ᠳᠠᠯ᠎ᠠ ᠨᠣᠳᠤᠭ ᠲᠤ ᠲᠡᠷᠢᠬᠦᠯᠡᠬᠦ ᠶᠢᠨ ᠲᠦᠯᠦᠬᠡ ᠬᠢ ᠲᠡᠮᠡᠴᠡᠯ ᠪᠣᠶᠣ ᠬᠦᠢᠳᠡᠨ ᠤ ᠳᠣᠯᠣᠯᠳᠣᠭᠠᠨ
ᠨᠡᠶᠢᠲᠡᠯᠡᠭᠰᠡᠨ ᠴᠠᠭ᠄
2022/12/15
     ᠢᠷᠡᠭᠡᠳᠦᠢ ᠶᠢᠨ ᠶᠢᠷᠳᠢᠨᠴᠦ ᠶᠢ ᠪᠠᠶᠢᠯᠳᠣᠨ ᠳᠠᠭᠠᠭᠤᠯᠣᠭᠴᠢ ᠴᠢᠩᠬᠢᠰ ᠬᠠᠭᠠᠨ ᠬᠠᠷ᠎ᠠ ᠪᠠᠭ᠎ᠠ ᠨᠠᠰᠣᠨ ᠳᠠᠭᠠᠨ ᠬᠠᠶᠢᠷᠠᠳᠣ ᠡᠴᠢᠬᠡ ᠠᠴᠠ ᠪᠠᠨ ᠦᠨᠦᠴᠢᠷᠡᠨ ᠦᠯᠡᠳᠡᠵᠦ᠂ ᠦᠬᠡᠯᠦᠨ ᠡᠬᠡ ᠪᠣᠯᠣᠨ ᠳᠡᠬᠦᠦ ᠨᠠᠷ ᠤᠨ ᠬᠠᠮᠳᠣ ᠭᠠᠴᠢᠭᠳᠠᠵᠦ ᠳᠣᠳᠠᠭᠳᠠᠬᠤ ᠶᠢᠨ ᠵᠣᠪᠠᠯᠠᠩ ᠢ ᠬᠠᠨᠳᠠᠯ᠎ᠠ ᠠᠮᠰᠠᠭᠰᠠᠨ ᠴᠦ ᠡᠴᠢᠬᠡ ᠶᠢᠨ ᠬᠠᠭᠤᠴᠢᠨ ᠠᠨᠳᠠ ᠸᠠᠩ ᠬᠠᠨ ᠳᠣᠭᠤᠷᠢᠯ ᠪᠣᠯᠣᠨ ᠪᠠᠭ᠎ᠠ ᠶᠢᠨ ᠨᠦᠬᠦᠷ ᠵᠠᠮᠤᠬ᠎ᠠ ᠨᠠᠷ ᠤᠨ ᠳᠡᠮᠵᠢᠯᠬᠡ ᠶᠢ ᠠᠪᠴᠣ ᠳᠡᠭᠵᠢᠨ ᠳᠡᠭᠡᠭᠰᠢᠯᠡᠭᠰᠡᠭᠡᠷ ᠦᠪᠡᠷ ᠤᠨ ᠵᠦᠢ ᠶᠣᠰᠣᠨ ᠤ ᠪᠠᠶᠢᠷᠢ ᠰᠠᠭᠤᠷᠢ ᠶᠢ ᠡᠵᠡᠯᠡᠵᠦ᠂ ᠬᠠᠮᠤᠭ ᠮᠣᠩᠭᠤᠯ ᠤᠨ ᠬᠠᠨ ᠪᠣᠯᠵᠦ ᠴᠢᠳᠠᠭᠰᠠᠨ ᠶᠣᠮ᠃ ᠡᠨᠡ ᠵᠠᠮ ᠳᠠᠭᠠᠨ ᠲᠡᠷᠡ ᠪᠠᠷ ᠦᠪᠡᠷ ᠤᠨ ᠦᠰᠳᠡᠨ ᠪᠣᠯᠣᠨ ᠳᠠᠶᠢᠰᠣᠩᠨᠠᠭᠴᠢ ᠣᠯᠠᠨ ᠣᠪᠣᠭ ᠠᠶᠢᠮᠠᠭ ᠤᠳ ᠢ ᠳᠣᠰ ᠳᠣᠰ ᠲᠤᠨᠢ ᠳᠠᠷᠣᠨ ᠮᠣᠬᠤᠭᠠᠵᠠᠢ᠃ ᠬᠡᠳᠡᠯ᠎ᠡ ᠬᠠᠮᠤᠭ ᠮᠣᠩᠭᠤᠯ ᠤᠨ ᠬᠠᠨ ᠲᠡᠮᠦᠵᠢᠨ ᠪᠣᠯᠣᠨ ᠬᠡᠷᠡᠶᠢᠳ  ᠤᠨ ᠸᠠᠩ ᠳᠣᠭᠤᠷᠢᠯ ᠨᠠᠷ ᠤᠨ ᠬᠤᠯᠪᠣᠭᠠᠨ ᠤ ᠡᠮᠦᠨ᠎ᠡ ᠬᠦᠯᠢᠶᠡᠭᠰᠡᠨ ᠣᠳᠠᠭ᠎ᠠ ᠳᠠᠷᠠᠭ᠎ᠠ ᠶᠢᠨ ᠢᠯᠠᠭᠳᠠᠯ ᠨᠢ ᠮᠣᠩᠭᠤᠯ ᠤᠨ ᠵᠡᠬᠦᠨ ᠵᠦᠭ ᠤᠨ ᠠᠶᠢᠮᠠᠭ ᠤᠳ ᠲᠤ ᠰᠡᠷᠡᠮᠵᠢᠯᠡᠬᠦᠯᠬᠡ ᠳᠣᠬᠢᠶ᠎ᠠ ᠪᠣᠯᠣᠭᠰᠠᠨ ᠣᠴᠢᠷ ᠬᠠᠮᠳᠣ ᠶᠢᠨ ᠬᠤᠪᠢ ᠳᠠᠪᠢᠯᠠᠩ ᠨᠢ ᠲᠦᠷ ᠴᠦ ᠬᠡᠰᠡᠨ ᠨᠢᠬᠡᠳᠬᠦ ᠶᠠᠪᠣᠴᠠ ᠶᠢ ᠲᠦᠷᠭᠡᠳᠬᠡᠪᠡ᠃ ᠲᠡᠳᠡ ᠣᠳᠠᠭ᠎ᠠ ᠳᠠᠷᠠᠭ᠎ᠠ ᠬᠦᠴᠦᠷᠬᠡᠭ ᠬᠤᠯᠪᠣᠭᠠᠨ ᠤ ᠡᠮᠦᠨ᠎ᠡ ᠳᠠᠩ ᠳᠠᠩ ᠢᠶᠠᠷ ᠢᠶᠠᠨ ᠢᠯᠠᠭᠳᠠᠯ ᠠᠮᠰᠠᠭᠰᠠᠨ ᠴᠦ ᠪᠣᠰᠣᠳ ᠤᠨ ᠪᠣᠭᠤᠯᠭᠠᠨ ᠳᠣᠣᠷ᠎ᠠ ᠣᠷᠣᠬᠤ ᠶᠢ ᠬᠦᠰᠡᠬᠦ ᠦᠬᠡᠢ ᠂ ᠦᠬᠡᠷ᠎ᠡ ᠦᠬᠡᠷ᠎ᠡ ᠶᠢᠨ ᠳᠣᠷ᠎ᠠ ᠪᠠᠷ ᠵᠠᠰᠠᠭᠯᠠᠵᠦ ᠶᠠᠪᠣᠬᠤ ᠶᠢ ᠢᠯᠡᠬᠦᠦ ᠦᠵᠡᠵᠦ ᠪᠠᠶᠢᠪᠠ᠃      1201 ᠣᠨ ᠳᠤ ᠵᠡᠬᠦᠨ ᠵᠦᠭ ᠤᠨ ᠪᠦᠬᠦ ᠠᠶᠢᠮᠠᠭ ᠤᠳ ᠡᠷᠬᠦᠨ᠎ᠡ ᠭᠤᠣᠯ᠂ ᠬᠠᠨ ᠭᠤᠣᠯ᠂ ᠳᠠᠯᠠᠮᠠᠨ ᠭᠤᠣᠯ ᠤᠨ ᠴᠢᠳᠬᠤᠯᠠᠩ ᠭᠠᠵᠠᠷ ᠣᠯᠠᠭᠠᠨ ᠡᠷᠬᠢ ᠬᠡᠳᠡᠭ ᠭᠠᠵᠠᠷ ᠲᠤ ᠴᠢᠬᠤᠯᠠ ᠴᠢᠭᠤᠯᠭᠠᠨ ᠬᠢᠪᠡ᠃ ᠬᠠᠳᠠᠬᠢᠨ᠂ ᠰᠠᠯᠵᠢᠭᠤᠳ᠂ ᠵᠠᠳᠠᠷᠠᠨ᠂ ᠲᠠᠲ᠋ᠠᠷ᠂ ᠨᠠᠢᠮᠠᠨ ᠵᠡᠷᠬᠡ 12 ᠠᠶᠢᠮᠠᠭ ᠤᠨ ᠳᠣᠯᠣᠭᠠᠶᠢᠯᠠᠭᠴᠢᠳ ᠴᠢᠭᠤᠯᠵᠦ᠂ ᠵᠠᠳᠠᠷᠠᠨ ᠠᠶᠢᠮᠠᠭ ᠤᠨ ᠵᠠᠮᠤᠬ᠎ᠠ ᠶᠢ ᠬᠦᠷ ᠬᠠᠨ ᠳᠤ ᠡᠷᠬᠦᠮᠵᠢᠯᠡᠬᠦ ᠪᠠᠷ ᠳᠣᠭᠳᠠᠵᠠᠢ᠃ ᠬᠦᠷ ᠬᠠᠨ ᠬᠡᠮᠡᠬᠦ ᠨᠢ ︽ᠬᠠᠨ ᠨᠤᠭᠤᠳ ᠤᠨ ᠬᠠᠨ᠂ ᠪᠦᠬᠦᠳᠡ ᠶᠢᠨ ᠬᠠᠨ︾ ᠬᠡᠰᠡᠨ ᠣᠳᠬ᠎ᠠ ᠲᠠᠢ ᠶᠣᠮ᠃ ᠬᠠᠮᠳᠣᠷᠠᠨ ᠪᠠᠶᠢᠯᠳᠣᠵᠦ᠂ ᠮᠦᠬᠦᠯ ᠠᠴᠠ ᠠᠪᠣᠷᠠᠭᠳᠠᠨ᠂ ᠣᠷᠣᠰᠢᠨ ᠳᠣᠭᠳᠠᠨᠢᠬᠤ ᠶᠢᠨ ᠳᠣᠯᠠᠳᠠ᠂ ᠴᠠᠭ ᠲᠠᠭᠠᠨ ᠴᠠᠯᠬᠢᠵᠦ ᠶᠠᠪᠣᠭ᠎ᠠ ᠸᠠᠩ ᠬᠠᠨ ᠲᠡᠮᠦᠵᠢᠨ ᠨᠠᠷ ᠤᠨ ᠡᠰᠡᠷᠬᠦ ᠳᠠᠶᠢᠯᠠᠷ᠎ᠠ ᠮᠣᠷᠳᠠᠬᠤ ᠰᠢᠢᠳᠪᠦᠷᠢ ᠭᠠᠷᠭᠠᠪᠠ᠃ ᠳᠡᠳᠡ ᠨᠠᠷ ᠠᠵᠢᠷᠭ᠎ᠠ ᠬᠡᠬᠦᠦ ᠶᠢ ᠴᠠᠪᠴᠢᠨ ᠠᠯᠠᠭᠠᠳ᠂ ᠬᠦᠯ ᠢᠶᠠᠷ ᠡᠷᠬᠢ ᠢᠰᠬᠦᠯᠦᠨ ᠨᠣᠷᠠᠭᠠᠵᠦ᠂ ᠰᠡᠯᠡᠮ᠎ᠡ ᠪᠠᠷ ᠮᠣᠳᠣ ᠳᠠᠰᠣᠷ᠎ᠠ ᠴᠠᠪᠴᠢᠨ᠄ ︽ᠪᠢᠳᠡᠨ ᠲᠠᠢ ᠨᠠᠶᠢᠷᠠᠮᠳᠠᠬᠰᠠᠨ ᠬᠡᠨ ᠪᠦᠬᠦᠳᠡ᠂ ᠬᠡᠷᠪᠡ ᠡᠨᠡ ᠬᠤᠣᠪᠢᠯᠳᠣᠭᠠᠨ ᠢ ᠵᠠᠳᠠᠷᠠᠭᠤᠯᠪᠠᠯ ᠶᠠᠭ ᠡᠶᠢᠮᠦ ᠨᠣᠷᠠᠭᠰᠠᠨ ᠰᠢᠷᠣᠢ᠂ ᠬᠢᠷᠭᠠᠭᠤᠯᠣᠭᠰᠠᠨ ᠮᠣᠳᠣ ᠰᠢᠭ᠋ ᠪᠣᠯᠣᠨ᠎ᠠ︾ ᠭᠡᠵᠦ ᠳᠡᠭᠷᠢ ᠳᠤ ᠰᠦᠬᠦᠷᠡᠨ ᠠᠨᠳᠠᠭᠠᠶᠢᠯᠠᠪᠠ᠃ ᠡᠨᠡ ᠨᠢ ᠬᠤᠯᠪᠣᠭᠠᠨ ᠠᠴᠠ ᠣᠷᠪᠠᠵᠦ᠂ ᠬᠦᠷᠬᠡᠬᠦ ᠶᠢ ᠵᠢᠷᠦᠬᠡᠯᠡᠬᠦ ᠬᠦᠮᠦᠨ ᠪᠠᠶᠢᠪᠠᠯ ᠢᠩᠬᠢᠨ᠎ᠡ ᠬᠡᠰᠡᠨ ᠠᠩᠬᠠᠷᠣᠭᠤᠯᠭ᠎ᠠ᠂ ᠮᠠᠭᠠᠳ ᠳᠡᠶᠢᠮᠦ ᠬᠦᠮᠦᠨ ᠭᠠᠷᠪᠠᠯ ᠴᠠᠭᠠᠰᠢᠳᠠ ᠪᠠᠨ ᠰᠠᠶᠢᠨ ᠢᠶᠠᠨ ᠦᠵᠡᠬᠦ ᠦᠬᠡᠢ ᠬᠡᠰᠡᠨ ᠢ ᠪᠣᠯᠭᠤᠮᠵᠢᠯᠠᠭᠤᠯᠬᠤ ᠣᠷᠣᠯᠳᠣᠯᠭ᠎ᠠ ᠪᠠᠶᠢᠪᠠ᠃ ᠳᠡᠬᠦᠨ ᠠᠴᠠ ᠬᠤᠶᠢᠰᠢ ᠣᠳᠠᠭᠰᠠᠨ ᠦᠬᠡᠢ ᠪᠠᠷᠠᠭᠤᠨ ᠵᠦᠭ ᠨᠢᠬᠡᠳᠦᠭᠰᠡᠨ ᠴᠡᠷᠢᠭ ᠬᠦᠳᠡᠯᠬᠡᠵᠦ᠂ ᠲᠡᠮᠦᠵᠢᠨ᠂ ᠸᠠᠩ ᠬᠠᠨ ᠬᠤᠶᠠᠷ ᠢ ᠬᠡᠨᠡᠳᠡᠬᠦᠯᠦᠨ ᠳᠣᠪᠳᠣᠯᠬᠤ ᠪᠠᠷ ᠪᠡᠯᠡᠳᠬᠡᠪᠡ᠃      ᠡᠨᠡ ᠨᠢ ᠵᠠᠮᠤᠬ᠎ᠠ ᠲᠡᠷᠢᠬᠦᠦ ᠲᠠᠢ ᠢᠵᠠᠭᠤᠷᠳᠠᠨ ᠤ ᠣᠯᠣᠰ ᠲᠦᠷᠦ ᠶᠢᠨ ᠬᠤᠯᠪᠣᠭ᠎ᠠ ᠪᠠᠶᠢᠭᠰᠠᠨ ᠬᠡᠳᠦᠢ ᠴᠦ ᠳᠡᠶᠢᠮᠦ ᠪᠠᠳᠣ ᠪᠠᠬᠢ ᠪᠠᠶᠢᠭᠰᠠᠨ ᠦᠬᠡᠢ᠃ ᠣᠴᠢᠷ ᠨᠢ ᠠᠶᠢᠮᠠᠭ ᠤᠳ ᠤᠨ ᠢᠵᠠᠭᠤᠷᠳᠠᠨ ᠨᠠᠷ ᠨᠢᠬᠡᠨᠳᠡ ᠣᠯᠣᠭᠰᠠᠨ ᠣᠯᠣᠰ ᠲᠦᠷᠦ᠂ ᠡᠳ᠋ ᠤᠨ ᠵᠠᠰᠠᠭ ᠤᠨ ᠠᠰᠢᠭ ᠰᠣᠨᠢᠷᠬᠠᠯ ᠢᠶᠠᠨ ᠠᠯᠳᠠᠬᠤ ᠶᠢ ᠬᠦᠰᠡᠬᠦ ᠦᠬᠡᠢ ᠪᠠᠶᠢᠭᠰᠠᠨ ᠣᠴᠢᠷ ᠠᠴᠠ ᠣᠯᠣᠰ ᠲᠦᠷᠦ ᠶᠢᠨ ᠬᠠᠮᠳᠣ ᠶᠢᠨ ᠵᠣᠷᠢᠯᠭ᠎ᠠ ᠨᠢ ᠬᠠᠩᠭᠠᠯᠳᠠ ᠦᠬᠡᠢ᠂ ᠳᠣᠳᠠᠭᠤ ᠳᠣᠯᠢᠮᠠᠭ ᠪᠠᠶᠢᠪᠠ᠃ ᠳᠡᠳᠡ ᠪᠠᠰᠠ ᠳᠣᠰ ᠳᠣᠰ  ᠤᠨ ᠴᠡᠷᠢᠭ ᠢ ᠦᠬᠡᠷ᠎ᠡ ᠬᠦᠮᠦᠨ ᠢᠶᠠᠷ ᠣᠳᠣᠷᠢᠳᠣᠭᠤᠯᠵᠦ ᠬᠦᠳᠡᠯᠬᠡᠬᠦ ᠳᠣᠷ᠎ᠠ ᠦᠬᠡᠢ ᠪᠠᠶᠢᠭᠰᠠᠨ ᠣᠴᠢᠷ ᠠᠴᠠ ᠨᠢᠬᠡᠨ ᠵᠢᠭᠠᠪᠣᠷᠢ ᠶᠢᠨ ᠳᠠᠭᠠᠣ ᠪᠠᠶᠢᠯᠳᠣᠬᠤ ᠨᠢᠬᠡᠳᠦᠮᠡᠯ ᠴᠡᠷᠢᠭ ᠤᠨ ᠬᠦᠴᠦ ᠪᠦᠷᠢᠯᠳᠦᠬᠦᠯᠵᠦ ᠴᠢᠳᠠᠭ᠎ᠠ ᠦᠬᠡᠢ ᠪᠠᠶᠢᠨ᠎ᠠ᠃ ᠬᠠᠮᠳᠣᠷᠠᠭᠰᠠᠨ ᠴᠡᠷᠢᠭ ᠤᠨ ᠬᠦᠴᠦ ᠬᠡᠳᠡᠭ ᠨᠢ ︽ᠭᠠᠢ ᠭᠠᠵᠠᠷ ᠳᠣᠣᠷ᠎ᠠ ᠠᠴᠠ ᠭᠠᠭ᠋ᠠᠢ ᠮᠣᠳᠣᠨ ᠳᠣᠣᠷ᠎ᠠ ᠠᠴᠠ ᠭᠠᠷᠣᠭᠰᠠᠨ ᠴᠠᠭ ᠲᠤ︾ ᠳᠣᠯᠭᠠᠷᠠᠬᠤ ᠠᠶᠣᠯ ᠠᠴᠠ ᠠᠪᠣᠷᠠᠭᠳᠠᠬᠤ ᠶᠢᠨ ᠳᠣᠯᠠᠳᠠ ᠲᠡᠮᠦᠵᠢᠨ ᠸᠠᠩ ᠬᠠᠨ ᠤ ᠳᠣᠪᠳᠣᠯᠭᠠᠨ ᠳᠤ ᠰᠦᠷᠬᠦ ᠴᠣᠬᠢᠯᠳᠠ ᠦᠭᠬᠦ ᠵᠣᠷᠢᠯᠭ᠎ᠠ ᠲᠠᠢ᠂ ᠲᠦᠷ ᠵᠠᠭᠤᠷ᠎ᠠ ᠡᠮᠬᠢᠯᠡᠨ ᠪᠠᠶᠢᠭᠤᠯᠣᠭᠳᠠᠭᠰᠠᠨ ᠪᠠᠶᠢᠨ᠎ᠠ᠃      ᠵᠠᠮᠤᠬ᠎ᠠ ᠶᠢᠨ ᠴᠡᠷᠢᠭ ᠬᠦᠳᠡᠯᠵᠦ ᠡᠬᠢᠯᠡᠮᠡᠭᠴᠡ ᠭᠤᠷᠯᠣᠰ ᠤᠨ ᠬᠤᠷᠢᠳᠠᠢ ᠠᠮᠢ ᠨᠠᠰᠣ ᠪᠠᠨ ᠠᠯᠳᠠᠬᠤ ᠠᠶᠣᠯ ᠢ ᠰᠦᠷᠴᠦ᠂ ᠰᠦᠨᠢᠵᠢᠨ ᠳᠠᠪᠬᠢᠵᠦ ᠬᠡᠯᠡ ᠬᠦᠷᠭᠡᠭᠰᠡᠨ ᠢᠶᠠᠷ ᠰᠡᠵᠢᠭ ᠠᠵᠢᠭ ᠦᠬᠡᠢ ᠪᠠᠶᠢᠭᠰᠠᠨ ᠳᠡᠮᠦᠵᠢᠨ ᠢ ᠵᠠᠶᠢᠯᠠᠭᠤᠯᠵᠦ ᠴᠢᠳᠠᠪᠠ᠃ ᠲᠡᠮᠦᠵᠢᠨ ᠣᠳᠣ ᠶᠢᠨ ᠬᠡᠨᠳᠡᠢ ᠠᠶᠢᠮᠠᠭ ᠤᠨ ᠴᠡᠩᠬᠡᠷ ᠤᠨ ᠭᠤᠣᠯ ᠤᠨ ᠡᠬᠢ ᠪᠠᠷ ᠨᠣᠳᠣᠭᠯᠠᠵᠦ ᠪᠠᠶᠢᠬᠤ ᠳᠠᠭᠠᠨ ᠳᠠᠶᠢᠰᠣᠨ ᠤ ᠳᠠᠯ᠎ᠠ ᠠᠴᠠ ᠢᠷᠡᠭᠰᠡᠨ ᠮᠡᠳᠡᠭᠡ ᠶᠢ ᠠᠪᠣᠭᠠᠳ ᠲᠡᠷᠡ ᠰᠦᠨᠢ ᠳᠡᠭᠡᠨ ᠸᠠᠩ ᠬᠠᠨ ᠳᠤ ᠳᠣᠭᠤᠯᠭᠠᠪᠠ᠃ ᠬᠤᠶᠠᠷ ᠳᠠᠯ᠎ᠠ ᠴᠡᠷᠢᠭ ᠢᠶᠠᠨ ᠶᠠᠭᠠᠷᠠᠯ ᠦᠬᠡᠢ ᠬᠤᠷᠠᠮᠳᠣᠭᠤᠯᠵᠦ᠂ ᠬᠡᠷᠦᠯᠦᠨ ᠢ ᠲᠠᠭᠠᠨ ᠣᠷᠣᠭᠤᠳᠠᠬᠤ ᠳᠠᠭᠠᠨ ᠠᠰᠢᠭᠳᠠᠢ ᠭᠠᠵᠠᠷ ᠢ ᠡᠵᠡᠯᠡᠨ ᠪᠠᠶᠢᠷᠢᠯᠠᠵᠦ᠂ ᠠᠯᠵᠢᠶᠠᠯ ᠶᠠᠳᠠᠷᠠᠭ᠎ᠠ ᠶᠢ ᠵᠠᠮ ᠵᠠᠭᠤᠷ᠎ᠠ ᠳᠠᠶᠢᠯᠬᠤ ᠵᠡᠷᠬᠡ ᠪᠠᠷ ᠵᠠᠮᠤᠬ᠎ᠠ ᠶᠢᠨ ᠣᠳᠣᠷᠢᠳᠣᠭᠰᠠᠨ ᠬᠠᠮᠳᠣᠷᠠᠭᠰᠠᠨ ᠴᠡᠷᠢᠭ ᠢ ᠳᠣᠰᠣᠨ ᠬᠦᠯᠢᠶᠡᠵᠦ ᠪᠠᠶᠢᠯ᠎ᠠ᠃ ᠬᠤᠯᠪᠣᠭᠠᠳᠠᠨ ᠨᠤᠭᠤᠳ ᠴᠡᠷᠢᠭ ᠤᠨ ᠨᠠᠷᠢᠨ ᠲᠦᠯᠦᠪᠯᠡᠭᠡ ᠪᠠᠶᠢᠷᠢᠰᠢᠯ ᠬᠢᠵᠦ᠂ ᠵᠢᠷᠭᠤᠭᠠᠨ ᠮᠠᠩᠯᠠᠢ᠂ ᠭᠤᠷᠪᠠᠨ ᠬᠠᠷᠠᠭᠤᠯ ᠳᠠᠯᠪᠢᠭᠰᠠᠨ ᠪᠦᠭᠡᠳ ᠬᠢᠶᠠᠳ ᠣᠪᠣᠭ  ᠤᠨ ᠨᠡᠷ᠎ᠡ ᠲᠦᠷᠦ ᠲᠠᠢ ᠢᠵᠠᠭᠤᠷᠳᠠᠨ ᠠᠯᠳᠠᠨ᠂ ᠬᠤᠴᠢᠷ᠂ ᠳᠠᠷᠢᠳᠠᠢ᠂ ᠸᠠᠩ ᠬᠠᠨ ᠤ ᠬᠦᠪᠡᠬᠦᠨ ᠰᠡᠩᠬᠦᠮ᠂ ᠸᠠᠩ ᠬᠠᠨ ᠤ ᠳᠡᠬᠦᠦ ᠵᠠᠬ᠎ᠠ ᠬᠠᠮᠪᠤ ᠪᠣᠯᠣᠨ ᠪᠢᠯᠬᠡ ᠪᠠᠬᠢ ᠨᠠᠷ ᠢᠶᠠᠷ ᠮᠠᠩᠯᠠᠢ ᠠᠩᠬᠢ ᠶᠢ ᠣᠳᠣᠷᠢᠳᠣᠭᠤᠯᠪᠠ᠃ ᠮᠠᠩᠯᠠᠢ ᠳᠤ ᠶᠠᠪᠣᠭᠰᠠᠳ ᠤᠨ ᠲᠦᠷᠦᠬᠦᠨ ᠳᠤ ᠭᠤᠷᠪᠠᠨ ᠬᠠᠷᠠᠭᠤᠯ ᠳᠠᠯᠪᠢᠵᠠᠢ᠃      ᠢᠩᠬᠢᠬᠡᠳ ᠨᠢᠬᠡᠨ ᠦᠳᠡᠰᠢ ᠮᠠᠩᠯᠠᠢ ᠪᠣᠯᠵᠦ ᠶᠠᠪᠣᠭᠰᠠᠳ ᠤᠨ ᠲᠦᠷᠦᠭᠦᠴᠢ ᠣᠳᠬᠢᠶ᠎ᠠ ᠭᠡᠳᠡᠭ ᠭᠠᠵᠠᠷ ᠬᠦᠷᠬᠦ ᠦᠶ᠎ᠡ ᠳᠤ ᠴᠢᠬᠤᠷᠬᠤ ᠳᠤ ᠳᠠᠯᠪᠢᠭᠰᠠᠨ ᠬᠠᠷᠠᠭᠤᠯ ᠠᠴᠠ ᠬᠦᠮᠦᠨ ᠳᠠᠪᠬᠢᠨ ᠢᠷᠡᠵᠦ ︽ᠳᠠᠶᠢᠰᠣᠨ ᠠᠶᠢᠰᠣᠢ︾ ᠭᠡᠵᠦ ᠮᠡᠳᠡᠬᠡᠯᠡᠵᠡᠢ᠃ ᠡᠶᠢᠮᠦ ᠳᠤ ᠬᠤᠯᠪᠣᠭᠠᠳᠠᠨ ᠨᠤᠭᠤᠳ ᠳᠠᠶᠢᠰᠣᠨ ᠢ ᠣᠭᠳᠣᠨ ᠪᠠᠶᠢᠯᠳᠣᠬᠤ ᠪᠠᠷ ᠲᠡᠷᠡ ᠳᠠᠷᠣᠢ ᠬᠦᠷᠢᠶ᠎ᠡ ᠪᠠᠬᠢᠯᠡᠯᠳᠡ ᠪᠠᠨ ᠪᠠᠵᠠᠭᠠᠪᠠ᠃      ᠡᠬᠢᠯᠡᠭᠡᠳ ᠳᠡᠮᠦᠵᠢᠨ᠂ ᠸᠠᠩ ᠬᠠᠨ ᠤ ᠴᠡᠷᠢᠭ ᠲᠠᠢ ᠵᠠᠮᠤᠬ᠎ᠠ ᠶᠢᠨ ᠲᠦᠷᠪᠡᠨ ᠮᠠᠩᠯᠠᠢ ᠴᠡᠷᠢᠭ ᠳᠣᠯᠭᠠᠷᠠᠭᠰᠠᠨ ᠪᠦᠭᠡᠳ ᠳᠠᠶᠢᠴᠢᠭᠤᠳ ᠤᠨ ᠠᠭᠤᠴᠣ ᠪᠠᠭᠠᠳᠣᠷ᠂ ᠨᠠᠢᠮᠠᠨ ᠤ ᠪᠣᠶᠢᠷᠣᠰ ᠬᠠᠨ᠂ ᠮᠡᠷᠬᠢᠳ ᠤᠨ ᠳᠣᠭᠳᠤᠭ᠎ᠠ ᠪᠠᠬᠢ ᠶᠢᠨ ᠬᠦᠪᠡᠭᠦᠨ ᠬᠤᠳᠣ᠂ ᠣᠶᠢᠷᠠᠳ ᠤᠨ ᠬᠤᠳᠤᠭ᠎ᠠ ᠪᠠᠬᠢ ᠨᠠᠷ ᠳᠡᠬᠦᠨ ᠢ ᠣᠳᠣᠷᠢᠳᠣᠨ ᠶᠠᠪᠣᠵᠠᠢ᠃ ᠲᠡᠮᠦᠵᠢᠨ᠂ ᠸᠠᠩ ᠬᠠᠨ ᠨᠠᠷ ᠤᠨ ᠴᠡᠷᠢᠭ ᠪᠡᠯᠡᠳᠬᠡᠯ ᠰᠠᠶᠢᠳᠠᠢ ᠶᠠᠪᠣᠭᠰᠠᠨ ᠣᠴᠢᠷ ᠵᠠᠮᠤᠬ᠎ᠠ ᠶᠢᠨ ᠬᠡᠨᠡᠳᠡᠬᠦᠯᠵᠦ ᠳᠠᠭᠠᠷᠢᠬᠤ ᠠᠷᠭ᠎ᠠ ᠲᠠᠺᠲ᠋ᠢᠺ ᠨᠣᠷᠠᠨ ᠣᠨᠠᠵᠠᠢ᠃ ᠲᠡᠷᠡ ᠡᠳᠦᠷ ᠳᠡᠭᠷᠢ ᠬᠠᠷᠠᠩᠭᠤᠢ ᠪᠣᠯᠬᠤ ᠳᠤ ᠲᠡᠮᠦᠵᠢᠨ ᠸᠠᠩ ᠬᠠᠨ ᠨᠠᠷ ᠪᠦᠬᠦ ᠮᠠᠩᠯᠠᠢ ᠴᠡᠷᠢᠭ ᠢᠶᠠᠨ ᠶᠡᠭᠡ ᠬᠤᠸᠠᠷᠠᠨ ᠳᠤ ᠴᠣᠭᠯᠠᠷᠠᠬᠤ ᠶᠢ ᠵᠠᠷᠯᠢᠭ ᠪᠣᠯᠭᠠᠪᠠ᠃ ᠪᠦᠬᠦ ᠴᠡᠷᠢᠭ ᠨᠢᠬᠡ ᠬᠤᠸᠠᠷᠠᠨ ᠳᠤ ᠨᠡᠶᠢᠯᠡᠵᠦ ᠬᠤᠨᠣᠭᠰᠠᠨ ᠢᠶᠠᠷ ᠦᠪᠡᠷ ᠤᠨ ᠴᠡᠷᠢᠭ ᠤᠨ ᠬᠦᠴᠦ ᠶᠢ ᠳᠡᠭᠡᠳᠦ ᠵᠡᠷᠬᠡ ᠪᠠᠷ ᠪᠦᠬᠡᠨᠡᠬᠦᠯᠦᠭᠡᠳ ᠳᠠᠶᠢᠰᠣᠨ ᠲᠠᠢ ᠮᠠᠷᠭᠠᠰᠢ ᠪᠠᠶᠢᠯᠳᠣᠬᠤ ᠪᠠᠷ ᠳᠣᠭᠳᠠᠪᠠ᠃      ᠳᠣᠷᠣᠨ᠎ᠠ ᠠᠴᠠ ᠦᠦᠷ ᠬᠡᠬᠡᠷᠡᠭᠡ ᠦᠬᠡᠢ ᠪᠠᠶᠢᠬᠤ ᠳᠤ ᠲᠡᠮᠦᠵᠢᠨ᠂ ᠸᠠᠩ ᠬᠠᠨ ᠨᠠᠷ ᠳᠠᠶᠢᠰᠣᠨ ᠠᠴᠠ ᠦᠷᠢᠰᠦᠨ ᠠᠰᠢᠭᠳᠠᠢ ᠪᠠᠶᠢᠷᠢᠯᠠᠯ ᠡᠵᠡᠯᠡᠭᠡᠳ ᠵᠠᠮᠤᠬ᠎ᠠ  ᠶᠢᠨ ᠬᠠᠮᠳᠣᠷᠠᠭᠰᠠᠨ ᠴᠡᠷᠢᠭ ᠲᠠᠢ ᠬᠦᠢᠳᠡᠨ ᠬᠡᠳᠡᠭ ᠭᠠᠵᠠᠷ ᠳᠣᠯᠭᠠᠷᠠᠨ ᠪᠠᠶᠢᠯᠳᠣᠪᠠ᠃ ᠡᠨᠡ ᠨᠢ ᠣᠳᠣ ᠶᠢᠨ ᠬᠢᠳᠠᠳ ᠮᠣᠩᠭᠤᠯ ᠤᠨ ᠬᠢᠯᠢ ᠳᠡᠬᠡᠷᠡᠬᠢ ᠬᠦᠢᠳᠡᠨ ᠠᠭᠤᠯᠠ ᠶᠢᠨ ᠣᠷᠴᠢᠮ ᠭᠠᠵᠠᠷ ᠪᠠᠶᠢᠭᠰᠠᠨ ᠪᠦᠬᠡᠳ ᠳᠡᠮᠦᠵᠢᠨ ᠸᠠᠩ ᠬᠠᠨ ᠨᠠᠷ ᠠᠭᠤᠯᠠ ᠲᠦᠰᠢᠵᠦ ᠪᠠᠬᠢᠯᠡᠯᠳᠡ ᠪᠠᠷᠢᠭᠰᠠᠨ ᠳᠣᠯᠠ ᠬᠠᠮᠠᠭᠠᠯᠠᠬᠤ ᠳᠤ ᠠᠮᠠᠷ᠂ ᠳᠣᠪᠳᠣᠯᠬᠤ ᠳᠤ ᠬᠡᠴᠡᠬᠦᠦ ᠶᠢᠨ ᠳᠡᠬᠡᠷ᠎ᠡ ᠬᠦᠮᠦᠨ ᠬᠦᠴᠦ ᠪᠠᠨ ᠪᠠᠭᠴᠠᠯᠠᠭᠠᠳ ᠠᠰᠢᠭᠳᠠᠢ ᠭᠠᠵᠠᠷ ᠢ ᠣᠯᠣᠭᠠᠳ ᠠᠪᠣᠭᠰᠠᠨ ᠪᠣᠯᠪᠠᠴᠣ ᠲᠡᠷᠡ ᠡᠳᠦᠷ ᠬᠤᠪᠢᠰᠣᠨ ᠦᠬᠡᠷᠡᠴᠢᠯᠡᠭᠳᠡᠵᠦ ᠪᠠᠶᠢᠭᠰᠠᠨ ︽ᠠᠭᠠᠰᠢ ᠨᠢ ᠣᠯᠳᠠᠬᠤ ᠦᠬᠡᠢ ᠳᠡᠭᠷᠢ︾ ᠶᠢᠨ ᠴᠢᠷᠠᠢ ᠶᠢ ᠬᠠᠷᠠᠬᠤ ᠳᠤ ᠬᠦᠷᠴᠡᠢ᠃ ᠵᠠᠮᠤᠬ᠎ᠠ ᠶᠢᠨ ᠬᠠᠮᠳᠣᠷᠠᠭᠰᠠᠨ ᠴᠡᠷᠢᠭ ᠴᠦ ᠬᠡᠰᠡᠨ ᠳᠡᠭᠷᠢ᠂ ᠴᠠᠭ ᠠᠭᠠᠷ ᠶᠠᠭᠠᠬᠢᠳᠠᠭ ᠪᠣᠯ ᠬᠡᠵᠦ ᠰᠠᠨᠠᠭ᠎ᠠ ᠵᠣᠪᠠᠵᠦ ᠪᠠᠶᠢᠪᠠ᠃ ᠡᠨᠡ ᠦᠶ᠎ᠡ ᠳ᠋᠊᠂ ᠨᠠᠢᠮᠠᠨ ᠤ ᠪᠣᠶᠢᠷᠣᠰ ᠬᠠᠭᠠᠨ᠂ ᠣᠶᠢᠷᠠᠳ ᠤᠨ ᠬᠤᠳᠤᠭ᠎ᠠ ᠪᠠᠬᠢ ᠨᠠᠷ ᠦᠪᠡᠷᠰᠡᠳ ᠢ ᠪᠠᠨ ᠵᠠᠳ ᠤᠨ ᠠᠷᠭ᠎ᠠ ᠶᠢ ᠮᠡᠳᠡᠬᠦ ᠷᠢᠳᠢ ᠰᠢᠳᠢ ᠲᠠᠢ ᠬᠡᠳ ᠬᠤᠷ᠎ᠠ ᠣᠷᠣᠭᠤᠯᠵᠦ ᠰᠢᠭᠤᠷᠭ᠎ᠠ ᠳᠠᠯᠪᠢᠭᠤᠯᠬᠤ ᠪᠣᠶᠣ ᠪᠠᠶᠢᠭᠠᠯᠢ ᠳᠡᠯᠡᠬᠡᠢ ᠲᠠᠢ ᠬᠠᠮᠵᠢᠨ ᠬᠤᠯᠪᠣᠭᠠᠳᠠᠨ ᠤ ᠴᠡᠷᠢᠭ ᠢ ᠪᠣᠳᠠ ᠴᠣᠬᠢᠬᠤ ᠠᠷᠭ᠎ᠠ ᠰᠡᠳᠦᠪᠡ᠃ ᠡᠨᠡ ᠵᠣᠷᠢᠯᠭ᠎ᠠ ᠪᠠᠷ ᠳᠡᠳᠡ᠄ ︽ᠴᠡᠷᠡᠨ ᠳᠤ ᠴᠡᠪᠡᠷ ᠣᠰᠣ ᠠᠪᠴᠢᠷᠠ︾ ᠭᠡᠵᠦ ᠳᠣᠣᠷᠠᠳᠣ ᠬᠦᠮᠦᠰ ᠲᠤ ᠳᠣᠰᠢᠶᠠᠭᠠᠳ ᠳᠣᠳᠣᠷ᠎ᠠ ᠨᠢ ᠦᠬᠡᠷ᠂ ᠠᠳᠣᠭᠤᠨ ᠤ ᠬᠡᠳᠡᠰᠦᠨ ᠠᠴᠠ ᠠᠪᠣᠭᠰᠠᠨ ᠬᠡᠬᠦ ᠳᠠᠬᠢᠶᠠᠨ ᠤ ᠦᠨᠳᠡᠬᠡᠨ ᠤ ᠴᠢᠨᠡᠭᠡ ᠬᠡᠳᠦᠨ ᠴᠢᠯᠠᠭᠤ ᠬᠢᠬᠡᠳ ᠲᠠᠷᠢᠨᠢᠳᠠᠬᠤ ᠪᠣᠯᠵᠠᠢ᠃ ᠣᠯᠠᠮ ᠢᠶᠠᠷ ᠠᠮᠠᠨ ᠳᠠᠭᠠᠨ ᠣᠩᠰᠢᠨ᠂ ︽ᠳᠡᠭᠷᠢ ᠠᠴᠠ ᠠᠭᠠᠳᠠᠷ ᠪᠣᠷᠤᠭ᠎ᠠ ᠣᠷᠣᠭᠤᠯᠵᠦ᠂ ᠳᠠᠶᠢᠰᠣᠨ ᠤ ᠳᠣᠪᠳᠣᠯᠬᠤ ᠳᠤ ᠳᠣᠰᠠᠯᠠᠭᠠᠴᠢ︾ ᠭᠡᠵᠦ ᠱᠦᠩᠰᠢᠭᠯᠡᠪᠡ᠃ ᠬᠡᠯᠡᠬᠦ ᠳᠤ ᠴᠦ ᠭᠠᠶᠢᠬᠠᠮ᠎ᠠ ᠳᠣᠬᠢᠶᠠᠯᠳᠣᠯ ᠪᠣᠯᠵᠦ ᠲᠦᠳᠡᠯ ᠦᠬᠡᠢ ᠳᠡᠭᠷᠢ ᠬᠠᠷᠠᠩᠭᠤᠶᠢᠯᠠᠨ᠂ ᠰᠢᠭᠤᠷᠭ᠎ᠠ ᠳᠠᠯᠪᠢᠵᠦ᠂ ᠪᠣᠷᠤᠭ᠎ᠠ ᠣᠷᠣᠬᠤ ᠨᠢ ᠲᠡᠷᠡ᠃      ᠳᠡᠭᠡᠳᠡᠯ᠎ᠡ ᠭᠤᠣᠯ ᠬᠡᠷᠡᠭ ᠨᠢ ᠳᠡᠳᠡᠨ ᠤ ᠰᠠᠨᠠᠭᠰᠠᠨ ᠢᠶᠠᠷ ᠪᠣᠯᠣᠭᠰᠠᠨ ᠦᠬᠡᠢ ᠪᠣᠷᠣᠭᠤ ᠪᠠᠷ ᠡᠷᠬᠢᠵᠦ᠂ ᠳᠣᠭᠰᠢᠨ ᠰᠠᠯᠬᠢ᠂ ᠰᠢᠷᠦᠬᠦᠨ ᠪᠣᠷᠤᠭ᠎ᠠ ᠶᠢ ᠬᠤᠶᠢᠯᠠᠷᠠᠭᠤᠯᠣᠨ ᠵᠠᠮᠤᠬ᠎ᠠ ᠶᠢᠨ ᠬᠠᠮᠳᠣᠷᠠᠭᠰᠠᠨ ᠴᠡᠷᠢᠭ ᠳᠡᠭᠡᠷ᠎ᠡ ᠪᠠᠭᠤᠯᠭᠠᠪᠠ᠃ ᠳᠡᠮᠦᠵᠢᠨ᠂ ᠸᠠᠩ ᠬᠠᠨ ᠨᠠᠷ ᠤᠨ ᠴᠡᠷᠢᠭ ᠰᠠᠯᠬᠢᠨ ᠤ ᠣᠷᠣᠭᠤ ᠬᠠᠷᠪᠣᠬᠤ ᠳᠤ ᠪᠦᠷ ᠬᠢᠯᠪᠠᠷ ᠲᠦᠬᠦᠮ ᠪᠣᠯᠵᠦ᠂ ᠳᠡᠭᠷᠢ ᠶᠢᠨ ᠴᠠᠭ ᠳᠡᠮᠦᠵᠢᠨ ᠳᠤ ᠠᠰᠢᠭᠳᠠᠢ ᠪᠠᠷ ᠦᠬᠡᠷᠡᠴᠢᠯᠡᠭᠳᠡᠪᠡ᠃ ᠰᠠᠯᠬᠢ᠂ ᠪᠣᠷᠤᠭ᠎ᠠ ᠰᠦᠷᠴᠦ᠂ ᠠᠭᠤᠯᠠ ᠦᠬᠡᠳᠡ ᠠᠪᠠᠷᠢᠬᠤ ᠵᠠᠮᠤᠬ᠎ᠠ ᠶᠢᠨ ᠬᠠᠮᠳᠣᠷᠠᠭᠰᠠᠨ ᠴᠡᠷᠢᠭ ᠤᠳ ᠪᠠᠯᠴᠢᠭ ᠲᠤ ᠭᠤᠯᠭᠤᠨ᠂ ᠵᠢᠯᠠᠭᠠᠨ ᠳᠤ ᠣᠨᠠᠬᠤ ᠳᠤ ᠳᠡᠳᠡᠨ ᠤ ᠳᠣᠮᠳᠠ ᠠᠴᠠ᠄ ︽ᠬᠦᠬᠡ ᠳᠡᠭᠷᠢ ᠪᠢᠳᠡᠨ  ᠢ ᠳᠠᠭᠠᠯᠠᠭᠰᠠᠨ ᠦᠬᠡᠢ᠃ ᠪᠢᠳᠡᠨ ᠳᠤ ᠳᠡᠭᠷᠢ ᠶᠢᠨ ᠬᠢᠯᠢᠭ ᠪᠣᠯᠪᠠ︾ ᠭᠡᠵᠦ ᠣᠷᠢ ᠳᠠᠭᠤ ᠳᠠᠯᠪᠢᠬᠤ ᠳᠣᠭᠤᠯᠳᠠᠪᠠ᠃ ᠳᠡᠭᠷᠢ ᠪᠣᠷᠬᠠᠨ ᠠᠴᠠ ᠳᠣᠰᠠᠯᠠᠮᠵᠢ ᠭᠤᠷᠢᠯᠠᠭᠰᠠᠨ ᠬᠦᠮᠦᠰ ᠰᠢᠳᠦᠯᠬᠡ ᠪᠢᠰᠢᠷᠡᠯ ᠤᠨ ᠢᠶᠠᠨ ᠭᠠᠢ ᠪᠠᠷᠴᠢᠳ ᠢ ᠠᠮᠰᠠᠵᠦ᠂ ᠣᠳᠠᠵᠦ ᠲᠦᠳᠡᠯ ᠦᠬᠡᠢ ᠴᠡᠷᠢᠭ ᠤᠳ ᠨᠢ ᠴᠦᠮ ᠳᠠᠯ᠎ᠠ ᠳᠠᠯ᠎ᠠ ᠳᠡᠶᠢᠰᠢ ᠪᠣᠳᠠᠷᠠᠨ ᠳᠣᠳᠠᠭᠠᠵᠠᠢ᠃ ᠲᠦᠷ ᠵᠠᠭᠤᠷ᠎ᠠ ᠶᠢᠨ ᠡᠪᠰᠡᠯ ᠬᠤᠯᠪᠣᠭ᠎ᠠ ᠨᠢ ᠨᠢᠬᠡᠳᠦᠭᠰᠡᠨ ᠣᠳᠣᠷᠢᠳᠣᠯᠭ᠎ᠠ ᠪᠠᠷ ᠳᠣᠳᠠᠭᠳᠠᠵᠦ᠂ ᠬᠦᠴᠦ ᠪᠠᠨ ᠬᠠᠳᠠᠭᠠᠯᠠᠵᠦ ᠦᠯᠡᠳᠡᠬᠦ  ᠶᠢᠨ ᠳᠣᠯᠠᠳᠠ ︽ᠬᠤᠪᠢ ᠪᠠᠨ ᠪᠣᠷᠣᠯᠠᠭᠤᠯᠵᠦ᠂ ᠳᠣᠪᠤ ᠪᠠᠨ ᠰᠢᠷᠠᠯᠠᠭᠤᠯᠬᠤ︾ ᠭᠡᠭᠴᠢ ᠪᠣᠯᠪᠠ᠃ ᠡᠨᠡ ᠪᠣᠯ ᠠᠩᠬᠠᠨ ᠠᠴᠠ ᠪᠠᠨ ᠵᠠᠮᠤᠬ᠎ᠠ ᠶᠢᠨ ᠬᠠᠮᠳᠣᠷᠠᠭᠰᠠᠨ ᠴᠡᠷᠢᠭ ᠤᠨ ᠠᠮᠢᠨ ᠳᠤ ᠬᠦᠷᠬᠦ ᠰᠣᠯᠠ ᠳᠠᠯ᠎ᠠ ᠪᠠᠶᠢᠪᠠ᠃      ᠲᠦᠩᠬᠡᠵᠢ ᠦᠴᠦᠬᠡᠨ ᠰᠠᠭᠠᠳ ᠲᠠᠢ ᠣᠴᠠᠷᠠᠮᠠᠭᠴᠠ ᠵᠠᠮᠤᠬ᠎ᠠ ᠶᠢᠨ ᠲᠦᠷᠪᠡᠨ ᠮᠠᠩᠨᠠᠢ ᠴᠡᠷᠢᠭ ᠡᠶᠢᠨᠬᠦ ᠳᠠᠭᠠᠷᠢᠵᠦ ᠳᠣᠪᠳᠣᠯᠬᠤ ᠴᠢᠳᠠᠪᠣᠷᠢ ᠪᠠᠨ ᠠᠯᠳᠠᠭᠰᠠᠨ ᠪᠠᠶᠢᠨ᠎ᠠ᠃ ᠨᠠᠢᠮᠠᠨ ᠤ ᠪᠣᠶᠢᠷᠣᠰ ᠬᠠᠨ ᠳᠡᠮᠦᠵᠢᠨ ᠤ ᠮᠠᠩᠯᠠᠢ ᠠᠯᠳᠠᠨ ᠤ ᠣᠳᠣᠷᠢᠳᠣᠭᠰᠠᠨ ᠬᠠᠮᠠᠭᠠᠯᠠᠯᠳᠠ ᠶᠢᠨ ᠱᠣᠭᠤᠮ ᠢ ᠰᠡᠳᠡᠯᠵᠦ ᠴᠢᠳᠠᠯ ᠦᠬᠡᠢ᠃ ᠮᠣᠷᠢᠨ ᠤ  ᠪᠠᠨ ᠠᠮᠠ ᠶᠢ ᠡᠷᠬᠢᠬᠦᠯᠵᠦ᠂ ᠠᠶᠢᠮᠠᠭ ᠤᠨ ᠢᠶᠠᠨ ᠴᠡᠷᠢᠭ ᠢ ᠳᠠᠭᠠᠭᠤᠯᠣᠨ ᠬᠤᠯᠠᠳᠬᠤ ᠳᠠᠭᠠᠨ ᠪᠦᠬᠦᠳᠡ ᠶᠢ ᠶᠡᠷᠦᠩᠬᠡᠶᠢᠯᠡᠨ ᠵᠠᠬᠢᠷᠬᠤ ᠶᠣᠰᠣᠳᠠᠢ ᠬᠦᠷ ᠬᠠᠨ ᠵᠠᠮᠤᠬ᠎ᠠ ᠳᠤ ᠴᠦ ᠬᠡᠯᠡᠭᠰᠡᠨ ᠦᠬᠡᠢ᠂ ᠮᠦᠷᠦ ᠵᠡᠷᠭᠡᠴᠡᠨ ᠳᠣᠯᠣᠯᠳᠣᠵᠦ ᠶᠠᠪᠣᠭ᠎ᠠ ᠭᠤᠷᠪᠠᠨ ᠮᠠᠩᠯᠠᠢ ᠳᠠᠶᠢᠴᠢᠳ ᠢᠶᠠᠨ ᠴᠦ ᠬᠠᠶᠢᠬᠤᠷᠣᠭᠰᠠᠨ ᠦᠬᠡᠢ᠂ ᠪᠠᠷᠠᠭᠤᠨ ᠳᠡᠶᠢᠰᠢ ᠬᠡᠷ ᠤᠨ ᠵᠦᠭ ᠲᠡᠷᠡ ᠴᠢᠭ ᠲᠡᠭᠡᠨ ᠳᠣᠳᠠᠭᠠᠵᠦ ᠣᠳᠪᠠ᠃ ᠵᠣᠷᠢᠭ ᠮᠣᠬᠤᠭᠰᠠᠨ ᠴᠡᠷᠢᠭ ᠢᠯᠠᠭᠳᠠᠬᠤ ᠳᠠᠪᠢᠯᠠᠩ ᠠᠴᠠ ᠮᠣᠯᠳᠣᠷᠠᠭᠰᠠᠨ ᠦᠬᠡᠢ᠃      ᠲᠦᠷᠦᠬᠦᠦ ᠮᠠᠩᠯᠠᠢ ᠨᠢᠷᠭᠡᠭᠳᠡᠭᠰᠡᠨ ᠤ ᠣᠷᠰᠢᠭ ᠲᠡᠷᠡ ᠳᠣᠣᠷ᠎ᠠ ᠪᠠᠨ ᠪᠣᠰᠣᠳ ᠲᠤ ᠨᠦᠯᠦᠬᠡᠯᠡᠵᠦ᠂ ᠨᠦᠬᠦᠬᠡ ᠭᠤᠷᠪᠠᠨ ᠮᠠᠩᠯᠠᠢ ᠨᠢ ᠳᠠᠶᠢᠳᠣᠬᠤ ᠠᠴᠠ ᠬᠠᠯᠠᠰᠢᠷᠠᠪᠠ᠃ ᠮᠡᠷᠬᠢᠳ ᠤᠨ ᠬᠤᠳᠣ ᠪᠠᠶᠢᠳᠠᠯ ᠪᠢᠰᠢᠳᠡᠭᠰᠡᠨ ᠢ ᠬᠠᠷᠠᠭᠠᠳ ᠦᠪᠡᠷ ᠤᠨ ᠠᠶᠢᠮᠠᠭ ᠤᠨ ᠬᠢᠨ ᠢᠶᠠᠨ ᠳᠠᠭᠤᠳᠠᠨ ᠴᠣᠭᠯᠠᠭᠤᠯᠵᠦ᠂ ᠠᠷᠣ ᠳᠤᠨᠢ ᠶᠠᠪᠣᠭᠰᠠᠨ ᠢᠶᠠᠨ ᠣᠷᠢᠳᠣ ᠨᠢ ᠭᠠᠷᠴᠣ᠂ ᠰᠡᠯᠡᠩᠬᠡ ᠣᠷᠣᠭᠤ ᠣᠬᠤᠷᠢᠪᠠ᠃ ᠣᠶᠢᠷᠠᠳ ᠤᠨ ᠬᠤᠳᠤᠭ᠎ᠠ ᠪᠠᠬᠢ ᠪᠣᠷᠬᠠᠨ ᠳᠤ ᠢᠳᠡᠬᠡᠯ ᠠᠯᠳᠠᠷᠠᠵᠦ᠂ ᠮᠣᠷᠢᠨ ᠤ ᠪᠠᠨ ᠬᠦᠯ ᠮᠡᠳᠡᠳᠦᠬᠡᠢ ᠬᠡᠰᠡᠨ ᠰᠢᠭ ᠳᠠᠰᠢᠭᠤᠷᠳᠠᠭᠰᠠᠭᠠᠷ ᠳᠠᠶᠢᠨ ᠤ ᠳᠠᠯᠠᠪᠣᠷ ᠠᠴᠠ ᠵᠠᠶᠢᠯᠠᠵᠦ᠂ ᠣᠮᠠᠷ᠎ᠠ ᠵᠦᠭ ᠤᠨ ᠣᠢ ᠮᠣᠳᠣ ᠶᠢ ᠪᠠᠷᠠᠳᠠᠬᠤ ᠪᠠᠷ ᠣᠮ ᠬᠤᠮ ᠦᠬᠡᠢ ᠵᠢᠭᠤᠳᠠᠵᠦ᠂ ᠰᠢᠰᠢᠭᠡᠳ ᠢ ᠵᠣᠷᠢᠪᠠ᠃ ᠪᠠᠭᠠᠳᠣᠷ ᠴᠣᠯᠠ ᠲᠠᠢ ᠳᠠᠶᠢᠴᠢᠭᠤᠳ ᠤᠨ ᠠᠭᠤᠴᠣ ᠨᠠᠷ᠎ᠡ ᠬᠤᠭᠤᠷᠠᠬᠤ ᠴᠦ ᠶᠠᠭᠠᠮᠠᠢ ᠬᠡᠰᠡᠨ ᠰᠢᠭ ᠪᠣᠰᠣᠳ ᠢ ᠪᠠᠨ ᠳᠠᠭᠠᠭᠤᠯᠣᠨ ᠣᠨᠣᠨ ᠮᠦᠷᠡᠨ ᠳᠠᠬᠢ ᠬᠦᠷᠢᠶ᠎ᠡ ᠬᠡᠷ ᠣᠷᠣᠭᠤ ᠪᠠᠨ ᠶᠠᠭᠠᠷᠠᠨ ᠰᠠᠨᠳᠣᠷᠣᠨ ᠬᠦᠳᠡᠯᠵᠡᠢ᠃      ᠢᠩᠬᠢᠬᠡᠳ 12 ᠠᠶᠢᠮᠠᠭ ᠤᠨ ᠬᠤᠯᠪᠣᠭ᠎ᠠ ᠪᠣᠳᠠ ᠦᠰᠦᠷᠴᠡᠢ᠃ ᠬᠠᠮᠳᠣᠷᠠᠭᠰᠠᠨ ᠴᠡᠷᠢᠭ ᠤᠨ ᠣᠳᠣᠷᠢᠳᠣᠭᠴᠢ ᠵᠠᠮᠤᠬ᠎ᠠ ᠪᠣᠰᠣᠳ ᠠᠴᠠ ᠳᠡᠭᠡᠷᠡᠳᠡᠬᠦ ᠶᠠᠭᠤᠮ᠎ᠠ ᠦᠬᠡᠢ ᠪᠣᠯᠵᠦ᠂ ᠲᠡᠭᠦᠨ ᠤ ᠪᠦᠬᠦᠳᠡ ᠶᠢᠨ ᠬᠠᠨ ᠬᠡᠳᠡᠭ ᠬᠦᠷ ᠬᠠᠨ ᠤ ᠨᠡᠷ᠎ᠡ ᠰᠦᠷ ᠠᠴᠠ ᠰᠢᠪᠬᠠᠷᠣᠣ ᠴᠦ ᠦᠯᠡᠳᠡᠭᠰᠡᠨ ᠦᠬᠡᠢ᠃ ᠮᠠᠩᠯᠠᠢ ᠴᠡᠷᠢᠭ ᠤᠨ  ᠢᠶᠠᠨ ᠰᠠᠷᠨᠢᠯ ᠢ ᠬᠠᠷᠠᠭᠰᠠᠭᠠᠷ ᠪᠠᠶᠢᠵᠦ᠂ ᠪᠦᠬᠦ ᠴᠡᠷᠢᠭ ᠤᠨ ᠢᠶᠠᠨ ᠰᠡᠳᠬᠢᠯ ᠢ ᠳᠠᠶᠢᠳᠬᠤᠷᠠᠭᠤᠯᠣᠨ᠂ ᠡᠮᠬᠢ ᠴᠡᠭᠴᠡᠨ ᠳᠤ ᠣᠷᠣᠭᠤᠯᠬᠤ ᠶᠣᠰᠣᠳᠠᠢ ᠪᠠᠶᠢᠳᠠᠯ᠎ᠠ ᠦᠪᠡᠷ ᠢ ᠪᠠᠨ ᠡᠷᠬᠦᠮᠵᠢᠯᠡᠭᠰᠡᠨ ᠢᠷᠭᠡᠳ ᠢ ᠵᠠᠮ ᠳᠠᠭᠠᠨ ᠳᠡᠭᠡᠷᠡᠮᠳᠡᠨ᠂ ᠳᠡᠳᠡᠨ ᠤ ᠬᠡᠷ ᠮᠠᠶᠢᠬᠠᠨ ᠢ ᠣᠩᠬᠢᠴᠠᠨ ᠬᠤᠭᠤᠰᠣᠯᠠᠭᠠᠳ᠂ ᠡᠷᠬᠦᠨ᠎ᠡ ᠭᠤᠣᠯ ᠢ ᠣᠷᠣᠭᠤᠳᠠᠨ ᠳᠣᠷᠣᠨ᠎ᠠ ᠵᠦᠭ ᠪᠣᠴᠠᠬᠤ ᠵᠠᠮ ᠢᠶᠠᠨ ᠬᠦᠬᠡᠬᠡᠵᠡᠢ᠃      ᠠᠳᠡ ᠬᠠᠷᠢᠨ ᠨᠦᠬᠦᠴᠡᠯ ᠪᠠᠶᠢᠳᠠᠯ ᠢ ᠠᠵᠢᠭᠯᠠᠵᠦ᠂ ᠳᠣᠯᠣᠯᠳᠣᠭᠠᠨ ᠳᠤ ᠣᠷᠤᠭ᠎ᠠ ᠦᠬᠡᠢ ᠪᠠᠶᠢᠭᠰᠠᠨ ᠬᠤᠩᠬᠢᠷᠠᠳ ᠠᠶᠢᠮᠠᠭ ᠤᠨ ᠬᠢᠨ ᠵᠠᠮᠤᠬ᠎ᠠ ᠶᠢᠨ ᠲᠡᠷᠢᠬᠦᠯᠡᠭᠰᠡᠨ ᠡᠪᠰᠡᠯ ᠤᠨ ᠬᠦᠴᠦ ᠶᠢ ᠢᠯᠠᠭᠳᠠᠮᠠᠭᠴᠠ ᠳᠡᠮᠦᠵᠢᠨ ᠲᠠᠢ ᠳᠠᠷᠣᠢ ᠣᠴᠢᠵᠦ ᠨᠡᠶᠢᠯᠡᠨ᠂ ᠣᠯᠣᠰ ᠲᠤᠨᠢ ᠨᠢᠬᠡᠳᠦᠭᠰᠡᠨ ᠪᠠᠶᠢᠨ᠎ᠠ᠃ ᠬᠦᠢᠳᠡᠨ ᠤ ᠪᠠᠶᠢᠯᠳᠣᠭᠠᠨ ᠡᠶᠢᠨᠬᠦ ᠲᠦᠩᠬᠡᠵᠢ ᠬᠠᠭᠠᠰ ᠡᠳᠦᠷ ᠦᠷᠬᠦᠯᠵᠢᠯᠡᠭᠰᠡᠨ ᠪᠠ ᠵᠡᠭᠡᠭᠰᠡᠨ ᠬᠦᠴᠦᠷᠬᠡᠭ ᠪᠠᠶᠢᠮᠠᠷ ᠵᠠᠮᠤᠬ᠎ᠠ ᠶᠢᠨ ᠬᠤᠯᠪᠣᠭ᠎ᠠ ᠡᠷᠴᠢ ᠨᠢ ᠵᠠᠳᠠᠷᠠᠭᠰᠠᠨ ᠳᠡᠭᠡᠰᠦ ᠮᠡᠳᠦ ᠨᠢᠬᠡᠮᠦᠰᠦᠨ ᠣᠨᠠᠪᠠ᠃ ᠡᠨᠡ ᠴᠠᠭ ᠮᠦᠴᠡ ᠠᠴᠠ ᠡᠬᠢᠯᠡᠨ ᠮᠣᠩᠭᠤᠯ ᠤᠨ ᠳᠠᠯ᠎ᠠ ᠨᠣᠳᠤᠭ ᠲᠤ ᠡᠪ ᠨᠢᠬᠡᠳᠦᠯ ᠲᠡᠶᠢᠯᠬᠦ ᠦᠦ᠂ ᠡᠰᠡᠪᠡᠯ ᠪᠦᠬᠦᠳᠡᠭᠡᠷ ᠢᠶᠠᠨ ᠳᠠᠷᠬᠠᠢ ᠪᠣᠳᠠᠷᠬᠠᠢ ᠬᠡᠪ ᠢᠶᠠᠷ ᠪᠠᠶᠢᠬᠤ ᠦᠦ ᠬᠡᠳᠡᠭ ᠢ ᠰᠢᠢᠳᠬᠦ ᠭᠤᠣᠯ ᠳᠣᠯᠣᠯᠳᠣᠭᠠᠨ ᠪᠠᠶᠢᠪᠠ᠃ ᠬᠡᠷᠪᠡ ᠬᠤᠯᠪᠣᠭᠠᠳᠠᠨ ᠤ ᠳᠠᠯ᠎ᠠ ᠢᠯᠠᠭᠳᠠᠭᠰᠠᠨ ᠪᠣᠯ ᠪᠣᠰᠣᠳ ᠢ ᠦᠪᠡᠷ ᠲᠡᠭᠡᠨ ᠨᠢᠬᠡᠳᠬᠡᠨ ᠳᠠᠳᠠᠬᠤ ᠲᠦᠪᠯᠡᠷᠡᠭᠰᠡᠨ ᠬᠦᠴᠦ ᠠᠯᠠᠭ᠎ᠠ ᠪᠣᠯᠵᠦ ᠲᠦᠪ ᠠᠽᠢᠶ᠎ᠠ ᠶᠢᠨ ᠨᠡᠬᠦᠳᠡᠯᠴᠢᠳ ᠣᠷᠢᠳᠣ ᠶᠢᠨ ᠪᠠᠬᠢ ᠪᠠᠶᠢᠳᠠᠯ ᠢᠶᠠᠷ ᠢᠶᠠᠨ ᠦᠯᠡᠳᠡᠬᠦ ᠪᠠᠶᠢᠪᠠ᠃      ᠬᠠᠷᠢᠨ ᠵᠠᠮᠤᠬ᠎ᠠ ᠶᠢᠨ ᠡᠪᠰᠡᠯ ᠤᠨ ᠬᠢᠨ ᠲᠠᠢ ᠬᠢᠭᠰᠡᠨ ᠳᠣᠯᠣᠯᠳᠣᠭᠠᠨ ᠨᠢ ᠳᠡᠮᠦᠵᠢᠨ᠂ ᠸᠠᠩ ᠬᠠᠨ ᠬᠤᠶᠠᠷ ᠤᠨ ᠡᠬᠡᠯᠵᠢᠳᠦ ᠢᠯᠠᠯᠳᠠ ᠪᠠᠷ ᠡᠶᠢᠨᠬᠦ ᠦᠨᠳᠦᠷᠯᠡᠭᠰᠡᠨ ᠪᠣᠯᠪᠠᠴᠣ ᠨᠦᠬᠦᠬᠡ ᠳᠠᠯ᠎ᠠ ᠪᠠᠷ ᠳᠡᠳᠡᠨ ᠢ ᠬᠠᠭᠠᠴᠠᠨ ᠰᠠᠯᠬᠤ ᠶᠠᠪᠣᠳᠠᠯ ᠢ ᠲᠦᠷᠭᠡᠳᠭᠡᠵᠡᠢ᠃ ᠣᠴᠢᠷ ᠨᠢ ᠵᠠᠮᠤᠬ᠎ᠠ ᠢᠯᠠᠭᠳᠠᠭᠰᠠᠨ ᠤ ᠳᠠᠷᠠᠭ᠎ᠠ ᠸᠠᠩ ᠬᠠᠨ ᠲᠠᠢ ᠰᠦᠯᠪᠡᠬᠡᠯᠳᠦᠬᠦ ᠪᠣᠯᠣᠭᠰᠠᠨ ᠪᠦᠬᠡᠳ ᠳᠡᠷᠡ ᠳᠣᠰᠣᠮ ᠢᠶᠠᠨ ᠳᠡᠮᠦᠵᠢᠨ ᠢ ᠳᠣᠭᠤᠰᠢᠳᠠᠢ ᠦᠵᠡᠨ ᠶᠠᠳᠠᠭᠴᠢ ᠰᠡᠩᠬᠦᠮ ᠲᠠᠢ ᠳᠣᠳᠣᠨᠣ ᠬᠠᠷᠢᠯᠴᠠᠭ᠎ᠠ ᠲᠠᠢ ᠪᠣᠯᠣᠭᠰᠠᠨ ᠪᠠᠶᠢᠨ᠎ᠠ᠃
ᠢᠷᠡᠯᠲᠡ᠄ ︽ᠮᠣᠩᠭᠤᠯᠴᠣᠳ ᠤᠨ ᠳᠡᠦᠬᠡᠨ ᠳᠤ ᠠᠯᠳᠠᠷᠰᠢᠭᠰᠠᠨ 33 ᠴᠣᠣᠳᠣ ᠳᠣᠯᠣᠯᠳᠣᠭᠠᠨ︾ ᠨᠤᠮ ᠠᠴᠠ