ᠮᠣᠩᠭᠤᠯ ᠤᠯᠤᠰ ᠤᠨ ᠪᠠᠷᠭᠤᠴᠤᠳ ︵ᠨᠢᠭᠡ︶
ᠨᠡᠶᠢᠲᠡᠯᠡᠭᠰᠡᠨ ᠴᠠᠭ᠄
2022/12/5
                                           ᠴᠣ · ᠳᠤᠭᠠᠷᠵᠠᠪ      ︽ᠮᠣᠩᠭᠤᠯ ᠤᠯᠤᠰ ᠤᠨ 18 ᠠᠶᠢᠮᠠᠭ᠂ ᠬᠤᠲᠠ ᠨᠤᠭᠤᠳ ᠲᠤ ᠪᠠᠷᠭᠤ ᠮᠣᠩᠭᠤᠯᠴᠤᠳ ᠠᠵᠤ ᠲᠥᠷᠦᠳᠡᠭ ᠭᠡᠪᠡᠯ ᠭᠠᠳᠠᠭᠠᠳᠤ ᠶᠢᠨ ᠬᠦᠮᠦᠨ ᠢᠲᠡᠭᠡᠬᠦ ᠪᠠᠶᠢᠬ᠎ᠠ᠃ ᠬᠠᠷᠢᠨ ᠮᠣᠩᠭᠤᠯᠴᠤᠳ ᠦᠪᠡᠷᠰᠡᠳ ᠢᠶᠠᠨ ᠢᠲᠡᠭᠡᠬᠦ ᠦᠭᠡᠢ᠃ ︿ᠪᠠᠷᠭᠤᠴᠤᠳ ᠲᠡᠶᠢᠮᠦ ᠣᠯᠠᠨ ᠭᠡᠵᠦ ᠦᠦ︖﹀ ᠭᠡᠮᠡᠨ ᠮᠦᠷᠦ ᠪᠠᠨ ᠬᠠᠪᠴᠢᠭᠠᠨᠠᠭᠤᠯᠤᠨ ᠭᠠᠶᠢᠬᠠᠬᠤ ᠬᠠᠯᠬᠠᠴᠤᠳ ᠵᠦᠩᠳᠡᠭᠡᠨ ᠪᠣᠢ︾ ᠭᠡᠰᠡᠨ ᠲᠡᠮᠳᠡᠭᠯᠡᠯ ᠪᠣᠯ ᠦᠨᠡᠨ ᠶᠤᠮ᠃      ᠬᠤᠷᠢᠨ ᠨᠢᠭᠡᠳᠦᠭᠡᠷ ᠵᠠᠭᠤᠨ ᠤ ᠡᠬᠢᠨ ᠳᠤ ᠮᠣᠩᠭᠤᠯ ᠤᠯᠤᠰ ᠬᠦᠮᠦᠨ ᠠᠮᠠ ᠪᠣᠯᠣᠨ ᠶᠠᠰᠤᠲᠠᠨ ᠢ ᠪᠦᠷᠢᠳᠬᠡᠬᠦ ᠳᠤ ᠪᠠᠷᠭᠤ ᠶᠠᠰᠤᠲᠠᠨ ᠰᠠᠶ᠋ᠢ 2000 ᠭᠠᠷᠤᠢ ᠯᠡ ᠪᠠᠶᠢᠭᠰᠠᠨ ᠶᠤᠮ᠃ ᠡᠨᠡ ᠬᠦ ᠪᠦᠷᠢᠳᠭᠡᠯ ᠤᠨ ᠲᠤᠭ᠎ᠠ ᠦᠨᠡᠨ ᠪᠠᠶᠢᠳᠠᠯ ᠲᠠᠢ ᠦᠯᠦ ᠨᠡᠶᠢᠴᠡᠨ᠎ᠡ ᠭᠡᠳᠡᠭ ᠨᠢ ᠶᠠᠮᠠᠷ ᠴᠤ ᠮᠠᠷᠭᠤᠭᠠᠨ ᠦᠬᠡᠢ ᠪᠢᠯᠡ᠃ ᠡᠶᠢᠮᠦ ᠠᠴᠠ ᠮᠣᠩᠭᠤᠯ ᠤᠯᠤᠰ ᠤᠨ ᠪᠠᠷᠭᠤ ᠶᠠᠰᠤᠲᠠᠨ ᠢ ᠰᠣᠳᠤᠯᠬᠤ ᠳᠤ ᠡᠨᠡ ᠲᠤᠭ᠎ᠠ ᠪᠠᠷ ᠦᠨᠳᠦᠰᠦᠯᠡᠯ ᠪᠣᠯᠭᠠᠬᠤ ᠦᠭᠡᠢ ᠶᠤᠮ᠃      ︽ᠣᠳᠣ ᠶᠢᠨ ᠮᠣᠩᠭᠤᠯ ᠤᠯᠤᠰ ᠤᠨ ᠳᠣᠷᠣᠨᠠᠲᠤ ᠠᠶᠢᠮᠠᠭ᠂ ᠭᠤᠪᠢ ᠰᠦᠮᠪᠦᠷ ᠠᠶᠢᠮᠠᠭ᠂ ᠳᠣᠷᠤᠨᠠᠭᠤᠪᠢ ᠠᠶᠢᠮᠠᠭ ᠤᠨ ᠳᠠᠯᠠᠨᠵᠢᠷᠭᠠᠯᠠᠩ᠂ ᠠᠶᠢᠷᠠᠭ᠂ ᠶᠡᠭᠡ ᠬᠡᠲᠡ᠂ ᠠᠯᠳᠠᠨᠰᠢᠷᠡᠭᠡ᠂ ᠳᠤᠮᠳᠠᠭᠤᠪᠢ ᠠᠶᠢᠮᠠᠭ ᠤᠨ ᠦᠯᠵᠡᠶᠢᠲᠦ᠂ ᠭᠤᠷᠪᠠᠨᠰᠠᠶᠢᠬᠠᠨ᠂ ᠲᠠᠷᠠᠩ᠂ ᠰᠠᠶᠢᠨᠴᠠᠭᠠᠨ᠂ ᠯᠤᠤᠰ᠂ ᠳᠡᠯᠭᠡᠷᠬᠠᠩᠭᠠᠢ᠂ ᠰᠠᠶᠢᠬᠠᠨ ᠣᠪᠣᠭ᠎ᠠ᠂ ᠡᠷᠳᠡᠨᠢᠳᠠᠯᠠᠢ᠂ ᠬᠤᠯᠲᠠ᠂ ᠳᠣᠷᠣᠨᠠᠲᠤ ᠠᠶᠢᠮᠠᠭ ᠤᠨ ᠴᠢᠯᠠᠭᠤᠨ ᠬᠤᠷᠣᠭᠠᠲᠤ᠂ ᠰᠡᠷᠭᠦᠯᠡᠩ᠂ ᠪᠠᠶᠠᠨᠵᠢᠷᠭᠠᠯᠠᠩ᠂ ᠪᠦᠷᠢᠨ᠂ ᠡᠷᠳᠡᠨᠢᠰᠡᠩᠳᠦ᠂ ᠤᠪᠰᠤ ᠠᠶᠢᠮᠠᠭ ᠤᠨ ᠳᠠᠪᠤᠰᠤᠲᠤ᠂ ᠪᠦᠬᠡᠮᠦ᠋ᠷᠡᠨ᠂ ᠲᠦᠷᠬᠡᠨ᠂ ᠤᠯᠠᠭᠠᠠᠭᠤᠮ᠂ ᠨᠠᠷᠠᠨᠪᠤᠯᠠᠭ᠂ ᠴᠡᠴᠡᠭ᠂ ᠪᠤᠯᠠᠭᠠᠨ᠂ ᠬᠦᠪᠰᠦᠭᠦᠯ ᠠᠶᠢᠮᠠᠭ ᠤᠨ ᠰᠢᠨ᠎ᠡ ᠢᠳᠡᠷ᠂ ᠭᠠᠯᠳᠤ᠂ ᠵᠢᠷᠭᠠᠯᠠᠩ᠂ ᠬᠡᠨᠳᠡᠢ ᠠᠶᠢᠮᠠᠭ ᠤᠨ ᠪᠠᠶᠠᠠᠬᠤᠳᠳᠤᠭ᠂ ᠮᠦᠷᠡᠨ᠂ ᠳᠡᠯᠭᠡᠷᠬᠠᠨ᠂ ᠪᠠᠶᠠᠠᠮᠦ᠋ᠩᠬᠡ᠂ ᠳᠠᠷᠬᠠᠨ᠂ ᠰᠦᠬᠡᠪᠠᠭᠠᠳᠤᠷ ᠠᠶᠢᠮᠠᠭ ᠤᠨ ᠲᠦᠮᠡᠨᠴᠣᠭᠲᠤ᠂ ᠰᠦᠬᠡᠪᠠᠭᠠᠲᠤᠷ᠂ ᠲᠦᠪᠰᠢᠠᠰᠢᠷᠡᠭᠡ᠂ ᠠᠭᠤᠯᠠ ᠪᠠᠶᠠᠨ ᠰᠣᠮᠣᠨ ᠳᠤ ᠪᠠᠷᠭᠤ᠂ ᠪᠠᠷᠭᠤᠳ᠂ ᠪᠠᠷᠭᠤᠮᠤᠳ ᠣᠪᠣᠭ᠂ ᠬᠡᠨᠳᠡᠢ ᠠᠶᠢᠮᠠᠭ ᠤᠨ ᠡᠮᠦᠨᠡᠳᠡᠯᠭᠡᠷ᠂ ᠳᠠᠲᠠᠯ ᠰᠣᠮᠣᠨ ᠳᠤ ᠪᠠᠷᠭᠤᠵᠢᠨ ᠣᠪᠣᠭ᠃ ᠭᠤᠪᠢ - ᠠᠯᠳᠠᠢ ᠠᠶᠢᠮᠠᠭ ᠤᠨ ᠴᠢᠨᠳᠠᠮᠤᠨᠢ ᠰᠣᠮᠣᠨ ᠳᠤ ᠪᠠᠷᠭᠤ᠂ ᠳᠠᠷᠬᠠᠨ ᠣᠪᠣᠭ᠃ ᠳᠣᠷᠣᠨᠠᠲᠤ ᠠᠶᠢᠮᠠᠭ ᠤᠨ ᠴᠠᠭᠠᠨ ᠣᠪᠣᠭ᠎ᠠ ᠰᠣᠮᠣᠨ ᠳᠤ ᠳᠠᠭᠤᠷ ᠪᠠᠷᠭᠤ ᠣᠪᠣᠭ᠃ ᠵᠠᠪᠬᠠᠨ ᠠᠶᠢᠮᠠᠭ ᠤᠨ ᠲᠣᠰᠣᠠᠴᠡᠩᠭᠡᠯ᠂ ᠨᠥᠮᠦᠷᠭᠡ᠂ ᠳᠣᠷᠣᠨᠠᠲᠤ ᠠᠶᠢᠮᠠᠭ ᠤᠨ ᠬᠠᠯᠬ᠎ᠠ ᠭᠤᠣᠯ᠂ ᠴᠠᠭᠠᠨ ᠣᠪᠣᠭ᠎ᠠ ᠰᠣᠮᠣᠨ ᠳᠤ ᠴᠢᠪᠴᠢᠨ ᠪᠠᠷᠭᠤ ᠣᠪᠣᠭ᠃ ᠳᠣᠷᠣᠨᠠᠲᠤ ᠠᠶᠢᠮᠠᠭ ᠤᠨ ᠴᠠᠭᠠᠨ ᠣᠪᠣᠭ᠎ᠠ ᠰᠣᠮᠣᠨ ᠳᠤ ᠰᠣᠯᠣᠨ ᠪᠠᠷᠭᠤ ᠣᠪᠣᠭ ᠪᠠᠶᠢᠭ᠎ᠠ ᠨᠢ ᠪᠦᠷᠢᠳᠭᠡᠭᠳᠡᠭᠰᠡᠨ ᠪᠠᠶᠢᠨ᠎ᠠ᠃      ᠵᠠᠪᠬᠠᠨ ᠠᠶᠢᠮᠠᠭ ᠤᠨ ᠰᠠᠩᠲᠤ ᠮᠠᠷᠭᠠᠴᠠ ᠰᠣᠮᠣᠨ ᠳᠤ ᠬᠡᠰᠡᠭ ᠪᠠᠷᠭᠤ ᠰᠠᠭᠤᠳᠠᠭ᠃ ᠤᠷᠢᠳᠤ ᠲᠡᠳᠡᠨ ᠢ ᠵᠠᠰᠠᠭᠲᠤ ᠬᠠᠨ ᠰᠡᠴᠡᠨ ᠰᠠᠷᠲᠠᠭᠤᠯ ᠤᠨ ᠬᠤᠰᠢᠭᠤᠨ ᠤ ᠪᠠᠷᠭᠤ ᠨᠤᠲᠤᠭ ᠬᠡᠮᠡᠳᠡᠭ ᠪᠠᠶᠢᠵᠠᠢ᠃ ᠠᠮᠠᠨ ᠳᠣᠮᠤᠭ ᠢᠶᠠᠷ ᠪᠣᠯ ᠲᠡᠳᠡ ᠡᠷᠲᠡ ᠴᠠᠭ ᠲᠤ ᠬᠦᠯᠦᠨ᠂ ᠪᠣᠶᠢᠷ ᠨᠠᠭᠤᠷ ᠤᠨ ᠡᠷᠭᠢ ᠬᠠᠪᠢ ᠠᠴᠠ ᠴᠡᠷᠢᠭ ᠳᠠᠶᠢᠨ ᠤ ᠬᠥᠯ ᠢᠶᠠᠷ ᠲᠡᠨᠳᠡ ᠬᠦᠷᠴᠦ ᠰᠠᠭᠤᠷᠢᠰᠢᠭᠰᠠᠨ ᠭᠡᠨ᠎ᠡ︾ ᠭᠡᠰᠡᠨ ᠲᠡᠮᠳᠡᠭᠯᠡᠯ ᠪᠣᠢ᠃      ᠶᠡᠷᠦ ᠨᠢ ᠮᠣᠩᠭᠤᠯ ᠤᠯᠤᠰ ᠤᠨ ᠣᠯᠠᠨ ᠠᠶᠢᠮᠠᠭ᠂ ᠬᠤᠲᠠ ᠳᠤ ᠪᠠᠷᠭᠤ ᠰᠤᠮᠤ ᠪᠣᠢ ᠭᠡᠰᠡᠨ ᠲᠡᠮᠳᠡᠭᠯᠡᠯ ᠤᠳ ᠪᠠᠶᠢᠳᠠᠭ᠃ ᠭᠡᠲᠡᠯ᠎ᠡ ᠮᠣᠩᠭᠤᠯ ᠤᠯᠤᠰ ᠤᠨ ᠣᠷᠴᠢᠮ ᠤᠨ ᠬᠦᠮᠦᠨ ᠠᠮᠠ ᠶᠢᠨ ᠲᠣᠭᠠᠯᠠᠯᠭ᠎ᠠ ᠳᠤ ᠪᠠᠷᠭᠤ ᠶᠠᠰᠤᠲᠠᠨ ᠤ ᠬᠦᠮᠦᠨ ᠠᠮᠠ ᠶᠢ ᠵᠦᠪᠬᠡᠨ 2000 ᠭᠡᠵᠦ ᠲᠡᠮᠳᠡᠭᠯᠡᠭᠰᠡᠨ ᠪᠠᠶᠢᠳᠠᠭ᠃ ᠴᠢᠩᠭᠢᠪᠡᠯ ᠶᠠᠭᠠᠬᠢᠭᠠᠳ ᠡᠶᠢᠮᠦᠷᠬᠦ ᠬᠠᠷᠢᠴᠠᠯᠠᠰᠢ ᠦᠭᠡᠢ ᠪᠠᠭ᠎ᠠ ᠲᠤᠭ᠎ᠠ ᠭᠠᠷᠤᠭᠰᠠᠨ ᠪᠣᠢ︖ ᠭᠡᠪᠡᠯ ᠮᠢᠨᠤ ᠦᠵᠡᠬᠦ ᠪᠠᠷ ᠬᠤᠶᠠᠷ ᠵᠦᠢᠯ ᠤᠨ ᠰᠢᠯᠲᠠᠭᠠᠨ ᠪᠣᠢ᠃ ᠨᠢᠭᠡ ᠨᠢ᠂ ᠮᠣᠩᠭᠤᠯ ᠤᠯᠤᠰ ᠤᠨ ᠶᠡᠭᠡ ᠬᠡᠯᠮᠡᠭᠳᠡᠯ ᠤᠨ ᠦᠶ᠎ᠡ ᠳᠤ ᠵᠦᠪᠯᠡᠯᠲᠦ ᠬᠤᠯᠪᠣᠭᠠᠲᠤ ᠤᠯᠤᠰ ᠤᠨ ᠦᠭᠡ ᠶᠢ ᠰᠣᠨᠣᠰᠬᠤ ᠦᠬᠡᠢ ᠬᠦᠮᠦᠨ ᠪᠦᠬᠦᠨ ᠬᠠᠷᠠᠰᠠᠯᠲᠠᠢ ᠪᠠᠷ ᠳᠠᠷᠤᠩᠭᠤᠶᠢᠯᠠᠭᠳᠠᠭᠰᠠᠨ ᠤ ᠬᠠᠮᠲᠤ᠂ ᠬᠠᠯᠬ᠎ᠠ ᠶᠠᠰᠤᠲᠠᠨ ᠪᠤᠰᠤ ᠶᠠᠰᠤᠲᠠᠨ ᠤ ᠬᠦᠮᠦᠰ ᠴᠦ ᠰᠦᠢᠷᠡᠯᠲᠡ ᠶᠢᠨ ᠴᠢᠨᠠᠷᠲᠠᠢ ᠬᠦᠨᠦᠭᠡᠯ ᠳᠤ ᠤᠴᠠᠷᠠᠭᠰᠠᠨ ᠪᠢᠯᠡ᠃ ᠡᠭᠦᠨ ᠳᠤ ᠪᠠᠷᠭᠤ᠂ ᠪᠣᠷᠢᠶᠠᠳ ᠶᠠᠰᠤᠲᠠᠨ ᠤ ᠬᠦᠮᠦᠰ ᠬᠠᠮᠤᠭ ᠠᠴᠠ ᠬᠦᠨᠳᠦ ᠳᠠᠭᠠᠷᠢᠭᠳᠠᠭᠰᠠᠨ ᠪᠣᠯᠬᠤᠷ ᠲᠣᠬᠠᠢ ᠶᠢᠨ ᠦᠶ᠎ᠡ ᠳᠤ ᠠᠮᠢ ᠪᠡᠶ᠎ᠡ ᠪᠠᠨ ᠬᠠᠮᠠᠭᠠᠯᠠᠬᠤ ᠡᠭᠦᠳᠡᠨ ᠠᠴᠠ ᠨᠡᠯᠢᠶᠡᠳ ᠣᠯᠠᠨ ᠪᠠᠷᠭᠤ ᠬᠦᠮᠦᠨ ᠦᠪᠡᠷ ᠤᠨ ᠶᠠᠰᠤᠲᠠᠨ ᠢᠶᠠᠨ ᠨᠢᠭᠤᠵᠦ ᠬᠠᠯᠬ᠎ᠠ ᠶᠠᠰᠤᠲᠠᠨ ᠬᠡᠮᠡᠨ ᠦᠭᠡᠷᠡᠴᠢᠯᠡᠭᠰᠡᠨ ᠶᠤᠮ᠃ ᠨᠦᠭᠦᠭᠡ ᠨᠢ ᠣᠨ ᠵᠢᠯ ᠤᠨ ᠤᠯᠠᠷᠢᠬᠤ ᠶᠢ ᠳᠠᠭᠠᠭᠠᠳ ᠶᠠᠰᠤᠲᠠᠨ ᠢᠶᠠᠨ ᠨᠢᠭᠤᠭᠰᠠᠨ ᠪᠠᠷᠭᠤᠴᠣᠳ ᠤᠨ ᠬᠤᠶᠢᠴᠢᠰ ᠨᠢ ᠪᠢ ᠪᠣᠯ ᠪᠠᠷᠭᠤ ᠬᠦᠮᠦᠨ ᠭᠡᠳᠡᠭ ᠢᠶᠠᠨ ᠮᠡᠳᠡᠬᠦ ᠪᠠᠨ ᠪᠣᠯᠢᠭᠰᠠᠨ ᠶᠤᠮ᠃      ᠪᠢᠳᠡ ᠡᠭᠦᠨ ᠠᠴᠠ ᠬᠤᠶᠢᠰᠢ ᠮᠣᠩᠭᠤᠯ ᠤᠯᠤᠰ ᠤᠨ ᠪᠠᠷᠭᠤ ᠶᠠᠰᠤᠲᠠᠨ ᠢ ᠤᠶᠢᠯᠠᠭᠠᠵᠦ ᠰᠣᠳᠤᠯᠬᠤ ᠳᠠᠭᠠᠨ ᠶᠡᠭᠡ ᠬᠡᠯᠮᠡᠭᠳᠡᠯ ᠤᠨ ᠶᠡᠭᠡ ᠬᠢᠯᠢᠰ ᠢ ᠲᠤᠶᠢᠯᠪᠤᠷᠢᠲᠠᠢ ᠦᠭᠡᠶᠢᠰᠭᠡᠵᠦ᠂ ᠲᠡᠦᠬᠡᠨ ᠦᠨᠡᠨ ᠢ ᠨᠢ ᠰᠡᠷᠭᠦᠭᠡᠵᠦ ᠥᠭᠬᠦ ᠶᠢ ᠮᠠᠷᠲᠠᠵᠤ ᠪᠣᠯᠬᠤ ᠦᠬᠡᠢ ᠶᠤᠮ᠃      ᠳᠣᠣᠷ᠎ᠠ᠂ ᠪᠢ ᠵᠦᠪᠬᠡᠨ ᠬᠦᠯᠦᠨ ᠪᠤᠶᠢᠷ ᠠᠴᠠ ᠮᠣᠩᠭᠤᠯ ᠤᠯᠤᠰ ᠲᠤ ᠨᠡᠭᠦᠵᠦ ᠣᠷᠣᠭᠰᠠᠨ ᠭᠤᠷᠪᠠᠨ ᠰᠤᠮᠤ ᠶᠢ ᠳᠤᠷᠠᠳᠤᠶ᠎ᠠ᠄      ᠠᠪᠳᠠᠷᠠᠪᠠᠶᠠᠨ ᠰᠣᠮᠣ      ᠮᠣᠩᠭᠤᠯ ᠤᠯᠤᠰ ᠤᠨ ᠲᠥᠪ ᠠᠶᠢᠮᠠᠭ ᠤᠨ ᠠᠪᠳᠠᠷᠠᠪᠠᠶᠠᠨ ᠰᠣᠮᠣ ᠨᠢ ᠠᠶᠢᠮᠠᠭ ᠤᠨ ᠲᠥᠪ ᠵᠠᠭᠤᠨᠮᠣᠳᠤ ᠶᠢᠨ ᠲᠠᠯ᠎ᠠ ᠠᠴᠠ ᠵᠡᠭᠦᠨ ᠡᠮᠦᠨᠡᠰᠢ 100 ᠺᠢᠯᠤᠮᠧᠲᠷ ᠤᠨ ᠵᠠᠢ ᠳᠤ ᠪᠠᠶᠢᠳᠠᠭ᠃      ᠲᠤᠰ ᠰᠤᠮᠤ ᠶᠢᠨ ᠢᠷᠡᠯ ᠡᠭᠦᠰᠦᠯ ᠭᠡᠪᠡᠯ᠂ ᠤᠯᠠᠭᠴᠢᠨ ᠮᠤᠭᠠᠢ ᠵᠢᠯ ︵1917 ᠣᠨ︶ ᠤᠨ ᠬᠠᠪᠤᠷ ᠠᠴᠠ ᠰᠧᠪᠵᠢᠩᠭᠡ ᠶᠢᠨ ᠳᠡᠭᠡᠷᠡᠮ ᠬᠠᠶᠢᠯᠠᠷ ᠬᠤᠲᠠ ᠶᠢ ᠡᠵᠡᠯᠡᠪᠡ ᠭᠡᠰᠡᠨ ᠴᠢᠮᠡᠭᠡ ᠭᠠᠷᠤᠭᠰᠠᠨ ᠤ ᠳᠠᠷᠠᠭ᠎ᠠ ᠵᠤᠨ ᠤ ᠦᠶᠡᠰ ᠢᠶᠠᠷ ᠬᠦᠪᠡᠭᠡᠲᠦ ᠰᠢᠷ᠎ᠠ ᠬᠤᠰᠢᠭᠤᠨ ᠢ ᠳᠣᠪᠳᠤᠨᠪᠠᠯᠵᠤᠤᠷ ᠭᠠᠯᠢᠳᠠ ᠶᠢ ᠠᠯᠠᠵᠤ ᠠᠳᠤᠭᠤ ᠮᠠᠯ ᠢ  ᠨᠢ ᠳᠡᠭᠡᠷᠡᠮᠳᠡᠪᠡ ᠭᠡᠵᠦ ᠰᠣᠨᠣᠰᠳᠠᠵᠦ᠂ ᠳᠡᠭᠡᠷᠡᠮ ᠤᠨ ᠬᠡᠰᠡᠭ ᠬᠦᠮᠦᠰ ᠵᠢᠷᠭᠤᠭᠠᠳᠠᠢ ᠭᠡᠳᠡᠭ ᠭᠠᠵᠠᠷ ᠲᠤ ᠢᠷᠡᠵᠦ ᠬᠡᠳᠦᠨ ᠬᠦᠮᠦᠨ ᠢᠶᠠᠨ ᠠᠯᠠᠭᠤᠯᠤᠭᠠᠳ ᠪᠤᠴᠠᠵᠠᠢ᠃ ᠡᠭᠦᠨ ᠠᠴᠠ ᠪᠣᠯᠵᠤ᠂ ᠰᠢᠨ᠎ᠡ ᠪᠠᠷᠭᠤ ᠵᠡᠭᠦᠨ ᠭᠠᠷᠤᠨ ᠮᠠᠯᠴᠢᠳ ᠠᠶᠤᠨ ᠳᠦᠷᠪᠡᠵᠦ᠂ ᠰᠢᠨ᠎ᠡ ᠪᠠᠷᠭᠤ ᠪᠠᠷᠠᠭᠤᠨ ᠭᠠᠷᠤᠨ ᠬᠦᠪᠡᠭᠡᠲᠦ ᠤᠯᠠᠭᠠᠨ ᠤ ᠳᠦᠷᠪᠡᠨ ᠤ ᠭᠤᠷᠪᠠ᠂ ᠬᠦᠪᠡᠭᠡᠲᠦ ᠬᠥᠬᠡ ᠶᠢᠨ ᠭᠤᠷᠪᠠᠨ ᠤ ᠨᠢᠭᠡ᠂ ᠰᠢᠯᠤᠭᠤᠨ ᠤᠯᠠᠭᠠᠨ ᠤ 20 ᠭᠠᠷᠤᠢ ᠡᠷᠦᠬᠡ ᠵᠡᠷᠭᠡ ᠮᠠᠯᠴᠢᠳ᠂ ᠪᠠᠷᠤᠭᠯᠠᠪᠠᠯ 200 ᠭᠠᠷᠤᠢ ᠡᠷᠦᠬᠡ᠂ 800 ᠭᠠᠷᠤᠢ ᠬᠦᠮᠦᠨ᠂ 30000 ᠲᠦᠮᠡ ᠭᠠᠷᠤᠢ ᠮᠠᠯ ᠢ ᠠᠪᠴᠤ ᠬᠠᠯᠬ᠎ᠠ ᠶᠢᠨ ᠨᠤᠲᠤᠭ ᠲᠤ ᠨᠡᠭᠦᠨ ᠣᠷᠣᠪᠠ᠃      ᠪᠠᠰᠠ ᠬᠦᠪᠡᠭᠡᠲᠦ ᠤᠯᠠᠭᠠᠨ ᠬᠤᠰᠢᠭᠤᠨ ᠤ ᠫᠤᠩᠰᠤᠭᠷᠠᠪᠳᠠᠨ ᠵᠠᠩᠭᠢ ᠴᠢᠪᠰᠢᠩᠭᠡ ᠲᠠᠢ ᠡᠷᠬᠡ ᠪᠤᠯᠢᠶᠠᠯᠳᠤᠭᠠᠳ ᠬᠦᠴᠦᠨ ᠮᠡᠬᠦᠰᠳᠡᠵᠦ᠂ 1915 ᠣᠨ ᠤ ᠨᠠᠮᠤᠷ ᠣᠶᠢᠷ᠎ᠠ ᠲᠦᠷᠦᠯ ᠤᠨ 20 ᠣᠷᠴᠢᠮ ᠡᠷᠦᠬᠡ ᠬᠦᠮᠦᠰ ᠬᠠᠯᠬ᠎ᠠ ᠶᠢᠨ ᠨᠤᠲᠤᠭ ᠲᠤ ᠨᠡᠭᠦᠨ ᠣᠴᠢᠭᠰᠠᠨ ᠪᠠ 1917 ᠣᠨ ᠤ 4 ᠰᠠᠷ᠎ᠠ ᠳᠤ ᠬᠦᠪᠡᠭᠡᠲᠦ ᠤᠯᠠᠭᠠᠨ ᠪᠠ ᠬᠦᠪᠡᠭᠡᠲᠦ ᠬᠥᠬᠡ ᠬᠤᠰᠢᠭᠤᠨ ᠤ ᠬᠡᠰᠡᠭ ᠴᠢᠨᠡᠭᠡᠯᠢᠭ ᠡᠷᠦᠬᠡ ᠫᠤᠩᠰᠤᠭᠷᠠᠪᠳᠠᠨ ᠤ ᠬᠤᠶᠢᠨ᠎ᠠ ᠠᠴᠠ ᠨᠡᠭᠦᠨ ᠣᠴᠢᠵᠦ ᠨᠡᠶᠢᠯᠡᠪᠡ᠃ ᠡᠳᠡᠭᠡᠷ ᠠᠶᠢᠯ ᠵᠤᠨ ᠰᠢᠨ᠎ᠡ ᠪᠠᠷᠭᠤ ᠵᠡᠭᠦᠨ ᠭᠠᠷ᠂ ᠪᠠᠷᠠᠭᠤᠨ ᠭᠠᠷ ᠤᠨ ᠳᠡᠭᠡᠷᠡᠮ ᠠᠴᠠ ᠳᠦᠷᠪᠡᠵᠦ ᠣᠴᠢᠭᠰᠠᠨ ᠠᠶᠢᠯ ᠤᠳ ᠲᠠᠢ ᠨᠡᠶᠢᠯᠡᠭᠡᠳ ᠬᠠᠮᠲᠤ ᠪᠠᠷ ᠬᠠᠯᠬ᠎ᠠ ᠶᠢᠨ ᠨᠤᠲᠤᠭ ᠲᠤ ᠣᠷᠣᠵᠠᠢ᠃      ᠡᠳᠡᠭᠡᠷ ᠵᠤᠨ 1918 ᠣᠨ ᠤ ᠬᠠᠪᠤᠷ ᠬᠠᠯᠲᠠᠷ ᠤᠨ ᠭᠤᠪᠢ ᠳᠤ ᠬᠦᠷᠦᠭᠡᠳ ᠲᠡᠳᠡᠨ ᠤ ᠲᠦᠷᠦᠭᠦᠴᠦᠳ 20 ᠭᠠᠷᠤᠢ ᠬᠦᠮᠦᠰ ᠵᠦᠪᠯᠡᠯᠳᠦᠵᠦ ᠪᠣᠭᠳᠠ ᠵᠢᠪᠽᠦ᠋ᠨᠳᠠᠮᠪᠠ ᠬᠤᠲᠣᠭᠲᠣ ᠳᠤ ᠱᠠᠪᠢ ᠪᠣᠯᠬᠤ ᠪᠠᠷ ᠲᠣᠭᠲᠠᠵᠠᠢ᠃ ᠪᠣᠭᠳᠠ ᠵᠢᠪᠽᠦ᠋ᠨᠳᠠᠮᠪᠠ ᠬᠤᠲᠣᠭᠲᠣ ᠳᠤ ᠠᠶᠢᠯᠠᠳᠬᠠᠯ ᠣᠴᠢᠭᠰᠠᠨ ᠲᠦᠷᠦᠭᠦᠴᠦᠳ ᠤᠨ ᠲᠦᠯᠦᠭᠡᠯᠡᠭᠴᠢᠳ 100 ᠶᠤᠸᠠᠨᠪᠤᠤ ᠡᠷᠭᠦᠵᠦ ᠪᠠᠷᠠᠯᠠᠨ ᠮᠦᠷᠭᠦᠵᠦ ᠮᠣᠳᠤᠷ ᠤᠨ ᠠᠳᠢᠰ ᠬᠦᠷᠲᠡᠵᠡᠢ᠃ ᠪᠣᠭᠳᠠ ᠡᠵᠡᠨ ᠲᠡᠳᠡᠨ ᠤ ᠬᠦᠰᠡᠯᠲᠡ ᠶᠢ ᠶᠣᠰᠤᠭᠠᠷ ᠪᠣᠯᠭᠠᠵᠦ᠂ ᠡᠶᠢᠨ ᠬᠦ 200 ᠰᠢᠬᠠᠮ ᠡᠷᠦᠬᠡ ᠶᠢᠨ 1000 ᠰᠢᠬᠠᠮ ᠪᠠᠷᠭᠤᠴᠣᠳ ︽ᠪᠣᠭᠳᠠ ᠶᠢᠨ ᠱᠠᠪᠢ︾ ᠪᠣᠯᠵᠤ᠂ ᠪᠣᠭᠳᠠ ᠠᠭᠤᠯᠠ ᠶᠢᠨ ᠡᠮᠦᠨ᠎ᠡ ᠵᠦᠭ ᠲᠤ ᠮᠠᠨᠽᠤᠰᠢᠷᠢ ᠬᠤᠳᠣᠭᠳᠣ ᠴᠡᠷᠡᠨᠳᠣᠷᠵᠢ ᠶᠢᠨ ᠨᠤᠲᠤᠭ - ᠠᠪᠳᠠᠷᠠᠬᠠᠩᠭᠠᠢ ᠠᠭᠤᠯᠠ ᠶᠢ ᠲᠥᠪ ᠪᠣᠯᠭᠠᠭᠰᠠᠨ ᠭᠤᠪᠢ ᠨᠤᠲᠤᠭ ᠢᠶᠠᠷ ᠴᠢᠯᠦᠭᠡᠲᠡᠢ ᠨᠤᠲᠤᠭᠯᠠᠳᠠᠭ  ᠪᠣᠯᠵᠠᠢ᠃ ᠲᠡᠷᠡ ᠦᠶ᠎ᠡ ᠠᠴᠠ ᠬᠤᠶᠢᠰᠢ ᠡᠳᠡᠭᠡᠷ ᠪᠠᠷᠭᠤᠴᠣᠳ ᠢ ᠠᠪᠳᠠᠷᠠᠪᠠᠶᠠᠨ ᠤ ᠪᠠᠷᠭᠤ ᠭᠡᠵᠦ ᠨᠡᠷᠡᠯᠡᠳᠡᠭ ᠪᠣᠯᠵᠠᠢ᠃      1923 ᠣᠨ ᠳᠤ ᠮᠣᠩᠭᠤᠯ ᠤᠯᠤᠰ ᠤᠨ ᠵᠠᠰᠠᠭ ᠤᠨ ᠭᠠᠵᠠᠷ ᠠᠴᠠ ᠱᠠᠪᠢ ᠪᠠᠷᠭᠤ ᠶᠢ ᠤᠯᠠᠭᠠᠨᠪᠠᠭᠠᠲᠤᠷ ᠬᠤᠲᠠ ᠠᠴᠠ ᠪᠠᠷᠠᠭᠤᠨᠰᠢ ᠨᠤᠲᠤᠭ ᠭᠠᠷᠭᠠᠵᠦ ᠨᠤᠲᠤᠭᠯᠠᠭᠤᠯᠤᠨ᠎ᠠ ᠭᠡᠰᠡᠨ ᠲᠣᠭᠲᠠᠭᠠᠯ ᠭᠠᠷᠭᠠᠵᠠᠢ᠃ ᠡᠭᠦᠨ ᠠᠴᠠ ᠪᠣᠯᠵᠤ᠂ 1924 ᠣᠨ ᠤ ᠡᠪᠦᠯ ᠱᠠᠪᠢ ᠪᠠᠷᠭᠤ ᠶᠢᠨ ᠲᠦᠷᠦᠭᠦᠴᠦᠳ ᠨᠢᠭᠤᠴᠠ ᠪᠠᠷ ᠵᠦᠪᠯᠡᠯᠳᠦᠵᠦ ᠨᠤᠲᠤᠭ ᠪᠤᠴᠠᠬᠤ ᠪᠡᠯᠡᠳᠬᠡᠯ ᠬᠢᠵᠡᠢ᠃ ᠢᠩᠭᠢᠭᠡᠳ ᠮᠦᠨ  ᠡᠪᠦᠯ ᠳᠡᠭᠡᠨ ᠨᠡᠯᠢᠶᠡᠳ ᠵᠤᠨ ᠢᠶᠠᠨ ᠲᠠᠷᠬᠠᠭᠠᠭᠰᠠᠨ ᠦᠭᠡᠢ ᠰᠠᠭᠤᠷᠢᠨ ᠤ ᠣᠷᠴᠢᠮ ᠢᠶᠠᠷ ᠨᠤᠲᠤᠭᠯᠠᠭᠤᠯᠤᠭᠠᠳ ᠢᠷᠡᠬᠦ ᠬᠠᠪᠤᠷ ᠨᠢ ᠡᠭᠦᠳᠡ ᠶᠢᠨ ᠵᠢᠷᠠᠩ ᠭᠡᠬᠦ ᠭᠠᠵᠠᠷ ᠠᠭᠠᠵᠢᠮ ᠢᠶᠠᠷ ᠴᠤᠭᠯᠠᠷᠠᠨ ᠲᠦᠪᠯᠡᠷᠡᠭᠡᠳ᠂ 1925 ᠣᠨ ᠤ ᠪᠢᠯᠢᠭ ᠤᠨ ᠤᠯᠠᠷᠢᠯ ᠤᠨ 4 ᠰᠠᠷ᠎ᠠ ᠶᠢᠨ ᠨᠢᠭᠡᠨ ᠰᠦᠨᠢ ᠬᠦᠷᠢᠶ᠎ᠡ ᠬᠠᠪᠢᠷᠭ᠎ᠠ ᠶᠢᠨ ᠬᠤᠶᠢᠳᠣ ᠲᠠᠯ᠎ᠠ ᠪᠠᠷ ᠬᠢᠯᠢ ᠳᠠᠪᠠᠨ ᠨᠢᠭᠡ ᠬᠡᠰᠡᠭ ᠵᠤᠨ ᠨᠢ ᠨᠤᠲᠤᠭ ᠲᠠᠭᠠᠨ ᠪᠤᠴᠠᠨ ᠢᠷᠡᠵᠡᠢ᠃      ᠱᠠᠪᠢ ᠪᠠᠷᠭᠤ ᠶᠢᠨ ᠵᠤᠨ ᠢ ᠵᠣᠭᠰᠤᠭᠠᠯ ᠵᠢᠷᠭᠠᠯᠠᠩᠲᠤ ᠠᠭᠤᠯᠠ ᠶᠢᠨ ᠬᠤᠰᠢᠭᠤᠨ ᠤ ᠨᠢᠭᠡ ᠰᠤᠮᠤ ᠪᠣᠯᠭᠠᠨ ᠵᠠᠬᠢᠷᠤᠭᠤᠯᠵᠤ᠂ ᠠᠪᠳᠠᠷ᠎ᠠ᠂ ᠪᠠᠶᠠᠨ ᠬᠤᠶᠠᠷ ᠠᠭᠤᠯᠠ ᠪᠠᠷ 1924 ᠣᠨ ᠳᠤ ᠠᠪᠳᠠᠷᠠᠪᠠᠶᠠᠨ ᠰᠤᠮᠤ ᠭᠡᠵᠦ ᠨᠡᠷᠡᠶᠢᠳᠦᠭᠡᠳ ᠨᠠᠢᠮᠠᠨ ᠪᠠᠭ ᠲᠠᠢ ᠴᠣᠯ ᠪᠠᠷᠭᠤ ᠰᠣᠮᠣ ᠪᠣᠯᠵᠠᠢ᠃ ᠲᠤᠰ ᠰᠤᠮᠤ 1927 ᠣᠨ ᠳᠤ 158 ᠡᠷᠦᠬᠡ᠂ 867 ᠬᠦᠮᠦᠨ ᠲᠠᠢ ᠪᠠᠶᠢᠪᠠ᠃      ᠠᠪᠳᠠᠷᠠᠪᠠᠶᠠᠨ ᠰᠣᠮᠣᠨ ᠤ ᠲᠥᠪ ᠨᠢ ᠬᠤᠷᠢᠭᠠᠳ ᠵᠢᠯ ᠳᠤ ᠰᠢᠷᠠᠬᠤᠳᠳᠤᠭ᠂ ᠪᠠᠶᠠᠨᠴᠢᠯᠠᠭᠤᠲᠤ᠂ ᠬᠦᠷᠵᠡᠲᠦ ᠵᠡᠷᠭᠡ ᠭᠠᠵᠠᠷ ᠤᠳ ᠲᠤ ᠪᠠᠶᠢᠭᠰᠠᠨ ᠢᠶᠠᠨ 1938 ᠣᠨ ᠳᠤ ᠦᠪᠦᠷᠰᠢᠪᠠᠷᠲᠤ ᠭᠡᠬᠦ ᠭᠠᠵᠠᠷ ᠰᠠᠭᠤᠷᠢᠰᠢᠵᠠᠢ᠃      ᠠᠪᠳᠠᠷᠠᠪᠠᠶᠠᠨ ᠤ ᠪᠠᠷᠭᠤ ᠣᠪᠣᠭ ᠤᠳ᠄ ᠠᠪᠠᠭᠠᠴᠤᠯ᠂ ᠭᠤᠴᠢᠳ᠂ ᠲᠣᠩᠭᠤᠶᠢᠳ᠂ ᠴᠡᠭᠡᠵᠢᠨ᠂ ᠳᠠᠭᠠᠷᠢᠳᠠᠨ᠂ ᠰᠢᠷᠠᠶᠢᠳ᠂ ᠭᠦᠢᠴᠡᠯᠢᠭ᠂ ᠤᠯᠢᠶᠠᠳ᠂ ᠪᠣᠳᠤᠩᠭᠤᠳ᠂ ᠦᠵᠦᠨ᠂ ᠶᠦᠩᠰᠢᠶᠡᠪᠦ᠂ ᠵᠤᠷᠭᠤᠨ᠂ ᠠᠯᠠᠭᠤᠢ᠂ ᠴᠠᠭᠠᠨ ᠤᠭᠤᠷᠠᠭ᠂ ᠬᠤᠨᠳᠤᠨ᠂ ᠭᠠᠯᠵᠤᠳ᠂ ᠬᠠᠩᠭᠢᠨ᠂ ᠲᠡᠮᠦᠷᠴᠢᠨ᠂ ᠨᠣᠮᠣᠴᠢᠨ᠂ ᠬᠠᠷᠠᠭᠠᠨ᠎ᠠ ᠵᠡᠷᠭᠡ ᠪᠣᠯᠣᠨ᠎ᠠ᠃      ᠠᠪᠳᠠᠷᠠᠪᠠᠶᠠᠨ ᠤ ᠵᠣᠨ ᠪᠣᠯ ᠤᠤᠯ ᠤᠨ ᠰᠢᠨ᠎ᠡ ᠪᠠᠷᠭᠤ ᠪᠠᠷᠠᠭᠤᠨ ᠭᠠᠷᠤᠨ ᠰᠢᠯᠤᠭᠤᠨ ᠰᠢᠷ᠎ᠠ ᠬᠤᠰᠢᠭᠤᠨ ᠤ ᠬᠢᠨ ᠶᠤᠮ᠃ ᠮᠣᠩᠭᠤᠯ ᠤᠯᠤᠰ ᠲᠤ ᠣᠷᠣᠭᠰᠠᠨ ᠤ ᠬᠤᠶᠢᠨ᠎ᠠ ᠭᠤᠷᠪᠠᠨ ᠬᠡᠰᠡᠭ ᠪᠣᠯᠪᠠ᠃ ᠨᠢᠭᠡ ᠬᠡᠰᠡᠭ ᠨᠢ ᠮᠠᠩᠯᠠᠢ ᠸᠠᠩ ᠳᠠᠮᠳᠢᠨᠰᠦ᠋ᠷᠦᠩ ᠤᠨ ᠬᠤᠰᠢᠭᠤᠨ ᠳᠤ ᠣᠷᠣᠪᠠ᠃ ᠨᠦᠭᠦᠭᠡ ᠬᠡᠰᠡᠭ ᠨᠢ ᠬᠡᠷᠦᠯᠦᠨ ᠤ ᠵᠡᠭᠦᠨ ᠲᠠᠯ᠎ᠠ ᠳᠤ ᠦᠯᠡᠳᠡᠭᠡᠳ ᠴᠠᠰᠢ ᠪᠠᠨ ᠨᠡᠭᠦᠪᠡ᠃ ᠪᠠᠰᠠ ᠨᠢᠭᠡ ᠬᠡᠰᠡᠭ ᠨᠢ ᠬᠦᠯᠦᠨ ᠪᠣᠶᠢᠷ ᠲᠠᠭᠠᠨ ᠪᠤᠴᠠᠪᠠ᠃
ᠢᠷᠡᠯᠲᠡ᠄ ᠬᠦᠯᠦᠨ ᠪᠤᠶᠢᠷ ᠤᠨ ᠡᠳᠦᠷ ᠤᠨ ᠰᠣᠨᠢᠨ