡᠵᠡᠮᠳᠡᠬᠦ ᠦᠭᠡᠢ︾ | ᠪᠠᠶᠢᠬᠤ ᠶᠢ ᠪᠡᠶᠡᠯᠡᠭᠦᠯᠵᠦ᠂ ᠡᠪᠡᠳᠴᠢᠲᠡᠨ ᠢ ᠠᠪᠤᠷᠠᠨ ᠵᠠᠰᠠᠬᠤ ᠶᠢ ᠪᠠᠲᠤᠯᠠᠬᠤ ᠬᠡᠷᠡᠭᠲᠡᠢ᠃ ᠬᠢᠵᠢᠭ ᠤᠨ ᠪᠠᠶᠢᠳᠠᠯ ᠢ | ᠰᠡᠷᠭᠡᠶᠢᠯᠡᠨ ᠡᠵᠡᠮᠳᠡᠬᠦ ᠱᠠᠭᠠᠷᠳᠠᠯᠭ᠎ᠠ ᠠᠴᠠ ᠪᠣᠯᠵᠤ ᠡᠮᠴᠢᠯᠡᠭᠡ ᠶᠢ ᠲᠦᠷ ᠵᠣᠭᠰᠤᠭᠠᠬᠤ ᠴᠢᠬᠤᠯᠠᠲᠠᠢ ᠡᠮᠴᠢᠯᠡᠭᠡᠨ ᠤ | ᠪᠠᠶᠢᠭᠤᠯᠤᠮᠵᠢ ᠶᠢᠨ ᠵᠠᠷᠢᠮ ᠰᠠᠯᠠᠭ᠎ᠠ ᠲᠠᠰᠤᠭ ᠢ ᠲᠤᠬᠠᠢ ᠶᠢᠨ ᠭᠠᠵᠠᠷ ᠤᠨ ᠵᠠᠭᠤᠴᠢᠯᠠᠭᠤᠷ ᠵᠢᠴᠢ ᠡᠮᠨᠡᠯᠭᠡ ᠶᠢᠨ | ᠬᠤᠷᠢᠶᠠᠨ ᠤ ᠸᠢᠴᠠᠲ ᠤᠨ ᠨᠡᠶᠢᠲᠡ ᠶᠢᠨ ᠳ᠋ᠤᠭᠠᠷ ᠵᠡᠷᠭᠡ ᠲᠠᠪᠴᠠᠩ ᠢᠶᠠᠷ ᠳᠠᠮᠵᠢᠭᠤᠯᠤᠨ ᠨᠡᠶᠢᠭᠡᠮ ᠳᠤ ᠨᠡᠶᠢᠲᠡᠯᠡᠵᠦ᠂ | ᠡᠮᠴᠢᠯᠡᠭᠡ ᠶᠢ ᠵᠣᠭᠰᠣᠭᠠᠭᠰᠠᠨ ᠬᠤᠯᠪᠣᠭᠳᠠᠯ ᠪᠦᠬᠦᠢ ᠮᠡᠳᠡᠭᠡ ᠵᠠᠩᠭᠢ ᠶᠢ ᠠᠷᠠᠳ ᠣᠯᠠᠨ ᠳᠤ ᠮᠡᠳᠡᠭᠦᠯᠬᠦ ᠬᠡᠷᠡᠭᠲᠡᠢ᠃ | ᠡᠭᠦᠨ ᠳᠤ ᠴᠠᠭ ᠲᠤᠬᠠᠢ ᠳᠤ ᠨᠢ ᠪᠣᠳᠠᠲᠠᠢ ᠪᠠᠷ ᠮᠡᠳᠡᠭᠦᠯᠦᠨ ᠣᠶᠢᠯᠠᠭᠠᠭᠤᠯᠬᠤ ᠶᠢ ᠴᠢᠷᠮᠠᠶᠢᠨ ᠭᠦᠢᠴᠡᠳᠬᠡᠬᠦ ᠬᠡᠷᠡᠭᠲᠡᠢ | ᠃ ᠦᠨᠡᠨ ᠬᠦ ᠲᠦᠭᠰᠢᠭᠦᠷᠢ ᠲᠠᠢ ᠪᠠᠶᠢᠵᠤ ᠪᠢᠲᠡᠭᠦᠮᠵᠢᠯᠡᠨ ᠡᠵᠡᠮᠳᠡᠬᠦ ᠴᠢᠬᠤᠯᠠᠲᠠᠢ ᠡᠮᠴᠢᠯᠡᠭᠡᠨ ᠤ ᠪᠠᠶᠢᠭᠤᠯᠤᠮᠵᠢ ᠵᠢᠴᠢ | ᠬᠠᠮᠢᠶ᠎ᠠ ᠪᠦᠬᠦᠢ ᠰᠠᠯᠠᠭ᠎ᠠ ᠲᠠᠰᠤᠭ ᠲᠤ᠂ ᠪᠠᠴᠢᠮ ᠪᠠᠶᠢᠳᠠᠯ ᠢ ᠠᠷᠭᠠᠴᠠᠭᠠᠨ ᠰᠢᠢᠳᠪᠦᠷᠢᠯᠡᠬᠦ ᠲᠣᠭᠲᠠᠴᠠ ᠶᠢ | ᠴᠢᠩᠭᠠᠷᠠᠭᠤᠯᠵᠤ᠂ ᠣᠷᠴᠢᠨ ᠲᠣᠭᠤᠷᠢᠨ ᠢ ᠠᠷᠢᠭᠤᠳᠬᠠᠬᠤ᠂ ᠲᠦᠭᠰᠢᠭᠦᠷᠢ ᠶᠢ ᠵᠢᠭᠰᠠᠭᠠᠨ ᠪᠠᠶᠢᠴᠠᠭᠠᠬᠤ ᠵᠡᠷᠭᠡ | ᠠᠵᠢᠯ ᠢ ᠴᠠᠭ ᠲᠤᠬᠠᠢ ᠳᠤ ᠨᠢ ᠥᠷᠨᠢᠭᠦᠯᠵᠦ᠂ ᠬᠠᠯᠳᠠᠪᠤᠷᠢᠯᠠᠬᠤ ᠲᠦᠭᠰᠢᠭᠦᠷᠢ ᠶᠢ ᠬᠠᠮᠤᠭ ᠤᠨ ᠲᠦᠷᠭᠡᠨ ᠢᠶᠠᠷ | ᠦᠭᠡᠶᠢᠰᠬᠡᠵᠦ᠂ ᠲᠦᠷᠭᠡᠨ ᠪᠢᠲᠡᠭᠦᠮᠵᠢᠯᠡᠵᠦ ᠲᠦᠷᠭᠡᠨ ᠲᠠᠶᠢᠯᠬᠤ ᠶᠢ ᠪᠡᠶᠡᠯᠡᠭᠦᠯᠵᠦ᠂ ᠪᠢᠲᠡᠭᠦᠮᠵᠢᠯᠡᠯ ᠢ ᠲᠠᠶᠢᠯᠬᠤ | ᠨᠥᠬᠦᠴᠡᠯ ᠳᠤ ᠭᠦᠷᠦᠭᠰᠡᠨ ᠤ ᠳᠠᠷᠠᠭ᠎ᠠ ᠲᠡᠷᠡ ᠳᠠᠷᠤᠢ ᠳᠤ ᠨᠢ ᠨᠡᠶᠢᠭᠡᠮ ᠳᠤ ᠨᠡᠶᠢᠲᠡᠯᠡᠵᠦ᠂ ᠵᠣᠬᠢᠬᠤ ᠣᠨᠣᠰᠢᠯᠠᠨ | ᠡᠮᠨᠡᠬᠦ ᠦᠢᠯᠡᠴᠢᠯᠡᠭᠡ ᠶᠢ ᠰᠡᠷᠭᠦᠭᠡᠬᠦ ᠬᠡᠷᠡᠭᠲᠡᠢ᠃ | | | ᠰᠢᠨ᠎ᠡ ᠪᠠᠷ ᠨᠡᠮᠡᠭᠳᠡᠭᠰᠡᠨ ᠬᠠᠯᠳᠠᠪᠤᠷᠢᠯᠠᠭᠰᠠᠳ ᠤᠨ ᠳᠣᠲᠣᠷ᠎ᠠ᠂ ᠶᠠᠭᠤᠨ ᠤ ᠤᠴᠢᠷ ᠠᠴᠠ ᠨᠡᠶᠢᠭᠡᠮ ᠤᠨ | ᠲᠠᠯ᠎ᠠ ᠶᠢᠨ ᠬᠢᠨ ᠤ ᠰᠢᠭᠰᠢᠨ ᠪᠠᠶᠢᠴᠠᠭᠠᠯᠲᠠ ᠶᠢᠨ ᠡᠵᠡᠯᠡᠬᠦ ᠬᠠᠷᠢᠴᠠᠯ ᠨᠡᠯᠢᠶᠡᠳ ᠥᠨᠳᠥᠷ ᠪᠠᠶᠢᠭ᠎ᠠ ᠪᠤᠶ︖ | ᠨᠡᠶᠢᠭᠡᠮ ᠤᠨ ᠲᠠᠯ᠎ᠠ ᠶᠢᠨ ᠡᠪᠡᠳᠴᠢᠲᠡᠨ ᠤ ᠡᠵᠡᠯᠡᠬᠦ ᠬᠠᠷᠢᠴᠠᠯ ᠨᠡᠯᠢᠶᠡᠳ ᠥᠨᠳᠥᠷ ᠪᠠᠶᠢᠳᠠᠭ ᠨᠢ ᠭᠤᠣᠯᠳᠠᠭᠤ | ᠬᠤᠶᠠᠷ ᠲᠠᠯ᠎ᠠ ᠶᠢᠨ ᠰᠢᠯᠲᠠᠭᠠᠨ ᠲᠠᠢ ᠬᠤᠯᠪᠣᠭ᠎ᠠ ᠲᠠᠢ᠄ | ᠨᠢᠭᠡ ᠳᠤ᠂ ᠸᠢᠷᠦ᠋ᠰ ᠤᠨ ᠣᠨᠴᠠᠯᠢᠭ ᠰᠢᠨᠵᠢ ᠲᠠᠢ ᠬᠤᠯᠪᠣᠭ᠎ᠠ ᠲᠠᠢ᠃ ᠰᠢᠨ᠎ᠡ ᠲᠢᠲᠢᠮᠯᠢᠭ ᠸᠢᠷᠦ᠋ᠰ ᠨᠢ | ᠦᠷᠭᠦᠯᠵᠢᠯᠡᠨ ᠤᠯᠠᠷᠢᠨ ᠬᠤᠪᠢᠰᠴᠤ᠂ ᠣᠮᠢᠺᠷᠦᠨ ᠣᠨᠳᠣᠣᠰᠢᠭᠰᠠᠨ ᠸᠢᠷᠦ᠋ᠰ ᠨᠢ ᠲᠠᠷᠬᠠᠭᠠᠳ ᠨᠢᠭᠡᠨᠲᠡ ᠵᠢᠯ ᠭᠠᠷᠤᠢ | ᠪᠣᠯᠤᠭᠰᠠᠨ ᠪᠥᠭᠡᠳ ᠪᠠᠰᠠ ᠮᠠᠰᠢ ᠦᠷᠭᠦᠯᠵᠢᠯᠡᠨ ᠰᠠᠯᠪᠤᠷᠢᠯᠠᠨ ᠬᠤᠪᠢᠰᠴᠤ᠂ ᠨᠢᠭᠤᠭᠳᠠᠮᠠᠯ ᠴᠢᠨᠠᠷ ᠨᠢ ᠨᠡᠩ ᠴᠢᠩᠭ᠎ᠠ | ᠂ ᠲᠠᠷᠬᠠᠬᠤ ᠬᠤᠷᠳᠤᠴᠠ ᠨᠢ ᠴᠦ ᠨᠡᠩ ᠲᠦᠷᠭᠡᠨ ᠪᠣᠯᠤᠭᠰᠠᠨ ᠪᠠᠶᠢᠨ᠎ᠠ᠃ ᠬᠡᠷᠪᠡ ᠪᠢᠳ᠋ᠨ ᠪᠠᠶᠢᠩᠭᠤ ᠶᠢᠨ ᠰᠢᠯᠭᠠᠨ | ᠪᠠᠶᠢᠴᠠᠭᠠᠬᠤ ᠪᠠ ᠤᠷᠢᠳᠴᠢᠯᠠᠨ ᠰᠡᠷᠡᠮᠵᠢᠯᠡᠭᠦᠯᠬᠦ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠤᠭᠰᠠᠨ ᠢᠶᠠᠷ ᠬᠦᠷᠦᠯᠴᠡᠬᠦ | ᠦᠭᠡᠢ ᠪᠣᠯ ᠬᠢᠵᠢᠭ ᠤᠨ ᠪᠠᠶᠢᠳᠠᠯ ᠢ ᠡᠷᠲᠡ ᠢᠯᠡᠷᠡᠭᠦᠯᠵᠦ ᠳᠡᠶᠢᠯᠬᠦ ᠦᠭᠡᠢ ᠪᠠᠶᠢᠵᠤ᠂ ᠰᠡᠷᠡᠵᠦ ᠮᠡᠳᠡᠬᠦ ᠦᠶ᠎ᠡ ᠳᠤ | ᠨᠢᠭᠡᠨᠲᠡ ᠨᠡᠶᠢᠭᠡᠮ ᠲᠣᠭᠤᠷᠢᠭ ᠲᠤ ᠥᠷᠭᠡᠨ ᠢᠶᠠᠷ ᠲᠠᠷᠬᠠᠵᠤ᠂ ᠨᠡᠶᠢᠭᠡᠮ ᠤᠨ ᠲᠠᠯ᠎ᠠ ᠶᠢᠨ ᠬᠠᠯᠳᠠᠪᠤᠷᠢᠯᠠᠭᠰᠠᠳ ᠴᠤ | ᠤᠯᠠᠨ ᠪᠣᠯᠳᠠᠭ᠃ | ᠬᠤᠶᠠᠷ ᠲᠤ᠂ ᠬᠢᠵᠢᠭ ᠤᠨ ᠪᠠᠶᠢᠳᠠᠯ ᠳᠤ ᠬᠠᠨᠳᠤᠬᠤ ᠬᠤᠷᠳᠤᠴᠠ ᠲᠠᠢ ᠬᠤᠯᠪᠣᠭ᠎ᠠ ᠲᠠᠢ᠃ ᠬᠢᠵᠢᠭ ᠤᠨ | ᠪᠠᠶᠢᠳᠠᠯ ᠢ ᠢᠯᠡᠷᠡᠭᠦᠯᠦᠭᠰᠡᠨ ᠡᠬᠢᠨ ᠤ ᠬᠤᠭᠤᠴᠠᠭᠠᠨ ᠳᠤ᠂ ᠨᠡᠶᠢᠭᠡᠮ ᠤᠨ ᠬᠠᠯᠳᠠᠪᠤᠷᠢᠯᠠᠭᠳᠠᠭᠰᠠᠳ ᠢ ᠴᠠᠭ | ᠲᠤᠬᠠᠢ ᠳᠤ ᠨᠢ ᠢᠯᠡᠷᠡᠭᠦᠯᠬᠦ ᠪᠠ ᠬᠠᠮᠢᠶᠠᠷᠤᠨ ᠡᠵᠡᠮᠳᠡᠵᠦ᠂ ᠨᠢᠭᠲᠠ ᠣᠶᠢᠷᠠᠲᠤᠭᠰᠠᠳ ᠢ ᠨᠢ ᠣᠨᠣᠪᠴᠢᠲᠠᠶ | ᠮᠠᠭᠠᠳᠯᠠᠨ ᠲᠣᠭᠲᠠᠭᠠᠬᠤ ᠪᠠ ᠬᠠᠮᠢᠶᠠᠷᠤᠨ ᠡᠵᠡᠮᠳᠡᠵᠦ᠂ ᠲᠦᠭᠰᠢᠭᠦᠷᠢᠲᠦ ᠣᠷᠣᠨ ᠢ ᠴᠠᠭ ᠲᠤᠬᠠᠢ ᠳᠤ ᠨᠢ | ᠣᠨᠣᠪᠴᠢᠲᠠᠶ ᠵᠠᠭᠠᠭᠯᠠᠨ ᠲᠣᠭᠲᠠᠭᠠᠬᠤ ᠶᠢᠨ ᠬᠠᠮᠲᠤ ᠨᠡᠶᠢᠲᠡᠯᠡᠬᠦ ᠵᠡᠷᠭᠡ ᠪᠣᠯ ᠴᠥᠮ ᠬᠢᠵᠢᠭ ᠤᠨ ᠪᠠᠶᠢᠳᠠᠯ ᠢ | ᠰᠡᠷᠭᠡᠶᠢᠯᠡᠨ ᠡᠵᠡᠮᠳᠡᠬᠦ ᠠᠩᠬᠠᠨ ᠤ ᠲᠣᠬᠢᠶᠠᠯ ᠢ ᠡᠵᠡᠮᠳᠡᠬᠦ ᠵᠠᠩᠭᠢᠯᠠᠭ᠎ᠠ ᠮᠥᠨ᠃ ᠬᠡᠷᠪᠡ ᠡᠷᠡᠭᠡᠯᠵᠡᠨ ᠲᠠᠲᠠᠭᠠᠯᠵᠠᠵᠤ᠂ | ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠠᠩᠭᠢᠯᠠᠭ᠎ᠠ ᠶᠢᠨ ᠬᠤᠭᠤᠴᠠᠭ᠎ᠠ ᠶᠢ ᠠᠯᠳᠠᠬᠤ ᠳᠤ ᠬᠦᠷᠪᠡᠯ᠂ | ᠰᠡᠭᠦᠯᠴᠢ ᠶᠢᠨ ᠬᠤᠭᠤᠴᠠᠭᠠᠨ ᠳᠤ ᠨᠡᠶᠢᠭᠡᠮ ᠤᠨ ᠲᠠᠯ᠎ᠠ ᠶᠢᠨ ᠬᠠᠯᠳᠠᠪᠤᠷᠢᠯᠠᠭᠰᠠᠳ ᠣᠬᠤᠷᠬᠠᠨ ᠬᠤᠭᠤᠴᠠᠭᠠᠨ ᠳᠤ | ᠲᠦᠷᠭᠡᠨ ᠢᠶᠠᠷ ᠨᠡᠮᠡᠭᠳᠡᠵᠦ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠬᠦᠴᠢᠷᠳᠡᠯ ᠤᠨ ᠬᠡᠮᠵᠢᠶ᠎ᠡ ᠴᠦ ᠶᠡᠭᠡ ᠪᠠᠷ | ᠨᠡᠮᠡᠭᠳᠡᠬᠦ ᠪᠣᠯᠣᠨ᠎ᠠ᠃ | | | ᠥᠨᠳᠥᠷ ᠳᠡᠰ ᠤᠨ ᠲᠦᠭᠰᠢᠭᠦᠷᠢᠲᠦ ᠣᠷᠣᠨ ᠢ ᠬᠦᠴᠦᠨ ᠦᠭᠡᠢ ᠪᠣᠯᠭᠠᠬᠤ ᠦᠨᠳᠦᠰᠦᠯᠡᠯ ᠨᠢ ᠶᠠᠭᠤ ᠪᠣᠶ︖ | ᠥᠨᠳᠥᠷ ᠳᠡᠰ ᠤᠨ ᠲᠦᠭᠰᠢᠭᠦᠷᠢᠲᠦ ᠣᠷᠣᠨ ᠳᠤ ᠵᠠᠯᠭᠠᠭ᠎ᠠ ᠪᠠᠷ 5 ᠡᠳᠦᠷ ᠰᠢᠨ᠎ᠡ ᠪᠠᠷ ᠨᠡᠮᠡᠭᠳᠡᠭᠰᠡᠨ | ᠬᠠᠯᠳᠠᠪᠤᠷᠢᠯᠠᠭᠰᠠᠳ ᠢᠯᠡᠷᠡᠬᠦ ᠦᠭᠡᠢ ᠪᠣᠯ ᠳᠣᠣᠷ᠎ᠠ ᠳᠡᠰ ᠤᠨ ᠲᠦᠭᠰᠢᠭᠦᠷᠢᠲᠦ ᠣᠷᠣᠨ ᠪᠣᠯᠭᠠᠨ ᠪᠠᠭᠤᠷᠠᠭᠤᠯᠵᠤ | ᠪᠣᠯᠣᠨ᠎ᠠ᠂ ᠡᠶᠢᠮᠦᠷᠬᠦᠦ ᠲᠣᠬᠢᠷᠠᠭᠤᠯᠤᠯᠲᠠ ᠨᠢ ᠭᠤᠣᠯᠳᠠᠭᠤ ᠶᠢᠰᠦᠳᠦᠭᠡᠷ ᠬᠡᠪᠯᠡᠯ ᠤᠨ ᠰᠡᠷᠭᠡᠶᠢᠯᠡᠨ ᠡᠵᠡᠮᠳᠡᠬᠦ | ᠲᠥᠰᠥᠯ ᠤᠨ ᠦᠢᠯᠡᠳᠦᠯᠭᠡ ᠶᠢᠨ ᠦᠨᠡᠯᠡᠨ ᠵᠢᠱᠢᠯᠲᠡ ᠶᠢᠨ ᠲᠤᠭ᠎ᠠ ᠪᠠᠷᠢᠮᠲᠠ ᠵᠢᠴᠢ ᠲᠦᠭᠰᠢᠭᠦᠷᠢ ᠶᠢ ᠰᠤᠳᠤᠯᠤᠨ | ᠮᠠᠭᠠᠳᠯᠠᠬᠤ ᠭᠡᠷᠡᠴᠢ ᠪᠠᠷᠢᠮᠲᠠ ᠳᠤ ᠰᠠᠭᠤᠷᠢᠯᠠᠭᠰᠠᠨ ᠶᠤᠮ᠃ ᠥᠭᠡᠷ᠎ᠡ ᠪᠠᠷ ᠬᠡᠯᠡᠪᠡᠯ᠂ ᠪᠥᠭᠡᠮ ᠬᠦᠴᠢᠯ ᠤᠨ | ᠪᠠᠶᠢᠴᠠᠭᠠᠯᠲᠠ ᠶᠢᠨ ᠠᠷᠭ᠎ᠠ ᠴᠢᠨᠠᠷᠲᠠᠢ ᠬᠥᠮᠥᠰ ᠵᠢᠴᠢ ᠲᠡᠭᠦᠨ ᠲᠠᠢ ᠨᠢᠭᠲᠠ ᠣᠶᠢᠷᠠᠲᠤᠭᠰᠠᠳ ᠢ ᠴᠥᠮ ᠪᠤᠰᠢᠭᠤ | ᠲᠦᠷᠭᠡᠨ ᠢᠶᠠᠷ ᠲᠤᠰᠠᠭᠠᠷᠯᠠᠨ ᠬᠠᠮᠢᠶᠠᠷᠬᠤ ᠪᠠ ᠡᠵᠡᠮᠳᠡᠬᠦ ᠶᠢᠨ ᠬᠠᠮᠲᠤ ᠴᠠᠭ ᠲᠤᠬᠠᠢ ᠳᠤ ᠨᠢ ᠰᠢᠯᠵᠢᠭᠦᠯᠦᠨ | ᠵᠥᠭᠡᠭᠡᠪᠦᠷᠢᠯᠡᠵᠦ ᠴᠢᠳᠠᠭᠰᠠᠨ ᠪᠠᠶᠢᠳᠠᠯ ᠳᠣᠣᠷ᠎ᠠ᠂ ᠥᠨᠳᠥᠷ ᠳᠡᠰ ᠤᠨ ᠲᠦᠭᠰᠢᠭᠦᠷᠢᠲᠦ ᠣᠷᠣᠨ ᠤ ᠬᠠᠮᠢᠶᠠᠷᠤᠨ | ᠡᠵᠡᠮᠳᠡᠬᠦ ᠬᠥᠮᠥᠰ ᠤᠨ ᠳᠣᠲᠣᠷ᠎ᠠ 5 ᠡᠳᠦᠷ ᠳᠠᠷᠠᠭᠠᠯᠠᠨ ᠰᠢᠨ᠎ᠡ ᠪᠠᠷ ᠨᠡᠮᠡᠭᠳᠡᠭᠰᠡᠨ ᠬᠠᠯᠳᠠᠪᠤᠷᠢᠯᠠᠭᠰᠠᠳ ᠢᠯᠡᠷᠡᠬᠦ | ᠦᠭᠡᠢ ᠪᠣᠯ ᠥᠨᠳᠥᠷ ᠳᠡᠰ ᠤᠨ ᠲᠦᠭᠰᠢᠭᠦᠷᠢᠲᠦ ᠣᠷᠣᠨ ᠤ ᠨᠡᠶᠢᠭᠡᠮ ᠲᠣᠭᠤᠷᠢᠭ ᠲᠠᠬᠢ ᠲᠠᠷᠬᠠᠭᠠᠯᠲᠠ | ᠦᠨᠳᠦᠰᠦᠨ ᠳᠤ ᠪᠠᠨ ᠲᠠᠰᠤᠯᠤᠭᠳᠠᠭᠰᠠᠨ ᠢ ᠬᠠᠷᠠᠭᠤᠯᠵᠤ ᠪᠠᠶᠢᠨ᠎ᠠ᠃ ᠣᠷᠣᠨ ᠬᠡᠪᠴᠢᠶᠡᠨ ᠤ ᠬᠥᠮᠥᠰ ᠤᠨ ᠴᠢᠬᠤᠯᠠ | ᠪᠤᠰᠤ ᠬᠠᠮᠢᠶᠠᠷᠤᠯᠲᠠ ᠡᠵᠡᠮᠳᠡᠯ ᠢ ᠠᠯᠢ ᠴᠢᠳᠠᠬᠤ ᠪᠠᠷ ᠪᠠᠭᠠᠰᠬᠠᠬᠤ ᠶᠢᠨ ᠲᠥᠯᠥᠭᠡ᠂ ᠬᠤᠷᠢᠨ ᠵᠦᠢᠯ ᠤᠨ | ᠰᠢᠯᠢᠳᠡᠭᠵᠢᠭᠦᠯᠬᠦ ᠠᠷᠭ᠎ᠠ ᠬᠡᠮᠵᠢᠶ᠎ᠡ ᠳᠤ ᠤᠤᠯ ᠤᠨ 7 ᠡᠳᠦᠷ ᠲᠤᠰᠠᠭᠠᠷᠯᠠᠬᠤ ᠠᠴᠠ 5 ᠡᠳᠦᠷ ᠲᠤᠰᠠᠭᠠᠷᠯᠠᠬᠤ | ᠪᠣᠯᠭᠠᠨ ᠲᠣᠬᠢᠷᠠᠭᠤᠯᠵᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠ ᠠᠵᠤ ᠠᠬᠤᠢ ᠨᠡᠶᠢᠭᠡᠮ ᠤᠨ | ᠬᠥᠭᠵᠢᠯᠲᠡ ᠶᠢ ᠨᠠᠩ ᠰᠠᠶᠢᠲᠤᠷ ᠨᠢᠭᠡᠳᠦᠯᠲᠡᠢ ᠲᠥᠯᠥᠪᠯᠡᠬᠦ ᠳᠤ ᠠᠰᠢᠭᠲᠠᠢ ᠪᠣᠯᠭᠠᠪᠠ᠃ | | | ᠳᠣᠣᠷ᠎ᠠ ᠳᠡᠰ ᠤᠨ ᠲᠦᠭᠰᠢᠭᠦᠷᠢᠲᠦ ᠣᠷᠣᠨ ᠭᠡᠳᠡᠭ ᠨᠢ ᠶᠠᠮᠠᠷ ᠤᠬᠠᠭᠳᠠᠬᠤᠨ ᠪᠣᠶ︖ | ᠳᠣᠣᠷ᠎ᠠ ᠳᠡᠰ ᠤᠨ ᠲᠦᠭᠰᠢᠭᠦᠷᠢᠲᠦ ᠣᠷᠣᠨ ᠤ ᠤᠬᠠᠭᠳᠠᠬᠤᠨ ᠨᠢ ᠳᠠᠷᠤᠢ ᠥᠨᠳᠥᠷ ᠳᠡᠰ ᠤᠨ | ᠲᠦᠭᠰᠢᠭᠦᠷᠢᠲᠦ ᠣᠷᠣᠨ ᠤ ᠪᠠᠶᠢᠭ᠎ᠠ ᠰᠢᠶᠠᠨ ︵ᠬᠤᠲᠠ᠂ ᠲᠣᠭᠤᠷᠢᠭ᠂ ᠬᠤᠰᠢᠭᠤ︶ ᠤ ᠳᠣᠲᠣᠷᠠᠬᠢ ᠥᠨᠳᠥᠷ | ᠳᠡᠰ ᠤᠨ ᠲᠦᠭᠰᠢᠭᠦᠷᠢᠲᠦ ᠣᠷᠣᠨ ᠠᠴᠠ ᠪᠤᠰᠤᠳ ᠭᠠᠵᠠᠷ ᠣᠷᠣᠨ ᠢ ᠳᠣᠣᠷ᠎ᠠ ᠳᠡᠰ ᠤᠨ ᠲᠦᠭᠰᠢᠭᠦᠷᠢᠲᠦ ᠣᠷᠣᠨ | ᠪᠣᠯᠭᠠᠨ ᠵᠠᠭᠠᠭᠯᠠᠨ ᠲᠣᠭᠲᠠᠭᠠᠭᠰᠠᠨ ᠢ ᠵᠢᠭᠠᠵᠤ ᠪᠤᠢ᠃ ᠳᠣᠣᠷ᠎ᠠ ᠳᠡᠰ ᠤᠨ ᠲᠦᠭᠰᠢᠭᠦᠷᠢᠲᠦ ᠣᠷᠣᠨ ᠳᠤ ᠪᠢᠳᠡ ︽ | ᠬᠤᠪᠢ ᠬᠥᠮᠥᠨ ᠰᠡᠷᠭᠡᠶᠢᠯᠡᠨ ᠬᠠᠮᠠᠭᠠᠯᠠᠬᠤ᠂ ᠴᠤᠭᠯᠠᠷᠠᠬᠤ ᠠᠴᠠ ᠵᠠᠶᠢᠯᠠᠰᠬᠢᠬᠦ︾ ᠰᠡᠷᠭᠡᠶᠢᠯᠡᠨ ᠡᠵᠡᠮᠳᠡᠬᠦ ᠠᠷᠭ᠎ᠠ | ᠬᠡᠮᠵᠢᠶ᠎ᠡ ᠶᠢ ᠬᠡᠷᠡᠭᠵᠢᠭᠦᠯᠦᠨ᠎ᠡ᠃ ᠳᠣᠣᠷ᠎ᠠ ᠳᠡᠰ ᠤᠨ ᠲᠦᠭᠰᠢᠭᠦᠷᠢᠲᠦ ᠣᠷᠣᠨ ᠤ ᠤᠯᠠᠨ ᠲᠦᠮᠡᠨ ᠭᠠᠳᠠᠭᠰᠢ | ᠭᠠᠷᠬᠤ ᠪᠠᠨ ᠴᠥᠭᠡᠳᠬᠡᠵᠦ᠂ ᠪᠥᠭᠡᠮᠨᠡᠷᠡᠨ ᠴᠤᠭᠯᠠᠷᠠᠬᠤ ᠦᠭᠡᠢ ᠪᠠᠶᠢᠵᠤ᠂ ᠭᠠᠳᠠᠭᠰᠢ ᠭᠠᠷᠬᠤ ᠳᠤ ᠪᠠᠨ ᠰᠠᠶᠢᠲᠤᠷ | ᠰᠡᠷᠭᠡᠶᠢᠯᠡᠨ ᠬᠠᠮᠠᠭᠠᠯᠠᠬᠤ ᠬᠡᠷᠡᠭᠲᠡᠢ︔ ᠣᠷᠣᠨ ᠬᠡᠪᠴᠢᠶᠡᠨ ᠤ ᠳᠣᠲᠣᠷᠠᠬᠢ ᠲᠦᠭᠰᠢᠭᠦᠷᠢᠲᠦ ᠬᠥᠮᠥᠰ ᠢ ᠵᠢᠭᠰᠠᠭᠠᠨ | ᠪᠠᠶᠢᠴᠠᠭᠠᠬᠤ᠂ ᠪᠥᠭᠡᠮ ᠬᠦᠴᠢᠯ ᠤᠨ ᠪᠠᠶᠢᠴᠠᠭᠠᠯᠲᠠ ᠬᠢᠬᠦ ᠵᠡᠷᠭᠡ ᠬᠢᠵᠢᠭ ᠢ ᠰᠡᠷᠭᠡᠶᠢᠯᠡᠬᠦ ᠠᠵᠢᠯ ᠳᠤ | ᠰᠠᠨᠠᠭᠠᠴᠢᠯᠠᠭ᠎ᠠ ᠠᠴᠠ ᠪᠠᠨ ᠬᠠᠮᠵᠢᠯᠴᠠᠬᠤ ᠬᠡᠷᠡᠭᠲᠡᠢ︔ ᠬᠠᠯᠠᠭᠤᠷᠠᠬᠤ᠂ ᠬᠠᠭᠤᠷᠠᠢ ᠪᠠᠷ ᠬᠠᠨᠢᠶᠠᠬᠤ᠂ ᠲᠠᠮᠢᠷᠳᠠᠬᠤ᠂ | ᠬᠤᠭᠤᠯᠠᠢ ᠡᠪᠡᠳᠬᠦ᠂ ᠠᠮᠲᠠᠯᠠᠬᠤ ᠰᠡᠷᠡᠯ ᠪᠠ ᠦᠨᠦᠷᠯᠡᠬᠦ ᠰᠡᠷᠡᠯ ᠮᠠᠭᠤᠳᠠᠬᠤ᠂ ᠬᠠᠮᠠᠷ ᠪᠥᠭᠯᠡᠷᠡᠬᠦ᠂ ᠨᠢᠰᠤ | ᠭᠤᠭᠤᠵᠢᠬᠤ᠂ ᠨᠡᠶᠢᠯᠡᠮᠡᠯ ᠪᠦᠷᠬᠦᠪᠴᠢ ᠶᠢᠨ ᠦᠷᠪᠢᠰᠦᠯ᠂ ᠪᠤᠯᠴᠢᠩ ᠡᠪᠡᠳᠬᠦ᠂ ᠰᠠᠭᠤᠯᠭᠠᠬᠤ ᠵᠡᠷᠭᠡ ᠪᠠᠶᠢᠳᠠᠯ | ᠢᠯᠡᠷᠡᠪᠡᠯ᠂ ᠳᠠᠷᠤᠢ ᠤᠯᠠᠨ ᠲᠦᠮᠡᠨ ᠤ ᠦᠷᠭᠦᠯᠵᠢ ᠬᠡᠯᠡᠯᠴᠡᠳᠡᠭ ︽ᠠᠷᠪᠠᠨ ᠶᠡᠭᠡ ᠡᠪᠡᠳᠴᠢᠨ ᠤ ᠢᠯᠡᠷᠡᠯ︾ | ᠭᠠᠷᠤᠭᠰᠠᠨ ᠤ ᠳᠠᠷᠠᠭ᠎ᠠ᠂ ᠴᠠᠭ ᠲᠤᠬᠠᠢ ᠳᠤ ᠨᠢ ᠰᠠᠨᠠᠭᠠᠴᠢᠯᠠᠭ᠎ᠠ ᠠᠴᠠ ᠪᠠᠨ ᠡᠮᠴᠢᠯᠡᠭᠡᠨ ᠤ ᠪᠠᠶᠢᠭᠤᠯᠤᠮᠵᠢ ᠳᠤ | ᠬᠦᠷᠴᠦ ᠡᠮᠨᠡᠭᠦᠯᠦᠨ᠂ ᠸᠢᠷᠦ᠋ᠰ ᠤᠨ ᠬᠠᠯᠳᠠᠪᠤᠷᠢᠯᠠᠯ ᠢ ᠴᠠᠭ ᠲᠤᠬᠠᠢ ᠳᠤ ᠨᠢ ᠪᠠᠶᠢᠴᠠᠭᠠᠬᠤ ᠬᠡᠷᠡᠭᠲᠡᠢ᠃ ᠡᠭᠦᠨ ᠤ | ᠵᠡᠷᠭᠡ ᠳᠤ᠂ ᠳᠣᠣᠷ᠎ᠠ ᠳᠡᠰ ᠤᠨ ᠲᠦᠭᠰᠢᠭᠦᠷᠢᠲᠦ ᠣᠷᠣᠨ ᠤ ᠣᠯᠠᠨ ᠲᠦᠮᠡᠨ ᠢ ᠡᠷᠬᠡᠪᠰᠢ ᠲᠣᠰ ᠣᠷᠣᠨ | ᠪᠦᠰᠡ ᠠᠴᠠ ᠪᠠᠨ ᠰᠠᠯᠬᠤ ᠦᠭᠡᠢ ᠪᠠᠶᠢᠬᠤ ᠶᠢ ᠰᠠᠨᠠᠭᠠᠴᠢᠯᠠᠨ᠎ᠠ᠂ ᠬᠡᠷᠪᠡ ᠦᠨᠡᠨ ᠬᠦ ᠪᠠᠶᠢᠭ᠎ᠠ ᠬᠤᠲᠠ ᠠᠴᠠ ᠪᠠᠨ | ᠰᠠᠯᠬᠤ ᠴᠢᠬᠤᠯᠠᠲᠠᠢ ᠪᠣᠯ ᠡᠷᠬᠡᠪᠰᠢ 48 ᠴᠠᠭ ᠤᠨ ᠪᠥᠭᠡᠮ ᠬᠦᠴᠢᠯ ᠤᠨ ᠪᠠᠶᠢᠴᠠᠭᠠᠯᠲᠠ ᠶᠢᠨ ᠪᠢᠯᠢᠭ ᠴᠢᠨᠠᠷ ᠤᠨ | ᠭᠡᠷᠡᠴᠢ ᠪᠠᠶᠢᠬᠤ ᠬᠡᠷᠡᠭᠲᠡᠢ᠃ | | | ᠭᠡᠷ ᠲᠤ ᠪᠠᠨ ᠲᠤᠰᠠᠭᠠᠷᠯᠠᠬᠤ ᠪᠠ ᠭᠡᠷ ᠲᠤ ᠪᠠᠨ ᠡᠷᠡᠭᠦᠯ ᠮᠡᠨᠳᠦ ᠶᠢᠨ ᠬᠢᠨᠠᠨ ᠪᠠᠶᠢᠴᠠᠭᠠᠯᠲᠠ ᠬᠢᠬᠦ ᠨᠢ ᠶᠠᠮᠠᠷ | ᠢᠯᠭᠠᠭ᠎ᠠ ᠲᠠᠢ ᠪᠣᠶ︖ | ᠭᠡᠷ ᠲᠤ ᠪᠠᠨ ᠲᠤᠰᠠᠭᠠᠷᠯᠠᠬᠤ ᠪᠠ ᠭᠡᠷ ᠲᠤ ᠪᠠᠨ ᠡᠷᠡᠭᠦᠯ ᠮᠡᠨᠳᠦ ᠶᠢᠨ ᠬᠢᠨᠠᠨ ᠪᠠᠶᠢᠴᠠᠭᠠᠯᠲᠠ ᠬᠢᠬᠦ | ᠬᠥᠮᠥᠰ ᠲᠤ ᠶᠠᠮᠠᠷ ᠭᠤᠣᠯ ᠢᠯᠭᠠᠭ᠎ᠠ ᠲᠠᠢ ᠪᠣᠶ︖ ᠡᠨᠡ ᠬᠤᠶᠠᠷ ᠲᠥᠷᠥᠯ ᠤᠨ ᠬᠥᠮᠥᠰ ᠤᠨ ᠬᠠᠯᠳᠠᠪᠤᠷᠢᠯᠠᠬᠤ | ᠲᠦᠭᠰᠢᠭᠦᠷᠢ ᠶᠢᠨ ᠶᠡᠭᠡ ᠪᠠᠭ᠎ᠠ ᠨᠢ ᠠᠳᠠᠯᠢ ᠦᠭᠡᠢ ᠪᠠᠶᠢᠳᠠᠭ᠂ ᠡᠶᠢᠮᠦ ᠠᠴᠠ ᠪᠦᠬᠦᠶᠢᠯᠡ ᠬᠠᠮᠢᠶᠠᠷᠤᠯᠲᠠ ᠶᠢᠨ | ᠱᠠᠭᠠᠷᠳᠠᠯᠭ᠎ᠠ ᠶᠢᠨ ᠲᠠᠯ᠎ᠠ ᠪᠠᠷ ᠴᠤ ᠠᠳᠠᠯᠢ ᠦᠭᠡᠢ ᠪᠠᠶᠢᠳᠠᠭ᠃ | ᠡᠩ ᠲᠡᠷᠢᠭᠦᠨ ᠳᠤ ᠭᠡᠷ ᠲᠤ ᠪᠠᠨ ᠲᠤᠰᠠᠭᠠᠷᠯᠠᠬᠤ ᠬᠥᠮᠥᠰ ᠨᠢ ᠲᠤᠰᠠᠭᠠᠷᠯᠠᠵᠤ ᠪᠠᠶᠢᠭ᠎ᠠ ᠬᠤᠭᠤᠴᠠᠭᠠᠨ ᠳᠤ | ᠲᠡᠳᠡᠨᠦᠰ ᠲᠤ ᠺᠣᠳ᠋ ᠣᠯᠭᠤᠵᠤ᠂ ᠲᠣᠰ ᠬᠥᠮᠥᠨ ᠪᠠ ᠬᠠᠮᠲᠤ ᠰᠠᠭᠤᠵᠤ ᠪᠠᠶᠢᠭ᠎ᠠ ᠬᠥᠮᠥᠰ ᠤᠨ ᠭᠠᠳᠠᠭᠰᠢ | ᠭᠠᠷᠬᠤ ᠶᠢ ᠴᠢᠩᠭ᠎ᠠ ᠬᠢᠵᠠᠭᠠᠷᠯᠠᠵᠤ᠂ ᠠᠯᠢᠪᠠ ᠡᠷᠭᠢᠨ ᠦᠵᠡᠬᠦ ᠦᠢᠯᠡ ᠠᠵᠢᠯᠯᠠᠭ᠎ᠠ ᠶᠢ ᠵᠥᠪᠰᠢᠶᠡᠷᠡᠬᠦ ᠦᠭᠡᠢ | ᠪᠠᠶᠢᠵᠤ᠂ ᠡᠨᠡ ᠬᠤᠭᠤᠴᠠᠭᠠᠨ ᠳᠤ ᠪᠥᠭᠡᠮ ᠬᠦᠴᠢᠯ ᠤᠨ ᠪᠠᠶᠢᠴᠠᠭᠠᠯᠲᠠ ᠬᠢᠬᠦ ᠳᠤ ᠨᠡᠶᠢᠭᠡᠮ ᠲᠣᠭᠤᠷᠢᠭ ᠤᠨ ᠵᠣᠬᠢᠶᠠᠨ | ᠪᠠᠶᠢᠭᠤᠯᠵᠤ ᠥᠯᠢᠭᠡᠷ ᠠᠪᠬᠤ ᠬᠥᠮᠥᠰ ᠭᠡᠷ ᠲᠤ ᠨᠢ ᠬᠦᠷᠴᠦ ᠥᠯᠢᠭᠡᠷ ᠠᠪᠤᠨ᠎ᠠ᠃ ᠬᠡᠯᠡᠯᠭᠡᠨ ᠦᠭᠡᠢ᠂ | ᠲᠤᠰᠠᠭᠠᠷᠯᠠᠬᠤ ᠬᠤᠭᠤᠴᠠᠭᠠᠨ ᠳᠤ ᠡᠪᠡᠳᠴᠢᠨ ᠦᠵᠡᠭᠦᠯᠬᠦ ᠵᠡᠷᠭᠡ ᠰᠢᠯᠲᠠᠭᠠᠨ ᠠᠴᠠ ᠪᠣᠯᠵᠤ ᠭᠠᠳᠠᠭᠰᠢ ᠭᠠᠷᠬᠤ | ᠴᠢᠬᠤᠯᠠᠲᠠᠢ ᠦᠶ᠎ᠡ ᠳᠤ᠂ ᠨᠡᠶᠢᠭᠡᠮ ᠲᠣᠭᠤᠷᠢᠭ ᠠᠴᠠ ᠲᠤᠰᠬᠠᠢ ᠬᠥᠮᠥᠨ ᠪᠠ ᠲᠤᠰᠬᠠᠢ ᠲᠡᠷᠭᠡ ᠲᠣᠬᠢᠷᠠᠭᠤᠯᠵᠤ᠂ | ᠪᠥᠬᠦ ᠶᠠᠪᠤᠴᠠ ᠳᠤ ᠬᠤᠪᠢ ᠬᠥᠮᠥᠨ ᠤ ᠬᠠᠮᠠᠭᠠᠯᠠᠯᠲᠠ ᠶᠢ ᠰᠠᠶᠢᠲᠤᠷ ᠬᠢᠵᠦ᠂ ᠪᠢᠲᠡᠭᠦᠦ ᠴᠠᠭᠠᠷᠢᠭ ᠤᠨ | ᠬᠠᠮᠢᠶᠠᠷᠤᠯᠲᠠ ᠶᠢ ᠨᠠᠶᠢᠳᠠᠪᠤᠷᠢᠵᠢᠭᠤᠯᠬᠤ ᠬᠡᠷᠡᠭᠲᠡᠢ᠃ | ᠭᠡᠷ ᠲᠤ ᠪᠠᠨ ᠡᠷᠡᠭᠦᠯ ᠮᠡᠨᠳᠦ ᠶᠢᠨ ᠬᠢᠨᠠᠨ ᠪᠠᠶᠢᠴᠠᠭᠠᠯᠲᠠ ᠬᠢᠬᠦ ᠬᠥᠮᠥᠰ ᠨᠢ ᠬᠠᠮᠢᠶᠠᠷᠤᠯᠲᠠ ᠶᠢᠨ | ᠬᠤᠭᠤᠴᠠᠭᠠᠨ ᠳᠤ ᠴᠢᠳᠠᠬᠤ ᠶᠢᠨ ᠳᠣᠲᠣᠷ᠎ᠠ ᠭᠠᠳᠠᠭᠰᠢ ᠭᠠᠷᠬᠤ ᠦᠭᠡᠢ ᠪᠠᠶᠢᠬᠤ ᠬᠡᠷᠡᠭᠲᠡᠢ᠃ ᠬᠡᠷᠪᠡ ᠦᠨᠡᠨ ᠬᠦ | ᠡᠪᠡᠳᠴᠢᠨ ᠦᠵᠡᠭᠦᠯᠬᠦ ᠬᠡᠷᠡᠭᠴᠡᠭᠡ ᠠᠴᠠ ᠪᠣᠯᠵᠤ ᠭᠠᠳᠠᠭᠰᠢ ᠭᠠᠷᠬᠤ ᠴᠢᠬᠤᠯᠠᠲᠠᠢ ᠪᠣᠯ᠂ ᠡᠨᠡ ᠦᠶ᠎ᠡ ᠳᠤ ᠬᠤᠪᠢ | ᠬᠥᠮᠥᠨ ᠤ ᠬᠠᠮᠠᠭᠠᠯᠠᠯᠲᠠ ᠪᠠᠨ ᠰᠠᠶᠢᠲᠤᠷ ᠬᠢᠵᠦ᠂ ᠱᠠᠭᠠᠷᠳᠠᠯᠭ᠎ᠠ ᠶᠣᠰᠣᠭᠠᠷ N95/KN95 ᠮᠥᠬᠦᠯᠢᠭᠲᠦ | ᠪᠣᠳᠠᠰ ᠤᠨ ᠬᠠᠮᠠᠭᠠᠯᠠᠯᠲᠠ ᠶᠢᠨ ᠠᠮᠠᠪᠴᠢ ᠵᠡᠭᠦᠵᠦ᠂ ᠣᠯᠠᠨ ᠨᠡᠶᠢᠲᠡ ᠶᠢᠨ ᠵᠠᠮ ᠬᠠᠷᠢᠯᠴᠠᠭᠠᠨ ᠤ ᠪᠠᠭᠠᠵᠢ ᠳᠤ | ᠰᠠᠭᠤᠬᠤ ᠠᠴᠠ ᠵᠠᠶᠢᠯᠠᠰᠬᠢᠬᠦ ᠶᠢᠨ ᠬᠠᠮᠲᠤ ᠬᠥᠮᠥᠨ ᠣᠯᠠᠨ ᠴᠤᠭᠯᠠᠷᠠᠬᠤ ᠨᠡᠶᠢᠲᠡ ᠶᠢᠨ ᠲᠠᠯᠠᠪᠤᠷ ᠲᠤ ᠣᠴᠢᠵᠤ ᠪᠣᠯᠬᠤ | ᠦᠭᠡᠢ᠃ ᠭᠡᠪᠡᠴᠦ ᠨᠢᠭᠡᠨ ᠮᠠᠰᠢ ᠣᠨᠳᠣᠣ ᠲᠠᠯ᠎ᠠ ᠭᠡᠪᠡᠯ ᠳᠠᠷᠤᠢ ᠲᠡᠳᠡᠨ ᠤ ᠬᠠᠮᠲᠤ ᠰᠠᠭᠤᠵᠤ ᠪᠠᠶᠢᠭ᠎ᠠ ᠬᠥᠮᠥᠰ ᠤᠨ | ᠠᠵᠢᠯᠯᠠᠭ᠎ᠠ ᠶᠢ ᠬᠢᠵᠠᠭᠠᠷᠯᠠᠬᠤ ᠦᠭᠡᠢ ᠪᠠᠶᠢᠬᠤ ᠶᠠᠪᠤᠳᠠᠯ ᠪᠣᠯᠣᠨ᠎ᠠ᠃ | | | 10 ᠲᠦᠮᠡᠨ ᠬᠥᠮᠥᠨ ᠪᠦᠷᠢ ᠳᠤ ᠨᠣᠭᠳᠠᠬᠤ ᠬᠦᠨᠳᠦ ᠡᠪᠡᠳᠴᠢᠲᠡᠨ ᠤ ᠡᠮᠴᠢᠯᠡᠭᠡᠨ ᠤ ᠣᠷᠣ 4 ᠬᠦᠷᠬᠦ | ᠦᠭᠡᠢ ᠪᠠᠶᠢᠵᠤ᠂ ᠬᠦᠨᠳᠦ ᠡᠪᠡᠳᠴᠢᠲᠡᠨ ᠢ ᠡᠮᠨᠡᠨ ᠵᠠᠰᠠᠬᠤ ᠬᠦᠴᠦᠨ ᠤ ᠨᠥᠭᠡᠴᠡᠯᠡᠯᠲᠡ ᠶᠢ ᠴᠢᠩᠭᠠᠳᠬᠠᠬᠤ ᠨᠢ | ᠲᠤᠶᠢᠯ ᠤᠨ ᠴᠢᠬᠤᠯᠠ ᠪᠠᠶᠢᠳᠠᠭ | ᠮᠠᠨ ᠤ ᠤᠯᠤᠰ ᠤᠨ ᠡᠮᠴᠢᠯᠡᠭᠡᠨ ᠤ ᠡᠬᠢ ᠪᠠᠶᠠᠯᠢᠭ ᠤᠨ ᠬᠥᠭᠵᠢᠯᠲᠡ ᠲᠡᠩᠴᠡᠭᠦᠷᠢ ᠦᠭᠡᠢ ᠪᠥᠭᠡᠳ | ᠭᠦᠢᠴᠡᠳ ᠦᠭᠡᠢ ᠪᠠᠶᠢᠵᠤ᠂ ᠢᠯᠠᠩᠭᠤᠶ᠎ᠠ ᠭᠠᠵᠠᠷ ᠣᠷᠣᠨ ᠤ ᠬᠤᠭᠤᠷᠣᠨᠳᠣᠬᠢ᠂ ᠬᠤᠲᠠ ᠬᠥᠳᠡᠭᠡ ᠶᠢᠨ | ᠬᠤᠭᠤᠷᠣᠨᠳᠣᠬᠢ ᠵᠥᠷᠢᠶ᠎ᠡ ᠨᠡᠯᠢᠶᠡᠳ ᠶᠡᠭᠡ ᠪᠠᠶᠢᠳᠠᠭ︔ ᠮᠠᠨ ᠤ ᠡᠮᠴᠢᠯᠡᠭᠡᠨ ᠤ ᠡᠬᠢ ᠪᠠᠶᠠᠯᠢᠭ ᠶᠡᠷᠦᠩᠬᠡᠢ ᠳᠤ ᠪᠠᠨ | ᠬᠠᠷᠢᠴᠠᠩᠭᠤᠢ ᠳᠤᠲᠠᠮᠠᠭ ᠪᠠᠶᠢᠵᠤ᠂ ᠮᠢᠩᠭᠠᠨ ᠬᠥᠮᠥᠨ ᠪᠦᠷᠢ ᠳᠤ ᠨᠣᠭᠳᠠᠬᠤ ᠡᠮᠴᠢᠯᠡᠭᠡᠨ ᠤ ᠣᠷᠣ ᠣᠲᠣ 6.7 | ᠪᠠᠶᠢᠵᠤ᠂ 10 ᠲᠦᠮᠡᠨ ᠬᠥᠮᠥᠨ ᠪᠦᠷᠢ ᠳᠤ ᠨᠣᠭᠳᠠᠬᠤ ᠬᠦᠨᠳᠦ ᠡᠪᠡᠳᠴᠢᠲᠡᠨ ᠤ ᠡᠮᠴᠢᠯᠡᠭᠡᠨ ᠤ ᠣᠷᠣ 4 ᠬᠦᠷᠬᠦ | ᠦᠭᠡᠢ ᠪᠠᠶᠢᠨ᠎ᠠ᠃ ᠣᠳᠣᠬᠠᠨ ᠤ ᠣᠮᠢᠺᠷᠦᠨ ᠣᠨᠳᠣᠣᠰᠢᠭᠰᠠᠨ ᠸᠢᠷᠦ᠋ᠰ ᠤᠨ ᠬᠠᠯᠳᠠᠪᠤᠷᠢᠯᠠᠬᠤ ᠴᠢᠨᠠᠷ ᠴᠢᠩᠭ᠎ᠠ᠂ | ᠲᠠᠷᠬᠠᠬᠤ ᠬᠤᠷᠳᠤᠴᠠ ᠨᠢ ᠲᠦᠷᠭᠡᠨ᠂ ᠣᠨᠴᠠᠭᠠᠶᠢᠯᠠᠨ ᠮᠠᠰᠢ ᠣᠬᠤᠷᠬᠠᠨ ᠬᠤᠭᠤᠴᠠᠭᠠᠨ ᠳᠤ ᠴᠤᠭᠯᠠᠷᠠᠯ ᠤᠨ | ᠴᠢᠨᠠᠷᠲᠠᠢ ᠬᠢᠵᠢᠭ ᠤᠨ ᠪᠠᠶᠢᠳᠠᠯ ᠴᠢᠨᠠᠭᠰᠢᠯᠠᠪᠠᠯ ᠨᠡᠯᠢᠶᠡᠳ ᠶᠡᠭᠡ ᠬᠡᠪᠴᠢᠶᠡᠨ ᠤ ᠬᠢᠵᠢᠭ ᠤᠨ ᠪᠠᠶᠢᠳᠠᠯ ᠢ ᠡᠭᠦᠰᠬᠡᠵᠦ | ᠮᠡᠳᠡᠨ᠎ᠡ᠃ ᠤᠳᠤ ᠪᠢᠳᠡ ᠡᠯ᠎ᠡ ᠮᠤᠵᠢ ᠳᠤ ᠴᠤᠭᠯᠠᠷᠠᠯ ᠤᠨ ᠴᠢᠨᠠᠷᠲᠠᠢ ᠬᠢᠵᠢᠭ ᠤᠨ ᠪᠠᠶᠢᠳᠠᠯ ᠤᠨ ᠡᠭᠦᠰᠴᠦ ᠪᠠᠶᠢᠬᠤ | ᠪᠠ ᠬᠡᠪᠴᠢᠶ᠎ᠡ ᠨᠢ ᠲᠠᠰᠤᠷᠠᠯᠳᠠ ᠦᠭᠡᠢ ᠥᠷᠭᠡᠳᠴᠦ ᠪᠠᠶᠢᠬᠤ ᠶᠢ ᠣᠯᠵᠤ ᠦᠵᠡᠯ᠎ᠡ᠃ ᠮᠠᠨ ᠤ ᠤᠯᠤᠰ ᠪᠣᠯ 14 | ᠳ᠋ᠦᠩᠰᠢᠭᠤᠷ ᠬᠥᠮᠥᠨ ᠠᠮᠠ ᠲᠠᠢ ᠲᠣᠮᠣ ᠤᠯᠤᠰ ᠮᠥᠨ᠂ ᠨᠠᠰᠤᠵᠢᠭᠰᠠᠨ ᠬᠥᠮᠥᠨ ᠠᠮᠠ ᠤᠯᠠᠨ᠂ ᠰᠠᠭᠤᠷᠢ | ᠴᠢᠨᠠᠷᠲᠠᠢ ᠡᠪᠡᠳᠴᠢᠨ ᠲᠠᠢ ᠬᠥᠮᠥᠨ ᠴᠦ ᠤᠯᠠᠨ ᠪᠠᠶᠢᠵᠤ᠂ ᠨᠠᠰᠤᠲᠠᠶᠢᠴᠤᠳ ᠵᠢᠴᠢ ᠰᠠᠭᠤᠷᠢ ᠴᠢᠨᠠᠷᠲᠠᠢ | ᠡᠪᠡᠳᠴᠢᠨ ᠲᠠᠢ ᠬᠥᠮᠥᠨ ᠪᠣᠯ ᠴᠥᠮ ᠬᠦᠨᠳᠦ ᠡᠪᠡᠳᠴᠢᠨ ᠳᠤ ᠠᠮᠠᠷᠬᠠᠨ ᠨᠡᠷᠪᠡᠭᠳᠡᠳᠡᠭ ᠪᠠᠭᠤᠷᠠᠢ ᠬᠥᠮᠥᠰ ᠮᠥᠨ᠃ | ᠬᠦᠨᠳᠦ ᠡᠪᠡᠳᠴᠢᠲᠡᠨ ᠤ ᠳᠣᠲᠣᠷ᠎ᠠ᠂ ᠨᠢᠭᠡ ᠲᠠᠯ᠎ᠠ ᠪᠠᠷ ᠰᠢᠨ᠎ᠡ ᠲᠢᠲᠢᠮᠯᠢᠭ ᠸᠢᠷᠦ᠋ᠰ ᠠᠴᠠ ᠪᠣᠯᠤᠭᠰᠠᠨ ᠬᠦᠨᠳᠦ | ᠡᠪᠡᠳᠴᠢᠲᠡᠨ ᠪᠠᠶᠢᠵᠤ᠂ ᠨᠥᠭᠦᠭᠡ ᠲᠠᠯ᠎ᠠ ᠪᠠᠷ ᠶᠡᠬᠡᠩᠬᠢ ᠬᠡᠰᠡᠭ ᠨᠢ ᠰᠠᠭᠤᠷᠢ ᠴᠢᠨᠠᠷᠲᠠᠢ ᠡᠪᠡᠳᠴᠢᠨ ᠤ ᠳᠡᠭᠡᠷ᠎ᠡ | ᠰᠢᠨ᠎ᠡ ᠲᠢᠲᠢᠮᠯᠢᠭ ᠡᠪᠡᠳᠴᠢᠨ ᠤ ᠬᠠᠯᠳᠠᠪᠤᠷᠢᠯᠠᠯ ᠳᠠᠪᠬᠤᠴᠠᠭᠰᠠᠨ ᠠᠴᠠ ᠪᠣᠯᠵᠤ᠂ ᠡᠨᠡ ᠬᠡᠰᠡᠭ ᠡᠪᠡᠳᠴᠢᠲᠡᠨ ᠳᠤ | ᠮᠥᠨ ᠴᠦ ᠣᠯᠠᠨ ᠰᠢᠨᠵᠢᠯᠡᠭᠡᠨ ᠤ ᠰᠠᠯᠠᠭ᠎ᠠ ᠶᠢᠨ ᠡᠮᠨᠡᠨ ᠵᠠᠰᠠᠯᠲᠠ ᠬᠢᠬᠦ ᠶᠢ ᠱᠠᠭᠠᠷᠳᠠᠨ᠎ᠠ᠃ ᠡᠶᠢᠮᠦ ᠠᠴᠠ ᠬᠦᠨᠳᠦ | ᠡᠪᠡᠳᠴᠢᠲᠡᠨ ᠢ ᠡᠮᠨᠡᠨ ᠵᠠᠰᠠᠬᠤ ᠬᠦᠴᠦᠨ ᠤ ᠨᠥᠭᠡᠴᠡ ᠶᠢ ᠴᠢᠩᠭᠠᠳᠬᠠᠬᠤ᠂ ᠢᠯᠠᠩᠭᠤᠶ᠎ᠠ ᠣᠯᠠᠨ ᠰᠢᠨᠵᠢᠯᠡᠭᠡᠨ ᠤ | ᠶᠡᠷᠦᠩᠬᠡᠶᠢᠯᠡᠭᠰᠡᠨ ᠴᠢᠳᠠᠪᠤᠷᠢ ᠶᠢ ᠳᠡᠭᠡᠭᠰᠢᠯᠡᠭᠦᠯᠬᠦ ᠪᠣᠯ ᠮᠠᠰᠢ ᠴᠢᠬᠤᠯᠠ ᠶᠤᠮ᠃ | ᠣᠳᠣᠬᠠᠨ ᠳᠤ ᠪᠥᠬᠦ ᠤᠯᠤᠰ ᠲᠤ ᠨᠢᠭᠡᠨᠲᠡ 100 ᠭᠠᠷᠤᠢ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ | ᠬᠦᠨᠳᠦ ᠡᠪᠡᠳᠴᠢᠲᠡᠨ ᠪᠠᠶᠢᠵᠤ᠂ ᠡᠨᠡ ᠨᠢ ᠶᠠᠭ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠨᠠᠰᠤᠲᠠᠶᠢᠴᠤᠳ | ᠪᠠ ᠰᠠᠭᠤᠷᠢ ᠴᠢᠨᠠᠷᠲᠠᠢ ᠡᠪᠡᠳᠴᠢᠨ ᠲᠠᠢ ᠬᠥᠮᠥᠰ ᠲᠤ ᠦᠵᠡᠭᠦᠯᠬᠦ ᠡᠷᠡᠭᠦᠯ ᠮᠡᠨᠳᠦ ᠶᠢᠨ ᠰᠦᠷᠳᠡᠭᠦᠯᠦᠯ ᠨᠡᠯᠢᠶᠡᠳ | ᠶᠡᠭᠡ ᠪᠠᠶᠢᠬᠤ ᠶᠢ ᠬᠠᠷᠠᠭᠤᠯᠵᠤ ᠪᠠᠶᠢᠨ᠎ᠠ᠃ ᠪᠢᠳᠡᠨ ᠤ ᠣᠲᠣ ᠶᠢᠨ ᠠᠪᠴᠤ ᠪᠠᠶᠢᠭ᠎ᠠ ᠢᠳᠡᠪᠬᠢᠲᠡᠢ ᠰᠡᠷᠭᠡᠶᠢᠯᠡᠬᠦ ᠠᠷᠭ᠎ᠠ | ᠪᠣᠳᠣᠯᠭ᠎ᠠ ᠪᠣᠯ ᠬᠠᠯᠳᠠᠪᠤᠷᠢᠯᠠᠭᠰᠠᠳ ᠢ ᠴᠢᠷᠮᠠᠶᠢᠨ ᠪᠠᠭᠠᠰᠬᠠᠪᠠᠯ ᠰᠠᠶ᠋ᠢ ᠬᠦᠨᠳᠦ ᠡᠪᠡᠳᠴᠢᠨ ᠤ ᠨᠣᠷᠮ᠎ᠠ ᠪᠠ | ᠡᠪᠡᠳᠴᠢᠨ ᠢᠶᠠᠷ ᠦᠬᠦᠬᠦ ᠨᠣᠷᠮ᠎ᠠ ᠶᠢ ᠤᠯᠠᠮ ᠨᠢᠭᠡ ᠠᠯᠬᠤᠮ ᠪᠠᠭᠤᠷᠠᠭᠤᠯᠵᠤ ᠴᠢᠳᠠᠨ᠎ᠠ᠃ ᠡᠶᠢᠮᠦ ᠠᠴᠠ ︽ | ᠰᠡᠷᠭᠡᠶᠢᠯᠡᠬᠦ︾ ᠪᠣᠯ ᠬᠠᠮᠤᠭ ᠤᠨ ᠪᠦᠲᠦᠮᠵᠢᠲᠡᠶ ᠠᠷᠭ᠎ᠠ ᠬᠡᠮᠵᠢᠶ᠎ᠡ ᠮᠥᠨ᠃ ᠭᠡᠪᠡᠴᠦ ᠡᠭᠦᠨ ᠢ ᠦᠨᠳᠦᠰᠦᠯᠡᠨ ᠬᠦᠨᠳᠦ | ᠡᠪᠡᠳᠴᠢᠲᠡᠨ ᠤ ᠡᠮᠴᠢᠯᠡᠭᠡᠨ ᠤ ᠣᠷᠣ ᠶᠢ ᠨᠡᠮᠡᠭᠳᠡᠭᠦᠯᠬᠦ ᠴᠢᠬᠤᠯᠠ ᠦᠭᠡᠢ ᠭᠡᠵᠦ ᠦᠵᠡᠵᠦ ᠪᠣᠯᠬᠤ ᠦᠭᠡᠢ᠃ | | |