ᠮᠠᠨ ᠤ ᠨᠠᠮ ᠮᠠᠨ ᠤ ᠴᠡᠷᠢᠭ ᠮᠠᠨ ᠤ ᠤᠯᠤᠰ ᠤᠨ ᠦᠨᠳᠦᠰᠦᠲᠡᠨ ᠨᠦᠭᠦᠳ ᠤᠨ ᠠᠷᠠᠳ ᠲᠦᠮᠡᠨ ᠳᠤ | ᠨᠡᠶᠢᠳᠡᠮ ᠮᠡᠳᠡᠷᠡᠭᠳᠡᠭᠰᠡᠨ ᠡᠷᠬᠢᠮ ᠳᠡᠭᠡᠳᠦ ᠨᠡᠷ᠎ᠡ ᠬᠦᠨᠳᠦᠲᠦ ᠭᠠᠷᠮᠠᠭᠠᠢ ᠤᠳᠤᠷᠢᠳᠤᠭᠴᠢ᠂ ᠠᠭᠤᠤ ᠶᠡᠭᠡ ᠮᠠᠷᠺᠰ ᠤᠨ | ᠦᠵᠡᠯᠲᠡᠨ᠂ ᠦᠭᠡᠶᠢᠭᠦᠦ ᠠᠩᠭᠢ ᠶᠢᠨ ᠠᠭᠤᠤ ᠶᠡᠭᠡ ᠬᠤᠪᠢᠰᠬᠠᠯᠴᠢ᠂ ᠤᠯᠤᠰ ᠲᠥᠷᠥᠴᠢᠨ᠂ ᠴᠡᠷᠢᠭ ᠤᠨ ᠡᠷᠳᠡᠮᠲᠡᠨ᠂ | ᠭᠠᠳᠠᠭᠠᠳᠤ ᠬᠠᠷᠢᠯᠴᠠᠭᠠᠨ ᠤ ᠵᠢᠳᠬᠦᠯᠲᠡᠨ᠂ ᠤᠷᠲᠤ ᠬᠤᠭᠤᠴᠠᠭᠠᠨ ᠤ ᠰᠢᠯᠭᠠᠯᠲᠠ ᠶᠢ ᠥᠩᠭᠡᠷᠡᠭᠡᠭᠰᠡᠨ ᠡᠪ ᠬᠠᠮᠲᠤ | ᠶᠣᠰᠣᠨ ᠤ ᠪᠠᠶᠢᠯᠳᠤᠭᠴᠢ᠂ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠠᠭᠤᠤ ᠶᠡᠭᠡ ᠦᠢᠯᠡᠰ ᠤᠨ | ᠭᠠᠷᠮᠠᠭᠠᠢ ᠤᠳᠤᠷᠢᠳᠤᠭᠴᠢ᠂ ᠨᠠᠮ ᠤᠨ ᠭᠤᠷᠪᠠᠳᠤᠭᠠᠷ ᠦᠶ᠎ᠡ ᠶᠢᠨ ᠲᠥᠪ ᠬᠤᠷᠢᠶᠠᠨ ᠤ ᠤᠳᠤᠷᠢᠳᠬᠤ ᠬᠠᠮᠲᠤ ᠶᠢᠨ | ᠭᠤᠣᠯᠯᠠᠭᠴᠢ᠂ ︽ᠭᠤᠷᠪᠠ ᠶᠢ ᠲᠥᠯᠥᠭᠡᠯᠡᠬᠦ︾ ᠴᠢᠬᠤᠯᠠ ᠦᠵᠡᠯ ᠰᠠᠨᠠᠭᠠᠨ ᠤ ᠭᠤᠣᠯ ᠡᠭᠦᠳᠦᠭᠴᠢ ᠵᠢᠶᠠᠩ ᠽᠧ ᠮᠢᠨ | ᠨᠥᠬᠦᠷ ᠤᠨ ᠴᠢᠨᠳᠠᠷ ᠢ ᠥᠨᠥᠳᠥᠷ ᠱᠠᠩᠬᠠᠢ ᠠᠴᠠ ᠲᠤᠰᠬᠠᠢ ᠨᠢᠰᠬᠡᠯ ᠢᠶᠠᠷ ᠪᠡᠭᠡᠵᠢᠩ ᠳᠤ ᠵᠠᠯᠠᠵᠤ ᠠᠪᠴᠢᠷᠠᠪᠠ᠃ | ᠰᠢ ᠶᠢᠨ ᠫᠢᠩ᠂ ᠯᠢ ᠺᠧ ᠴᠢᠶᠠᠩ᠂ ᠯᠢ ᠵᠠᠨ ᠱᠣ᠋᠂ ᠸᠠᠩ ᠶᠠᠩ᠂ ᠯᠢ ᠴᠢᠶᠠᠩ᠂ ᠵᠤᠤ ᠯᠧ ᠵᠢᠢ᠂ ᠸᠠᠩ ᠬᠤ᠋ ᠨᠢᠩ᠂ | ᠬᠠᠨ ᠵᠧᠩ᠂ ᠳ᠋ᠢᠩ ᠰᠢᠤᠸᠠᠢ ᠰᠢᠶᠠᠩ᠂ ᠯᠢ ᠰᠢ᠂ ᠸᠠᠩ ᠴᠢ ᠱᠠᠨ ᠵᠡᠷᠭᠡ ᠨᠠᠮ ᠪᠣᠯᠣᠨ ᠲᠦᠷᠦ ᠶᠢᠨ ᠤᠳᠤᠷᠢᠳᠬᠤ | ᠨᠥᠬᠦᠳ ᠪᠡᠭᠡᠵᠢᠩ ᠤᠨ ᠪᠠᠷᠠᠭᠤᠨ ᠲᠡᠭᠦᠷᠭᠡ ᠶᠢᠨ ᠨᠢᠰᠬᠡᠯ ᠤᠨ ᠪᠠᠭᠤᠳᠠᠯ ᠳᠤ ᠬᠦᠷᠴᠦ ᠴᠢᠨᠳᠠᠷ ᠢ ᠤᠭᠲᠤᠵᠤ᠂ | ᠵᠢᠶᠠᠩ ᠽᠧ ᠮᠢᠨ ᠨᠥᠬᠦᠷ ᠤᠨ ᠲᠦᠷᠦᠯ ᠰᠠᠳᠤᠨ ᠢ ᠳᠣᠲᠣᠨᠣ ᠪᠠᠷ ᠲᠣᠬᠤᠨᠢᠭᠤᠯᠵᠤ ᠪᠠᠶᠢᠬᠤ ᠪᠠᠨ ᠢᠯᠡᠳᠬᠡᠪᠡ᠃ | ᠼᠠᠢ ᠴᠢ ᠪᠣᠯᠣᠨ ᠭᠠᠰᠢᠭᠤᠳᠠᠯ ᠤᠨ ᠶᠠᠪᠤᠳᠠᠯ ᠢ ᠡᠷᠭᠢᠯᠡᠭᠦ ᠭᠡᠰᠢᠭᠦᠳ ᠤᠨ ᠬᠤᠷᠠᠯ ᠤᠨ ᠠᠯᠪᠠᠨ ᠭᠡᠷ ᠤᠨ ᠬᠤᠯᠪᠣᠭᠳᠠᠯ | ᠪᠦᠬᠦᠢ ᠨᠥᠬᠦᠳ᠂ ᠵᠢᠶᠠᠩ ᠽᠧ ᠮᠢᠨ ᠨᠥᠬᠦᠷ ᠤᠨ ᠲᠦᠷᠦᠯ ᠰᠠᠳᠤᠨ ᠱᠠᠩᠬᠠᠢ ᠠᠴᠠ ᠵᠢᠶᠠᠩ ᠽᠧ ᠮᠢᠨ ᠨᠥᠬᠦᠷ ᠤᠨ | ᠴᠢᠨᠳᠠᠷ ᠢ ᠪᠡᠭᠡᠵᠢᠩ ᠳᠤ ᠬᠠᠮᠠᠭᠠᠯᠠᠨ ᠬᠦᠷᠭᠡᠵᠦ ᠢᠷᠡᠪᠡ᠃ | ᠪᠡᠭᠡᠵᠢᠩ ᠤᠨ ᠪᠠᠷᠠᠭᠤᠨ ᠲᠡᠭᠦᠷᠭᠡ ᠶᠢᠨ ᠨᠢᠰᠬᠡᠯ ᠤᠨ ᠪᠠᠭᠤᠳᠠᠯ ᠤᠯᠤᠰ ᠤᠨ ᠲᠤᠭ ᠢ ᠬᠠᠭᠠᠰ ᠪᠠᠭᠤᠯᠭᠠᠵᠤ᠂ | ᠲᠥᠪ ᠬᠢᠴᠢᠶᠡᠩᠭᠦᠢ ᠠᠭᠤᠷ ᠠᠮᠢᠰᠬᠤᠯ ᠢᠶᠠᠷ ᠪᠢᠯᠬᠠᠵᠤ᠂ ᠬᠠᠷ᠎ᠠ ᠳᠡᠪᠢᠰᠬᠡᠷᠲᠦ ᠴᠠᠭᠠᠨ ᠦᠰᠦᠭ ᠤᠨ ᠬᠥᠨᠳᠡᠯᠡᠨ | ᠪᠢᠴᠢᠭᠡᠰᠦ ᠳᠡᠭᠡᠷ᠎ᠡ᠄ ︽ᠵᠢᠶᠠᠩ ᠽᠧ ᠮᠢᠨ ᠨᠥᠬᠦᠷ ᠥᠨᠢᠳᠡ ᠪᠠᠯᠠᠷᠠᠰᠢ ᠦᠭᠡᠢ︾᠂ ︽ᠵᠢᠶᠠᠩ ᠽᠧ ᠮᠢᠨ ᠨᠥᠬᠦᠷ | ᠪᠢᠳᠡᠨ ᠤ ᠰᠡᠳᠬᠢᠯ ᠵᠢᠷᠦᠬᠡᠨ ᠳᠤ ᠥᠨᠢᠳᠡ ᠮᠥᠩᠬᠡᠷᠡᠨ᠎ᠡ︾ ᠭᠡᠵᠦ ᠪᠢᠴᠢᠭᠰᠡᠨ ᠪᠠᠶᠢᠯ᠎ᠠ᠃ ᠰᠢ ᠶᠢᠨ ᠫᠢᠩ ᠪᠣᠯᠣᠨ | ᠬᠠᠳᠤᠨ ᠫᠧᠩ ᠯᠢ ᠶᠤᠸᠠᠨ ᠨᠠᠷ ᠡᠩᠭᠡᠷ ᠲᠡᠭᠡᠨ ᠴᠠᠭᠠᠨ ᠬᠤᠸᠠᠷ ᠵᠡᠭᠦᠵᠦ᠂ ᠬᠠᠨᠴᠤᠢ ᠳᠠᠭᠠᠨ ᠬᠠᠷ᠎ᠠ ᠱᠠ ᠵᠡᠭᠦᠵᠦ᠂ | ᠲᠥᠪ ᠬᠢᠴᠢᠶᠡᠩᠭᠦᠢ ᠪᠠᠷ ᠨᠢᠰᠬᠡᠯ ᠤᠨ ᠵᠣᠭᠰᠣᠭᠠᠯ ᠳᠡᠭᠡᠷ᠎ᠡ ᠲᠥᠪ ᠵᠣᠭᠰᠣᠪᠠ᠃ | | | | 12 ᠰᠠᠷ᠎ᠠ ᠶᠢᠨ 1 ᠤ ᠡᠳᠦᠷ᠂ ᠵᠢᠶᠠᠩ ᠽᠧ ᠮᠢᠨ ᠨᠥᠬᠦᠷ ᠤᠨ ᠴᠢᠨᠳᠠᠷ ᠢ ᠱᠠᠩᠬᠠᠢ ᠠᠴᠠ ᠲᠤᠰᠬᠠᠢ | ᠨᠢᠰᠬᠡᠯ ᠢᠶᠠᠷ ᠪᠡᠭᠡᠵᠢᠩ ᠳᠤ ᠵᠠᠯᠠᠵᠤ ᠠᠪᠴᠢᠷᠠᠪᠠ᠃ | ᠰᠢᠨᠬᠤᠸᠠ ᠬᠤᠷᠢᠶᠠᠨ ᠤ ᠰᠤᠷᠪᠤᠯᠵᠢᠯᠠᠬᠴᠢ ᠯᠢ ᠰᠢᠤᠸᠠᠢ ᠷᠧᠨ ᠰᠡᠭᠦᠳᠡᠷᠯᠡᠪᠡ | | 15 ᠴᠠᠭ 55 ᠮᠢᠨᠦ᠋ᠲ ᠲᠤ᠂ ᠵᠢᠶᠠᠩ ᠽᠧ ᠮᠢᠨ ᠨᠥᠬᠦᠷ ᠤᠨ ᠴᠢᠨᠳᠠᠷ ᠢ ᠬᠠᠮᠠᠭᠠᠯᠠᠨ ᠭᠦᠷᠭᠡᠭᠦ ᠲᠤᠰᠬᠠᠢ | ᠨᠢᠰᠬᠡᠯ ᠠᠯᠭᠤᠷᠬᠠᠨ ᠢᠶᠠᠷ ᠪᠠᠭᠤᠵᠤ ᠢᠷᠡᠪᠡ᠃ ᠭᠠᠰᠢᠭᠤᠳᠠᠯ ᠤᠨ ᠠᠶᠠᠰ ᠳᠤᠮᠳᠠ᠂ 12 ᠶᠣᠰᠣᠯᠠᠯ ᠤᠨ ᠴᠡᠷᠢᠭ | ᠵᠢᠶᠠᠩ ᠽᠧ ᠮᠢᠨ ᠨᠥᠬᠦᠷ ᠤᠨ ᠴᠢᠨᠳᠠᠷ ᠢ ᠬᠠᠮᠠᠭᠠᠯᠠᠨ ᠡᠷᠭᠦᠵᠦ᠂ ᠲᠤᠰᠬᠠᠢ ᠨᠢᠰᠬᠡᠯ ᠠᠴᠠ ᠠᠯᠭᠤᠷᠬᠠᠨ ᠪᠠᠭᠤᠵᠤ᠂ | ᠴᠢᠨᠳᠠᠷ ᠢ ᠲᠤᠰᠬᠤ ᠡᠩᠨᠡᠭᠡ ᠶᠢᠨ ᠡᠮᠦᠨ᠎ᠡ ᠲᠠᠯ᠎ᠠ ᠳᠤ ᠬᠦᠷᠴᠦ ᠲᠥᠪ ᠵᠣᠭᠰᠣᠪᠠ᠃ ᠰᠢ ᠶᠢᠨ ᠫᠢᠩ ᠨᠠᠷ ᠵᠢᠶᠠᠩ ᠽᠧ | ᠮᠢᠨ ᠨᠥᠬᠦᠷ ᠤᠨ ᠴᠢᠨᠳᠠᠷ ᠲᠤ ᠭᠤᠷᠪᠠᠨᠲᠠ ᠮᠡᠬᠦ᠋ᠢᠨ ᠶᠣᠰᠣᠯᠠᠵᠤ᠂ ᠴᠢᠨᠳᠠᠷ ᠢ ᠴᠢᠨᠳᠠᠷ ᠤᠨ ᠲᠡᠷᠭᠡᠨ ᠳᠤ ᠪᠠᠷᠠᠯᠠᠨ | ᠮᠣᠷᠳᠠᠭᠤᠯᠪᠠ᠃ ᠳᠠᠷᠠᠭ᠎ᠠ ᠨᠢ᠂ ᠭᠠᠰᠢᠭᠤᠳᠠᠯ ᠤᠨ ᠶᠠᠪᠤᠳᠠᠯ ᠢ ᠡᠷᠭᠢᠯᠡᠭᠦ ᠭᠡᠰᠢᠭᠦᠳ ᠤᠨ ᠬᠤᠷᠠᠯ ᠤᠨ ᠠᠯᠪᠠᠨ ᠭᠡᠷ ᠤᠨ | ᠪᠦᠷᠢᠯᠳᠦᠭᠦᠨ ᠪᠣᠯᠣᠨ ᠵᠢᠶᠠᠩ ᠽᠧ ᠮᠢᠨ ᠨᠥᠬᠦᠷ ᠤᠨ ᠲᠦᠷᠦᠯ ᠰᠠᠳᠤᠨ ᠴᠢᠨᠳᠠᠷ ᠢ ᠬᠠᠮᠠᠭᠠᠯᠠᠨ ᠴᠢᠨᠳᠠᠷ ᠲᠠᠯᠪᠢᠬᠤ | ᠭᠠᠵᠠᠷ ᠲᠤ ᠬᠦᠷᠭᠡᠪᠡ᠃ | ᠲᠤᠰ ᠡᠳᠦᠷ ᠤᠨ ᠦᠳᠡ ᠶᠢᠨ 12 ᠴᠠᠭ 10 ᠮᠢᠨᠦ᠋ᠲ ᠲᠤ᠂ ᠴᠢᠨᠳᠠᠷ ᠬᠥᠳᠡᠯᠭᠡᠬᠦ ᠶᠣᠰᠣᠯᠠᠯ ᠱᠠᠩᠬᠠᠢ ᠶᠢᠨ | ᠬᠤᠸᠠᠳᠦ᠋ᠩ ᠡᠮᠨᠡᠯᠭᠡ ᠶᠢᠨ ᠬᠤᠷᠢᠶᠠᠨ ᠤ ᠠᠶᠠᠷᠯᠠᠬᠤ ᠲᠠᠰᠤᠭ ᠲᠤ ᠶᠠᠪᠤᠭᠳᠠᠪᠠ᠃ ᠭᠠᠰᠢᠭᠤᠳᠠᠯ ᠤᠨ ᠶᠠᠪᠤᠳᠠᠯ ᠢ | ᠡᠷᠭᠢᠯᠡᠭᠦ ᠭᠡᠰᠢᠭᠦᠳ ᠤᠨ ᠬᠤᠷᠠᠯ ᠤᠨ ᠠᠯᠪᠠᠨ ᠭᠡᠷ ᠤᠨ ᠪᠦᠷᠢᠯᠳᠦᠭᠦᠨ᠂ ᠱᠠᠩᠬᠠᠢ ᠬᠤᠲᠠ ᠶᠢᠨ ᠬᠤᠯᠪᠣᠭᠳᠠᠯ ᠪᠦᠬᠦᠢ | ᠬᠠᠷᠢᠭᠤᠴᠠᠯᠭᠠᠲᠠᠨ ᠨᠥᠬᠦᠳ᠂ ᠵᠢᠶᠠᠩ ᠽᠧ ᠮᠢᠨ ᠨᠥᠬᠦᠷ ᠤᠨ ᠲᠦᠷᠦᠯ ᠰᠠᠳᠤᠨ ᠪᠣᠯᠣᠨ ᠠᠮᠢᠳᠤ ᠰᠡᠷᠡᠭᠦᠨ ᠪᠠᠶᠢᠬᠤ | ᠦᠶ᠎ᠡ ᠶᠢᠨ ᠰᠠᠶᠢᠨ ᠨᠠᠶᠢᠵᠠ᠂ ᠡᠮᠴᠢ ᠰᠤᠪᠢᠯᠠᠭᠴᠢ ᠨᠠᠷ ᠵᠢᠶᠠᠩ ᠽᠧ ᠮᠢᠨ ᠨᠥᠬᠦᠷ ᠤᠨ ᠴᠢᠨᠳᠠᠷ ᠠᠴᠠ ᠰᠠᠯᠬᠤ ᠶᠢᠨ | ᠬᠠᠮᠲᠤ ᠴᠢᠨᠳᠠᠷ ᠢ ᠱᠠᠩᠬᠠᠢ ᠶᠢᠨ ᠬᠤᠩ ᠴᠢᠶᠣᠤ ᠨᠢᠰᠬᠡᠯ ᠤᠨ ᠪᠠᠭᠤᠳᠠᠯ ᠳᠤ ᠬᠠᠮᠠᠭᠠᠯᠠᠨ ᠬᠦᠷᠭᠡᠪᠡ᠃ ᠱᠠᠩᠬᠠᠢ ᠶᠢᠨ | ᠡᠯ᠎ᠡ ᠡᠲᠡᠭᠡᠳ ᠤᠨ ᠣᠯᠠᠨ ᠲᠦᠮᠡᠨ ᠵᠠᠮ ᠤᠨ ᠬᠠᠵᠠᠭᠤ ᠳᠤ ᠵᠣᠭᠰᠣᠨ ᠦᠳᠡᠨ ᠮᠣᠷᠳᠠᠭᠤᠯᠵᠠᠢ᠃ ᠪᠡᠭᠡᠵᠢᠩ ᠳᠤ | ᠪᠠᠶᠢᠭ᠎ᠠ ᠨᠠᠮ ᠤᠨ ᠲᠥᠪ ᠬᠤᠷᠢᠶᠠᠨ ᠤ ᠤᠯᠤᠰ ᠲᠦᠷᠦ ᠶᠢᠨ ᠲᠣᠪᠴᠢᠶᠠᠨ ᠤ ᠭᠡᠰᠢᠭᠦᠨ᠂ ᠲᠥᠪ ᠤᠨ ᠱᠦᠵᠢ ᠨᠠᠷ ᠤᠨ | ᠭᠠᠵᠠᠷ ᠤᠨ ᠱᠦᠵᠢ᠂ ᠪᠦᠭᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ | ᠬᠤᠷᠢᠶᠠᠨ ᠤ ᠳᠡᠳ᠋ ᠬᠤᠷᠢᠶᠠᠨ ᠳᠠᠷᠤᠭ᠎ᠠ᠂ ᠲᠦᠷᠦ ᠶᠢᠨ ᠶᠠᠪᠤᠳᠠᠯ ᠤᠨ ᠭᠡᠰᠢᠭᠦᠨ᠂ ᠠᠷᠠᠳ ᠤᠨ ᠳᠡᠭᠡᠳᠦ ᠰᠢᠭᠦᠭᠦ | ᠬᠤᠷᠢᠶᠠᠨ ᠤ ᠳᠠᠷᠤᠭ᠎ᠠ᠂ ᠠᠷᠠᠳ ᠤᠨ ᠳᠡᠭᠡᠳᠦ ᠪᠠᠶᠢᠴᠠᠭᠠᠬᠤ ᠬᠤᠷᠢᠶᠠᠨ ᠤ ᠪᠠᠶᠢᠴᠠᠭᠠᠬᠤ ᠳᠠᠷᠤᠭ᠎ᠠ᠂ ᠪᠡᠭᠡᠵᠢᠩ ᠳᠤ | ᠪᠠᠶᠢᠭ᠎ᠠ ᠪᠦᠭᠦ ᠤᠯᠤᠰ ᠤᠨ ᠤᠯᠤᠰ ᠲᠦᠷᠦ ᠶᠢᠨ ᠵᠥᠪᠯᠡᠯᠭᠡᠨ ᠤ ᠳᠡᠳ᠋ ᠲᠡᠷᠢᠭᠦᠯᠡᠭᠴᠢ ᠵᠢᠴᠢ ᠲᠥᠪ ᠤᠨ ᠴᠡᠷᠢᠭ ᠤᠨ | ᠶᠠᠪᠤᠳᠠᠯ ᠤᠨ ᠬᠤᠷᠢᠶᠠᠨ ᠤ ᠭᠡᠰᠢᠭᠦᠨ ᠪᠠᠰᠠ ᠪᠡᠭᠡᠵᠢᠩ ᠤᠨ ᠪᠠᠷᠠᠭᠤᠨ ᠲᠡᠭᠦᠷᠭᠡ ᠶᠢᠨ ᠨᠢᠰᠬᠡᠯ ᠤᠨ ᠪᠠᠭᠤᠳᠠᠯ ᠳᠤ | ᠬᠦᠷᠴᠦ ᠴᠢᠨᠳᠠᠷ ᠢ ᠤᠭᠲᠤᠪᠠ᠃ | ᠵᠢᠶᠠᠩ ᠽᠧ ᠮᠢᠨ ᠨᠥᠬᠦᠷ 11 ᠰᠠᠷ᠎ᠠ ᠶᠢᠨ 30 ᠤ ᠡᠳᠦᠷ ᠱᠠᠩᠬᠠᠢ ᠳᠤ ᠨᠠᠰᠤ ᠪᠠᠷᠠᠪᠠ᠂ ᠨᠠᠰᠤᠨ ᠰᠡᠭᠦᠳᠡᠷ | 96᠃ | | | | 12 ᠰᠠᠷ᠎ᠠ ᠶᠢᠨ 1 ᠤ ᠡᠳᠦᠷ᠂ ᠵᠢᠶᠠᠩ ᠽᠧ ᠮᠢᠨ ᠨᠥᠬᠦᠷ ᠤᠨ ᠴᠢᠨᠳᠠᠷ ᠢ ᠱᠠᠩᠬᠠᠢ ᠠᠴᠠ ᠲᠤᠰᠬᠠᠢ | ᠨᠢᠰᠬᠡᠯ ᠢᠶᠠᠷ ᠪᠡᠭᠡᠵᠢᠩ ᠳᠤ ᠵᠠᠯᠠᠵᠤ ᠠᠪᠴᠢᠷᠠᠪᠠ᠃ ᠰᠢ ᠶᠢᠨ ᠫᠢᠩ᠂ ᠯᠢ ᠺᠧ ᠴᠢᠶᠠᠩ᠂ ᠯᠢ ᠵᠠᠨ ᠱᠣ᠋᠂ ᠸᠠᠩ ᠶᠠᠩ᠂ ᠯᠢ | ᠴᠢᠶᠠᠩ᠂ ᠵᠤᠤ ᠯᠧ ᠵᠢᠢ᠂ ᠸᠠᠩ ᠬᠤ᠋ ᠨᠢᠩ᠂ ᠬᠠᠨ ᠵᠧᠩ᠂ ᠳ᠋ᠢᠩ ᠰᠢᠤᠸᠠᠢ ᠰᠢᠶᠠᠩ᠂ ᠯᠢ ᠰᠢ᠂ ᠸᠠᠩ ᠴᠢ ᠱᠠᠨ ᠵᠡᠷᠭᠡ | ᠨᠠᠮ ᠪᠣᠯᠣᠨ ᠲᠦᠷᠦ ᠶᠢᠨ ᠤᠳᠤᠷᠢᠳᠬᠤ ᠨᠥᠬᠦᠳ ᠪᠡᠭᠡᠵᠢᠩ ᠤᠨ ᠪᠠᠷᠠᠭᠤᠨ ᠲᠡᠭᠦᠷᠭᠡ ᠶᠢᠨ ᠨᠢᠰᠬᠡᠯ ᠤᠨ | ᠪᠠᠭᠤᠳᠠᠯ ᠳᠤ ᠬᠦᠷᠴᠦ ᠴᠢᠨᠳᠠᠷ ᠢ ᠲᠤᠰᠪᠠ᠃ ᠼᠠᠢ ᠴᠢ ᠨᠠᠷ ᠱᠠᠩᠬᠠᠢ ᠠᠴᠠ ᠵᠢᠶᠠᠩ ᠽᠧ ᠮᠢᠨ ᠨᠥᠬᠦᠷ ᠤᠨ | ᠴᠢᠨᠳᠠᠷ ᠢ ᠪᠡᠭᠡᠵᠢᠩ ᠳᠤ ᠬᠠᠮᠠᠭᠠᠯᠠᠨ ᠬᠦᠷᠭᠡᠵᠦ ᠢᠷᠡᠪᠡ᠃ | ᠰᠢᠨᠬᠤᠸᠠ ᠬᠤᠷᠢᠶᠠᠨ ᠤ ᠰᠤᠷᠪᠤᠯᠵᠢᠯᠠᠬᠴᠢ ᠯᠢ ᠰᠢᠤᠸᠠᠢ ᠷᠧᠨ ᠰᠡᠭᠦᠳᠡᠷᠯᠡᠪᠡ | | |