ᠰᠣᠷᠭᠠᠭᠤᠯᠢ ᠶᠢᠨ ᠵᠢᠭᠠᠨ ᠰᠣᠷᠭᠠᠯᠳᠠ᠂ ᠬᠠᠮᠢᠶᠠᠷᠣᠯᠳᠠ ᠦᠭᠡᠷᠡᠴᠢᠯᠡᠯᠳᠡ ᠶᠢᠨ ᠪᠠᠶᠢᠳᠠᠯ | ᠰᠣᠷᠭᠠᠭᠤᠯᠢ ᠪᠣᠯ ᠬᠦᠮᠦᠨ ᠢ ᠬᠦᠮᠦᠵᠢᠭᠦᠯᠬᠦ ᠲᠤᠰᠬᠠᠢ ᠰᠠᠭᠤᠷᠢᠨ ᠭᠠᠵᠠᠷ ᠪᠣᠯᠣᠨ᠎ᠠ᠃ ᠡᠶᠢᠮᠣ ᠠᠴᠠ | ᠵᠢᠭᠠᠨ ᠰᠣᠷᠭᠠᠬᠤ ᠶᠠᠰᠦ ᠴᠢᠨᠠᠷ ᠢ ᠲᠡᠭᠡᠭᠰᠢᠯᠡᠭᠦᠯᠦᠨ ᠰᠣᠷᠣᠭᠴᠢ ᠶᠢᠨ ᠠᠪᠢᠶᠠᠰ ᠴᠢᠳᠠᠪᠣᠷᠢ ᠶᠢ ᠬᠦᠨᠳᠣᠳᠬᠡᠨ ᠬᠡᠪ | ᠴᠢᠨᠠᠷ ᠤᠨ ᠰᠣᠷᠭᠠᠨ ᠬᠦᠮᠦᠵᠢᠯ ᠢ ᠬᠠᠰᠡᠷᠳᠡᠨᠢ ᠪᠠᠭᠰᠢ ᠠᠵᠢᠯᠯᠠᠵᠦ ᠪᠠᠶᠢᠬᠤ ᠬᠤᠭᠤᠴᠠᠭᠠᠨ ᠳᠤ ᠪᠠᠨ ᠰᠣᠷᠭᠠᠭᠤᠯᠢ | ᠶᠢᠨ ᠬᠡᠪᠴᠢᠶᠡᠨ ᠳᠤ ᠬᠡᠷᠡᠭᠵᠢᠭᠦᠯᠦᠭᠰᠡᠭᠡᠷ ᠢᠷᠡᠪᠡ᠃ ᠪᠠᠭᠰᠢ ᠰᠣᠷᠣᠭᠴᠢᠳ ᠤᠨ ᠬᠠᠮᠳᠣ ᠶᠢᠨ ᠲᠠᠭᠤᠨ ᠤ | ᠣᠷᠣᠯᠳᠤᠭᠠᠨ᠂ ᠠᠪᠢᠶᠠᠰᠣᠯᠢᠭ ᠰᠣᠷᠣᠭᠴᠢᠳ ᠤᠨ ᠪᠦᠵᠢᠭ ᠲᠠᠭᠤᠨ ᠤ ᠤᠷᠠᠨ ᠰᠠᠶᠢᠬᠠᠨ ᠤ ᠲᠤᠭᠯᠠᠯᠳᠠ᠂ | ᠮᠡᠳᠡᠯᠭᠡ ᠶᠢᠨ ᠣᠷᠣᠯᠳᠣᠭᠠᠨ᠂ ᠰᠤᠷᠭᠠᠭᠤᠯᠢ ᠶᠢᠨ ᠬᠡᠪᠴᠢᠶᠡᠨ ᠤ ᠲᠠᠮᠢᠷ ᠤᠨ ᠬᠦᠳᠡᠯᠭᠡᠭᠡᠨ᠂ ᠤᠷᠠᠨ ᠵᠢᠷᠤᠭ ᠤᠨ | ᠣᠷᠣᠯᠳᠣᠭᠠᠨ ᠵᠡᠷᠭᠡ ᠶᠢ ᠤᠳᠠᠭ᠎ᠠ ᠲᠠᠷᠠᠭᠠᠯᠠᠨ ᠶᠠᠪᠣᠭᠳᠠᠭᠤᠯᠣᠨ ᠤᠷᠮᠠᠰᠢᠭᠤᠯᠣᠭᠰᠠᠠ ᠠᠴᠠ ᠰᠣᠷᠤᠭᠴᠢ ᠨᠦᠬᠦᠳ | ᠤᠨ ᠥᠪᠡᠷ ᠤᠨ ᠤᠷ᠎ᠠ ᠠᠪᠢᠶᠠᠰ ᠢᠶᠠᠨ ᠲᠠᠨᠢᠨ ᠮᠡᠳᠡᠷᠡᠬᠦ᠂ ᠠᠪᠢᠶᠠᠰᠣᠯᠢᠭ ᠰᠣᠷᠣᠭᠴᠢᠳ ᠤᠨ ᠬᠤᠶᠢᠰᠢᠳᠠ ᠶᠢᠨ | ᠬᠦᠭᠵᠢᠯᠳᠡ ᠶᠢᠨ ᠵᠠᠮ ᠳᠤ ᠨᠢ ᠬᠦᠰᠡᠯᠡᠩ ᠤᠨ ᠵᠢᠭᠦᠷ ᠣᠷᠭᠤᠭᠤᠯᠵᠤ ᠦᠭᠭᠦᠭᠰᠡᠡ ᠶᠤᠮ᠃ ᠠᠪᠤ ᠶᠢᠨ ᠬᠡᠣᠬᠡᠳ | ᠠᠳᠠᠯᠢ ᠦᠭᠡᠢ᠂ ᠠᠷᠪᠠᠨ ᠬᠤᠷᠣᠭᠤ ᠲᠡᠭᠰᠢ ᠦᠭᠡᠢ ᠭᠡᠳᠡᠭ ᠢᠶᠠᠷ᠂ ᠠᠯᠢ ᠴᠦ ᠣᠨ ᠪᠦᠯᠦᠭ ᠤᠨ ᠠᠩᠭᠢ ᠪᠦᠷᠢ ᠳᠤ | ᠰᠣᠷᠤᠯᠭ᠎ᠠ ᠰᠠᠶᠢᠲᠠᠢ ᠰᠣᠷᠣᠭᠴᠢ ᠪᠠᠶᠢᠬᠤ ᠳᠤ ᠴᠣᠪᠣᠭᠤ ᠲᠡᠭᠵᠢᠨ ᠲᠦᠢᠳᠬᠡᠷ ᠰᠣᠷᠣᠭᠴᠢ ᠴᠤ ᠮᠣᠩᠳᠠᠬᠤ ᠦᠬᠡᠢ᠃ | ᠠᠩᠬ᠎ᠠ ᠵᠡᠷᠭᠡ ᠶᠢᠨ ᠲᠤᠮᠳᠠᠳᠣ ᠰᠤᠷᠭᠠᠭᠤᠯᠢ ᠶᠢᠨ ᠰᠣᠷᠣᠭᠴᠢ ᠶᠠᠭ ᠰᠠᠶᠢᠬᠠᠨ ᠦᠰᠣᠨ ᠪᠣᠶᠢᠵᠢᠵᠣ ᠪᠠᠶᠢᠭ᠎ᠠ | ᠰᠣᠨᠢᠭᠤᠴᠢ ᠡᠷᠡᠨ ᠳᠤ ᠪᠠᠨ ᠪᠠᠶᠢᠳᠠᠭ ᠤᠴᠢᠷ ᠠᠴᠠ ᠵᠠᠷᠢᠮ ᠰᠣᠷᠣᠭᠴᠢᠳ ᠨᠡᠶᠢᠭᠡᠮ ᠤᠨ ᠲᠡᠭᠰᠢ ᠪᠣᠰᠤ ᠰᠣᠷᠳᠠᠯ ᠳᠤ | ᠠᠮᠠᠷᠬᠠᠨ ᠦᠷᠳᠦᠬᠦ ᠶᠠᠪᠣᠳᠠᠯ ᠭᠠᠷᠴᠤ ᠮᠡᠳᠡᠬᠦ ᠶᠤᠮ᠃ ᠬᠠᠰᠡᠷᠳᠡᠨᠢ ᠵᠠᠬᠢᠷᠣᠯ ᠥᠪᠡᠷ ᠤᠨ ᠪᠡᠶ᠎ᠡ ᠪᠠᠷ ᠢᠶᠠᠨ | ᠲᠡᠷᠢᠭᠦᠯᠡᠨ ᠰᠣᠷᠭᠠᠭᠤᠯᠢ ᠶᠢᠨ ᠰᠠᠬᠢᠯᠭ᠎ᠠ ᠪᠠᠳᠦ᠂ ᠪᠠᠶᠢᠷᠢ ᠶᠢᠨ ᠰᠣᠷᠣᠭᠴᠢᠳ ᠤᠨ ᠠᠮᠣᠷ ᠲᠦᠪᠰᠢᠨ ᠢ ᠪᠠᠳᠣᠯᠠᠬᠤ | ᠵᠢᠵᠢᠭᠦᠷ ᠮᠠᠨᠠᠭ᠎ᠠ ᠶᠢ ᠲᠠᠰᠣᠷᠠᠯᠳᠠ ᠦᠭᠡᠢ ᠴᠢᠩᠭᠠᠳᠬᠠᠨ᠂ ᠬᠤᠰᠢᠭᠤᠨ ᠤ ᠲᠣᠳᠣᠭᠠᠳᠣ ᠶᠢ ᠬᠠᠮᠠᠭᠠᠯᠠᠬᠤ ᠰᠠᠯᠠᠭ᠎ᠠ | ᠮᠦᠴᠢᠷ ᠲᠠᠢ ᠬᠠᠷᠢᠯᠴᠠᠨ ᠪᠦᠬᠦ ᠰᠣᠷᠣᠭᠴᠢᠳ ᠲᠤ ᠨᠠᠰᠣᠨ ᠳᠤ ᠦᠯᠤ ᠬᠦᠷᠦᠭᠰᠡᠳ ᠤᠨ ᠬᠠᠣᠯᠢ ᠴᠠᠭᠠᠵᠠ ᠶᠢᠨ | ᠮᠡᠳᠡᠯᠭᠡ ᠶᠢᠨ ᠬᠢᠴᠢᠶᠡᠯ ᠣᠷᠣᠭᠤᠯᠳᠠᠭ ᠪᠠᠶᠢᠯ᠎ᠠ᠃ ᠠᠷᠭ᠎ᠠ ᠪᠦᠬᠦᠨ ᠢ ᠰᠦᠪᠡᠭᠴᠢᠯᠡᠨ ᠪᠠᠭᠰᠢ ᠰᠣᠷᠣᠭᠴᠢᠳ ᠤᠨ | ᠪᠦᠬᠦ ᠲᠠᠯ᠎ᠠ ᠶᠢᠨ ᠬᠠᠮᠢᠶᠠᠷᠣᠯᠳᠠ ᠶᠢ ᠴᠢᠩᠭ᠎ᠠ ᠠᠳᠬᠤᠭᠰᠠᠠ ᠠᠴᠠ᠂ ᠰᠣᠶᠣᠯ ᠮᠣᠷᠠᠯ ᠤᠨ ᠬᠦᠮᠦᠵᠢᠯ ᠤᠨ ᠲᠠᠯ᠎ᠠ ᠪᠠᠷ | ᠢᠯᠡᠷᠭᠡᠢ ᠠᠮᠵᠢᠯᠳᠠ ᠣᠯᠵᠣ᠂ ᠰᠣᠷᠭᠠᠭᠤᠯᠢ ᠶᠢᠨ ᠵᠢᠭᠠᠨ ᠰᠣᠷᠭᠠᠯᠳᠠ ᠶᠢᠨ ᠶᠠᠰᠣ ᠴᠢᠨᠠᠷ ᠢ ᠲᠡᠭᠡᠭᠰᠢᠯᠡᠬᠦᠯᠬᠦ ᠳᠤ | ᠴᠢᠬᠤᠯᠨ ᠦᠢᠯᠡᠳᠦᠯ ᠢ ᠦᠵᠡᠭᠦᠯᠦᠭᠰᠡᠡ ᠭᠡᠵᠦ ᠬᠠ᠊ ᠪᠠᠭᠰᠢ ᠲᠤᠭᠳᠣᠯᠣᠨ ᠶᠠᠷᠢᠨ᠎ᠠ᠃ | ᠨᠠᠶᠠᠭᠠᠳ ᠣᠨ ᠤ ᠲᠤᠮᠳᠠᠴᠢ ᠪᠣᠯᠬᠤ ᠥᠶ᠎ᠡ ᠳᠤ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ | ᠲᠤᠮᠳᠠᠳᠣ ᠰᠣᠷᠭᠠᠭᠤᠯᠢ ᠶᠢᠨ ᠪᠦᠬᠦ ᠲᠠᠯ᠎ᠠ ᠶᠢᠨ ᠪᠠᠶᠢᠳᠠᠯ ᠨᠡᠯᠢᠶᠡᠳ ᠲᠤᠭᠳᠠᠩᠭᠤᠢ ᠬᠦᠭᠵᠢᠯᠳᠡ ᠶᠢᠨ ᠱᠠᠳᠣᠨ ᠳᠤ | ᠣᠷᠣᠵᠣ᠂ ᠲᠡᠭᠡᠳᠦ ᠱᠠᠳᠣᠨ ᠤ ᠵᠢᠯᠣᠭᠤᠳᠣᠯᠭ᠎ᠠ ᠪᠠᠷ ᠵᠢᠭᠠᠨ ᠰᠣᠷᠭᠠᠯᠳᠠ ᠶᠢᠨ ᠰᠢᠨ᠎ᠡ ᠬᠢᠴᠢᠶᠡᠯᠯᠡᠭᠡ ᠶᠢᠨ ᠳᠦᠷᠢᠮ ᠢ | ᠬᠡᠷᠡᠭᠵᠢᠭᠦᠯᠦᠨ᠂ ᠰᠣᠷᠣᠭᠴᠢᠳ ᠤᠨ ᠰᠣᠷᠭᠠᠭᠤᠯᠢ ᠲᠠᠪᠰᠢᠬᠤ ᠨᠣᠷᠮ᠎ᠠ ᠵᠢᠯ ᠠᠴᠠ ᠵᠢᠯ ᠰᠠᠶᠢᠨ ᠬᠢᠷᠢ ᠪᠦᠳᠦᠮᠵᠢ ᠶᠢ | ᠡᠭᠦᠳᠴᠦ ᠪᠠᠶᠢᠪᠠ᠃ ᠣᠷᠣᠨ ᠨᠣᠳᠤᠭ ᠤᠨ ᠢᠶᠠᠨ ᠨᠢᠭᠡᠳᠦᠭᠡᠷ ᠲᠤᠮᠳᠠᠳᠣ ᠰᠣᠷᠭᠠᠭᠤᠯᠢ ᠠᠴᠠ ᠰᠣᠶᠣᠯ ᠤᠨ ᠰᠢᠮ᠎ᠡ ᠶᠢ | ᠬᠦᠷᠲᠡᠨ᠂ ᠦᠷᠭᠦᠯᠵᠢᠯᠡᠨ ᠦᠪᠡᠷ ᠤᠨ ᠴᠢᠷᠮᠠᠶᠢᠯᠭ᠎ᠠ ᠪᠠᠷ ᠢᠶᠠᠨ ᠨᠡᠩ ᠢᠯᠡᠬᠦᠣ ᠡᠷᠳᠡᠮ ᠤᠨ ᠲᠠᠯᠠᠢ ᠠᠴᠠ ᠰᠣᠪᠣᠳ | ᠱᠦᠬᠦᠨ ᠡᠷᠳᠡᠮ ᠤᠨ ᠵᠢᠭᠦᠷ ᠤᠨ ᠲᠠᠯᠢᠭ᠍ᠰᠡᠡ ᠡᠷᠳᠡᠮᠳᠡᠨ ᠴᠢᠳᠠᠪᠣᠷᠢᠳᠠᠨ ᠮᠣᠩ ᠦᠭᠡᠢ ᠣᠯᠠᠨ ᠭᠠᠷᠴᠠᠢ᠃ ᠡᠭᠦᠨ ᠤ | ᠲᠣᠳᠤᠷ᠎ᠠ ᠣᠯᠣᠰ ᠤᠨ ᠲᠣᠳᠣᠭᠠᠳᠣ ᠭᠠᠳᠠᠭᠠᠳᠣ ᠶᠢᠨ ᠨᠡᠷᠡᠳᠡᠢ ᠶᠡᠭᠡ ᠰᠤᠷᠭᠠᠭᠤᠯᠢ ᠠᠴᠠ ᠲᠡᠭᠦᠰᠣᠨ ᠡᠷᠳᠡᠮ ᠤᠨ | ᠵᠡᠷᠭᠡ ᠬᠠᠮᠠᠭᠠᠯᠠᠨ ᠦᠨᠳᠣᠷ ᠵᠡᠷᠭᠡ ᠶᠢᠨ ᠠᠵᠢᠯ ᠤᠨ ᠪᠠᠶᠢᠷᠢᠨ ᠳᠤ ᠪᠠᠶᠢᠭ᠎ᠠ ᠳ᠋ᠤᠺᠲ᠋ᠤᠷ ᠫᠷᠤᠹᠧᠰᠰᠤᠷ᠂ ᠨᠡᠷᠡᠲᠦ | ᠢᠨᠵᠧᠨ᠋ᠷ᠂ ᠡᠷᠳᠡᠮ ᠰᠢᠨᠵᠢᠯᠡᠭᠡᠨ ᠤ ᠮᠡᠷᠭᠡᠵᠢᠯᠳᠡᠨ᠂ ᠣᠷᠣᠨ ᠨᠣᠳᠤᠭ ᠤᠨ ᠢᠶᠠᠨ ᠪᠦᠲᠦᠭᠡᠨ ᠪᠠᠶᠢᠭᠤᠯᠤᠯᠲᠠ ᠳᠤ | ᠬᠦᠴᠦ ᠪᠠᠨ ᠡᠷᠭᠦᠵᠣ ᠪᠠᠶᠢᠭ᠎ᠠ ᠤᠯᠣᠰ ᠤᠨ ᠠᠯᠪᠠᠳᠠᠠ᠂ ᠵᠢᠱᠢᠶᠡᠴᠢ ᠮᠠᠯᠴᠢᠨ᠂ ᠰᠢᠯᠢᠳᠡᠭ ᠠᠵᠢᠯᠳᠠᠨ ᠭᠡᠳ ᠠᠯᠢ ᠶᠢ | ᠨᠢ ᠬᠡᠯᠡᠭᠡᠳ ᠪᠠᠷᠠᠬᠤ ᠶᠤᠮ ᠪᠢᠯᠡ᠃ | ᠡᠭᠡᠯ ᠵᠢᠷ ᠤᠨ ᠨᠢᠭᠡᠨ ᠠᠷᠠᠳ ᠤᠨ ᠪᠠᠭᠰᠢ᠂ ᠪᠠᠭᠰᠢ ᠭᠡᠳᠡᠭ ᠰᠠᠶᠢᠬᠠᠨ ᠢᠷᠠᠭᠤ ᠠᠯᠳᠠᠷ ᠢ ᠨᠢᠭᠡ | ᠨᠠᠰᠣᠨ ᠳᠤ ᠪᠠᠨ ᠲᠠᠭᠤᠷᠢᠰᠢᠭᠤᠯᠵᠤ ᠢᠷᠡᠭᠰᠡᠡ ᠪᠤᠭᠤᠷᠣᠯ ᠪᠣᠯᠣᠭᠰᠠᠠ ᠬᠠᠰᠡᠷᠳᠡᠨᠢ ᠪᠠᠭᠰᠢ ᠠᠴᠠ ᠪᠠᠭᠰᠢ ᠭᠡᠳᠡᠭ | ᠨᠡᠷ᠎ᠡ ᠨᠢᠳᠡᠷ ᠤᠨ ᠲᠤᠬᠠᠢ ᠣᠶᠢᠯᠠᠭᠠᠯᠳᠠ ᠪᠠᠨ ᠶᠠᠷᠢᠨ᠎ᠠ ᠤᠤ︖ ᠭᠡᠬᠦ ᠳᠤ ᠬᠠ᠊ ᠪᠠᠭᠰᠢ ᠶᠢᠨ ᠡᠨᠡᠷᠢᠩᠭᠦᠢ ᠴᠢᠷᠠᠢ ᠳᠤ | ᠢᠨᠢᠶᠡᠮᠰᠦᠭᠯᠡᠯ ᠢᠶᠠᠷ ᠲᠦᠭᠦᠷᠴᠦ᠂ ᠪᠠᠶᠠᠷ ᠤᠨ ᠨᠢᠳᠣᠨ ᠳᠤ ᠨᠢ ᠢᠳᠡᠷ ᠵᠠᠯᠠᠭᠤ ᠥᠶ᠎ᠡ ᠶᠢᠨ ᠬᠢᠨᠢ ᠴᠤᠭ ᠵᠢᠪᠬᠤᠭ᠎ᠠ | ᠬᠡᠪ ᠢᠶᠠᠷ ᠢᠶᠠᠨ ᠪᠠᠶᠢᠭ᠎ᠠ ᠨᠢ ᠢᠯᠡᠭᠡᠨ ᠮᠡᠳᠡᠭᠳᠡᠨ᠎ᠡ᠃ ᠮᠢᠨᠣ ᠨᠢᠭᠡ ᠨᠠᠰᠣᠨ ᠳᠤ ᠨᠠᠳᠠ ᠬᠤᠶᠠᠷ ᠰᠠᠶᠢᠨ ᠠᠩᠭᠢ ᠶᠢᠨ | ᠡᠷᠬᠢᠯᠡᠭᠴᠢ ᠲᠠᠭᠠᠷᠠᠪᠠ᠃ ᠨᠢᠭᠡ ᠨᠢ ᠪᠣᠯ ᠣᠯᠠᠭᠠᠨᠬᠤᠲᠠ ᠶᠢᠨ ᠠᠩᠬ᠎ᠠ ᠵᠡᠷᠬᠡ ᠶᠢᠨ ᠬᠤᠶᠠᠳᠣᠭᠠᠷ ᠲᠤᠮᠳᠠᠳᠣ | ᠰᠣᠷᠭᠠᠭᠤᠯᠢ ᠶᠢᠨ ᠠᠩᠭᠢ ᠶᠢᠨ ᠡᠷᠬᠢᠯᠡᠭᠴᠢ ᠪᠠᠶᠢᠭᠰᠠᠠ ᠵᠠᠭᠤᠨᠨᠠᠰᠤᠲᠤ ᠪᠠᠭᠰᠢ ᠪᠣᠯᠣᠨ᠎ᠠ᠃ ᠡᠨᠡ ᠪᠠᠭᠰᠢ ᠲᠡᠷᠡ | ᠥᠶ᠎ᠡ ᠶᠢᠨ ᠪᠡᠭᠡᠵᠢᠩ ᠤᠨ ᠪᠠᠭᠰᠢ ᠶᠢᠨ ᠶᠡᠭᠡ ᠰᠣᠷᠭᠠᠭᠤᠯᠢ ᠲᠡᠭᠦᠰᠦᠭᠰᠡᠡ ᠲᠣᠭᠠᠨ ᠤ ᠬᠢᠴᠢᠶᠡᠯ ᠢ ᠰᠠᠶᠢᠨ ᠵᠢᠭᠠᠳᠠᠭ | ᠴᠢᠳᠠᠪᠤᠷᠢᠲᠠᠢ ᠪᠠᠭᠰᠢ ᠪᠦᠭᠡᠳ ᠲᠤᠰ ᠰᠣᠷᠭᠠᠭᠤᠯᠢ ᠳᠤ ᠪᠠᠨ ᠵᠠᠬᠢᠷᠣᠯ ᠪᠣᠯᠵᠤ᠂ ᠬᠤᠵᠢᠮ ᠨᠢ ᠦᠪᠣᠷ ᠮᠣᠩᠭᠤᠯ ᠤᠨ | ᠲᠤᠰᠬᠠᠢ ᠮᠡᠷᠭᠡᠵᠢᠯ ᠤᠨ ᠰᠣᠷᠭᠠᠭᠤᠯᠢ ᠶᠢᠨ ᠨᠠᠮ ᠤᠨ ᠬᠤᠷᠢᠶᠠᠨ ᠤ ᠱᠦᠵᠢ ᠶᠢᠨ ᠲᠤᠰᠢᠶᠠᠯ ᠲᠠᠢ ᠪᠣᠯᠪᠠ᠃ ᠡᠨᠡ | ᠪᠠᠭᠰᠢ ᠶᠢᠨ ᠰᠣᠷᠣᠭᠴᠢ ᠪᠠᠨ ᠬᠠᠶᠢᠷᠠᠯᠠᠵᠦ ᠬᠦᠨᠳᠦᠳᠬᠡᠬᠦ᠂ ᠰᠠᠶᠢᠳᠣᠷ ᠵᠢᠭᠠᠨ ᠰᠣᠷᠭᠠᠬᠤ ᠬᠡᠪ ᠰᠣᠷᠳᠠᠯ ᠨᠠᠳᠠ ᠮᠠᠰᠢ | ᠭᠦᠨ ᠰᠠᠭᠤᠭᠳᠠᠯ ᠲᠠᠢ᠃ ᠨᠦᠬᠦᠭᠡ ᠨᠢ ᠪᠣᠯ ᠠᠩᠬ᠎ᠠ ᠵᠡᠷᠭᠡ ᠶᠢᠨ ᠲᠤᠮᠳᠠᠳᠣ ᠰᠣᠷᠭᠠᠭᠤᠯᠢ ᠪᠠᠨ ᠲᠡᠭᠦᠰᠦᠭᠡᠳ | ᠬᠦᠯᠦᠨ ᠪᠣᠶᠢᠷ ᠠᠶᠢᠮᠠᠭ ᠤᠨ ᠬᠠᠶᠢᠯᠠᠷ ᠲᠠᠬᠢ ᠨᠢᠭᠡᠳᠦᠭᠡᠷ ᠲᠤᠮᠳᠠᠳᠣ ᠰᠣᠷᠭᠠᠭᠤᠯᠢ ᠶᠢᠨ ᠲᠡᠭᠡᠳᠦ ᠲᠤᠮᠳᠠᠳᠣ ᠳᠤ | ᠰᠢᠯᠭᠠᠭᠤᠯᠣᠨ ᠣᠷᠣᠵᠣ ᠣᠤ ᠢᠣᠢ ᠰᠢᠶᠠᠩ ᠭᠡᠬᠦ ᠨᠡᠷ᠎ᠡ ᠲᠠᠢ ᠰᠠᠶᠢᠨ ᠠᠩᠭᠢ ᠶᠢᠨ ᠡᠷᠬᠢᠯᠡᠭᠴᠢ ᠲᠠᠢ ᠬᠠᠷᠭᠤᠪᠠ᠃ | ᠤᠣ ᠪᠠᠭᠰᠢ ᠪᠣᠯ ᠲᠠᠭᠤᠷ ᠦᠨᠳᠣᠰᠣᠳᠡᠨ᠂ ᠮᠣᠩᠭᠤᠯ ᠨᠡᠷ᠎ᠡ ᠨᠢ ᠡᠷᠳᠡᠮᠳᠦ ᠭᠡᠳᠡᠭ ᠶᠠᠫᠣᠨ ᠳᠤ ᠰᠣᠷᠣᠯᠴᠠᠭᠰᠠᠠ | ᠲᠡᠣᠬᠡ ᠲᠠᠢ᠃ ᠡᠨᠡ ᠪᠠᠭᠰᠢ ᠪᠣᠯ ᠠᠮᠢᠳᠣ ᠪᠣᠳᠠᠰ ᠤᠨ ᠬᠢᠴᠢᠶᠡᠯ ᠢ ᠬᠢᠲᠠᠳ ᠢᠶᠠᠷ ᠠᠮᠢᠳᠣᠯᠢᠭ ᠰᠠᠶᠢᠬᠠᠨ | ᠵᠢᠭᠠᠳᠠᠭ ᠠᠴᠠ ᠪᠢ ᠶᠡᠭᠡ ᠰᠣᠷᠭᠠᠭᠤᠯᠢ ᠳᠤ ᠪᠠᠨ ᠠᠮᠢᠳᠤ ᠪᠣᠳᠠᠰ ᠤᠨ ᠰᠠᠯᠪᠣᠷᠢ ᠶᠢ ᠰᠣᠩᠭᠤᠭᠰᠠᠠ ᠨᠢ ᠲᠡᠶᠢᠮᠦ | ᠤᠴᠢᠷᠳᠠᠢ᠃ ᠣᠤ ᠪᠠᠭᠰᠢ ᠰᠣᠷᠣᠭᠴᠢ ᠪᠠᠨ ᠮᠠᠰᠢ ᠬᠠᠶᠢᠷᠠᠯᠠᠨ ᠬᠠᠯᠠᠮᠵᠢᠯᠠᠳᠠᠭ ᠪᠦᠭᠡᠳ ᠰᠣᠷᠣᠭᠴᠢ ᠨᠠᠷ ᠲᠤ ᠪᠠᠨ | ᠠᠵᠣ ᠠᠬᠤᠢ ᠶᠢᠨ ᠲᠤᠰᠠᠯᠠᠮᠵᠢ ᠦᠵᠡᠭᠦᠯᠵᠦ ᠪᠠᠶᠢᠭᠰᠠᠠ ᠢ ᠪᠢ ᠬᠡᠵᠢᠶᠡᠳᠡ ᠮᠠᠷᠳᠠᠬᠤ ᠦᠭᠡᠢ᠃ ᠡᠨᠡ ᠬᠤᠶᠠᠷ | ᠠᠴᠢᠳᠠᠠ ᠪᠠᠭᠰᠢ ᠶᠢᠨ ᠰᠤᠷᠭᠠᠨ ᠬᠦᠮᠣᠵᠢᠯ ᠨᠢ ᠨᠠᠳᠠᠳᠤ ᠬᠠᠮᠤᠭ ᠤᠨ ᠭᠦᠨ ᠨᠦᠯᠦᠭᠡ ᠲᠤᠰᠬᠠᠯ ᠲᠠᠢ ᠪᠠᠶᠢᠵᠣ᠂ | ᠬᠤᠵᠢᠮ ᠢᠷᠡᠭᠡᠳᠦᠢ ᠶᠢᠨ ᠡᠷᠳᠡᠮ ᠰᠣᠷᠴᠣ ᠬᠦᠮᠣᠨ ᠪᠣᠯᠬᠤ ᠶᠢᠨ ᠠᠯᠳᠠᠨ ᠬᠠᠷᠭᠤᠢ ᠳᠤ ᠪᠠᠲᠤ ᠰᠠᠶᠢᠨ ᠰᠠᠭᠤᠷᠢ ᠶᠢ | ᠲᠠᠯᠪᠢᠵᠠᠢ ᠭᠡᠵᠦ ᠬᠤᠶᠠᠷ ᠪᠠᠭᠰᠢ ᠪᠠᠨ ᠲᠤᠷᠠᠰᠣᠨ ᠰᠠᠨᠠᠭᠠᠯᠵᠠᠨ ᠬᠡᠯᠡᠪᠡ᠃ ᠲᠤᠬᠠᠢ ᠶᠢᠨ ᠥᠶ᠎ᠡ ᠳᠤ ᠪᠠᠭᠰᠢ ᠪᠣᠯᠬᠤ | ᠠᠵᠢᠯ ᠤᠨ ᠭᠠᠷᠤᠭ᠎ᠠ ᠪᠠᠨ ᠮᠠᠯᠵᠢᠬᠤ ᠬᠤᠰᠢᠭᠤ ᠶᠢ ᠰᠣᠩᠭᠤᠭᠰᠠᠠ ᠨᠢ ᠬᠢᠯᠢ ᠬᠢᠵᠠᠭᠠᠷ ᠣᠷᠣᠨ ᠤ ᠦᠨᠳᠣᠰᠣᠳᠡᠡ ᠤ | ᠰᠣᠷᠭᠠᠨ ᠬᠦᠮᠦᠵᠢᠯ ᠬᠠᠮᠤᠭ ᠤᠨ ᠬᠤᠴᠣᠷᠠᠩᠭᠤᠢ ᠪᠠᠶᠢᠵᠣ᠂ ᠲᠡᠨᠳᠡ ᠣᠴᠢᠪᠠᠯ ᠰᠣᠷᠣᠭᠰᠠᠠ ᠮᠡᠳᠡᠯᠭᠡ ᠮᠡᠳᠡᠴᠡ ᠪᠠᠨ | ᠴᠢᠯᠦᠭᠡᠳᠡᠢ ᠪᠠᠳᠠᠷᠠᠭᠤᠯᠵᠣ ᠴᠢᠳᠠᠨ᠎ᠠ ᠭᠡᠰᠡᠡ ᠵᠠᠯᠠᠭᠤ ᠬᠦᠮᠣᠨ ᠤ ᠡᠷᠴᠢ ᠵᠣᠷᠢᠭ ᠢ ᠡᠪᠣᠷᠯᠡᠨ ᠰᠣᠩᠭᠤᠭᠰᠠᠠ | ᠵᠣᠷᠢᠯᠲᠠ ᠳᠤ ᠪᠠᠨ ᠢᠲᠡᠭᠡᠯ ᠲᠦᠭᠦᠷᠡᠩ ᠪᠠᠶᠢᠪᠠ᠃ ᠪᠠᠭ᠎ᠠ ᠰᠣᠷᠭᠠᠭᠤᠯᠢ ᠠᠴᠠ ᠪᠠᠨ ᠠᠩᠬ᠎ᠠ ᠵᠡᠷᠭᠡ ᠶᠢᠨ ᠲᠤᠮᠳᠠᠳᠣ | ᠰᠣᠷᠭᠠᠭᠤᠯᠢ᠂ ᠲᠡᠭᠡᠳᠦ ᠲᠤᠮᠳᠠᠳᠣ ᠬᠥᠷᠲᠡᠯ᠎ᠡ ᠮᠣᠩᠭᠤᠯ ᠢᠶᠠᠷ ᠰᠣᠷᠴᠣ ᠬᠢᠴᠢᠶᠡᠯᠯᠡᠨ᠂ ᠶᠡᠭᠡ ᠰᠤᠷᠭᠠᠭᠤᠯᠢ ᠪᠠᠨ | ᠪᠠᠭᠰᠢ ᠶᠢᠨ ᠲᠤᠰᠬᠠᠢ ᠮᠡᠷᠭᠡᠵᠢᠯ ᠤᠨ ᠬᠢᠲᠠᠳ ᠬᠡᠯᠡᠨ ᠤ ᠠᠩᠭᠢ ᠶᠢᠨ ᠠᠮᠢᠳᠣ ᠪᠤᠳᠠᠰ ᠤᠨ ᠰᠠᠯᠪᠣᠷᠢ ᠠᠴᠠ | ᠲᠡᠭᠦᠰᠦᠭᠰᠡᠡ ᠪᠣᠯᠬᠤᠷ᠂ ᠠᠩᠬ᠎ᠠ ᠵᠡᠷᠭᠡ ᠶᠢᠨ ᠲᠤᠮᠳᠠᠳᠣ ᠰᠤᠷᠭᠠᠭᠤᠯᠢ ᠶᠢᠨ ᠣᠯᠠᠩᠬᠢ ᠲᠦᠷᠦᠯ ᠤᠨ ᠬᠢᠴᠢᠶᠡᠯ ᠢ | ᠵᠢᠭᠠᠵᠦ ᠴᠢᠳᠠᠳᠠᠭ ᠣᠴᠢᠷ ᠠᠴᠠ ᠠᠩᠬᠠᠨ ᠤ ᠱᠠᠳᠤᠨ ᠤ ᠪᠠᠭᠰᠢ ᠳᠣᠲᠠᠬᠤ ᠵᠠᠩᠭᠢᠯᠠᠭ᠎ᠠ ᠶᠢᠨ ᠦᠶ᠎ᠡ ᠳᠤ ᠪᠦᠬᠦ | ᠲᠠᠯ᠎ᠠ ᠪᠠᠷ ᠲᠠᠪᠳᠠᠨ ᠪᠣᠯᠪᠠᠰᠣᠷᠠᠵᠦ ᠪᠠᠶᠢᠵᠠᠢ᠃ 1962 ᠣᠨ ᠠᠴᠠ ᠬᠤᠰᠢᠭᠤᠨ ᠤ ᠨᠢᠭᠡᠳᠦᠭᠡᠷ ᠲᠤᠮᠳᠠᠳᠣ | ᠰᠤᠷᠭᠠᠭᠤᠯᠢ ᠳᠤ ᠨᠡᠯᠢᠶᠡᠳ ᠣᠯᠠᠨ ᠴᠢᠳᠠᠪᠤᠷᠢᠲᠠᠢ ᠪᠠᠭᠰᠢ ᠶᠢ ᠡᠯᠰᠡᠭᠰᠡᠨ ᠢ ᠲᠤᠷᠠᠳᠪᠠᠯ᠄ ᠰᠡᠭᠲᠦ᠂ ᠭᠤᠮᠪᠣᠵᠠᠪ᠂ | ᠨᠣᠷᠪᠤ᠂ ᠳ᠋ᠠᠮᠫᠢᠯ᠂ ᠡᠷᠳᠡᠨᠢᠴᠡᠴᠡᠭ᠂ ᠰᠧᠪᠧᠯᠵᠢᠳ ᠨᠠᠷ ᠪᠣᠯ ᠬᠤᠰᠢᠭᠤ ᠨᠣᠳᠤᠭ ᠠᠴᠠ ᠪᠠᠨ ᠰᠣᠷᠣᠯᠴᠠᠠ | ᠬᠦᠮᠦᠵᠢᠭᠳᠡᠭᠰᠡᠡ ᠦᠨᠳᠣᠷ ᠰᠣᠶᠣᠯ ᠪᠣᠯᠪᠠᠰᠣᠷᠠᠯ ᠲᠠᠢ ᠪᠠᠭᠰᠢᠨᠠᠷ ᠪᠣᠯᠣᠨ᠎ᠠ᠃ ᠭᠤᠮᠪᠣᠵᠠᠪ ᠪᠣᠯ ᠤᠯᠠᠭᠠᠨᠬᠤᠲᠠ | ᠬᠤᠲᠠ ᠶᠢᠨ ᠬᠤᠶᠠᠳᠣᠭᠠᠷ ᠲᠤᠮᠳᠠᠳᠣ ᠰᠣᠷᠭᠠᠭᠤᠯᠢ ᠳᠤ ᠮᠣᠩᠭᠤᠯ ᠬᠡᠯᠡᠨ ᠤ ᠪᠠᠭᠰᠢ ᠪᠠᠷ ᠠᠵᠢᠯᠯᠠᠨ ᠬᠦᠭᠵᠢᠮ | ᠲᠠᠷᠣᠵᠤ ᠣᠷᠠᠯᠢᠭ ᠲᠤ ᠶᠡᠭᠡ ᠠᠪᠢᠶᠠᠰᠲᠠᠢ᠃ ᠰᠡᠭᠲᠦ ᠪᠠᠭᠰᠢ ᠪᠣᠯ ᠣᠯᠠᠭᠠᠨᠬᠤᠲᠠ ᠶᠢᠨ ᠪᠠᠭᠰᠢ ᠶᠢᠨ | ᠰᠤᠷᠭᠠᠭᠤᠯᠢ ᠠᠴᠠ ᠲᠡᠭᠦᠰᠴᠦ᠂ ᠰᠣᠷᠭᠠᠭᠤᠯᠢ ᠳᠤ ᠪᠠᠨ ᠦᠯᠡᠳᠡᠵᠦ ᠲᠤᠭᠠᠨ ᠤ ᠤᠬᠠᠭᠠᠨ ᠵᠢᠭᠠᠳᠠᠭ ᠪᠠᠶᠢᠭᠰᠠᠠ᠃ | ᠨᠣᠷᠪᠤ ᠪᠠᠭᠰᠢ ᠪᠣᠯ ᠬᠠᠶᠢᠯᠠᠷ ᠤᠨ ᠨᠢᠭᠡᠳᠦᠭᠡᠷ ᠲᠤᠮᠳᠠᠳᠣ ᠰᠣᠷᠭᠠᠭᠤᠯᠢ ᠳᠤ ᠪᠠᠭᠰᠢᠯᠠᠵᠣ ᠪᠠᠶᠢᠭᠰᠠᠠ ᠲᠡᠣᠬᠡ ᠶᠢᠨ | ᠪᠠᠭᠰᠢ᠂ ᠱᠧᠩ ᠴᠢᠣᠸᠠᠨ ᠪᠠᠭᠰᠢ ᠪᠣᠯ ᠲᠥᠪ ᠤᠨ ᠦᠨᠳᠣᠰᠣᠳᠡᠡ ᠤ ᠶᠡᠭᠡ ᠰᠣᠷᠭᠠᠭᠤᠯᠢ ᠶᠢᠨ ᠮᠣᠩᠭᠤᠯ ᠬᠡᠯᠡᠨ ᠤ | ᠰᠠᠯᠪᠣᠷᠢ ᠠᠴᠠ ᠲᠡᠭᠦᠰᠦᠭᠰᠡᠡ ᠦᠨᠳᠣᠷ ᠰᠣᠶᠣᠯ ᠪᠣᠯᠪᠠᠰᠣᠷᠠᠯ ᠲᠠᠢ ᠪᠠᠭᠰᠢ ᠪᠣᠯᠣᠨ᠎ᠠ᠃ ᠮᠢᠨᠤ ᠬᠦᠭᠰᠢᠨ | ᠡᠷᠳᠡᠨᠢᠴᠡᠴᠡᠭ ᠪᠣᠯ ᠨᠠᠳᠠ ᠲᠠᠢ ᠬᠠᠮᠳᠣ ᠪᠠᠭᠰᠢ ᠶᠢᠨ ᠶᠡᠭᠡ ᠰᠣᠷᠭᠠᠭᠤᠯᠢ ᠲᠡᠭᠦᠰᠴᠦ᠂ ᠬᠤᠰᠢᠭᠤᠨ ᠤ ᠨᠢᠭᠡᠳᠦᠭᠡᠷ | ᠲᠤᠮᠳᠠᠳᠣ ᠰᠣᠷᠭᠠᠭᠤᠯᠢ ᠳᠤ ᠬᠤᠪᠢᠶᠠᠷᠢᠯᠠᠭᠳᠠᠠ ᠲᠤᠭᠠᠨ ᠤ ᠬᠢᠴᠢᠶᠡᠯ ᠵᠢᠭᠠᠵᠤ ᠨᠢᠭᠡ ᠨᠠᠰᠤ ᠪᠠᠨ ᠪᠠᠭᠰᠢ ᠶᠢᠨ | ᠦᠢᠯᠡᠰ ᠲᠤ ᠵᠣᠷᠢᠭᠤᠯᠣᠭᠰᠠᠠ ᠰᠢᠯᠢᠳᠡᠭ ᠪᠠᠭᠰᠢ ᠶᠤᠮ᠃ ᠡᠭᠦᠨ ᠠᠴᠠ ᠦᠵᠡᠬᠦ ᠳᠤ ᠣᠯᠠᠩᠬᠢ ᠨᠢ ᠶᠡᠭᠡ | ᠰᠣᠷᠭᠠᠭᠤᠯᠢ ᠲᠡᠭᠦᠰᠦᠭᠰᠡᠡ ᠰᠣᠷᠤᠯᠭ᠎ᠠ ᠶᠢᠨ ᠨᠠᠮᠳᠠᠷ ᠲᠠᠢ ᠣᠶᠣᠲᠠᠳ ᠪᠣᠯᠣᠨ᠎ᠠ᠃ ᠡᠳᠡᠭᠡᠷ ᠪᠠᠭᠰᠢᠨᠠᠷ ᠪᠣᠯ ᠪᠦᠷ | ᠵᠢᠭᠠᠨ ᠰᠤᠷᠭᠠᠯᠳᠠ ᠳᠤ ᠪᠠᠨ ᠬᠢᠨᠠᠮᠠᠭᠠᠢ ᠯᠠᠪᠳᠠᠭᠤᠨ᠂ ᠬᠠᠷᠢᠭᠤᠴᠠᠯᠭ᠎ᠠ ᠦᠨᠳᠣᠷ ᠰᠢᠯᠢᠳᠡᠭ ᠪᠠᠭᠰᠢᠨᠠᠷ ᠪᠠᠶᠢᠵᠣ᠂ | ᠬᠤᠰᠢᠭᠤᠨ ᠤ ᠨᠢᠭᠡᠳᠦᠭᠡᠷ ᠲᠤᠮᠳᠠᠳᠣ ᠰᠤᠷᠭᠠᠭᠤᠯᠢ ᠶᠢᠨ ᠰᠠᠭᠤᠷᠢ ᠶᠢ ᠲᠠᠯᠪᠢᠬᠤ ᠳᠤ ᠬᠦᠴᠣᠨ ᠵᠢᠳᠬᠦᠯ ᠢᠶᠠᠨ | ᠦᠵᠡᠭᠦᠯᠦᠭᠰᠡᠡ ᠦᠨᠡᠯᠡᠭᠦᠰᠢᠲᠡᠢ ᠲᠠᠯ᠎ᠠ ᠣᠯᠠᠨ ᠪᠠᠶᠢᠨ᠎ᠠ᠃ ᠪᠢ ᠪᠣᠯ ᠨᠢᠭᠡ ᠨᠠᠰᠤ ᠪᠠᠷ ᠢᠶᠠᠨ ᠪᠠᠭᠰᠢ ᠶᠢᠨ ᠠᠵᠢᠯ | ᠬᠢᠵᠦ ᠢᠷᠡᠭᠰᠡᠡ ᠦᠨᠳᠣᠰᠣᠳᠡᠨ ᠤ ᠪᠠᠨ ᠰᠣᠶᠣᠯ ᠰᠤᠷᠭᠠᠨ ᠬᠦᠮᠣᠵᠢᠯ ᠤᠨ ᠦᠢᠯᠡᠰ᠂ ᠪᠠᠭᠰᠢ ᠶᠢᠨ ᠠᠵᠢᠯ ᠳᠤ ᠪᠠᠨ | ᠲᠤᠶᠢᠯ ᠤᠨ ᠬᠠᠶᠢᠷᠠᠳᠠᠢ ᠬᠦᠮᠣᠨ ᠶᠤᠮ᠃ ᠡᠭᠡᠯ ᠵᠢᠷ ᠤᠨ ᠪᠠᠭᠰᠢ ᠶᠢᠨ ᠠᠯᠪᠠᠨ ᠳᠤ ᠪᠠᠶᠢᠬᠤ ᠳᠤ ᠪᠠᠨ ᠬᠢᠷᠢ | ᠲᠡᠩᠴᠡᠭᠰᠡᠡ ᠠᠷᠠᠳ ᠤᠨ ᠪᠠᠭᠰᠢ ᠪᠣᠯᠬᠤ ᠬᠦᠰᠡᠯ ᠲᠠᠢ᠂ ᠰᠣᠷᠭᠠᠭᠤᠯᠢ ᠶᠢᠨ ᠣᠳᠣᠷᠢᠳᠬᠤ ᠪᠠᠶᠢᠷᠢᠨ ᠳᠤ ᠲᠠᠪᠰᠢᠨ | ᠵᠠᠬᠢᠷᠣᠯ ᠪᠣᠯᠣᠭᠰᠠᠠ ᠴᠤ ᠰᠠᠶᠢᠨ ᠰᠣᠷᠭᠠᠭᠤᠯᠢ ᠶᠢᠨ ᠵᠠᠬᠢᠷᠣᠯ ᠪᠣᠯᠵᠤ ᠦᠨᠳᠣᠰᠦᠳᠡᠨ ᠤ ᠰᠤᠷᠭᠠᠭᠤᠯᠢ ᠪᠠᠨ ᠰᠠᠶᠢᠲᠤᠷ | ᠡᠷᠬᠢᠯᠡᠶ᠎ᠡ ᠭᠡᠰᠡᠨ ᠡᠶᠢᠮᠣ ᠯᠡ ᠬᠦᠰᠡᠯ ᠪᠣᠳᠣᠯ ᠲᠠᠢ ᠪᠠᠶᠢᠵᠠᠢ᠃ ᠡᠨᠡ ᠪᠣᠯ ᠮᠢᠨᠣ ᠨᠢᠭᠡ ᠨᠠᠰᠣᠨ ᠤ ᠮᠦᠷᠦᠭᠡᠳᠦᠯ | ᠬᠦᠰᠡᠯᠡᠩ ᠪᠦᠭᠡᠳ ᠲᠡᠮᠡᠴᠡᠬᠦ ᠬᠠᠷᠠᠯᠲᠠ ᠪᠣᠯᠣᠨ᠎ᠠ᠃ ᠡᠶᠢᠮᠤ ᠠᠴᠠ ᠪᠣᠳᠣᠯ ᠵᠢᠷᠣᠬᠡᠨ ᠳᠤ ᠪᠠᠨ ᠪᠠᠭᠰᠢ ᠶᠢᠨ ᠢᠷᠠᠭᠤ | ᠠᠯᠳᠠᠷ ᠢ ᠲᠡᠭᠡᠳᠦᠯᠡᠨ ᠴᠤᠴᠠᠯᠳᠠ ᠦᠭᠡᠢ ᠴᠢᠷᠮᠠᠶᠢᠨ ᠠᠵᠢᠯᠯᠠᠭᠰᠠᠭᠠᠷ ᠢᠷᠡᠵᠡᠢ᠃ ᠣᠳᠣ ᠬᠢᠵᠦ ᠢᠷᠡᠭᠰᠡᠡ ᠠᠵᠢᠯ | ᠦᠢᠯᠡᠰ ᠢᠶᠠᠨ ᠡᠷᠭᠢᠴᠡᠭᠦᠯᠦᠨ ᠪᠣᠳᠣᠪᠠᠯ ᠰᠡᠳᠬᠢᠯ ᠮᠠᠰᠢ ᠬᠠᠨᠤᠮᠵᠢᠳᠠᠢ ᠪᠠᠶᠢᠳᠠᠭ᠃ ᠪᠢ ᠬᠠᠶᠢᠷᠠᠳᠠᠢ ᠦᠢᠯᠡᠰ ᠲᠤ ᠪᠠᠨ | ᠦᠨᠡᠨᠴᠢ ᠰᠢᠳᠣᠷᠭᠤ ᠪᠦᠬᠦ ᠬᠦᠴᠦᠨ ᠴᠢᠳᠠᠯ ᠢᠶᠠᠷ ᠢᠶᠠᠨ ᠵᠢᠳᠬᠦᠭᠰᠡᠡ ᠪᠣᠯᠬᠤᠷ ᠨᠠᠳᠠ ᠬᠠᠷᠠᠮᠰᠠᠬᠤ ᠶᠠᠪᠣᠳᠠᠯ | ᠣᠭᠲᠤᠬᠠᠨ ᠴᠤ ᠪᠠᠶᠢᠬᠤ ᠦᠭᠡᠢ ᠭᠡᠯᠡ᠃ | ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠲᠤᠮᠳᠠᠳᠣ ᠰᠤᠷᠭᠠᠭᠤᠯᠢ ᠶᠢᠨ ᠵᠠᠬᠢᠷᠣᠯ ᠪᠠᠶᠢᠭᠰᠠᠠ᠂ | ᠤᠯᠣᠰ ᠤᠨ ᠲᠡᠰ ᠤᠨ ᠰᠢᠯᠢᠳᠡᠭ ᠪᠠᠭᠰᠢ ᠬᠠᠰᠡᠷᠳᠡᠨᠢ ᠨᠦᠬᠦᠷ ᠲᠦᠴᠢ ᠰᠢᠬᠠᠮ ᠵᠢᠯ ᠠᠮᠵᠢᠯᠳᠠ ᠪᠠᠷ ᠲᠦᠭᠦᠷᠡᠩ | ᠠᠵᠢᠯᠯᠠᠨ᠂ ᠬᠤᠰᠢᠭᠤ ᠨᠣᠳᠤᠭ ᠤᠨ ᠢᠶᠠᠨ ᠰᠣᠶᠣᠯ ᠤᠨ ᠭᠤᠯᠤᠮᠳᠠ ᠪᠣᠯᠣᠭᠰᠠᠠ ᠰᠤᠷᠭᠠᠭᠤᠯᠢ ᠪᠠᠨ ᠰᠢᠨ᠎ᠡ ᠡᠷᠡᠨ ᠤ | ᠢᠳᠡᠷᠡᠭᠦᠨ ᠠᠯᠬᠤᠭᠠᠨ ᠳᠤ ᠮᠦᠷᠦ ᠵᠡᠷᠭᠡᠴᠡᠭᠦᠯᠦᠨ᠂ 1998 ᠣᠨ ᠤ 11 ᠰᠠᠷ᠎ᠠ ᠳᠤ ᠣᠯᠠᠨ ᠠᠷᠪᠢᠨ ᠪᠠᠭᠰᠢ | ᠰᠣᠷᠣᠭᠴᠢᠳ ᠤᠨ ᠢᠶᠠᠨ ᠬᠠᠯᠠᠭᠤᠨ ᠭᠠᠷ ᠠᠳᠬᠤᠯᠲᠠ ᠶᠢᠨ ᠦᠳᠡᠯᠲᠡ ᠪᠠᠷ ᠠᠵᠢᠯ ᠠᠴᠠ ᠪᠠᠨ ᠲᠠᠷᠬᠠᠯᠠᠭᠳᠠᠭᠰᠠᠠ | ᠶᠤᠮ᠃ ᠲᠡᠭᠦᠨ ᠤ ᠠᠵᠢᠯ ᠠᠴᠠ ᠪᠠᠨ ᠠᠮᠠᠷᠠᠵᠣ ᠪᠠᠶᠢᠬᠤ ᠥᠶ᠎ᠡ ᠪᠠᠷ ᠣᠯᠣᠰ ᠣᠷᠣᠨ ᠠᠴᠠ ᠬᠤᠶᠢᠴᠢ ᠥᠶ᠎ᠡ ᠶᠢ | ᠬᠠᠯᠠᠮᠵᠢᠯᠠᠬᠤ ᠠᠵᠢᠯ ᠢ ᠴᠢᠬᠤᠯᠠᠴᠢᠯᠠᠨ ᠬᠦᠨᠳᠦᠳᠬᠡᠵᠦ᠂ ᠱᠠᠳᠣ ᠱᠠᠳᠦ ᠪᠠᠷ ᠲᠤᠷᠣᠭᠰᠢ ᠲᠤᠤᠱᠯᠠᠭᠤᠯᠤᠨ | ᠦᠨᠳᠣᠰᠣᠨ ᠱᠠᠳᠣᠨ ᠳᠤ ᠡᠨᠡ ᠬᠦ ᠠᠵᠢᠯ ᠡᠬᠢᠯᠡᠨ ᠶᠠᠪᠣᠭᠳᠠᠵᠣ ᠪᠠᠶᠢᠵᠠᠢ᠃ ᠬᠠᠰᠡᠷᠳᠡᠨᠢ ᠪᠠᠭᠰᠢ ᠥᠪᠡᠷ ᠤᠨ ᠰᠠᠶᠢᠨ | ᠲᠣᠷ᠎ᠠ ᠠᠴᠠ ᠪᠠᠨ ᠬᠤᠰᠢᠭᠤᠨ ᠤ ᠪᠠᠨ ᠬᠤᠶᠢᠴᠢ ᠥᠶ᠎ᠡ ᠶᠢ ᠬᠠᠯᠠᠮᠵᠢᠯᠠᠬᠤ ᠠᠵᠢᠯ ᠳᠤ ᠢᠳᠡᠪᠬᠢᠯᠡᠨ ᠣᠷᠣᠯᠴᠠᠵᠤ | ᠠᠷᠪᠠᠭᠠᠳ ᠵᠢᠯ ᠤᠨ ᠲᠤᠷᠰᠢ ᠪᠠᠭ᠎ᠠ ᠪᠠᠯᠴᠢᠷ᠂ ᠵᠠᠯᠠᠭᠤ ᠬᠤᠶᠢᠴᠢ ᠥᠶ᠎ᠡ ᠶᠢᠨ ᠢᠶᠠᠨ ᠡᠷᠡᠭᠦᠯ ᠴᠢᠬᠢᠷᠠᠭ ᠦᠰᠣᠨ | ᠪᠣᠶᠢᠵᠢᠯᠲᠠ ᠳᠤ ᠣᠶᠣᠨ ᠴᠢᠳᠠᠯ ᠢᠶᠠᠨ ᠰᠢᠪᠬᠠᠨ᠂ ᠨᠡᠶᠢᠬᠡᠮ ᠨᠡᠶᠢᠲᠡ ᠳᠤ ᠬᠤᠶᠢᠴᠢ ᠥᠶ᠎ᠡ ᠶᠢ ᠬᠠᠯᠠᠮᠵᠢᠯᠠᠬᠤ | ᠠᠵᠢᠯ ᠤᠨ ᠴᠢᠬᠤᠯᠠ ᠴᠢᠨᠠᠷ ᠢ ᠲᠠᠨᠢᠭᠤᠯᠣᠨ ᠵᠣᠨ ᠲᠦᠮᠡᠨ ᠳᠤ ᠪᠠᠨ ᠶᠣᠰᠣ ᠰᠣᠷᠲᠠᠬᠤᠨ ᠤ ᠬᠦᠮᠣᠵᠢᠯ ᠤᠨ ᠬᠢᠴᠢᠶᠡᠯ | ᠲᠠᠶᠢᠯᠣᠮᠵᠢ ᠶᠢ ᠣᠯᠠᠨ ᠤᠳᠠᠭ᠎ᠠ ᠬᠢᠵᠦ ᠣᠷᠣᠨ ᠬᠤᠲᠠ᠂ ᠬᠤᠰᠢᠭᠤᠨ ᠤ ᠲᠡᠰ ᠤᠨ ︽ᠬᠤᠶᠢᠴᠢ ᠥᠶ᠎ᠡ ᠶᠢ | ᠬᠠᠯᠠᠮᠵᠢᠯᠠᠬᠤ︾ ᠠᠵᠢᠯ ᠤᠨ ᠱᠠᠩᠨᠠᠯ ᠬᠦᠬᠢᠭᠦᠯᠦᠯ ᠢ ᠪᠠᠭ᠎ᠠ ᠪᠣᠰᠤ ᠶᠢ ᠲᠤᠰᠴᠠᠢ᠃ ᠲᠡᠷᠡᠪᠡᠷ ᠦᠲᠡᠯᠦᠬᠡ ᠪᠣᠭᠤᠷᠣᠯ | ᠪᠣᠯᠣᠭᠰᠠᠠ ᠴᠤ ᠨᠡᠶᠢᠭᠡᠮ ᠨᠡᠶᠢᠲᠡ᠂ ᠦᠷ᠎ᠡ ᠬᠤᠶᠢᠴᠢᠰ ᠲᠤ ᠪᠠᠨ ᠪᠠᠭ᠎ᠠ ᠴᠤ ᠭᠡᠰᠡᠡ ᠨᠡᠮᠡᠷᠢ ᠪᠣᠯᠭᠠᠬᠤ ᠡᠭᠦᠳᠡᠨ ᠠᠴᠠ | ᠨᠢᠭᠡᠳᠦᠭᠡᠷ ᠲᠣᠮᠳᠠᠳᠣ ᠰᠣᠷᠭᠠᠭᠤᠯᠢ ᠳᠤ ᠪᠠᠨ ᠬᠤᠪᠢ ᠬᠦᠮᠣᠨ ᠤ ᠣᠷᠠᠨ ᠵᠢᠷᠤᠭ᠂ ᠤᠷᠠᠨ ᠪᠦᠲᠦᠭᠡᠯ ᠤᠨ ᠲᠡᠯᠭᠡᠨ | ᠦᠵᠡᠭᠦᠯᠭᠡ ᠭᠠᠷᠭᠠᠨ ᠪᠠᠭᠰᠢ ᠰᠣᠷᠣᠭᠴᠢ᠂ ᠨᠡᠶᠢᠭᠡᠮ ᠨᠡᠶᠢᠲᠡ ᠳᠤ ᠭᠤᠸ᠎ᠠ ᠰᠠᠶᠢᠬᠠᠨ ᠤ ᠬᠦᠮᠣᠵᠢᠯ ᠤᠨ ᠠᠵᠢᠯ ᠢ ᠴᠤ | ᠬᠢᠵᠦ ᠦᠩᠭᠡᠷᠡᠪᠡ᠃ ᠨᠢᠳᠣᠨᠣᠨ ᠵᠢᠯ ᠬᠤᠪᠢ ᠪᠠᠷ ᠢᠶᠠᠨ ᠵᠣᠭᠤᠰ ᠮᠦᠩᠬᠦ ᠭᠠᠷᠭᠠᠨ ᠨᠢᠭᠡᠳᠦᠭᠡᠷ ᠲᠤᠮᠳᠠᠳᠣ | ᠰᠣᠷᠭᠠᠭᠤᠯᠢ ᠳᠤ ᠪᠠᠨ ᠬᠢᠴᠢᠶᠡᠯᠯᠡᠨ ᠲᠡᠭᠦᠰᠴᠦ᠂ ᠶᠡᠭᠡ ᠰᠣᠷᠭᠠᠭᠤᠯᠢ ᠪᠠᠨ ᠲᠡᠭᠦᠰᠦᠭᠡᠳ ᠨᠢᠭᠡᠳᠦᠭᠡᠷ ᠲᠤᠮᠳᠠᠳᠣ | ᠰᠣᠷᠭᠠᠭᠤᠯᠢ ᠳᠤ ᠪᠠᠨ ᠠᠵᠢᠯ ᠤᠨ ᠭᠠᠷᠤᠭ᠎ᠠ ᠡᠬᠢᠯᠡᠭᠦᠯᠣᠨ ᠡᠨᠡ ᠰᠣᠷᠭᠠᠭᠤᠯᠢ ᠠᠴᠠ ᠪᠠᠨ ᠠᠵᠢᠯ ᠤᠨ ᠠᠮᠠᠷᠠᠯᠳᠠ ᠪᠠᠨ | ᠠᠪᠴᠤ ᠣᠳᠣ ᠠᠮᠢᠳᠣ ᠰᠡᠷᠡᠭᠦᠨ ᠪᠠᠶᠢᠭ᠎ᠠ ᠲᠠᠪᠢᠭᠠᠳ ᠨᠡᠷᠡᠰ ᠠᠬᠠᠮᠠᠳ ᠪᠠᠭᠰᠢᠨᠠᠷ ᠲᠤ ᠪᠠᠨ ᠪᠡᠭᠡᠵᠢᠩ ᠬᠤᠲᠠ ᠠᠴᠠ | ᠲᠤᠰᠬᠠᠶᠢᠯᠠᠨ ᠬᠤᠪᠢ ᠶᠢᠨ ᠵᠣᠭᠤᠰ ᠲᠦᠮᠡ ᠢᠯᠡᠬᠦᠣ ᠲᠦᠭᠦᠷᠢᠭ ᠭᠠᠷᠭᠠᠨ ᠡᠩᠭᠡᠷ ᠤᠨ ᠮᠧᠳᠠᠯ ᠵᠠᠬᠢᠶᠠᠯᠠᠨ ᠬᠢᠯᠭᠡᠵᠦ᠂ | ᠲᠤᠰᠬᠠᠢ ᠦᠨᠡᠮᠯᠡᠯ ᠲᠠᠢ ᠭᠠᠷᠳᠠᠭᠤᠯᠤᠭᠰᠠᠠ ᠨᠢ ᠨᠡᠶᠢᠭᠡᠮ ᠲᠠᠶᠠᠭᠠᠷ ᠲᠤ ᠦᠨᠡᠯᠡᠭᠳᠡᠪᠡ᠃ ᠬᠠᠰᠡᠷᠳᠡᠨᠢ ᠪᠠᠭᠰᠢ | ᠬᠡᠳᠦᠶᠢᠪᠡᠷ ᠨᠠᠰᠤ ᠠᠬᠢᠵᠣ᠂ ᠠᠵᠢᠯ ᠠᠴᠠ ᠪᠠᠨ ᠠᠮᠠᠷᠠᠭᠰᠠᠠ ᠪᠣᠯᠪᠠᠴᠤ ᠡᠬᠡ ᠰᠣᠷᠭᠠᠭᠤᠯᠢ ᠪᠠᠨ ᠪᠠᠶᠢᠩᠭᠤ ᠲᠤᠷᠠᠰᠣᠨ | ᠰᠠᠨᠠᠭᠠᠯᠵᠠᠵᠤ᠂ ᠨᠡᠶᠢᠭᠡᠮ ᠤᠨ ᠲᠡᠭᠰᠢ ᠰᠠᠶᠢᠬᠠᠨ᠂ ᠨᠠᠮ ᠤᠨ ᠬᠠᠶᠢᠷ᠎ᠠ ᠬᠠᠯᠠᠮᠵᠢ ᠳᠤ ᠬᠤᠰᠢᠭᠤᠨ ᠤ ᠨᠢᠭᠡᠳᠦᠭᠡᠷ | ᠲᠤᠮᠳᠠᠳᠣ ᠰᠣᠷᠭᠠᠭᠤᠯᠢ ᠶᠢᠨ ᠦᠭᠡᠳᠡᠯᠡᠨ ᠲᠠᠪᠰᠢᠯᠲᠠ ᠶᠢ ᠬᠠᠷᠠᠬᠤ ᠪᠦᠷᠢ ᠪᠠᠶᠠᠷ ᠪᠠᠭ᠋ᠠᠳᠣᠯ ᠢᠶᠠᠷ ᠲᠦᠭᠦᠷᠡᠩ ᠪᠠᠶᠢᠵᠣ᠂ | ᠰᠤᠷᠭᠠᠭᠤᠯᠢ ᠶᠢᠨ ᠢᠶᠠᠨ ᠦᠩᠭᠡᠷᠡᠵᠦ ᠣᠳᠣᠭᠰᠠᠠ ᠲᠡᠣᠬᠡ ᠶᠢᠨ ᠤᠯᠠ ᠮᠦᠷ ᠮᠢᠨᠣ ᠰᠠᠨᠠᠭ᠎ᠠ ᠵᠡᠭᠦᠳᠦᠨ ᠳᠤ | ᠦᠴᠣᠭᠡᠳᠦᠷ ᠤᠨ ᠶᠤᠮ ᠰᠢᠭ ᠲᠣᠳᠣ ᠠᠴᠠ ᠲᠣᠳᠣᠬᠠᠨ ᠪᠠᠶᠢᠨ᠎ᠠ ᠭᠡᠵᠦ ᠶᠠᠷᠢᠬᠤ ᠳᠤ ᠰᠣᠶᠣᠯ ᠤᠨ ᠮᠢᠩᠭᠠᠨ | ᠴᠡᠴᠡᠭᠡᠰ ᠢᠶᠠᠷ ᠬᠦᠷᠢᠶᠡᠯᠡᠭᠦᠯᠦᠭᠰᠡᠨ ᠨᠡᠷ᠎ᠡ ᠨᠢᠳᠡᠷ ᠲᠤ ᠪᠠᠨ ᠶᠠᠭᠠᠬᠢᠬᠤ ᠠᠷᠭ᠎ᠠ ᠦᠭᠡᠢ ᠲᠡᠩᠴᠡᠭᠰᠡᠡ ᠣᠯᠣᠰ ᠤᠨ | ᠲᠡᠰ ᠰᠢᠯᠢᠳᠡᠭ ᠪᠠᠭᠰᠢ ᠭᠡᠳᠡᠭ ᠢ ᠣᠬᠠᠭ᠎ᠠ ᠪᠣᠳᠣᠯ ᠳᠤ ᠪᠠᠨ ᠲᠠᠬᠢᠨᠳᠠ ᠭᠦᠨ ᠲᠠᠨᠢᠵᠣ ᠠᠪᠤᠯ᠎ᠠ᠃ | ᠤᠯᠤᠰ ᠦᠨᠳᠣᠰᠣᠳᠡᠨ ᠤ ᠰᠣᠶᠣᠯ ᠤᠨ ᠭᠡᠭᠡᠪᠴᠢ ᠪᠣᠯᠣᠭᠰᠠᠠ ᠰᠢᠨ᠎ᠡ ᠪᠠᠷᠭᠤ ᠪᠠᠷᠠᠭᠤᠨ ᠬᠤᠰᠢᠭᠤᠨ ᠤ | ᠨᠢᠭᠡᠳᠦᠭᠡᠷ ᠲᠤᠮᠳᠠᠳᠣ ᠰᠣᠷᠭᠠᠭᠤᠯᠢ ᠨᠢ ᠦᠶ᠎ᠡ ᠦᠶ᠎ᠡ ᠶᠢᠨ ᠬᠦᠨᠳᠦᠳᠡᠢ ᠣᠳᠣᠷᠢᠳᠣᠯᠭ᠎ᠠ᠂ ᠪᠦᠬᠦ ᠪᠠᠭᠰᠢ | ᠠᠵᠢᠯᠲᠠᠨ ᠤ ᠬᠠᠮᠳᠣ ᠶᠢᠨ ᠴᠢᠷᠮᠠᠶᠢᠯᠭ᠎ᠠ ᠪᠠᠷ ᠬᠦᠭᠵᠢᠨ ᠴᠡᠴᠡᠭᠯᠡᠭᠰᠡᠭᠡᠷ ᠣᠳᠣ ᠲᠤᠮᠳᠠᠳᠣ ᠤᠯᠤᠰ ᠤᠨ ᠣᠨᠴᠠᠯᠢᠭ | ᠲᠠᠢ ᠨᠡᠶᠢᠭᠡᠮ ᠵᠢᠷᠣᠮ ᠤᠨ ᠰᠣᠷᠭᠠᠨ ᠬᠦᠮᠣᠵᠢᠯ ᠤᠨ ᠰᠢᠨ᠎ᠡ ᠡᠷᠡᠨ ᠤ ᠠᠯᠬᠤᠭᠠᠨ ᠳᠤ ᠵᠢᠯ ᠠᠴᠠ ᠵᠢᠯ ᠰᠢᠨᠡᠳᠦᠨ | ᠬᠤᠪᠢᠷᠠᠵᠤ ᠢᠳᠡᠪᠬᠢᠯᠠᠨ ᠣᠷᠣᠭᠰᠢᠯᠠᠭᠰᠠᠭᠠᠷ ᠪᠠᠶᠢᠨ᠎ᠠ᠃ ᠣᠯᠠᠨ ᠵᠢᠯ ᠤᠨ ᠲᠤᠷᠰᠢᠳᠠ ᠨᠠᠮ ᠵᠠᠰᠠᠭ ᠤᠨ | ᠦᠨᠳᠣᠰᠣᠳᠡᠨ ᠤ ᠰᠤᠷᠭᠠᠨ ᠬᠦᠮᠦᠵᠢᠯ ᠤᠨ ᠲᠦᠷᠣ ᠶᠢᠨ ᠪᠣᠳᠣᠯᠭ᠎ᠠ ᠶᠢᠨ ᠲᠤᠶᠠᠭᠠᠯᠠᠯ ᠳᠣᠣᠷ᠎ᠠ᠂ ᠰᠢᠨ᠎ᠡ | ᠬᠢᠴᠢᠶᠡᠯᠯᠡᠭᠡ ᠶᠢᠨ ᠪᠠᠷᠢᠮᠵᠢᠶ᠎ᠠ ᠶᠢ ᠲᠣᠣᠱᠯᠠᠭᠤᠯᠤᠨ ᠪᠦᠬᠦ ᠲᠠᠯ᠎ᠠ ᠪᠠᠷ ᠬᠦᠭᠵᠢᠭᠰᠡᠡ ᠰᠣᠷᠣᠭᠴᠢ ᠶᠢ | ᠬᠦᠮᠦᠵᠢᠬᠦᠯᠬᠦ ᠪᠠᠷ ᠦᠨᠳᠣᠰᠣᠨ ᠵᠤᠷᠢᠯᠳᠠ ᠪᠠᠨ ᠪᠣᠯᠭᠠᠨ ᠮᠤᠷᠠᠯ ᠰᠤᠷᠲᠠᠯ ᠢ ᠲᠡᠷᠢᠭᠦᠨ ᠪᠠᠶᠢᠷᠢᠨ ᠳᠤ ᠲᠠᠯᠪᠢᠵᠣ᠂ | ᠬᠦᠮᠣᠨ ᠢᠶᠠᠷ ᠦᠨᠳᠣᠰᠣ ᠪᠣᠯᠭᠠᠬᠤ ᠶᠢ ᠰᠣᠷᠭᠠᠭᠤᠯᠢ ᠡᠷᠬᠢᠯᠡᠬᠦ ᠬᠠᠷᠠᠯᠲᠠ ᠪᠠᠨ ᠪᠣᠯᠭᠠᠨ ᠭᠤᠷᠪᠠᠨ ᠬᠡᠯᠡᠨ ᠤ ᠵᠢᠭᠠᠨ | ᠰᠣᠷᠭᠠᠯᠳᠠ᠂ ᠰᠣᠳᠣᠯᠭᠠᠨ ᠰᠢᠨᠵᠢᠯᠡᠭᠡ᠂ ᠬᠠᠤᠯᠢ ᠪᠠᠷ ᠰᠣᠷᠭᠠᠭᠤᠯᠢ ᠪᠠᠨ ᠵᠠᠰᠠᠨ ᠬᠠᠮᠢᠶᠠᠷᠣᠯᠳᠠ ᠶᠢᠨ ᠶᠠᠰᠣ ᠴᠢᠨᠠᠷ ᠢ | ᠲᠡᠭᠡᠭᠰᠢᠯᠡᠬᠦᠯᠬᠦ ᠪᠠᠷ ᠮᠡᠷᠡᠶᠢᠨ ᠴᠢᠷᠮᠠᠶᠢᠭᠰᠠᠭᠠᠷ ᠢᠷᠡᠪᠡ᠃ | ᠣᠳᠣᠬᠠᠨ ᠳᠤ ᠰᠣᠷᠭᠠᠭᠤᠯᠢ ᠶᠢᠨ ᠡᠵᠡᠯᠡᠬᠦ ᠲᠠᠯᠠᠪᠠᠢ 38000 ᠺᠤᠸᠠᠳ᠋ ᠮᠧᠲᠷ᠂ ᠡᠭᠦᠨ ᠳᠤ 6686 | ᠺᠤᠸᠠᠲ ᠤᠨ ᠲᠠᠯᠠᠪᠠᠢ ᠲᠠᠢ ᠶᠡᠷᠦᠩᠬᠡᠶᠢᠯᠡᠭᠰᠡᠡ ᠵᠢᠭᠠᠨ ᠰᠣᠷᠭᠠᠯᠳᠠ ᠶᠢᠨ ᠠᠰᠠᠷ᠂ 1400 ᠺᠤᠸᠠᠳ᠋ ᠮᠧᠲᠷ ᠤᠨ ᠭᠤᠮ | ᠲᠠᠮᠢᠷ ᠤᠨ ᠲᠠᠯᠠᠪᠣᠷ ᠪᠠ 2800 ᠺᠤᠸᠠᠳ᠋ ᠮᠧᠲᠷ ᠲᠠᠯᠠᠪᠠᠢ ᠲᠠᠢ ᠰᠢᠨ᠎ᠡ ᠪᠠᠶᠢᠷᠢ ᠶᠢᠨ ᠠᠰᠠᠷ ᠵᠢᠴᠢ 3223 | ᠺᠤᠸᠠᠲ ᠮᠧᠲᠷ ᠲᠠᠯᠠᠪᠠᠢ ᠲᠠᠢ ᠰᠢᠨ᠎ᠡ ᠪᠡᠶ᠎ᠡ ᠲᠠᠮᠢᠷ ᠤᠨ ᠣᠷᠳᠣᠨ ᠵᠡᠷᠬᠡ ᠪᠠᠷᠢᠯᠭ᠎ᠠ ᠪᠠᠶᠢᠨ᠎ᠠ᠃ ᠶᠡᠷᠦᠩᠬᠡᠶᠢᠯᠡᠭᠰᠡᠡ | ᠵᠢᠭᠠᠨ ᠰᠣᠷᠭᠠᠯᠳᠠ ᠶᠢᠨ ᠠᠰᠠᠷ ᠤᠨ ᠳᠣᠲᠣᠷ᠎ᠠ ᠴᠠᠬᠢᠯᠭᠠᠨᠵᠢᠭᠰᠠᠠ ᠲᠤᠨᠤᠭ ᠲᠦᠬᠦᠭᠡᠷᠦᠮᠵᠢ ᠶᠢ ᠤᠭᠰᠠᠷᠠᠭᠰᠠᠠ 18 | ᠠᠩᠭᠢ ᠶᠢᠨ ᠭᠡᠷ᠂ 5 ᠲᠤᠷᠰᠢᠯᠳᠠ ᠶᠢᠨ ᠲᠠᠰᠤᠭ᠂ 2 ᠬᠡᠯᠡ ᠠᠪᠢᠶᠠᠨ ᠤ ᠲᠠᠰᠤᠭ᠂ 2 ᠺᠣᠮᠫᠢᠦ᠋ᠲ᠋ᠧᠷ ᠤᠨ ᠲᠠᠰᠤᠭ | ᠡᠷᠡᠭᠦᠯ ᠰᠡᠳᠬᠢᠴᠡ ᠶᠢᠨ ᠦᠷᠦᠬᠡ᠂ ᠦᠵᠡᠭᠦᠯᠬᠡ ᠶᠢᠨ ᠦᠷᠦᠬᠡ ᠲᠠᠢ ᠪᠣᠯᠣᠭᠰᠠᠠ ᠪᠠᠶᠢᠨ᠎ᠠ᠃ ᠵᠢᠯ ᠪᠦᠷᠢ ᠶᠢᠨ ᠢᠷᠡᠬᠦ | ᠰᠣᠷᠣᠭᠴᠢ ᠶᠢᠨ ᠲᠤᠭ᠎ᠠ 700 ᠠᠴᠠ 800 ᠳᠤ ᠬᠦᠷᠴᠦ᠂ 100 ᠭᠠᠷᠣᠢ ᠪᠠᠭᠰᠢ ᠠᠵᠢᠯᠳᠠᠠ ᠲᠠᠢ᠂ ᠲᠤᠰᠬᠠᠢ | ᠮᠡᠷᠭᠡᠵᠢᠯ ᠤᠨ ᠨᠠᠮᠳᠠᠷ ᠲᠠᠢ ᠪᠠᠭᠰᠢ ᠵᠠᠭᠤᠨ ᠤ ᠵᠠᠭᠤ ᠳᠤ ᠬᠦᠷᠪᠡ᠃ ᠰᠣᠷᠭᠠᠭᠤᠯᠢ ᠲᠠᠪᠰᠢᠬᠤ ᠨᠣᠷᠮ᠎ᠠ ᠬᠦᠯᠦᠨ | ᠪᠣᠶᠢᠷ ᠬᠤᠲᠠ ᠶᠢᠨ ᠬᠡᠪᠴᠢᠶᠡᠨ ᠳᠤ ᠣᠷᠣᠶᠢᠯᠠᠨ᠂ ᠤᠯᠤᠰ ᠣᠷᠣᠨ ᠤ ᠪᠠᠨ ᠭᠤᠣᠯᠳᠠᠯᠭ᠎ᠠ ᠲᠠᠢ ᠰᠣᠷᠭᠠᠭᠤᠯᠢ | ᠨᠤᠭᠤᠳ ᠲᠤ ᠰᠢᠯᠭᠠᠭᠤᠯᠣᠨ ᠣᠷᠣᠵᠣ ᠡᠬᠡ ᠨᠣᠳᠤᠭ᠂ ᠲᠦᠷᠤ ᠭᠦᠷᠦᠨ ᠤ ᠪᠠᠨ ᠪᠦᠲᠦᠬᠡᠨ ᠪᠠᠶᠢᠭᠤᠯᠤᠯᠲᠠ ᠳᠤ | ᠬᠦᠴᠦ ᠴᠢᠳᠠᠯ ᠢᠶᠠᠨ ᠡᠷᠭᠦᠭᠰᠡᠭᠡᠷ ᠢᠷᠡᠵᠡᠢ᠃ ᠣᠯᠠᠨ ᠤᠳᠠᠭ᠎ᠠ ᠬᠤᠲᠠ ᠶᠢᠨ ᠲᠡᠰ ᠤᠨ ᠵᠢᠭᠠᠨ ᠰᠣᠷᠭᠠᠯᠳᠠ ᠶᠢᠨ | ᠶᠠᠰᠤ ᠴᠢᠨᠠᠷ ᠢ ᠲᠡᠭᠡᠭᠰᠢᠯᠡᠭᠦᠯᠦᠭᠰᠡᠡ ᠲᠡᠷᠢᠬᠦᠨ ᠤ ᠰᠣᠷᠭᠠᠭᠤᠯᠢ ᠪᠠ ᠪᠣᠯᠪᠠᠰᠣᠨ ᠨᠢᠭᠡᠴᠡ ᠶᠢᠨ ᠲᠠᠭᠤᠷᠢᠶᠠᠯ᠂ | ᠬᠤᠲᠠ ᠶᠢᠨ ᠲᠡᠰ ᠤᠨ ᠲᠤᠮᠳᠠᠳᠣ ᠪᠠᠭ᠎ᠠ ᠰᠣᠷᠭᠠᠭᠤᠯᠢ ᠶᠢᠨ ᠲᠤᠷᠰᠢᠯᠳᠠ ᠶᠢᠨ ᠵᠢᠭᠠᠨ ᠰᠤᠷᠭᠠᠯᠳᠠ ᠶᠢᠨ ᠲᠡᠷᠢᠬᠦᠨ ᠤ | ᠬᠠᠮᠳᠣ ᠨᠢᠭᠡᠴᠡ ᠵᠡᠷᠬᠡ ᠢᠷᠠᠭᠤ ᠠᠯᠳᠠᠷ ᠢ ᠬᠦᠷᠲᠡᠨ᠂ ᠡᠷᠡᠨ ᠵᠠᠭᠤᠨ ᠤ ᠠᠯᠬᠤᠭ᠎ᠠ ᠲᠠᠢ ᠮᠦᠷᠦ ᠵᠡᠷᠭᠡᠴᠡᠡ᠂ ᠪᠠᠭᠰᠢ | ᠠᠵᠢᠯᠳᠠᠠ ᠤ ᠪᠠᠨ ᠦᠢᠯᠡᠰ ᠤᠨ ᠬᠠᠯᠠᠭᠤᠨ ᠰᠡᠳᠬᠢᠯᠭᠡ ᠪᠠ ᠰᠣᠷᠣᠭᠴᠢᠳ ᠤᠨ ᠪᠦᠬᠦ ᠲᠠᠯ᠎ᠠ ᠶᠢ ᠪᠠᠳᠠᠷᠠᠭᠤᠯᠣᠨ᠂ | ᠣᠯᠣᠰ ᠦᠨᠳᠣᠰᠣᠳᠡᠡ ᠤ ᠪᠠᠨ ᠰᠤᠷᠭᠠᠨ ᠬᠦᠮᠦᠵᠢᠯ ᠤᠨ ᠦᠢᠯᠡᠰ ᠲᠤ ᠰᠢᠨ᠎ᠡ ᠬᠠᠭᠤᠳᠠᠰᠣ ᠶᠢ ᠪᠢᠴᠢᠭᠯᠡᠬᠦ ᠪᠠᠷ | ᠮᠡᠷᠡᠶᠢᠨ ᠴᠢᠷᠮᠠᠶᠢᠵᠤ ᠪᠠᠶᠢᠨ᠎ᠠ᠃ | | |