ᠰᠠᠷᠠᠭᠤᠯ | | 2014 ᠣᠨ ᠳᠤ᠂ ᠳᠤᠮᠳᠠᠳᠤ ᠮᠣᠩᠭᠤᠯ ᠬᠤᠶᠠᠷ ᠤᠯᠤᠰ ᠤᠨ ᠨᠦᠬᠦᠷᠰᠡᠭ ᠬᠠᠷᠢᠴᠠᠭ᠎ᠠ ᠶᠢ | ᠪᠠᠶᠢᠭᠤᠯᠤᠭᠰᠠᠨ 65 ᠵᠢᠯ ᠤᠨ ᠣᠢ ᠶᠢ ᠪᠡᠯᠭᠡᠯᠡᠬᠦ ᠠᠩᠬᠠᠳᠤᠭᠠᠷ ᠬᠤᠭᠤᠴᠠᠭᠠᠨ ᠤ ︽ᠤᠶᠠᠩᠭ᠎ᠠ︾ ᠣᠯᠠᠨ ᠤᠯᠤ᠋ ᠤᠨ | ᠮᠣᠩᠭᠤᠯ ᠤᠷᠠᠨ ᠪᠢᠴᠢᠯᠭᠡ ᠶᠢᠨ ᠦᠵᠡᠭᠦᠯᠭᠡ ᠮᠣᠩᠭᠤᠯ ᠤᠯᠤᠰ ᠤᠨ ᠴᠣᠶᠢᠪᠠᠯᠰᠠᠩ ᠬᠤᠲᠠ ᠳᠤ ᠶᠠᠪᠤᠭᠳᠠᠵᠤ | ᠪᠠᠶᠢᠪᠠ᠃ ᠲᠡᠷᠡ ᠴᠠᠭ ᠠᠴᠠ ᠡᠬᠢᠯᠡᠨ ᠳᠤᠮᠳᠠᠳᠤ ᠮᠣᠩᠭᠤᠯ ᠬᠤᠶᠠᠷ ᠤᠯᠤᠰ ᠤᠨ ᠮᠣᠩᠭᠤᠯ ᠤᠷᠠᠨ ᠪᠢᠴᠢᠯᠭᠡ᠂ ᠤᠷᠠᠨ | ᠵᠢᠷᠤᠭ ᠤᠨ ᠳᠤᠷ᠎ᠠ ᠪᠠᠭ᠋ᠠᠲᠠᠳ ᠨᠠᠶᠢᠵᠠ ᠪᠣᠯᠬᠤ᠂ ᠪᠢᠷ ᠪᠡᠭᠡ ᠪᠠᠷ ᠢᠶᠠᠨ ᠰᠡᠳᠬᠢᠯᠭᠡ ᠪᠠᠨ ᠰᠣᠯᠢᠯᠴᠠᠬᠤ ᠬᠥᠰᠢᠭᠡ ᠶᠢ | ᠨᠡᠭᠡᠭᠡᠵᠦ᠂ ᠬᠤᠶᠠᠷ ᠤᠯᠤᠰ ᠤᠨ ᠬᠤᠭᠤᠷᠣᠨᠳᠣᠬᠢ ᠰᠣᠶᠣᠯ ᠤᠨ ᠰᠣᠯᠢᠯᠴᠠᠭ᠎ᠠ ᠳᠤ ᠰᠠᠶᠢᠨ ᠰᠠᠭᠤᠷᠢ ᠲᠠᠯᠪᠢᠵᠤ | ᠥᠭᠴᠡᠢ᠃ | ᠡᠨᠡ ᠵᠢᠯ ᠤᠨ 9 ᠰᠠᠷ᠎ᠠ ᠶᠢᠨ 15 ᠤ ᠡᠳᠦᠷ᠂ ᠤᠯᠤᠰ ᠤᠨ ᠲᠡᠷᠢᠭᠦᠯᠡᠭᠴᠢ ᠰᠢ ᠶᠢᠨ ᠫᠢᠩ ᠱᠠᠩᠬᠠᠢ ᠶᠢᠨ | ᠬᠠᠮᠲᠤᠷᠠᠯᠴᠠᠭᠠᠨ ᠤ ᠵᠣᠬᠢᠶᠠᠨ ᠪᠠᠶᠢᠭᠤᠯᠤᠯᠲᠠ ᠶᠢᠨ ᠰᠠᠮᠠᠷᠺᠠᠨᠳ᠋ ᠳᠠᠬᠢ ᠲᠦᠷᠦᠭᠦᠴᠦᠳ ᠤᠨ ᠬᠤᠷᠠᠯᠳᠤᠭᠠᠨ ᠳᠤ | ᠣᠷᠣᠯᠴᠠᠬᠤ ᠬᠤᠭᠤᠴᠠᠭᠠᠨ ᠳᠠᠭᠠᠨ ᠳᠤᠮᠳᠠᠳᠤ᠂ ᠣᠷᠣᠰ᠂ ᠮᠣᠩᠭᠤᠯ ᠭᠤᠷᠪᠠᠨ ᠤᠯᠤᠰ ᠤᠨ ᠲᠡᠷᠢᠭᠦᠨ ᠨᠠᠷ ᠤᠨ | ᠵᠢᠷᠭᠤᠳᠤᠭᠠᠷ ᠤᠳᠠᠭᠠᠨ ᠤ ᠬᠡᠯᠡᠯᠴᠡᠭᠡ ᠶᠢ ᠬᠢᠵᠡᠢ᠃ ᠰᠢ ᠶᠢᠨ ᠫᠢᠩ ᠶᠠᠷᠢᠶᠠᠨ ᠳᠠᠭᠠᠨ᠂ ᠣᠶᠢᠷ᠎ᠠ ᠶᠢᠨ ᠬᠡᠳᠦᠨ ᠵᠢᠯ ᠳᠤ | ᠬᠡᠳᠦᠶᠢᠪᠡᠷ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠨᠦᠯᠦᠭᠡ ᠳᠤ ᠤᠴᠠᠷᠠᠭᠰᠠᠨ ᠪᠣᠯᠪᠠᠴᠤ | ᠳᠤᠮᠳᠠᠳᠤ᠂ ᠣᠷᠣᠰ᠂ ᠮᠣᠩᠭᠤᠯ ᠭᠤᠷᠪᠠᠨ ᠤᠯᠤᠰ ᠤᠨ ᠬᠠᠮᠲᠤᠷᠠᠯᠴᠠᠭ᠎ᠠ ᠶᠡᠷᠦ ᠠᠴᠠ ᠵᠣᠭᠰᠣᠭᠰᠠᠨ ᠦᠭᠡᠢ ᠶᠤᠮ᠃ | ᠪᠢᠳᠡ ︽ᠡᠭᠦᠯᠡᠨ ᠰᠣᠯᠢᠯᠴᠠᠭ᠎ᠠ︾ ᠦᠷᠨᠢᠭᠦᠯᠵᠦ᠂ ᠶᠠᠪᠤᠯᠴᠠᠭ᠎ᠠ ᠪᠠᠨ ᠪᠠᠲᠤᠯᠠᠭᠰᠠᠨ ᠠᠴᠠ ᠠᠷᠠᠳ ᠤᠨ ᠰᠡᠳᠬᠢᠯ ᠤᠨ | ᠬᠤᠯᠪᠣᠭᠠᠰᠤ ᠨᠡᠩ ᠨᠢᠭᠲᠠ ᠪᠣᠯᠪᠠ ᠭᠡᠵᠦ ᠵᠢᠭᠠᠵᠤ ᠭᠠᠷᠭᠠᠪᠠ᠃ 9 ᠰᠠᠷ᠎ᠠ ᠶᠢᠨ 23 ᠤ ᠡᠳᠦᠷ᠂ ᠶᠢᠰᠦᠳᠦᠭᠡᠷ | ᠬᠤᠭᠤᠴᠠᠭᠠᠨ ᠤ ︽ᠤᠶᠠᠩᠭ᠎ᠠ︾ ᠣᠯᠠᠨ ᠤᠯᠤᠰ ᠤᠨ ᠮᠣᠩᠭᠤᠯ ᠤᠷᠠᠨ ᠪᠢᠴᠢᠯᠭᠡ ᠶᠢᠨ ᠦᠵᠡᠰᠬᠦᠯᠡᠩ ᠠᠩᠬ᠎ᠠ | ᠤᠳᠠᠭ᠎ᠠ ᠮᠣᠩᠭᠤᠯ ᠤᠯᠤᠰ ᠤᠨ ᠤᠯᠠᠭᠠᠨᠪᠠᠭᠠᠲᠤᠷ ᠬᠤᠲᠠ ᠳᠤ ᠶᠠᠪᠤᠭᠳᠠᠭᠰᠠᠨ ᠨᠢ ᠶᠡᠷᠦᠩᠬᠡᠢ ᠱᠦᠵᠢ ᠰᠢ ᠶᠢᠨ | ᠫᠢᠩ ᠤᠨ ︽ᠡᠭᠦᠯᠡᠨ ᠰᠣᠯᠢᠯᠴᠠᠭ᠎ᠠ︾ ᠦᠷᠨᠢᠭᠦᠯᠵᠦ᠂ ᠶᠠᠪᠤᠯᠴᠠᠭ᠎ᠠ ᠪᠠᠨ ᠪᠠᠲᠤᠯᠠᠬᠤ ᠭᠠᠳᠠᠭᠠᠳᠤ ᠬᠠᠷᠢᠯᠴᠠᠭᠠᠨ ᠤ | ᠵᠠᠭᠪᠤᠷ ᠲᠠᠢ ᠦᠨᠡᠨ ᠬᠦ ᠨᠡᠶᠢᠴᠡᠵᠦ ᠪᠠᠶᠢᠨ᠎ᠠ᠃ | ᠲᠤᠰ ᠤᠳᠠᠭᠠᠨ ᠤ ᠠᠵᠢᠯᠯᠠᠭ᠎ᠠ ᠶᠢ ᠬᠦᠯᠦᠨ ᠪᠣᠶᠢᠷ ᠬᠤᠲᠠ ᠶᠢᠨ ᠨᠠᠮ ᠤᠨ ᠬᠤᠷᠢᠶᠠᠨ ᠤ ᠤᠬᠠᠭᠤᠯᠬᠤ | ᠬᠡᠯᠲᠡᠰ᠂ ᠬᠦᠯᠦᠨ ᠪᠣᠶᠢᠷ ᠬᠤᠲᠠ ᠶᠢᠨ ᠡᠳᠦᠷ ᠤᠨ ᠰᠣᠨᠢᠨ ᠤ ᠬᠤᠷᠢᠶ᠎ᠠ᠂ ᠮᠣᠩᠭᠤᠯ ᠤᠯᠤᠰ ᠤᠨ ᠤᠳᠬ᠎ᠠ ᠵᠣᠬᠢᠶᠠᠯ | ᠰᠣᠶᠣᠯ ᠤᠨ ᠲᠥᠪ᠂ ᠮᠣᠩᠭᠤᠯ ᠤᠯᠤᠰ ᠤᠨ ᠳᠣᠷᠣᠨᠠᠲᠤ ᠠᠶᠢᠮᠠᠭ ᠤᠨ ᠵᠠᠰᠠᠭ ᠤᠨ ᠣᠷᠳᠣᠨ ᠤ ᠠᠯᠪᠠᠨ | ᠲᠢᠩᠬᠢᠮ ᠠᠴᠠ ᠭᠤᠣᠯᠯᠠᠨ ᠡᠷᠬᠢᠯᠡᠵᠦ᠂ ᠰᠢᠨ᠎ᠡ ᠪᠠᠷᠭᠤ ᠪᠠᠷᠠᠭᠤᠨ ᠬᠤᠰᠢᠭᠤᠨ ᠤ ᠨᠠᠮ ᠤᠨ ᠬᠤᠷᠢᠶᠠᠨ ᠤ ᠤᠬᠠᠭᠤᠯᠬᠤ | ᠬᠡᠯᠲᠡᠰ᠂ ᠰᠢᠨ᠎ᠡ ᠪᠠᠷᠭᠤ ᠪᠠᠷᠠᠭᠤᠨ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠣᠭ᠎ᠠ᠂ ᠰᠢᠨ᠎ᠡ ᠪᠠᠷᠭᠤ | ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ᠂ ᠰᠢᠨ᠎ᠡ ᠪᠠᠷᠭᠤ ᠪᠠᠷᠠᠭᠤᠨ ᠬᠤᠰᠢᠭᠤᠨ ᠤ ᠤᠷᠠᠨ | ᠪᠢᠴᠢᠯᠭᠡᠲᠡᠨ ᠤ ᠨᠡᠶᠢᠭᠡᠮᠯᠢᠭ ᠠᠴᠠ ᠬᠠᠮᠵᠢᠨ ᠡᠷᠬᠢᠯᠡᠪᠡ᠃ ᠦᠵᠡᠰᠬᠦᠯᠡᠩ ᠳᠤ ᠳᠤᠮᠳᠠᠳᠤ᠂ ᠣᠷᠣᠰ᠂ ᠮᠣᠩᠭᠤᠯ ᠪᠣᠯᠣᠨ | ᠹᠷᠠᠨᠼᠢ ᠤᠯᠤᠰ ᠤᠨ ᠤᠷᠠᠨ ᠪᠢᠴᠢᠯᠭᠡ ᠳᠤ ᠪᠠᠭ᠋ᠠᠲᠠᠢ ᠬᠦᠮᠦᠰ ᠪᠦᠲᠦᠭᠡᠯ ᠢᠶᠠᠨ ᠳᠡᠪᠰᠢᠭᠦᠯᠵᠡᠢ᠃ ᠡᠭᠦᠨ ᠳᠤ ᠬᠦᠯᠦᠨ | ᠪᠣᠶᠢᠷ ᠬᠤᠲᠠ ᠶᠢᠨ 43 ᠪᠦᠲᠦᠭᠡᠯ ︵ᠨᠠᠰᠤᠨ ᠳᠤ ᠬᠦᠷᠦᠭᠰᠡᠳ ᠤᠨ 30 ᠪᠦᠲᠦᠭᠡᠯ᠂ ᠵᠠᠯᠠᠭᠤᠴᠤᠳ ᠪᠠᠭᠠᠴᠤᠳ ᠤᠨ | 13 ᠪᠦᠲᠦᠭᠡᠯ︶ ᠪᠠᠶᠢᠵᠤ᠂ ᠬᠦᠯᠦᠨ ᠪᠣᠶᠢᠷ ᠬᠤᠲᠠ ᠶᠢᠨ ᠤᠷᠠᠨ ᠪᠢᠴᠢᠯᠭᠡᠲᠡᠨ ᠤ ᠨᠡᠶᠢᠭᠡᠮᠯᠢᠭ᠂ ᠰᠢᠨ᠎ᠡ ᠪᠠᠷᠭᠤ | ᠪᠠᠷᠠᠭᠤᠨ ᠬᠤᠰᠢᠭᠤᠨ ᠤ ᠤᠷᠠᠨ ᠪᠢᠴᠢᠯᠭᠡᠲᠡᠨ ᠤ ᠨᠡᠶᠢᠭᠡᠮᠯᠢᠭ ᠪᠣᠯᠣᠨ ᠰᠢᠨ᠎ᠡ ᠪᠠᠷᠭᠤ ᠪᠠᠷᠠᠭᠤᠨ ᠬᠤᠰᠢᠭᠤᠨ ᠤ | ᠵᠠᠯᠠᠭᠤᠴᠤᠳ ᠪᠠᠭᠠᠴᠤᠳ ᠤᠨ ᠬᠡᠪ ᠴᠢᠨᠠᠷ ᠤᠨ ᠰᠤᠷᠭᠠᠨ ᠬᠦᠮᠦᠵᠢᠯ ᠤᠨ ᠬᠦᠭᠵᠢᠯᠲᠡ ᠶᠢᠨ ᠲᠥᠪ ᠵᠢᠴᠢ | ᠨᠡᠶᠢᠭᠡᠮ ᠤᠨ ᠡᠯ᠎ᠡ ᠡᠲᠡᠭᠡᠳ ᠤᠨ ᠤᠷᠠᠨ ᠪᠢᠴᠢᠯᠭᠡ ᠳᠤ ᠳᠤᠷ᠎ᠠ ᠪᠠᠭ᠋ᠠᠲᠠᠢ ᠬᠦᠮᠦᠰ ᠤᠨ ᠪᠦᠲᠦᠭᠡᠯ ᠤᠳ ᠪᠣᠯᠣᠨ᠎ᠠ᠃ | ᠲᠤᠰ ᠤᠳᠠᠭᠠᠨ ᠤ ᠤᠷᠤᠯᠳᠤᠭᠠᠨ ᠤ ᠨᠠᠰᠤᠨ ᠳᠤ ᠬᠦᠷᠦᠭᠰᠡᠳ ᠤᠨ ᠪᠦᠲᠦᠭᠡᠯ ᠢ ︽ᠶᠢᠰᠦᠳᠦᠭᠡᠷ ᠬᠤᠭᠤᠴᠠᠭᠠᠨ ᠤ | ︿ᠤᠶᠠᠩᠭ᠎ᠠ﹀ ᠣᠯᠠᠨ ᠤᠯᠤᠰ ᠤᠨ ᠮᠣᠩᠭᠤᠯ ᠤᠷᠠᠨ ᠪᠢᠴᠢᠯᠭᠡ ᠶᠢᠨ ᠲᠡᠭᠦᠪᠦᠷᠢ︾ ᠲᠤ ᠣᠷᠤᠭᠤᠯᠬᠤ ᠪᠣᠯᠣᠨ᠎ᠠ᠃ | ᠤᠷᠠᠨ ᠪᠢᠴᠢᠯᠭᠡ ᠶᠢᠨ ᠪᠦᠲᠦᠭᠡᠯ ᠤᠨ ᠦᠵᠡᠭᠦᠯᠭᠡ ᠨᠢ ᠡᠯ᠎ᠡ ᠤᠯᠤᠰ ᠤᠨ ᠤᠷᠠᠨ ᠪᠢᠴᠢᠯᠭᠡ ᠶᠢᠨ | ᠪᠠᠭ᠋ᠠᠲᠠᠳ ᠤᠨ ᠬᠤᠭᠤᠷᠣᠨᠳᠣᠬᠢ ᠣᠶᠢᠯᠠᠭᠠᠯᠴᠠᠭ᠎ᠠ ᠶᠢ ᠨᠡᠮᠡᠭᠳᠡᠭᠦᠯᠦᠭᠰᠡᠨ ᠢᠶᠠᠷ ᠪᠠᠷᠠᠬᠤ ᠦᠭᠡᠢ᠂ ᠨᠡᠩ ᠴᠤ ᠡᠯ᠎ᠡ | ᠤᠯᠤᠰ ᠤᠨ ᠤᠷᠠᠨ ᠪᠢᠴᠢᠯᠭᠡᠲᠡᠳ ᠤᠨ ᠬᠤᠭᠤᠷᠣᠨᠳᠣᠬᠢ ᠰᠣᠶᠣᠯ ᠤᠨ ᠰᠣᠯᠢᠯᠴᠠᠭ᠎ᠠ ᠶᠢ ᠤᠯᠠᠮ ᠨᠢᠭᠡ ᠠᠯᠬᠤᠮ | ᠦᠷᠭᠡᠳᠬᠡᠬᠦ ᠳᠤ ᠪᠠᠲᠤ ᠪᠠᠬᠢ ᠰᠠᠭᠤᠷᠢ ᠶᠢ ᠲᠠᠯᠪᠢᠭᠰᠠᠨ ᠤ ᠬᠠᠮᠲᠤ᠂ ᠪᠠᠰᠠ ᠴᠦ ᠤᠯᠤᠰ ᠠᠯᠤᠰᠯᠠᠭᠰᠠᠨ ᠰᠣᠶᠣᠯ | ᠤᠷᠠᠯᠢᠭ ᠤᠨ ᠦᠪᠡᠳᠡᠭᠰᠢ ᠨᠠᠶᠢᠷ ᠪᠣᠯᠣᠭᠰᠠᠨ ᠪᠠᠶᠢᠨ᠎ᠠ᠃ | | |