ᠪᠠᠭᠰᠢ ᠶᠢᠨ ᠢᠷᠠᠭᠤ ᠠᠯᠳᠠᠷ ᠰᠦᠮᠪᠣᠷ ᠠᠭᠤᠯᠠᠨ ᠠᠴᠠ ᠦᠨᠳᠦᠷ ᠰᠦᠨ ᠲᠠᠯᠠᠢ ᠠᠴᠠ ᠭᠦᠨ— ᠣᠯᠤᠰ ᠤᠨ ᠲᠡᠰ ᠤᠨ ᠰᠢᠯᠢᠳᠡᠭ ᠪᠠᠭᠰᠢ ᠬᠠᠰᠠᠷᠳᠡᠨᠢ ᠪᠠᠭᠰᠢ ᠶᠢ ᠲᠡᠮᠳᠡᠭᠯᠡᠭᠰᠡᠡ ᠨᠢ ︵ᠨᠢᠭᠡ︶
ᠨᠡᠶᠢᠲᠡᠯᠡᠭᠰᠡᠨ ᠴᠠᠭ᠄
2022/12/16
       ᠪᠠᠭᠰᠢ ᠶᠢᠨ ᠢᠷᠠᠭᠤ ᠠᠯᠳᠠᠷ ᠰᠦᠮᠪᠣᠷ ᠠᠭᠤᠯᠠᠨ ᠠᠴᠠ ᠦᠨᠳᠦᠷ ᠰᠦᠨ ᠲᠠᠯᠠᠢ ᠠᠴᠠ ᠭᠦᠨ        — ᠣᠯᠤᠰ ᠤᠨ ᠲᠡᠰ ᠤᠨ ᠰᠢᠯᠢᠳᠡᠭ ᠪᠠᠭᠰᠢ ᠬᠠᠰᠠᠷᠳᠡᠨᠢ ᠪᠠᠭᠰᠢ ᠶᠢ ᠲᠡᠮᠳᠡᠭᠯᠡᠭᠰᠡᠡ ᠨᠢ                                                    ᠮᠣᠯᠣᠷ        ᠮᠠᠨ ᠤ ᠬᠤᠰᠢᠭᠤᠨ ᠤ ᠨᠢᠭᠡᠳᠦᠭᠡᠷ ᠲᠤᠮᠳᠠᠳᠣ ᠰᠣᠷᠭᠠᠭᠤᠯᠢ ᠶᠢᠨ ᠠᠬᠠᠮᠠᠳ ᠣᠳᠣᠷᠢᠳᠣᠯᠭ᠎ᠠ᠂ ᠰᠣᠷᠭᠠᠭᠤᠯᠢ ᠶᠢᠨ ᠵᠠᠬᠢᠷᠣᠯ ᠪᠠᠶᠢᠭᠰᠠᠠ᠂ ᠣᠯᠣᠰ ᠤᠨ ᠲᠡᠰ ᠤᠨ ᠰᠢᠯᠢᠳᠡᠭ ᠪᠠᠭᠰᠢ᠂ ᠰᠣᠷᠭᠠᠨ ᠬᠦᠮᠦᠵᠢᠯ ᠤᠨ ᠵᠢᠳᠬᠦᠯᠳᠡᠨ᠂ ᠰᠢᠯᠢᠳᠡᠭ ᠨᠠᠮ ᠤᠨ ᠭᠡᠰᠢᠭᠦᠨ᠂ ᠥᠨᠤ ᠵᠢᠯ ᠨᠠᠶᠠᠨ ᠲᠦᠷᠪᠡᠨ ᠨᠠᠰᠣᠨ ᠤ ᠦᠨᠳᠣᠷ ᠰᠠᠭᠤᠳᠠᠯ ᠳᠤ ᠰᠠᠭᠠᠳᠠᠵᠦ ᠪᠠᠶᠢᠭ᠎ᠠ ᠬᠠᠰᠡᠷᠳᠡᠨᠢ ᠪᠠᠭᠰᠢ ᠲᠠᠢ ᠣᠴᠠᠷᠠᠨ ᠵᠤᠯᠭᠠᠬᠤ ᠳᠤ ᠬᠢᠷᠠᠭᠤ ᠪᠠᠭᠤᠭᠰᠠᠠ ᠨᠠᠰᠣᠨ ᠤ ᠪᠠᠨ ᠨᠠᠮᠠᠭᠠᠨ ᠳᠤ ᠪᠡᠶ᠎ᠡ ᠰᠡᠳᠬᠢᠯ ᠡᠷᠡᠭᠦᠯ ᠲᠡᠩᠬᠡᠯᠡᠬᠦᠨ ᠪᠠᠶᠢᠵᠣ ᠤᠳᠠᠭᠠᠨ ᠠᠭᠤᠯᠵᠠᠭ᠎ᠠ ᠦᠭᠡᠢ ᠪᠠᠶᠠᠷ ᠤᠨ ᠴᠢᠷᠠᠢ ᠳᠤ  ᠨᠢ ᠢᠨᠢᠶᠡᠮᠰᠦᠭᠯᠡᠯ ᠲᠦᠭᠦᠷᠡᠩ ᠪᠠᠶᠢᠯ᠎ᠠ᠃ ᠲᠡᠭᠦᠨ ᠤ ᠲᠤᠷᠠᠰᠣᠮᠵᠢ ᠲᠦᠭᠦᠷᠡᠩ ᠪᠠᠭᠰᠢ ᠶᠢᠨ ᠠᠮᠢᠳᠣᠷᠠᠯ  ᠤᠨ ᠬᠢᠨᠢ ᠲᠤᠬᠠᠢ ᠣᠶᠢᠯᠠᠭᠠᠭᠰᠠᠠ ᠢᠶᠠᠨ ᠲᠠ ᠪᠦᠬᠦᠨ ᠲᠠᠢ ᠪᠠᠨ ᠬᠤᠪᠢᠶᠠᠯᠴᠠᠬᠤ ᠪᠠᠷ ᠪᠣᠯᠪᠠ᠃       ᠬᠤᠰᠢᠭᠤᠨ ᠤ ᠨᠢᠭᠡᠳᠦᠭᠡᠷ ᠲᠤᠮᠳᠠᠳᠣ ᠰᠣᠷᠭᠠᠭᠤᠯᠢ ᠶᠢᠨ ᠠᠩᠬᠠᠨ ᠤ ᠰᠠᠭᠤᠷᠢ ᠶᠢ ᠲᠠᠯᠪᠢᠬᠤ ᠳᠤ ᠣᠷᠣᠯᠴᠠᠭᠰᠠᠠ        ᠬᠠᠰᠡᠷᠳᠡᠨᠢ ᠪᠠᠭᠰᠢ 1960 ᠣᠨ ᠳᠤ ᠦᠪᠣᠷ ᠮᠣᠩᠭᠤᠯ ᠤᠨ ᠪᠠᠭᠰᠢ ᠶᠢᠨ ᠲᠡᠭᠡᠳᠦ ᠰᠣᠷᠭᠠᠭᠤᠯᠢ ᠵᠢᠨ‌ᠠᠮᠢᠳᠣ ᠪᠤᠳᠠᠰ ᠤᠨ ᠰᠠᠯᠪᠣᠷᠢ ᠠᠴᠠ ᠲᠡᠭᠦᠰᠴᠦ᠂ ᠲᠤᠬᠠᠢ ᠶᠢᠨ ᠥᠶ᠎ᠡ ᠶᠢᠨ ᠬᠦᠯᠦᠨ ᠪᠣᠶᠢᠷ ᠠᠶᠢᠮᠠᠭ ᠤᠨ ᠵᠠᠰᠠᠭ ᠵᠠᠬᠢᠷᠭᠠᠨ ᠤ ᠠᠵᠢᠯᠳᠠᠨ ᠤ ᠶᠠᠪᠣᠳᠠᠯ ᠤᠨ ᠰᠠᠯᠠᠭᠠᠨ ᠳᠤ ᠨᠡᠷ᠎ᠡ ᠮᠡᠳᠡᠭᠦᠯᠬᠦ ᠳᠤ ᠲᠡᠭᠦᠨ ᠢ ᠵᠠᠮ ᠨᠡᠪᠲᠡᠷᠡᠭᠦᠯᠬᠡ ᠪᠣᠶᠢᠳᠠ ᠪᠥᠭᠯᠡᠭᠦᠦ᠂ ᠬᠢᠯᠢ ᠬᠢᠵᠠᠭᠠᠷ ᠣᠷᠣᠨ ᠪᠣᠯᠬᠤ ᠰᠢᠨ᠎ᠡ ᠪᠠᠷᠭᠤ ᠪᠠᠷᠠᠭᠤᠨ ᠬᠤᠰᠢᠭᠤᠨ ᠳᠤ ᠠᠵᠢᠯ ᠲᠤᠬᠢᠷᠠᠭᠤᠯᠣᠭᠰᠠᠠ ᠳᠤ ᠳᠤᠷᠠᠲᠠᠢ ᠵᠦᠪᠰᠢᠶᠡᠷᠡᠪᠡ᠃ ᠣᠣᠭᠠᠯ ᠨᠣᠳᠤᠭ ᠨᠢ ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠣᠨ ᠡᠮᠦᠨᠡᠳᠣ ᠬᠤᠰᠢᠭᠤᠨ ᠳᠤ ᠲᠦᠷᠦᠵᠤ ᠦᠰᠦᠭᠰᠡᠡ ᠲᠡᠷᠡ ᠴᠣᠯᠣ ᠮᠠᠯᠵᠢᠬᠤ ᠬᠤᠰᠢᠭᠤᠨ ᠳᠤ ᠠᠵᠢᠯ ᠤᠨ ᠭᠠᠷᠤᠭ᠎ᠠ ᠪᠠᠨ ᠡᠬᠢᠯᠡᠭᠦᠯᠬᠦ ᠪᠣᠯᠣᠭᠰᠠᠠ ᠳᠤ ᠪᠠᠨ ᠰᠡᠳᠬᠢᠯ ᠬᠠᠨᠤᠮᠵᠢᠳᠠᠢ ᠪᠠᠶᠢᠯ᠎ᠠ᠃ ᠲᠡᠷᠡ ᠥᠶ᠎ᠡ ᠶᠢᠨ ᠪᠠᠶᠢᠳᠠᠯ ᠢᠶᠠᠨ ᠬᠠ᠊ ᠪᠠᠭᠰᠢ ᠡᠷᠭᠢᠴᠡᠭᠦᠯᠦᠨ ᠶᠠᠷᠢᠬᠤ ᠳᠤ ᠪᠠᠨ᠄ ᠪᠢ ᠬᠠᠶᠢᠯᠠᠷ ᠠᠴᠠ ᠮᠠᠨᠵᠣᠣᠷ ᠲᠤ ᠬᠦᠷᠴᠦ ᠪᠠᠷᠠᠭᠤᠨ ᠬᠤᠰᠢᠭᠤ ᠶᠠᠪᠣᠬᠤ ᠬᠦᠰᠭᠡ ᠬᠦᠯᠢᠶᠡᠭᠡᠳ ᠨᠢᠭᠡ ᠭᠠᠷᠠᠭ ᠪᠣᠯᠪᠠ᠃ ᠵᠠᠪᠰᠢᠶᠠᠨ ᠬᠠᠷᠭᠤᠵᠣ ᠪᠠᠷᠠᠭᠤᠨ ᠬᠤᠰᠢᠭᠤᠨ ᠳᠤ ᠠᠮᠤ ᠪᠣᠳᠠᠭ᠎ᠠ ᠬᠦᠷᠭᠡᠬᠦ ᠮᠠᠰᠢᠨ ᠲᠡᠷᠭᠡ ᠲᠠᠭᠠᠷᠠᠵᠤ᠂ ᠵᠠᠮ ᠳᠤ ᠪᠠᠨ ᠰᠠᠭᠠᠳ ᠦᠭᠡᠢ ᠬᠤᠰᠢᠭᠤᠨ ᠲᠥᠪ ᠠᠯᠲᠠᠠᠮᠡᠭᠡᠯ ᠪᠠᠯᠭᠠᠰᠣᠨ ᠳᠤ ᠬᠦᠷᠴᠦ ᠬᠤᠰᠢᠭᠤᠨ ᠤ ᠵᠠᠰᠠᠭ ᠤᠨ ᠣᠷᠳᠣᠨ ᠳᠤ ᠨᠡᠷ᠎ᠡ ᠪᠠᠨ ᠮᠡᠳᠡᠭᠦᠯᠬᠦ ᠳᠤ ᠰᠢᠨ᠎ᠡ ᠪᠠᠷᠭᠤ ᠪᠠᠷᠠᠭᠤᠨ ᠬᠤᠰᠢᠭᠤᠨ ᠳᠤ ᠲᠤᠮᠳᠠᠳᠣ ᠰᠣᠷᠭᠠᠭᠤᠯᠢ ᠰᠢᠨ᠎ᠡ ᠪᠠᠷ ᠪᠠᠶᠢᠭᠤᠯᠬᠤ ᠭᠡᠵᠦ ᠪᠠᠶᠢᠭ᠎ᠠ ᠶᠢ ᠮᠡᠳᠡᠵᠡᠢ᠃ ᠲᠤᠬᠠᠢ ᠶᠢᠨ ᠵᠢᠯ ᠬᠤᠰᠢᠭᠤᠨ ᠤ ᠰᠣᠶᠣᠯ ᠰᠣᠷᠭᠠᠨ ᠬᠦᠮᠣᠵᠢᠯ ᠤᠨ ᠠᠵᠢᠯ ᠢ ᠬᠠᠷᠢᠭᠤᠴᠠᠵᠤ ᠪᠠᠶᠢᠭᠰᠠᠠ ᠪᠠᠲᠤ ᠨᠦᠬᠦᠷ ᠬᠤᠰᠢᠭᠤᠨ ᠤ ᠨᠢᠭᠡᠳᠦᠭᠡᠷ ᠪᠠᠭ᠎ᠠ ᠰᠣᠷᠭᠠᠭᠤᠯᠢ ᠳᠤ ᠲᠦᠷ ᠠᠵᠢᠯ ᠲᠤᠬᠢᠷᠠᠭᠤᠯᠣᠨ ᠠᠩᠬ᠎ᠠ ᠵᠡᠷᠭᠡ ᠶᠢᠨ ᠳᠣᠮᠳᠠᠳᠣ ᠰᠣᠷᠭᠠᠭᠤᠯᠢ ᠶᠢᠨ ᠠᠩᠬᠠᠨ ᠤ ᠰᠣᠷᠣᠭᠴᠢ ᠡᠯᠰᠡᠬᠦ ᠠᠵᠢᠯ ᠳᠤ ᠣᠷᠣᠯᠴᠠᠭᠤᠯᠤᠨ᠂ ᠰᠣᠮᠣ ᠱᠠᠳᠣ ᠪᠠᠷ ᠪᠠᠭᠤᠵᠤ ᠣᠬᠠᠭᠤᠯᠬᠤ ᠠᠵᠢᠯᠯᠠᠭ᠎ᠠ ᠬᠢᠬᠦ ᠪᠠᠷ ᠲᠠᠮᠵᠢᠨ ᠬᠤᠷᠢᠭᠠᠳ ᠰᠣᠷᠣᠭᠴᠢ ᠲᠠᠢ ᠪᠣᠯᠪᠠ᠃ ᠨᠢᠭᠡᠳᠦᠭᠡᠷ ᠪᠠᠭ᠎ᠠ ᠰᠣᠷᠭᠠᠭᠤᠯᠢ ᠠᠴᠠ ᠲᠡᠭᠦᠰᠴᠦ ᠬᠠᠶᠢᠯᠠᠷ ᠤᠨ ᠠᠩᠬ᠎ᠠ ᠵᠡᠷᠭᠡ ᠶᠢᠨ ᠲᠤᠮᠳᠠᠳᠣ ᠰᠣᠷᠭᠠᠭᠤᠯᠢ ᠳᠤ ᠬᠢᠴᠢᠶᠡᠯᠯᠡᠵᠦ ᠪᠠᠶᠢᠭᠰᠠᠠ ᠲᠦᠴᠢᠭᠡᠳ ᠰᠣᠷᠣᠭᠴᠢ ᠲᠠᠬᠢᠨ ᠬᠤᠰᠢᠭᠤᠨ ᠤ ᠪᠠᠨ ᠰᠢᠨ᠎ᠡ ᠪᠠᠷ ᠪᠠᠶᠢᠭᠤᠯᠵᠣ ᠪᠠᠶᠢᠭ᠎ᠠ ᠠᠩᠬ᠎ᠠ ᠵᠡᠷᠭᠡ ᠶᠢᠨ ᠲᠤᠮᠳᠠᠳᠣ ᠰᠣᠷᠭᠠᠭᠤᠯᠢ ᠳᠤ ᠨᠡᠷ᠎ᠡ ᠮᠡᠳᠡᠭᠦᠯᠦᠭᠡᠳ᠂ ᠪᠦᠭᠦᠳᠡ ᠵᠢᠷᠠᠭᠠᠳ ᠰᠣᠷᠣᠭᠴᠢ ᠲᠠᠢ ᠬᠢᠴᠢᠶᠡᠯ ᠡᠬᠢᠯᠡᠬᠦ ᠪᠠᠷ ᠲᠤᠭᠲᠠᠵᠠᠢ᠃ ᠬᠠᠰᠡᠷᠳᠡᠨᠢ ᠪᠠᠭᠰᠢ ᠪᠣᠯ ᠰᠢᠨ᠎ᠡ ᠪᠠᠷᠭᠤ ᠪᠠᠷᠠᠭᠤᠨ ᠬᠤᠰᠢᠭᠤᠨ ᠤ ᠠᠩᠬ᠎ᠠ ᠵᠡᠷᠭᠡ ᠶᠢᠨ ᠨᠢᠭᠡᠳᠦᠬᠡᠷ ᠲᠤᠮᠳᠠᠳᠣ ᠰᠣᠷᠭᠠᠭᠤᠯᠢ ᠬᠠᠮᠤᠭ ᠤᠨ ᠠᠩᠬ᠎ᠠ ᠪᠠᠶᠢᠭᠤᠯᠤᠭᠳᠠᠬᠤ ᠥᠶ᠎ᠡ ᠶᠢᠨ ᠴᠦᠬᠡᠨ ᠬᠡᠳᠦᠨ ᠪᠠᠭᠰᠢᠨᠠᠷ ᠤᠨ ᠲᠤᠳᠣᠷᠠᠬᠢ ᠨᠢᠭᠡ ᠨᠢ ᠪᠦᠬᠡᠳ ᠴᠣᠷ ᠤᠨ ᠭᠠᠭᠴᠠ ᠪᠠᠭᠰᠢ ᠶᠢᠨ ᠲᠤᠰᠬᠠᠢ ᠮᠡᠷᠭᠡᠵᠢᠯ ᠢᠶᠠᠷ ᠶᠡᠭᠡ ᠰᠣᠷᠭᠠᠭᠤᠯᠢ ᠲᠡᠭᠦᠰᠦᠭᠰᠡᠡ ᠣᠶᠣᠳᠠᠠ ᠪᠠᠶᠢᠵᠣ᠂ ᠬᠢᠴᠢᠶᠡᠯ ᠡᠬᠢᠯᠡᠮᠡᠭᠴᠡ ᠣᠶᠣᠨ ᠮᠡᠳᠡᠯᠭᠡ ᠪᠠᠨ ᠰᠣᠷᠣᠭᠴᠢ ᠨᠦᠬᠦᠳ ᠲᠤ ᠪᠠᠨ ᠬᠠᠷᠠᠮ ᠦᠭᠡᠢ ᠠᠭᠤᠳᠠᠯᠯᠠᠨ᠂ ᠬᠡᠯᠡ ᠪᠢᠴᠢᠭ᠂ ᠲᠤᠭ᠎ᠠ᠂ ᠬᠢᠲᠠᠳ ᠬᠡᠯᠡ᠂ ᠠᠮᠢᠳᠣ ᠪᠣᠳᠠᠰ᠂ ᠭᠠᠵᠠᠷ ᠵᠦᠢ᠂ ᠵᠢᠷᠤᠭ ᠵᠡᠷᠭᠡ ᠣᠯᠠᠨ ᠲᠦᠷᠦᠯ ᠤᠨ ᠬᠢᠴᠢᠶᠡᠯ ᠢ ᠵᠢᠭᠠᠳᠠᠭ ᠪᠠᠶᠢᠵᠠᠢ᠃ ᠲᠡᠭᠡᠳᠦ ᠱᠠᠳᠣᠨ ᠤ ᠢᠳᠡᠪᠬᠢᠳᠡᠢ ᠲᠡᠮᠵᠢᠯᠭᠡ ᠪᠠᠭᠰᠢ ᠪᠠ ᠭᠡᠷ ᠤᠨ ᠠᠬᠠᠮᠠᠳ ᠤᠳ ᠤᠨ ᠬᠠᠮᠳᠣ ᠶᠢᠨ ᠴᠢᠷᠮᠠᠶᠢᠯᠭ᠎ᠠ ᠪᠠᠷ ᠰᠣᠷᠣᠭᠴᠢᠳ ᠤᠨ ᠰᠣᠷᠬᠤ ᠢᠳᠡᠪᠬᠢᠵᠢᠯ ᠰᠠᠶᠢᠨ ᠪᠠᠶᠢᠵᠣ᠂ ᠨᠢᠭᠡᠳᠦᠭᠡᠷ ᠲᠤᠮᠳᠠᠳᠣ ᠰᠤᠷᠭᠠᠭᠤᠯᠢ ᠶᠢᠨ ᠠᠩᠬᠠᠨ ᠤ ᠰᠠᠭᠤᠷᠢ ᠡᠶᠢᠨᠬᠦ ᠰᠣᠶᠣᠯ ᠤᠨ ᠬᠤᠷ᠎ᠠ ᠪᠠᠷ ᠣᠮᠳᠠᠯᠠᠭᠳᠠᠠ ᠲᠡᠣᠬᠡᠨ ᠳᠤ ᠨᠡᠷ᠎ᠡ ᠪᠠᠨ ᠲᠡᠮᠳᠡᠭᠯᠡᠭᠦᠯᠦᠨ᠂ ᠪᠠᠷᠭᠤ ᠨᠣᠳᠤᠭ ᠤᠨ ᠰᠣᠶᠣᠯ ᠤᠨ ᠲᠤᠷᠠᠭᠠᠨ ᠬᠦᠷᠦᠰᠣᠨ ᠳᠤ ᠦᠨᠢᠳᠡ ᠶᠢᠨ ᠪᠣᠳᠠ ᠴᠡᠴᠡᠭ ᠪᠣᠯᠣᠨ ᠲᠡᠯᠭᠡᠷᠡᠬᠦ ᠪᠠᠷ ᠦᠨᠳᠣᠰᠣ ᠪᠠᠨ ᠭᠦᠨ ᠬᠠᠳᠬᠤᠭᠰᠠᠠ ᠶᠤᠮ᠃ 1962 ᠣᠨ ᠭᠡᠬᠦ ᠳᠤ ᠠᠩᠬ᠎ᠠ ᠵᠡᠷᠬᠡ ᠶᠢᠨ ᠲᠤᠮᠳᠠᠳᠣ ᠰᠣᠷᠭᠠᠭᠤᠯᠢ ᠨᠢ 100 ᠢᠯᠡᠭᠦᠣ ᠰᠣᠷᠣᠭᠴᠢ ᠲᠠᠢ ᠭᠤᠷᠪᠠᠨ ᠠᠩᠭᠢ ᠪᠣᠯᠣᠨ ᠦᠷᠭᠡᠵᠢᠨ ᠲᠡᠯᠡᠵᠣ ᠪᠠᠭ᠎ᠠ ᠰᠣᠷᠭᠠᠭᠤᠯᠢ ᠶᠢᠨ ᠬᠦᠷᠢᠶᠡᠨ ᠤ ᠲᠠᠰᠣᠯᠭ᠎ᠠ ᠪᠠᠶᠢᠰᠢᠩ ᠠᠴᠠ ᠠᠰᠲᠠᠭᠠᠨ ᠲᠤᠰᠠᠭᠠᠷᠯᠠᠵᠦ ᠭᠠᠷᠣᠭᠰᠠᠠ ᠪᠢᠯᠡ᠃        ᠲᠤᠬᠠᠢ ᠶᠢᠨ ᠥᠶ᠎ᠡ ᠶᠢᠨ ᠰᠣᠷᠭᠠᠭᠤᠯᠢ ᠶᠢᠨ ᠪᠠᠶᠢᠳᠠᠯ ᠤᠨ ᠲᠤᠬᠠᠢ ᠡᠷᠭᠢᠴᠡᠭᠦᠯᠦᠯ        1960 ᠣᠨ ᠳᠤ ᠣᠯᠣᠰ ᠠᠷᠠᠳ ᠤᠨ ᠠᠵᠣ ᠠᠬᠤᠢ ᠲᠤᠶᠢᠯ ᠤᠨ ᠬᠦᠴᠢᠷᠲᠡᠢ ᠠᠴᠠ ᠠᠷᠠᠳ ᠢᠷᠭᠡᠳ ᠤᠨ ᠠᠮᠢᠳᠣᠷᠠᠯ ᠤᠨ ᠬᠢᠷᠢ ᠲᠦᠪᠰᠢᠨ ᠨᠡᠯᠢᠶᠡᠳ ᠬᠤᠴᠣᠷᠠᠩᠭᠤᠢ ᠪᠠᠶᠢᠪᠠ᠃ ᠮᠠᠯᠵᠢᠬᠤ ᠣᠷᠣᠨ ᠤ ᠮᠠᠯᠴᠢᠳ ᠶᠡᠷᠦᠩᠭᠡᠢ ᠳᠤ ᠪᠠᠨ ᠣᠲᠣᠷᠯᠠᠨ ᠨᠡᠭᠦᠳᠡᠯᠯᠡᠬᠦ ᠠᠮᠢᠳᠣᠷᠠᠯ ᠢ ᠬᠢᠵᠣ᠂ ᠰᠣᠷᠭᠠᠨ ᠬᠦᠮᠦᠵᠢᠯ ᠤᠨ ᠲᠠᠯ᠎ᠠ ᠪᠠᠷ ᠲᠠᠨᠢᠯᠲᠠ ᠲᠤᠲᠠᠮᠠᠭ᠂ ᠬᠡᠣᠬᠡᠳ ᠢᠶᠠᠨ ᠪᠠᠭ᠎ᠠ ᠰᠣᠷᠭᠠᠭᠤᠯᠢ ᠶᠢ ᠨᠢ ᠲᠡᠭᠦᠰᠬᠡᠪᠡᠯ ᠪᠣᠯᠴᠢᠬᠠᠨ᠎ᠠ ᠬᠡᠰᠡᠡ ᠨᠡᠶᠢᠳᠡᠮ ᠤᠨ ᠦᠵᠡᠯᠲᠡ ᠲᠠᠢ ᠪᠠᠶᠢᠵᠣ ᠬᠡᠰᠡᠭ ᠲᠣᠭᠠᠨ ᠤ ᠴᠢᠨᠡᠭᠡᠯᠢᠭ ᠡᠷᠦᠬᠡ ᠬᠡᠣᠬᠡᠳ ᠢᠶᠠᠨ ᠬᠠᠶᠢᠯᠠᠷ ᠤᠨ ᠠᠩᠬ᠎ᠠ ᠵᠡᠷᠬᠡ ᠶᠢᠨ ᠲᠤᠮᠳᠠᠳᠣ ᠰᠣᠷᠭᠠᠭᠤᠯᠢ ᠳᠤ ᠰᠣᠷᠣᠯᠴᠠᠭᠤᠯᠳᠠᠭ ᠪᠠᠶᠢᠪᠠ᠃ ᠰᠣᠷᠭᠠᠭᠤᠯᠢ ᠪᠠᠶᠢᠭᠤᠯᠤᠭᠳᠠᠭᠰᠠᠨ ᠡᠬᠢᠨ ᠤ ᠣᠨ ᠵᠢᠯ ᠤᠳ ᠤᠨ ᠰᠣᠷᠭᠠᠭᠤᠯᠢ ᠶᠢᠨ ᠡᠯ᠎ᠡ ᠲᠠᠯ᠎ᠠ ᠶᠢᠨ ᠨᠦᠬᠦᠴᠡᠯ ᠪᠠᠷᠣᠭᠳᠠᠢ᠂ ᠰᠣᠷᠣᠭᠴᠢ ᠶᠢᠨ ᠢᠷᠡᠯᠳᠡ ᠲᠤᠭᠲᠠᠪᠣᠷᠢ ᠦᠭᠡᠢ ᠪᠠᠶᠢᠪᠠ  ᠲᠡᠷᠡ ᠥᠶ᠎ᠡ ᠶᠢᠨ ᠰᠣᠷᠣᠭᠴᠢᠳ ᠤᠨ ᠨᠠᠰᠣᠨ ᠤ ᠵᠦᠷᠢᠶ᠎ᠡ ᠲᠡᠩᠴᠡᠪᠣᠷᠢ ᠦᠭᠡᠢ᠂ ᠬᠠᠮᠤᠭ ᠶᠡᠭᠡ ᠨᠢ 18᠂ 19 ᠬᠦᠷᠴᠦ᠂ ᠬᠦᠳᠡᠭᠡ ᠭᠡᠷ ᠲᠤ ᠨᠢ ᠬᠦᠳᠡᠯᠮᠦᠷᠢ ᠬᠦᠴᠦ ᠲᠤᠳᠠᠭᠳᠠᠪᠠᠯ ᠭᠡᠷ ᠲᠡᠭᠡᠨ ᠬᠠᠷᠢᠵᠣ ᠰᠣᠷᠭᠠᠭᠤᠯᠢ ᠳᠠᠭᠠᠨ ᠡᠷᠭᠢᠵᠦ ᠪᠤᠴᠠᠵᠤ ᠢᠷᠡᠬᠦ ᠨᠢ ᠲᠤᠭ᠎ᠠ ᠲᠠᠢ ᠶᠤᠮ᠃ ᠰᠣᠷᠭᠠᠭᠤᠯᠢ ᠶᠢᠨ ᠰᠣᠷᠣᠭᠴᠢᠳ ᠤᠨ ᠢᠷᠡᠯᠲᠡ ᠨᠢ ᠬᠤᠰᠢᠭᠤᠨ ᠲᠥᠪ ᠠᠯᠳ᠋ᠬᠠᠮᠡᠭᠡᠯ ᠪᠠᠯᠭᠠᠰᠤ ᠪᠣᠯᠣᠨ ᠣᠶᠢᠷᠠᠯᠴᠠᠬᠢ ᠰᠣᠮᠣ ᠨᠤᠭᠤᠳ ᠤᠨ ᠬᠡᠣᠬᠡᠳ ᠢᠶᠠᠷ ᠭᠤᠣᠯᠯᠠᠳᠠᠭ᠃ 1962 ᠣᠨ ᠳᠤ ᠰᠣᠷᠭᠠᠭᠤᠯᠢ ᠶᠢᠨ ᠬᠢᠴᠢᠶᠡᠯᠯᠡᠬᠦ ᠲᠢᠩᠬᠢᠮ ᠨᠢ ᠬᠤᠰᠢᠭᠤᠨ ᠤ ᠴᠠᠭ ᠠᠭᠤᠷ ᠤᠨ ᠲᠤᠪᠴᠢᠶᠠᠨ ᠤ ᠠᠷᠤ ᠳᠤ ᠪᠠᠶᠢᠭ᠎ᠠ ᠮᠠᠭᠤᠬᠠᠨ ᠰᠢᠪᠠᠷ ᠪᠠᠶᠢᠰᠢᠩ ᠭᠡᠷ ᠲᠤ ᠰᠢᠯᠵᠢᠨ ᠡᠷᠡᠭᠲᠡᠢ ᠰᠣᠷᠣᠭᠴᠢ ᠶᠢᠨ ᠪᠠᠶᠢᠷᠢ ᠶᠢᠨ ᠭᠡᠷ ᠨᠢ ᠣᠣᠯ ᠤᠨ ᠨᠢᠭᠡᠳᠦᠭᠡᠷ ᠪᠠᠭ᠎ᠠ ᠰᠣᠷᠭᠠᠭᠤᠯᠢ ᠶᠢᠨ ᠬᠤᠭᠤᠯᠠᠨ ᠲᠢᠩᠬᠢᠮ ᠳᠤ ᠪᠠᠶᠢᠷᠢᠯᠡᠨ᠂ ᠡᠮᠡᠭᠲᠡᠢ ᠰᠣᠷᠣᠭᠴᠢ ᠶᠢᠨ ᠪᠠᠶᠢᠷᠢ ᠶᠢᠨ ᠭᠡᠷ ᠢ ᠬᠤᠰᠢᠭᠤᠨ ᠤ ᠰᠠᠶ᠋ᠢᠬᠠᠨ ᠪᠠᠶᠢᠭᠤᠯᠣᠭᠳᠠᠭᠰᠠᠠ ᠤᠯᠠᠭᠠᠨᠮᠦ᠋ᠴᠢᠷ ᠤᠨ ᠰᠣᠶᠣᠯ ᠤᠨ ᠦᠷᠦᠭᠡᠨ ᠳᠤ ᠲᠤᠬᠢᠷᠠᠭᠤᠯᠪᠠ᠃ ᠬᠢᠴᠢᠶᠡᠯ ᠤᠨ ᠪᠠᠭᠰᠢᠨᠠᠷ ᠡᠭᠡᠯᠵᠢ ᠪᠠᠷ ᠪᠠᠶᠢᠷᠢ ᠶᠢᠨ ᠰᠣᠷᠣᠭᠴᠢ ᠶᠢ ᠡᠷᠬᠢᠨ ᠦᠵᠡᠵᠣ ᠬᠠᠯᠠᠮᠵᠢ ᠬᠠᠶᠢᠷ᠎ᠠ ᠬᠦᠷᠳᠡᠭᠡᠨ᠂ ᠲᠡᠷᠡ ᠥᠶ᠎ᠡ ᠶᠢᠨ ᠰᠣᠷᠣᠭᠴᠢᠳ ᠪᠦᠭᠡᠰᠦᠳᠡᠬᠦ ᠶᠠᠪᠣᠳᠠᠯ ᠵᠦᠩᠳᠡᠭᠡᠨ ᠪᠣᠯᠬᠤᠷ ᠠᠷᠢᠭᠤᠨ ᠴᠡᠪᠡᠷ ᠤᠨ ᠠᠵᠢᠯ ᠢ ᠬᠠᠯᠠᠰᠢᠷᠠᠯ ᠦᠭᠡᠢ ᠬᠢᠵᠦ ᠥᠭᠳᠡᠭ᠃ ᠨᠢᠭᠡ ᠤᠳᠠᠭ᠎ᠠ ᠰᠣᠷᠣᠭᠴᠢᠳ ᠤᠨ ᠳᠣᠮᠳᠠ ᠨᠢᠳᠦ ᠣᠯᠠᠶᠢᠬᠤ ᠬᠠᠯᠳᠠᠪᠣᠷᠢᠳᠣ ᠡᠪᠡᠳᠴᠢᠨ ᠲᠡᠯᠭᠡᠷᠡᠵᠦ ᠬᠠᠰᠡᠷᠳᠡᠨᠢ ᠪᠠᠭᠰᠢ ᠲᠤᠰᠬᠠᠶᠢᠯᠠᠨ ᠡᠮᠨᠡᠯᠭᠡ ᠶᠢᠨ ᠬᠤᠷᠢᠶᠠᠨ ᠠᠴᠠ ᠨᠢᠳᠣᠨ ᠤ ᠡᠮ ᠠᠪᠴᠣ ᠣᠷᠣᠢ ᠪᠦᠷᠢ ᠤᠨᠲᠠᠬᠤ ᠠᠴᠠ ᠨᠢ ᠡᠮᠦᠨ᠎ᠡ ᠲᠤᠰᠣᠭᠠᠨ ᠬᠡᠷᠡᠭᠯᠡᠭᠰᠡᠡ ᠠᠴᠠ ᠬᠠᠷᠢᠨ ᠢᠯᠡᠷᠭᠡᠢ ᠨᠠᠮᠳᠠᠵᠠᠢ᠃        ᠬᠠᠮᠤᠭ ᠠᠩᠬ᠎ᠠ ᠬᠢᠴᠢᠶᠡᠯ ᠡᠬᠢᠯᠡᠬᠦ ᠥᠶ᠎ᠡ ᠳᠤ ᠰᠣᠷᠬᠤ ᠬᠢᠴᠢᠶᠡᠯ ᠤᠨ ᠨᠣᠮ ᠠᠷᠠᠢ ᠵᠠᠬᠢᠶᠠᠯᠠᠵᠦ ᠠᠮᠵᠢᠭ᠎ᠠ ᠦᠭᠡᠢ ᠪᠣᠯᠬᠤᠷ ᠬᠠ᠊ ᠪᠠᠭᠰᠢ ᠬᠠᠶᠢᠯᠠᠷ ᠲᠠᠬᠢ ᠨᠢᠭᠡᠳᠦᠭᠡᠷ ᠲᠤᠮᠳᠠᠳᠣ ᠰᠣᠷᠭᠠᠭᠤᠯᠢ ᠲᠠᠢ ᠬᠠᠷᠢᠯᠴᠠᠨ ᠵᠣᠬᠢᠬᠤ ᠲᠤᠭᠠᠨ ᠤ ᠠᠩᠬ᠎ᠠ ᠲᠤᠮᠳᠠᠳᠣ ᠶᠢᠨ ᠬᠢᠴᠢᠶᠡᠯ ᠤᠨ ᠲᠡᠪᠲᠡᠷ᠂ ᠵᠢᠭᠠᠬᠤ ᠮᠠᠲ᠋ᠧᠷᠢᠶᠡᠯ᠂ ᠦᠵᠡᠭᠦᠯᠦᠯᠭᠡ ᠶᠢᠨ ᠵᠢᠷᠤᠭ ᠲᠦᠷᠰᠤ᠂ ᠣᠸ᠎ᠠ ᠶᠢᠨ ᠪᠢᠷ ᠵᠡᠷᠭᠡ ᠪᠢᠴᠢᠭ ᠤᠨ ᠬᠡᠷᠡᠭᠰᠡᠯ ᠢ ᠣᠷᠣᠭᠤᠯᠣᠨ ᠠᠪᠴᠢᠷᠠᠵᠤ᠂ ᠬᠢᠴᠢᠶᠡᠯ ᠦᠷᠭᠦᠯᠵᠢᠯᠡᠨ ᠶᠠᠪᠣᠭᠳᠠᠬᠤ ᠳᠤ ᠨᠡᠯᠢᠶᠡᠳ ᠲᠦᠯᠬᠢᠴᠡ ᠦᠢᠯᠡᠳᠦᠯ ᠢ ᠦᠵᠡᠭᠦᠯᠵᠡᠢ᠃ ᠰᠡᠭᠦᠯᠡᠷ ᠨᠢ ᠨᠣᠮ ᠤᠨ ᠰᠠᠩ ᠢᠶᠠᠷ ᠲᠠᠮᠵᠢᠨ ᠠᠯᠢᠪᠠ ᠭᠠᠷ ᠭᠦᠢᠴᠡᠳᠬᠡᠯ ᠢ ᠪᠦᠷᠢᠨ ᠲᠦᠬᠦᠷ ᠪᠣᠯᠭᠠᠨ ᠰᠣᠷᠭᠠᠭᠤᠯᠢ ᠶᠢᠨ ᠪᠣᠳᠠᠳᠠᠢ ᠵᠢᠭᠠᠬᠤ ᠮᠠᠲ᠋ᠧᠷᠢᠶᠡᠯ᠂ ᠬᠢᠴᠢᠶᠡᠯ ᠤᠨ ᠨᠣᠮ ᠬᠡᠷᠡᠭᠰᠡᠯ ᠤᠳ ᠬᠡᠪ ᠤᠨ ᠶᠤᠰᠣᠭᠠᠷ ᠢᠷᠡᠬᠦ ᠪᠣᠯᠪᠠ᠃ ᠲᠤᠬᠠᠢ ᠶᠢᠨ ᠥᠶ᠎ᠡ ᠳᠤ ᠠᠶᠢᠮᠠᠭ ᠤᠨ ᠰᠣᠷᠭᠠᠨ ᠬᠦᠮᠦᠵᠢᠯ ᠤᠨ ᠰᠠᠯᠠᠭ᠎ᠠ ᠮᠦᠴᠢᠷ ᠠᠴᠠ ᠬᠠᠶᠢᠯᠠᠷ ᠬᠤᠲᠠᠠ ᠳᠤ ᠪᠠᠭᠰᠢᠨᠠᠷ ᠢ ᠲᠠᠪᠲᠠᠨ ᠪᠤᠯᠪᠠᠰᠣᠷᠠᠭᠤᠯᠬᠤ ᠲᠤᠰᠬᠠᠢ ᠪᠣᠯᠪᠠᠰᠣᠷᠠᠯ ᠤᠨ ᠠᠩᠭᠢ ᠡᠷᠬᠢᠯᠡᠨ ᠡᠨᠡ ᠨᠢ ᠤᠯᠳᠠᠰᠢ ᠦᠭᠡᠢ ᠰᠠᠶᠢᠨ ᠲᠤᠬᠢᠶᠠᠯ ᠬᠡᠮᠡᠨ ᠪᠠᠭᠰᠢᠨᠠᠷ ᠮᠠᠰᠢ ᠢᠳᠡᠪᠬᠢᠯᠡᠨ ᠣᠷᠣᠯᠴᠠᠳᠠᠭ ᠪᠠᠶᠢᠯ᠎ᠠ᠃ ᠮᠦᠨ ᠦᠨᠳᠣᠰᠣᠨ ᠱᠠᠲᠤᠨ ᠳᠤ ᠪᠠᠭᠰᠢ ᠲᠤᠲᠠᠭᠳᠠᠬᠤ ᠪᠣᠳᠠᠳᠠᠢ ᠪᠠᠶᠢᠳᠠᠯ ᠢ ᠦᠨᠳᠣᠰᠦᠯᠡᠨ ᠬᠠᠶᠢᠯᠠᠷ ᠤᠨ ᠨᠢᠭᠡᠳᠦᠭᠡᠷ ᠲᠤᠮᠳᠠᠳᠣ ᠰᠣᠷᠭᠠᠭᠤᠯᠢ᠂ ᠣᠯᠠᠭᠠᠨᠬᠤᠲᠠ ᠶᠢᠨ ᠬᠤᠶᠠᠳᠣᠭᠠᠷ ᠲᠤᠮᠳᠠᠳᠣ ᠰᠣᠷᠭᠠᠭᠤᠯᠢ᠂ ᠪᠠᠭᠰᠢ ᠶᠢᠨ ᠲᠤᠰᠬᠠᠢ ᠮᠡᠷᠭᠡᠵᠢᠯ ᠤᠨ ᠰᠣᠷᠭᠠᠭᠤᠯᠢ ᠠᠴᠠ ᠬᠡᠰᠡᠭ ᠪᠠᠭᠰᠢ ᠰᠢᠯᠵᠢᠨ ᠢᠷᠡᠪᠡ᠃        ᠰᠣᠷᠠᠭᠠᠭᠤᠯᠢ ᠶᠢᠨ ᠡᠯ᠎ᠡ ᠲᠠᠯ᠎ᠠ ᠶᠢᠨ ᠬᠦᠭᠵᠢᠨ ᠴᠡᠴᠡᠭᠯᠡᠯᠳᠡ ᠶᠢᠨ ᠪᠠᠶᠢᠳᠠᠯ        ᠰᠣᠶᠣᠯ ᠤᠨ ᠶᠡᠭᠡ ᠬᠤᠪᠢᠰᠬᠠᠯ ᠤᠨ ᠨᠦᠯᠦᠭᠡ ᠪᠠᠷ ᠨᠢᠭᠡᠳᠦᠭᠡᠷ ᠲᠣᠮᠳᠠᠳᠣ ᠰᠤᠷᠭᠠᠭᠤᠯᠢ ᠶᠢᠨ ᠬᠢᠴᠢᠶᠡᠯ ᠨᠢᠭᠡ ᠬᠡᠰᠡᠭ ᠬᠤᠭᠤᠴᠠᠭ᠎ᠠ ᠵᠣᠭᠰᠣᠩᠬᠢᠷᠠᠬᠤ ᠪᠠᠶᠢᠳᠠᠯ ᠳᠤ ᠣᠷᠣᠵᠣ᠂ ᠲᠡᠭᠡᠳᠦ ᠱᠠᠳᠣᠨ ᠤ ᠲᠤᠬᠢᠷᠠᠭᠤᠯᠭ᠎ᠠ ᠪᠠᠷ ᠬᠠᠰᠡᠷᠳᠡᠨᠢ ᠪᠠᠭᠰᠢ ᠣᠨᠳᠣᠣ ᠪᠠᠶᠢᠷᠢᠨ ᠳᠤ ᠰᠢᠯᠵᠢᠨ ᠠᠵᠢᠯᠯᠠᠵᠣ᠂ ᠰᠣᠶᠣᠯ ᠤᠨ ᠬᠤᠪᠢᠰᠬᠠᠯ ᠦᠩᠭᠡᠷᠡᠭᠰᠡᠡ ᠤ ᠲᠠᠷᠠᠭ᠎ᠠ ᠲᠡᠷᠡᠪᠡᠷ ᠵᠣᠬᠢᠶᠠᠨ ᠪᠠᠶᠢᠭᠤᠯᠤᠯᠲᠠ ᠪᠣᠯᠬᠤ ᠨᠢᠭᠡᠳᠦᠭᠡᠷ ᠲᠤᠮᠳᠠᠳᠣ ᠰᠤᠷᠭᠠᠭᠤᠯᠢ ᠳᠤ ᠪᠠᠨ ᠪᠣᠴᠠᠠ ᠠᠵᠢᠯᠯᠠᠬᠤ ᠰᠠᠨᠠᠭ᠎ᠠ ᠪᠠᠨ ᠢᠯᠡᠳᠬᠡᠬᠦ ᠳᠤ ᠲᠤᠤᠷ᠎ᠠ ᠨᠢ ᠵᠦᠪᠰᠢᠶᠡᠷᠡᠭᠳᠡᠪᠡ᠃ ᠬᠠ᠊ ᠪᠠᠭᠰᠢ ᠬᠥᠯ ᠨᠢ ᠭᠠᠵᠠᠷ ᠬᠦᠷᠬᠦ ᠦᠭᠡᠢ ᠪᠠᠶᠠᠷᠯᠠᠨ ᠣᠳᠣᠷᠢᠳᠬᠤ ᠪᠠᠶᠢᠷᠢᠨ ᠳᠤ ᠲᠡᠪᠰᠢᠨ ᠨᠢᠭᠡ ᠰᠡᠳᠬᠢᠯ ᠨᠢᠭᠡ ᠵᠣᠷᠢᠭ ᠢᠶᠠᠷ ᠬᠤᠰᠢᠭᠤ ᠨᠣᠳᠤᠭ ᠤᠨ ᠢᠶᠠᠨ ᠰᠤᠷᠭᠠᠨ ᠬᠦᠮᠦᠵᠢᠯ ᠤᠨ ᠦᠢᠯᠡᠰ ᠲᠤ ᠵᠢᠳᠬᠦᠭᠰᠡᠡ ᠪᠠᠶᠢᠨ᠎ᠠ᠃ ᠬᠠᠰᠡᠷᠳᠡᠨᠢ ᠵᠠᠬᠢᠷᠣᠯ ᠤᠨ ᠡᠷᠭᠢᠴᠡᠭᠦᠯᠬᠦ ᠪᠠᠷ᠄ ᠲᠡᠭᠡᠷ᠎ᠡ ᠵᠠᠭᠤᠨ ᠤ ᠲᠠᠯᠠᠭᠠᠳ ᠣᠨ ᠤ ᠰᠡᠭᠦᠯᠴᠢ ᠠᠴᠠ ᠡᠬᠢᠯᠡᠨ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠲᠤᠮᠳᠠᠳᠣ ᠰᠣᠷᠭᠠᠭᠤᠯᠢ ᠨᠢ ᠮᠣᠩᠭᠤᠯ ᠬᠢᠲᠠᠳ ᠬᠤᠶᠠᠷ ᠬᠡᠯᠡᠨ ᠤ ᠠᠩᠭᠢ ᠲᠠᠢ ᠪᠣᠯᠵᠤ᠂ ᠠᠭᠠᠵᠢᠮ ᠢᠶᠠᠷ ᠬᠢᠲᠠᠳ ᠰᠣᠷᠣᠭᠴᠢ ᠶᠢᠨ ᠨᠡᠮᠡᠭᠳᠡᠬᠦ ᠶᠢ ᠲᠠᠭᠠᠯᠳᠣᠨ ᠬᠢᠲᠠᠳ ᠬᠡᠯᠡᠨ ᠤ ᠠᠩᠭᠢ ᠠᠰᠳᠠᠭᠠᠨ ᠲᠤᠰᠠᠭᠠᠷᠯᠠᠭᠳᠠᠠ᠂ ᠰᠢᠨ᠎ᠡ ᠪᠠᠷᠭᠤ ᠪᠠᠷᠠᠭᠤᠨ ᠬᠤᠰᠢᠭᠤᠨ ᠤ ᠬᠤᠶᠠᠳᠣᠭᠠᠷ ᠲᠤᠮᠳᠠᠳᠣ ᠰᠣᠷᠭᠠᠭᠤᠯᠢ ᠭᠡᠵᠦ ᠵᠢᠩᠬᠢᠨᠢ ᠪᠠᠷ ᠪᠠᠶᠢᠭᠤᠯᠣᠭᠳᠠᠪᠠ᠃ 1983 ᠣᠨ ᠤ ᠬᠤᠰᠢᠭᠤᠨ ᠤ ᠵᠣᠬᠢᠶᠠᠨ ᠪᠠᠶᠢᠭᠤᠯᠤᠯᠲᠠ ᠠᠴᠠ ᠬᠠᠰᠡᠷᠳᠡᠨᠢ ᠪᠠᠭᠰᠢ ᠶᠢ ᠵᠢᠩᠬᠢᠨᠢ ᠪᠠᠷ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠲᠤᠮᠳᠠᠳᠣ ᠰᠣᠷᠭᠠᠭᠤᠯᠢ ᠶᠢᠨ ᠵᠠᠬᠢᠷᠣᠯ ᠪᠣᠯᠭᠠᠭᠰᠠᠠ ᠪᠠᠶᠢᠨ᠎ᠠ᠃ ᠨᠠᠶᠠᠭᠠᠳ ᠣᠨ ᠤ ᠡᠬᠢᠨ ᠠᠴᠠ ᠪᠠᠷᠠᠭᠤᠨ ᠬᠤᠰᠢᠭᠤᠨ ᠤ ᠨᠢᠭᠡᠳᠦᠭᠡᠷ ᠲᠤᠮᠳᠠᠳᠣ ᠰᠣᠷᠭᠠᠭᠤᠯᠢ ᠨᠢ ᠵᠢᠭᠠᠨ ᠰᠣᠷᠭᠠᠯᠳᠠ ᠶᠢᠨ ᠶᠠᠰᠣ ᠴᠢᠨᠠᠷ ᠮᠡᠳᠡᠭᠳᠡᠮ᠎ᠡ ᠲᠡᠭᠡᠭᠰᠢᠯᠡᠨ ᠪᠠᠭᠰᠢ ᠶᠢᠨ ᠡᠩᠨᠡᠭᠡ ᠪᠤᠵᠠᠭᠠᠶᠢᠷᠠᠨ ᠰᠣᠷᠣᠭᠴᠢ ᠨᠠᠷ ᠤᠨ ᠢᠷᠡᠯᠳᠡ ᠵᠢᠯ ᠢᠷᠡᠬᠦ ᠲᠣᠳᠣᠮ ᠨᠡᠮᠡᠭᠳᠡᠨ᠂ 1982 ᠣᠨ ᠠᠴᠠ 1988 ᠣᠨ ᠬᠦᠷᠲᠡᠯ᠎ᠡ ᠨᠠᠮ ᠲᠦᠷᠤ ᠶᠢᠨ ᠲᠤᠶᠠᠭᠠᠯᠠᠯ᠂ ᠲᠡᠭᠡᠳᠦ ᠱᠠᠳᠤ ᠪᠣᠯᠣᠨ ᠬᠤᠰᠢᠭᠤ ᠨᠠᠮ ᠤᠨ ᠬᠤᠷᠢᠶᠠᠨ ᠤ ᠬᠦᠴᠦᠳᠡᠢ ᠲᠡᠮᠵᠢᠯᠭᠡ ᠪᠠᠷ ᠨᠢᠭᠡᠳᠦᠭᠡᠷ ᠲᠤᠮᠳᠠᠳᠣ ᠰᠣᠷᠭᠠᠭᠤᠯᠢ ᠮᠠᠨᠢ ᠵᠢᠯ ᠠᠴᠠ ᠵᠢᠯ ᠴᠡᠴᠡᠭᠯᠡᠨ ᠬᠦᠭᠵᠢᠵᠦ᠂ ᠰᠣᠷᠭᠠᠭᠤᠯᠢ ᠶᠢᠨ ᠡᠯ᠎ᠡ ᠲᠠᠯ᠎ᠠ ᠶᠢᠨ ᠨᠦᠬᠦᠴᠡᠯ ᠰᠠᠶᠢᠵᠢᠷᠠᠨ᠂ ᠲᠣᠲᠤᠨ᠎ᠠ ᠭᠠᠳᠠᠨ᠎ᠠ ᠠᠴᠠ ᠪᠠᠭᠰᠢ ᠶᠢᠨ ᠲᠤᠰᠬᠠᠢ ᠮᠡᠷᠭᠡᠵᠢᠯ ᠰᠣᠷᠣᠭᠰᠠᠠ ᠶᠡᠭᠡ ᠰᠣᠷᠭᠠᠭᠤᠯᠢ ᠶᠢᠨ ᠨᠠᠮᠳᠠᠷ ᠲᠠᠢ ᠰᠢᠨ᠎ᠡ ᠪᠠᠭᠰᠢᠨᠠᠷ ᠬᠤᠪᠢᠶᠠᠷᠢᠯᠠᠭᠳᠠᠠ ᠢᠷᠡᠵᠦ᠂ ᠵᠢᠭᠠᠨ ᠰᠣᠷᠭᠠᠯᠳᠠ ᠶᠢᠨ ᠲᠠᠯ᠎ᠠ ᠳᠤ ᠶᠡᠭᠡ ᠦᠭᠡᠷᠡᠴᠢᠯᠡᠯᠳᠡ ᠶᠢ ᠠᠪᠴᠢᠷᠠᠵᠠᠢ᠃ ᠰᠣᠷᠣᠭᠴᠢ ᠶᠢᠨ ᠢᠷᠡᠯᠲᠡ ᠨᠡᠮᠡᠭᠳᠡᠨ ᠠᠩᠬ᠎ᠠ ᠵᠡᠷᠭᠡ ᠶᠢᠨ ᠨᠢᠭᠡᠳᠦᠭᠡᠷ ᠣᠨ ᠠᠴᠠ ᠠᠩᠬ᠎ᠠ ᠵᠡᠷᠬᠡ ᠶᠢᠨ ᠭᠤᠷᠪᠠᠳᠣᠭᠠᠷ ᠣᠨ ᠬᠦᠷᠲᠡᠯ᠎ᠡ ᠣᠨ ᠪᠦᠯᠦᠭ ᠪᠦᠷᠢ ᠨᠠᠢᠮᠠᠨ ᠠᠩᠭᠢ  ᠲᠠᠢ᠂ ᠲᠡᠭᠡᠳᠦ ᠵᠡᠷᠬᠡ ᠲᠣᠮᠳᠠᠳᠣ ᠰᠣᠷᠭᠠᠭᠤᠯᠢ ᠲᠠᠢ ᠨᠡᠶᠢᠯᠡᠭᠡᠳ ᠮᠢᠩᠭ᠎ᠠ ᠢᠯᠡᠭᠦᠣ ᠰᠣᠷᠣᠭᠴᠢ ᠲᠠᠢ ᠪᠣᠯᠵᠤ᠂ ᠲᠡᠷᠡ ᠥᠶ᠎ᠡ ᠶᠢᠨ ᠪᠦᠷᠢᠳᠬᠡᠯ ᠢ ᠦᠨᠳᠣᠰᠣᠯᠡᠪᠡᠯ᠂ ᠪᠠᠷᠠᠭᠤᠨ ᠬᠤᠰᠢᠭᠤᠨ ᠠᠴᠠ ᠰᠣᠷᠭᠠᠭᠤᠯᠢ ᠲᠠᠪᠰᠢᠬᠤ ᠰᠣᠷᠣᠭᠴᠢ ᠶᠢᠨ ᠲᠤᠭ᠎ᠠ ᠨᠤᠷᠮ᠎ᠠ ᠬᠠᠮᠤᠭ ᠣᠯᠠᠨ ᠪᠠᠶᠢᠵᠣ ᠬᠠᠶᠢᠯᠠᠷ ᠤᠨ ᠨᠢᠭᠡᠳᠦᠭᠡᠷ ᠲᠤᠮᠳᠠᠳᠣ ᠰᠤᠷᠭᠠᠭᠤᠯᠢ᠂ ᠬᠠᠶᠢᠯᠠᠷ ᠤᠨ ᠮᠣᠩᠭᠤᠯ ᠦᠨᠳᠣᠰᠣᠳᠡᠨ ᠤ ᠪᠠᠭᠰᠢ ᠶᠢᠨ ᠰᠣᠷᠭᠠᠭᠤᠯᠢ᠂ ᠪᠣᠰᠣᠳ ᠲᠤᠰᠬᠠᠢ ᠮᠡᠷᠭᠡᠵᠢᠯ ᠤᠨ ᠰᠣᠷᠭᠠᠭᠤᠯᠢ ᠳᠤ ᠰᠢᠯᠭᠠᠭᠳᠠᠨ ᠣᠷᠣᠭᠰᠠᠠ ᠪᠠᠶᠢᠨ᠎ᠠ᠃ ᠰᠣᠷᠭᠠᠭᠤᠯᠢ ᠶᠢᠨ ᠵᠠᠬᠢᠷᠣᠯ ᠤᠨ ᠠᠯᠪᠠᠨ ᠳᠤ ᠠᠵᠢᠯᠯᠠᠭᠰᠠᠠ ᠠᠴᠠ ᠰᠣᠷᠭᠠᠭᠤᠯᠢ ᠶᠢᠨ ᠪᠦᠬᠦ ᠲᠠᠯ᠎ᠠ ᠶᠢᠨ ᠬᠠᠮᠢᠶᠠᠷᠣᠯᠳᠠ ᠶᠢ ᠴᠢᠩᠭᠠᠳᠬᠠᠨ᠂ ᠬᠠᠳᠠᠭᠤ ᠵᠦᠭᠡᠯᠡᠨ ᠲᠤᠨᠤᠭ ᠤᠨ ᠲᠠᠯ᠎ᠠ ᠳᠤ ᠣᠯᠠᠨ ᠠᠷᠪᠢᠨ ᠰᠢᠨᠡᠴᠢᠯᠡᠯᠲᠡ ᠦᠭᠡᠷᠡᠴᠢᠯᠡᠯᠳᠡ ᠶᠢ ᠶᠠᠪᠣᠭᠳᠠᠭᠤᠯᠪᠠ᠃ 1982 ᠣᠨ ᠳᠤ ᠨᠢᠭᠡᠳᠦᠭᠡᠷ ᠲᠤᠮᠳᠠᠳᠣ ᠰᠤᠷᠭᠠᠭᠤᠯᠢ ᠶᠢᠨ ᠬᠦᠷᠢᠶ᠎ᠡ ᠶᠢ ᠦᠷᠭᠡᠳᠬᠡᠨ ᠲᠤᠭᠲᠠᠪᠣᠷᠢᠵᠢᠭᠤᠯᠬᠤ ᠳᠤ ᠬᠤᠰᠢᠭᠤ ᠵᠠᠰᠠᠭ ᠢ ᠣᠯᠠᠨ ᠤᠳᠠᠭ᠎ᠠ ᠡᠷᠢᠵᠦ ᠵᠦᠪᠰᠢᠶᠡᠷᠡᠭᠦᠯᠦᠨ᠂ ᠬᠤᠶᠠᠷ ᠮᠧᠲᠷ ᠬᠢᠷᠢᠲᠡᠢ ᠦᠨᠳᠣᠷ ᠴᠢᠯᠠᠭᠤᠨ ᠬᠡᠷᠡᠮ ᠪᠤᠰᠬᠠᠨ᠂ ᠰᠤᠷᠭᠠᠭᠤᠯᠢ ᠶᠢᠨ ᠬᠦᠷᠢᠶᠡᠨ ᠳᠤ ᠦᠷᠭᠡᠨ ᠠᠭᠤᠳᠠᠮ ᠰᠣᠷᠣᠭᠴᠢᠳ ᠤᠨ ᠨᠠᠭᠠᠳᠣᠨ ᠲᠤᠭᠯᠠᠬᠤ ᠲᠠᠮᠢᠷ ᠤᠨ ᠲᠠᠯᠠᠪᠣᠷ᠂ ᠰᠠᠭᠰᠣᠨ ᠪᠦᠮᠪᠦᠭᠡ ᠶᠢᠨ ᠲᠠᠯᠠᠪᠣᠷ᠂ ᠪᠠᠶᠢᠷᠢ ᠶᠢᠨ ᠭᠡᠷ᠂ ᠬᠤᠭᠤᠯᠠᠨ ᠲᠢᠩᠬᠢᠮ ᠵᠡᠷᠬᠡ ᠶᠢ ᠪᠠᠶᠢᠭᠤᠯᠵᠣ᠂ ᠣᠳᠣ ᠪᠣᠯᠳᠠᠯ᠎ᠠ ᠣᠣᠯ ᠤᠨ ᠰᠣᠷᠭᠠᠭᠤᠯᠢ ᠶᠢᠨ ᠬᠦᠷᠢᠶᠡᠨ ᠤ ᠬᠡᠪ ᠵᠠᠭᠪᠣᠷ ᠢ ᠬᠡᠷᠡᠭᠯᠡᠭᠰᠡᠭᠡᠷ ᠪᠠᠶᠢᠨ᠎ᠠ᠃        ᠡᠯ᠎ᠡ ᠲᠠᠯ᠎ᠠ ᠶᠢᠨ ᠦᠨᠳᠣᠰᠣᠨ ᠨᠦᠬᠦᠴᠡᠯ ᠰᠠᠶᠢᠵᠢᠷᠠᠨ᠂ ᠲᠦᠷᠦᠯ ᠪᠦᠷᠢ ᠶᠢᠨ ᠪᠡᠯᠡᠳᠬᠡᠯ ᠲᠦᠭᠦᠭᠡᠷᠣᠮᠵᠢ ᠨᠡᠯᠢᠶᠡᠳ ᠪᠦᠷᠢᠨ ᠲᠦᠬᠦᠷ ᠪᠣᠯᠵᠤ᠂ ᠬᠢᠴᠢᠶᠡᠯᠯᠡᠭᠡ ᠶᠢᠨ ᠶᠠᠰᠤ ᠴᠢᠨᠠᠷ ᠤᠨ ᠪᠠᠷᠢᠮᠵᠢᠶ᠎ᠡ ᠲᠡᠭᠡᠭᠰᠢᠯᠡᠨ᠂ ᠰᠣᠷᠣᠭᠴᠢ ᠶᠢ ᠪᠦᠬᠦ ᠲᠠᠯ᠎ᠠ ᠪᠠᠷ ᠬᠦᠮᠦᠵᠢᠭᠦᠯᠬᠦ ᠪᠠᠷ ᠦᠨᠳᠣᠰᠣᠨ ᠵᠤᠷᠢᠯᠳᠠ ᠪᠠᠨ ᠪᠣᠯᠭᠠᠭᠰᠠᠭᠠᠷ ᠢᠷᠡᠪᠡ᠃ ᠣᠯᠣᠰ ᠣᠷᠣᠨ ᠠᠴᠠ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠲᠤᠮᠳᠠᠳᠣ ᠰᠣᠷᠭᠠᠭᠤᠯᠢ ᠶᠢ ᠬᠢᠯᠢ ᠬᠢᠵᠠᠭᠠᠷ ᠣᠷᠣᠨ ᠤ ᠴᠣᠯᠣ ᠮᠣᠩᠭᠤᠯ ᠢᠶᠠᠷ ᠬᠢᠴᠢᠶᠡᠯᠯᠡᠬᠦ ᠦᠨᠳᠣᠰᠣᠨ ᠴᠢᠳᠠᠪᠤᠷᠢᠳᠠᠠ ᠢ ᠬᠦᠮᠦᠵᠢᠭᠦᠯᠬᠦ ᠦᠨᠳᠣᠰᠣᠳᠡᠨ ᠤ ᠭᠤᠤᠯᠳᠠᠯᠭ᠎ᠠ ᠰᠤᠷᠭᠠᠭᠤᠯᠢ ᠬᠡᠮᠡᠨ ᠱᠠᠩᠨᠠᠠ ᠬᠦᠬᠢᠭᠦᠯᠵᠦ᠂ ᠪᠦᠲᠦᠭᠡᠨ ᠪᠠᠶᠢᠭᠤᠯᠣᠯᠳᠠ ᠶᠢᠨ ᠲᠠᠯ᠎ᠠ ᠳᠤ ᠲᠠᠪᠣᠨ ᠲᠠᠪᠬᠤᠷ ᠰᠢᠨ᠎ᠡ ᠵᠢᠭᠠᠨ ᠰᠣᠷᠭᠠᠯᠳᠠ ᠶᠢᠨ ᠠᠰᠠᠷ ᠢ ᠪᠠᠶᠢᠭᠤᠯᠣᠨ ᠥᠭᠴᠦ᠂ ᠰᠤᠷᠭᠠᠭᠤᠯᠢ ᠶᠢᠨ ᠬᠦᠷᠢᠶᠡᠨ ᠳᠤ ᠪᠠᠨ ᠰᠢᠨ᠎ᠡ ᠲᠤᠭᠤᠰᠬᠠᠨ ᠪᠠᠶᠢᠷᠢ ᠶᠢᠨ ᠭᠡᠷ᠂ ᠬᠤᠭᠤᠯᠠᠨ ᠭᠡᠷ ᠲᠠᠢ ᠪᠣᠯᠪᠠ᠃ ᠣᠷᠣᠯᠭ᠎ᠠ ᠵᠠᠷᠣᠯᠭ᠎ᠠ ᠶᠢᠨ ᠲᠡᠩᠴᠡᠪᠣᠷᠢ ᠶᠢ ᠪᠠᠳᠣᠯᠠᠬᠤ ᠶᠢᠨ ᠲᠦᠯᠦᠭᠡ᠂ ᠬᠤᠰᠢᠭᠤ ᠵᠠᠰᠠᠭ ᠤᠨ ᠣᠷᠳᠣᠨ ᠤ ᠢᠳᠡᠪᠬᠢᠳᠡᠢ ᠲᠡᠮᠵᠢᠯᠭᠡ ᠪᠠᠷ ᠰᠣᠷᠭᠠᠭᠤᠯᠢ ᠶᠢᠨ ᠲᠤᠰᠬᠠᠢ ᠮᠠᠯᠵᠢᠯ ᠤᠨ ᠲᠠᠯᠠᠪᠠᠢ ᠲᠠᠢ ᠪᠣᠯᠵᠤ᠂ ᠮᠠᠯ ᠣᠨᠤᠭ᠎ᠠ ᠲᠡᠵᠢᠭᠡᠨ ᠮᠢᠩᠭ᠎ᠠ ᠭᠠᠷᠣᠢ ᠬᠤᠨᠢ ᠲᠠᠢ ᠪᠣᠯᠣᠭᠰᠠᠠ ᠠᠴᠠ ᠰᠣᠷᠭᠠᠭᠤᠯᠢ ᠶᠢᠨ ᠢᠶᠠᠨ ᠨᠦᠬᠦᠪᠦᠷᠢ ᠣᠷᠣᠯᠭ᠎ᠠ ᠶᠢ ᠨᠡᠮᠡᠭᠳᠡᠭᠦᠯᠦᠨ᠂ ᠪᠠᠭᠰᠢᠨᠠᠷ ᠤᠨ ᠨᠠᠮᠣᠷ ᠤᠨ ᠡᠷᠡᠨ ᠤ ᠨᠣᠭᠤᠭ᠎ᠠ ᠴᠠᠭ᠎ᠠ᠂ ᠦᠬᠡᠷ ᠬᠤᠨᠢ ᠨᠢᠳᠣᠯᠠᠨ ᠪᠦᠬᠦ ᠪᠠᠭᠰᠢᠨᠠᠷ ᠲᠤ ᠪᠠᠨ ᠢᠳᠡᠯᠭᠡ ᠭᠠᠷᠭᠠᠬᠤ᠂ ᠪᠠᠶᠢᠷᠢ ᠶᠢᠨ ᠰᠣᠷᠣᠭᠴᠢᠳ ᠤᠨ ᠢᠳᠡᠬᠦ ᠬᠤᠭᠤᠯᠠᠨ ᠤ ᠨᠦᠬᠦᠴᠡᠯ ᠢ ᠰᠠᠶᠢᠵᠢᠷᠠᠭᠤᠯᠬᠤ ᠳᠤ ᠶᠡᠬᠡᠬᠡᠨ ᠲᠤᠰᠠ ᠪᠣᠯᠪᠠ᠃        ᠬᠦᠯᠦᠨ ᠪᠣᠶᠢᠷ ᠠᠶᠢᠮᠠᠭ ᠤᠨ ᠬᠠᠮᠢᠶᠠᠳᠠᠢ ᠰᠠᠯᠠᠭ᠎ᠠ ᠮᠦᠴᠢᠷ ᠠᠴᠠ ᠰᠢᠨ᠎ᠡ ᠪᠠᠷᠭᠤ ᠪᠠᠷᠠᠭᠤᠨ ᠬᠤᠰᠢᠭᠤᠨ ᠤ ᠡᠯ᠎ᠡ ᠲᠠᠯ᠎ᠠ ᠶᠢᠨ ᠨᠦᠬᠦᠴᠡᠯ ᠪᠣᠯᠣᠮᠵᠢ ᠶᠢ ᠪᠠᠶᠢᠴᠠᠭᠠᠨ ᠦᠵᠡᠭᠰᠡᠡ ᠤ ᠳᠠᠷᠠᠭ᠎ᠠ ᠦᠨᠳᠣᠷ ᠦᠨᠡᠯᠡᠯᠲᠡ ᠥᠭᠴᠦ᠂ ᠠᠶᠢᠮᠠᠭ ᠤᠨ ᠲᠡᠰ ᠤᠨ ᠪᠠᠷᠢᠮᠵᠢᠶ᠎ᠠ ᠳᠤ ᠬᠦᠷᠦᠭᠰᠡᠡ ᠦᠨᠳᠣᠰᠣᠳᠡᠨ ᠤ ᠭᠤᠣᠯᠳᠠᠭ᠎ᠠ ᠲᠠᠢ ᠲᠤᠮᠳᠠᠳᠣ ᠰᠣᠷᠭᠠᠭᠤᠯᠢ ᠬᠡᠵᠦ ᠨᠡᠷᠡᠶᠢᠳᠴᠡᠢ᠃ ᠨᠢᠭᠡᠳᠦᠭᠡᠷ ᠲᠤᠮᠳᠠᠳᠣ ᠰᠤᠷᠭᠠᠭᠤᠯᠢ ᠨᠢ ᠬᠤᠰᠢᠭᠤ ᠠᠶᠢᠮᠠᠭ ᠤᠨ ᠲᠡᠰ ᠤᠨ ᠬᠦᠬᠢᠭᠦᠯᠦᠯ ᠱᠠᠩᠨᠠᠯ ᠢ ᠣᠯᠠᠨ ᠤᠳᠠᠭ᠎ᠠ ᠲᠤᠰᠴᠣ᠂ ᠪᠦᠬᠦ ᠪᠠᠭᠰᠢ ᠠᠵᠢᠯᠳᠠᠨ ᠤ ᠪᠠᠶᠠᠷ ᠤᠨ ᠮᠠᠩᠨᠠᠢ ᠳᠤ ᠢᠨᠢᠶᠡᠮᠰᠦᠭᠯᠡᠯ ᠲᠣᠳᠣᠷᠠᠨ᠂ ᠪᠠᠷᠭᠤ ᠨᠣᠳᠤᠭ ᠤᠨ ᠰᠣᠶᠣᠯ ᠤᠨ ᠪᠣᠳᠠ ᠴᠡᠴᠡᠭ ᠢᠳᠡᠷᠡᠭᠦᠨ ᠪᠣᠶᠢᠵᠢᠵᠤ᠂ ᠨᠡᠶᠢᠭᠡᠮ ᠨᠡᠶᠢᠲᠡ ᠶᠢᠨ ᠰᠠᠶᠢᠨ ᠦᠨᠡᠯᠡᠯᠲᠡ ᠶᠢ ᠬᠦᠷᠳᠡᠭᠰᠡᠭᠡᠷ ᠢᠷᠡᠪᠡ᠃ ᠡᠳᠡᠭᠡᠷ ᠪᠠᠶᠠᠷ ᠪᠠᠶᠠᠰᠣᠯ ᠤᠨ ᠠᠷᠣ ᠳᠤ ᠰᠤᠷᠭᠠᠨ ᠬᠦᠮᠦᠵᠢᠯ ᠤᠨ ᠴᠡᠴᠡᠷᠯᠢᠭᠴᠢ ᠪᠣᠯᠣᠭᠰᠠᠠ ᠪᠦᠬᠦ ᠪᠠᠭᠰᠢ ᠠᠵᠢᠯᠳᠠᠳ ᠤᠨ ᠰᠢᠷᠭᠠᠭᠤ ᠴᠢᠷᠮᠠᠶᠢᠯᠭ᠎ᠠ ᠠᠴᠠ ᠭᠠᠳᠠᠨ᠎ᠠ᠂ ᠰᠣᠷᠭᠠᠭᠤᠯᠢ ᠶᠢᠨ ᠵᠠᠬᠢᠷᠣᠯ ᠪᠣᠯᠣᠭᠰᠠᠠ ᠬᠠᠰᠡᠷᠳᠡᠨᠢ ᠨᠦᠬᠦᠷ ᠤᠨ ᠤᠶᠢᠭ᠎ᠠ ᠦᠭᠡᠢ ᠬᠦᠳᠡᠯᠮᠣᠷᠢ᠂ ᠵᠢᠯᠣᠭᠤᠳᠣᠯᠭ᠎ᠠ ᠠᠴᠠ ᠰᠠᠯᠵᠦ ᠴᠢᠳᠠᠰᠢ ᠦᠭᠡᠢ ᠪᠢᠯᠡ᠃        ᠪᠠᠶᠠᠷ ᠲᠡᠭᠡᠷ᠎ᠡ ᠪᠠᠮᠪᠠᠷ᠂ ᠪᠠᠮᠪᠠᠷ ᠲᠡᠭᠡᠷ᠎ᠡ ᠰᠢᠬᠦᠷ ᠭᠡᠳᠡᠭᠴᠢᠯᠡᠨ᠂ 1989 ᠣᠨ ᠳᠤ ᠣᠯᠣᠰ ᠤᠨ ᠰᠣᠷᠭᠠᠨ ᠬᠦᠮᠦᠵᠢᠯ ᠤᠨ ᠶᠠᠮᠳ ᠠᠴᠠ ᠬᠠᠰᠡᠷᠳᠡᠨᠢ ᠨᠦᠬᠦᠷ ᠢ ︽ᠣᠯᠣᠰ ᠤᠨ ᠲᠡᠰ ᠤᠨ ᠰᠢᠯᠢᠳᠡᠭ ᠪᠠᠭᠰᠢ︾ ᠪᠠᠷ ᠬᠦᠬᠢᠭᠦᠯᠦᠨ ᠱᠠᠩᠨᠠᠵᠤ᠂ ᠡᠯ᠎ᠡ ᠬᠡᠪᠯᠡᠯ ᠮᠡᠳᠡᠭᠡᠯᠡᠯ ᠳᠤ ᠨᠡᠶᠢᠲᠡᠯᠡᠨ ᠬᠠ᠊ ᠪᠠᠭᠰᠢ ᠮᠠᠰᠢ ᠶᠡᠭᠡ ᠪᠠᠶᠠᠷᠯᠠᠨ ᠲᠤᠭᠳᠣᠯᠵᠣ ᠤᠯᠠᠮ ᠢᠯᠡᠭᠦᠦ ᠴᠢᠷᠮᠠᠶᠢᠨ ᠠᠵᠢᠯᠯᠠᠬᠤ ᠪᠠᠷ ᠵᠣᠷᠢᠭ ᠰᠢᠢᠳᠴᠡᠢ᠃ ᠣᠯᠣᠭᠰᠠᠠ ᠱᠠᠩᠨᠠᠯ ᠤᠨ ᠮᠦᠩᠭᠦ 500 ᠲᠦᠭᠦᠷᠢᠭ ᠢᠶᠠᠨ ᠰᠣᠷᠭᠠᠭᠤᠯᠢ ᠶᠢᠨ ᠠᠯᠪᠠᠨ ᠵᠠᠷᠣᠳᠠᠯ ᠳᠤ ᠰᠢᠯᠵᠢᠭᠦᠯᠦᠨ ᠬᠡᠷᠡᠭᠯᠡᠭᠦᠯᠪᠡ᠃ 1990 ᠣᠨ ᠳᠤ ᠦᠪᠣᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠲᠦᠩᠯᠢᠶᠣᠣ ᠬᠤᠲᠠ᠂ ᠣᠯᠠᠭᠠᠨᠬᠠᠳᠠ ᠬᠤᠲᠠ ᠳᠤ ᠪᠣᠯᠣᠭᠰᠠᠠ ᠦᠨᠳᠣᠰᠣᠳᠡᠨ ᠤ ᠲᠤᠮᠳᠠᠳᠣ ᠪᠠᠭ᠎ᠠ ᠰᠣᠷᠭᠠᠭᠤᠯᠢ ᠶᠢᠨ ᠰᠤᠷᠭᠠᠨ ᠬᠦᠮᠦᠵᠢᠯ ᠤᠨ ᠵᠢᠭᠠᠨ ᠰᠣᠷᠭᠠᠯᠳᠠ᠂ ᠲᠤᠷᠰᠢᠯᠳᠠ ᠶᠢᠨ ᠲᠠᠰᠤᠭ ᠤᠨ ᠪᠦᠲᠦᠭᠡᠨ ᠪᠠᠶᠢᠭᠤᠯᠤᠯᠲᠠ ᠶᠢᠨ ᠠᠵᠢᠯ ᠤᠨ ᠪᠠᠶᠢᠷᠢ ᠶᠢᠨ ᠬᠤᠷᠠᠯᠳᠣᠭᠠᠨ ᠳᠤ ᠬᠦᠯᠣᠨ ᠪᠣᠶᠢᠷ ᠤᠨ ᠠᠶᠢᠮᠠᠭ ᠤᠨ ᠵᠢᠭᠠᠬᠤ ᠶᠢ ᠰᠣᠳᠣᠯᠬᠤ ᠭᠠᠵᠠᠷ ᠠᠴᠠ ᠶᠠᠷᠢᠯᠴᠠᠨ ᠲᠣᠭᠳᠠᠵᠣ ᠮᠠᠯᠵᠢᠬᠤ ᠲᠦᠷᠪᠡᠨ ᠬᠤᠰᠢᠭᠤᠨ ᠠᠴᠠ ᠴᠣᠷ ᠤᠨ ᠭᠠᠭᠴᠠ ᠬᠠᠰᠡᠷᠳᠡᠨᠡᠢ ᠨᠦᠬᠦᠷ ᠢ ᠲᠤᠮᠢᠯᠠᠨ ᠣᠷᠣᠯᠴᠠᠭᠤᠯᠣᠭᠰᠠᠠ ᠶᠤᠮ᠃ ᠭᠡᠪᠡᠴᠦ ᠡᠳᠡᠭᠡᠷ ᠦᠩᠭᠡ ᠭᠡᠷᠡᠯ ᠢ ᠬᠤᠪᠢ  ᠶᠢᠨ ᠭᠡᠵᠦ ᠪᠣᠳᠤᠭ᠎ᠠ ᠦᠭᠡᠢ᠂ ᠬᠤᠷᠠᠯ ᠳᠤ ᠣᠷᠣᠯᠴᠠᠭᠰᠠᠠ ᠲᠡᠷᠢᠭᠦᠨ ᠤ ᠲᠤᠷᠰᠢᠯᠭ᠎ᠠ ᠶᠢ ᠪᠦᠬᠦ ᠪᠠᠭᠰᠢᠨᠠᠷ ᠲᠤ ᠣᠯᠠᠮᠵᠢᠯᠠᠨ ᠰᠣᠷᠣᠯᠴᠠᠵᠤ᠂ ᠰᠣᠷᠭᠠᠭᠤᠯᠢ ᠶᠢᠨ ᠪᠦᠬᠦ ᠲᠠᠯ᠎ᠠ ᠶᠢᠨ ᠬᠦᠭᠵᠢᠨ ᠴᠡᠴᠡᠭᠯᠡᠯᠳᠡ ᠳᠤ ᠵᠣᠷᠢᠭᠤᠯᠣᠭᠰᠠᠠ ᠪᠠᠶᠢᠨ᠎ᠠ᠃
 
ᠢᠷᠡᠯᠲᠡ᠄ ᠰᠢᠨ᠎ᠡ ᠪᠠᠷᠭᠤ ᠪᠠᠷᠠᠭᠤᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号