ᠭᠤᠷᠪᠠᠨ ᠵᠠᠭᠠᠯ ᠰᠤᠮᠤ | | | ᠮᠣᠩᠭᠤᠯ ᠤᠯᠤᠰ ᠤᠨ ᠳᠣᠷᠣᠨᠠᠲᠤ ᠠᠶᠢᠮᠠᠭ ᠤᠨ ᠭᠤᠷᠪᠠᠨ ᠵᠠᠭᠠᠯ ᠰᠤᠮᠤ ᠶᠢᠨ ᠲᠥᠪ ᠴᠣᠶᠢᠪᠠᠯᠰᠠᠩ ᠬᠤᠲᠠ ᠠᠴᠠ ᠬᠤᠶᠢᠰᠢ 126 ᠺᠢᠯᠤᠮᠧᠲᠷ ᠵᠠᠢ ᠳᠤ | ᠪᠠᠶᠢᠳᠠᠭ ᠰᠦᠮ᠎ᠡ ᠶᠢᠨ ᠪᠤᠯᠠᠭ ᠲᠤ ᠪᠣᠢ᠃ ᠲᠤᠰ ᠰᠤᠮᠤ ᠶᠢᠨ ᠨᠤᠲᠤᠭ ᠳᠡᠪᠢᠰᠭᠡᠷ ᠤᠨ ᠲᠠᠯᠠᠪᠠᠢ ᠨᠢ 5251 ᠬᠠᠪᠲᠠᠭᠠᠢ ᠳᠦᠷᠪᠡᠯᠵᠢᠨ ᠺᠢᠯᠤᠮᠧᠲᠷ᠂ 2006 | ᠣᠨ ᠤ ᠵᠢᠯ ᠤᠨ ᠡᠴᠦᠰ ᠤᠨ ᠲᠣᠭᠠᠯᠠᠯᠭ᠎ᠠ ᠪᠠᠷ ᠬᠦᠮᠦᠨ ᠠᠮᠠ 1370᠂ ᠡᠭᠦᠨ ᠤ ᠳᠣᠳᠣᠷ᠎ᠠ ᠪᠠᠷᠭᠤ ᠶᠠᠰᠤᠲᠠᠨ 310 ᠪᠠᠶᠢᠪᠠ᠃ ᠪᠦᠬᠦ ᠮᠠᠯ 49076 | ᠲᠣᠯᠣᠭᠠᠢ ᠪᠠᠶᠢᠪᠠ᠃ | ᠲᠤᠰ ᠰᠣᠮᠣ ᠶᠢᠨ ᠢᠷᠡᠯ ᠡᠭᠦᠰᠦᠯ ᠪᠣᠯ᠂ ᠮᠠᠩᠯᠠᠢ ᠪᠠᠭᠠᠲᠤᠷ ᠵᠠᠮᠰᠦ᠋ᠷᠦᠩ ᠤᠨ ᠳᠠᠮᠳᠢᠨᠰᠦ᠋ᠷᠦᠩ ᠨᠡᠶᠢᠰᠯᠡᠯ ᠬᠦᠷᠢᠶᠡᠨ ᠳᠠᠬᠢ ᠣᠷᠣᠰ ᠤᠨ ᠡᠯᠴᠢᠨ | ᠰᠠᠶᠢᠳ ᠤᠨ ᠶᠠᠮᠤᠨ ᠢᠶᠠᠷ ᠳᠠᠮᠵᠢᠭᠤᠯᠤᠨ ᠭᠡᠷ ᠪᠦᠯᠢ ᠪᠠᠨ ᠮᠣᠩᠭᠤᠯ ᠤᠯᠤᠰ ᠲᠤ ᠠᠪᠴᠢᠷᠠᠬᠤ ᠵᠦᠪᠰᠢᠶᠡᠷᠡᠯ ᠠᠪᠴᠤ᠂ 1917 ᠣᠨ ᠤ ᠬᠠᠪᠤᠷ ᠡᠮᠡᠭᠡ ᠡᠬᠡ | ᠳᠤᠯᠮ᠎ᠠ᠂ ᠡᠬᠡᠨᠡᠷ ᠪᠦᠳᠡᠳ᠂ ᠶᠡᠭᠡ ᠬᠦᠦ ᠲᠣᠯᠣᠰᠤᠨ ︵ᠨᠠᠴᠢᠨ︶᠂ ᠬᠤᠶᠠᠳᠤᠭᠠᠷ ᠬᠦᠦ ᠲᠠᠮᠫᠢᠯ᠂ ᠪᠠᠭ᠎ᠠ ᠬᠦᠦ ᠤᠷᠲᠤᠨᠠᠰᠤᠨ᠂ ᠠᠬ᠎ᠠ ᠱᠠᠭᠳᠠᠷᠵᠠ᠂ ᠲᠡᠭᠦᠨ ᠤ | ᠬᠦᠪᠡᠭᠦᠨ ᠨᠠᠮᠵᠢᠯᠳᠣᠷᠵᠢ᠂ ᠳᠦᠷᠪᠡᠳᠦᠭᠡᠷ ᠬᠦᠪᠡᠭᠦᠨ ᠪᠠᠲᠤᠴᠡᠩᠭᠡᠯ᠂ ᠳᠠᠮᠳᠢᠨᠰᠦ᠋ᠷᠦᠩ ᠤᠨ ᠳᠡᠭᠦᠦ ᠯᠠᠮᠠ ᠯᠣᠪᠰᠠᠩᠪᠠᠯᠳᠠᠨ ᠪᠣᠯᠣᠨ ᠯᠣᠪᠰᠠᠩᠳᠠᠭᠪᠠ᠂ ᠦᠶᠡᠯᠢ | ᠠᠬ᠎ᠠ ᠰᠠᠷᠠᠶᠢᠨᠢᠩ᠂ ᠲᠡᠭᠦᠨ ᠤ ᠬᠦᠪᠡᠭᠦᠨ ᠭᠧᠯᠡᠭᠭᠦᠩᠵᠢ ᠪᠣᠯᠣᠨ ᠳᠠᠷᠬᠢᠵᠠᠪ ᠵᠡᠷᠭᠡ 16 ᠬᠦᠮᠦᠨ ᠢ ᠮᠣᠩᠭᠤᠯ ᠤᠯᠤᠰ ᠲᠤ ᠨᠡᠭᠦᠯᠭᠡᠨ ᠠᠪᠴᠢᠷᠠᠵᠠᠢ᠃ | ᠪᠣᠭᠳᠠ ᠬᠠᠭᠠᠨ ᠤ ᠵᠠᠰᠠᠭ ᠤᠨ ᠭᠠᠵᠠᠷ ᠠᠴᠠ ᠮᠠᠩᠯᠠᠢ ᠪᠠᠭᠠᠲᠤᠷ ᠳᠠᠮᠳᠢᠨᠰᠦ᠋ᠷᠦᠩ ᠤᠨ ᠬᠦᠰᠡᠯᠲᠡ ᠶᠢ ᠦᠨᠳᠦᠰᠦ ᠪᠣᠯᠭᠠᠨ ᠰᠡᠴᠡᠨ ᠬᠠᠨ ᠠᠶᠢᠮᠠᠭ ᠤᠨ | ᠠᠴᠢᠲᠤ ᠪᠡᠶᠢᠰᠡ ᠶᠢᠨ ᠵᠡᠭᠦᠨ ᠬᠤᠶᠢᠳᠤ ᠨᠤᠲᠤᠭ ᠪᠣᠯᠣᠨ ᠲᠠᠪᠤᠨ ᠬᠠᠷᠠᠭᠤᠯ ᠢ ᠲᠡᠭᠦᠨ ᠳᠤ ᠣᠯᠭᠤᠭᠰᠠᠨ ᠠᠴᠠ 1917 ᠣᠨ ᠳᠤ ᠬᠦᠯᠦᠨ ᠪᠣᠶᠢᠷ ᠠᠴᠠ ᠨᠡᠭᠦᠵᠦ | ᠢᠷᠡᠭᠰᠡᠨ ᠵ᠊ · ᠳᠠᠮᠳᠢᠨᠰᠦ᠋ᠷᠦᠩ ᠤᠨ ᠭᠡᠷ ᠪᠦᠯᠢ᠂ ᠲᠦᠷᠦᠯ ᠰᠠᠳᠤᠨ ᠪᠣᠯᠣᠨ ᠲᠤᠰ ᠵᠢᠯ ᠬᠦᠯᠦᠨ ᠪᠣᠶᠢᠷ ᠠᠴᠠ ᠨᠡᠭᠦᠳᠡᠯᠯᠡᠨ ᠢᠷᠡᠭᠰᠡᠨ ︽ᠮᠣᠭᠠᠢ ᠵᠢᠯ ᠤᠨ | ᠳᠦᠷᠪᠡᠯᠭᠡ︾ ᠶᠢᠨ ᠬᠡᠰᠡᠭ ᠪᠠᠷᠭᠤ ᠠᠶᠢᠯ ᠤᠳ᠂ ᠲᠡᠷᠡᠴᠢᠯᠡᠨ ᠵ᠊ · ᠳᠠᠮᠳᠢᠨᠰᠦ᠋ᠷᠦᠩ ᠤᠨ ᠴᠡᠷᠢᠭ ᠲᠤ ᠪᠠᠶᠢᠭᠰᠠᠨ ᠴᠠᠬᠠᠷ ᠵᠡᠷᠭᠡ ᠦᠪᠦᠷᠯᠡᠭᠴᠢ 100 ᠭᠠᠷᠤᠢ | ᠬᠦᠮᠦᠰ ᠢᠶᠠᠷ ᠪᠦᠷᠢᠯᠳᠦᠭᠰᠡᠨ ᠬᠤᠰᠢᠭᠤ ᠪᠠᠶᠢᠭᠤᠯᠵᠠᠢ᠃ | ᠵ᠊ · ᠳᠠᠮᠳᠢᠨᠰᠦ᠋ᠷᠦᠩ 1917 ᠣᠨ ᠤ ᠵᠤᠨ ᠤ ᠰᠡᠭᠦᠯ ᠰᠠᠷ᠎ᠠ ᠳᠤ ᠴᠣᠯᠠ ᠬᠡᠷᠬᠡᠮ ᠵᠡᠷᠭᠡ ᠪᠠᠨ ᠠᠬᠠᠮᠠᠳ ᠬᠦᠪᠡᠭᠦᠨ ᠲᠣᠯᠣᠰᠤᠨ ᠨᠠᠴᠢᠨ︾ ᠳᠤ | ᠵᠠᠯᠭᠠᠮᠵᠢᠯᠠᠭᠤᠯᠵᠤ ᠬᠤᠰᠢᠭᠤ ᠪᠠᠨ ᠵᠠᠬᠢᠷᠣᠭᠤᠯᠵᠠᠢ᠃ ᠲᠤᠬᠠᠢ ᠶᠢᠨ ᠦᠶ᠎ᠡ ᠳᠤ ᠡᠨᠡ ᠬᠤᠰᠢᠭᠤ ᠶᠢ ︽ᠮᠠᠩᠯᠠᠢ ᠸᠠᠩ ᠲᠣᠯᠣᠰᠤᠨ ᠤ ᠬᠤᠰᠢᠭᠤ︾ ᠭᠡᠵᠦ ᠲᠡᠮᠳᠡᠭᠯᠡᠵᠦ | ᠪᠠᠶᠢᠵᠠᠢ᠃ | ᠲᠣᠰ ᠬᠤᠰᠢᠭᠤ 1922 ᠣᠨ ᠳᠤ ᠪᠠᠷᠭᠤ ᠡᠷᠦᠬᠡ 63 ᠪᠠᠶᠢᠵᠦ᠂ ᠬᠦᠢᠴᠡᠯᠢᠭ᠂ ᠤᠯᠢᠶᠠᠳ᠂ ᠰᠢᠷᠠᠶᠢᠳ᠂ ᠲᠡᠮᠦᠷᠴᠢᠨ᠂ ᠬᠤᠶᠢᠳᠤᠳ᠂ ᠦᠵᠦᠨ᠂ | ᠭᠤᠴᠢᠳ ᠵᠡᠷᠭᠡ ᠣᠪᠣᠭ ᠨᠦᠭᠦᠳ ᠪᠠᠶᠢᠪᠠ᠃ ᠡᠭᠦᠨ ᠠᠴᠠ ᠭᠠᠳᠠᠨ᠎ᠠ ᠬᠠᠯᠬ᠎ᠠ᠂ ᠴᠠᠬᠠᠷ᠂ ᠰᠤᠯᠤᠨ ᠵᠡᠷᠭᠡ ᠡᠷᠦᠬᠡ ᠨᠦᠭᠦᠳ ᠪᠠᠶᠢᠵᠦ᠂ ᠪᠦᠭᠦᠳᠡ 126 ᠡᠷᠦᠬᠡ | ᠪᠣᠯᠵᠠᠢ᠃ | ᠲᠤᠰ ᠬᠤᠰᠢᠭᠤ ᠶᠢ 1923 - 1926 ᠣᠨ ᠳᠤ ᠬᠠᠨ ᠬᠡᠨᠳᠡᠢ ᠠᠶᠢᠮᠠᠭ ᠤᠨ ᠠᠮᠤᠭᠤᠯᠠᠩ ᠬᠠᠨ ᠠᠭᠤᠯᠠ ᠶᠢᠨ ᠬᠤᠰᠢᠭᠤ ᠭᠡᠵᠦ ᠵᠠᠬᠢᠷᠣᠭᠴᠢ ᠨᠢ | ᠲᠣᠯᠣᠰᠤᠨ ᠪᠠᠶᠢᠪᠠ᠃ ᠲᠤᠰ ᠬᠤᠰᠢᠭᠤ ᠶᠢ 1927 ᠣᠨ ᠳᠤ ᠮᠦᠨ ᠠᠶᠢᠮᠠᠭ ᠤᠨ ᠣᠯᠵᠠ ᠭᠤᠣᠯ ᠤᠨ ᠪᠤᠷᠢᠶᠠᠳ ᠬᠤᠰᠢᠭᠤ ᠲᠠᠢ ᠨᠡᠶᠢᠯᠡᠭᠦᠯᠵᠡᠢ᠃ 1931 | ᠣᠨ ᠳᠤ ᠣᠯᠵᠠ ᠭᠤᠣᠯ ᠤᠨ ᠬᠤᠰᠢᠭᠤ ᠶᠢ ᠦᠭᠡᠶᠢᠰᠭᠡᠵᠦ᠂ ᠰᠤᠮᠤ ᠨᠤᠭᠤᠳ ᠨᠢ ᠠᠶᠢᠮᠠᠭ ᠲᠤ ᠰᠢᠭᠤᠳ ᠬᠠᠷᠢᠶᠠᠯᠠᠭᠳᠠᠬᠤ ᠪᠣᠯᠵᠤ᠂ ᠲᠣᠯᠣᠰᠤᠨ ᠤ ᠬᠤᠰᠢᠭᠤ | ᠭᠠᠵᠠᠷ ᠣᠷᠣᠨ ᠤ ᠪᠠᠨ ᠨᠡᠷ᠎ᠡ ᠪᠠᠷ ᠭᠤᠷᠪᠠᠨ ᠵᠠᠭᠠᠯ ᠰᠤᠮᠤ ᠭᠡᠵᠦ ᠨᠡᠷᠡᠯᠡᠭᠳᠡᠵᠡᠢ᠃ 1942 ᠣᠨ ᠳᠤ ᠵᠠᠷᠢᠮ ᠰᠣᠮᠣᠨ ᠤ ᠵᠣᠬᠢᠶᠠᠨ ᠪᠠᠶᠢᠭᠤᠯᠣᠯᠳᠠ ᠶᠢ ᠴᠡᠭᠴᠡᠯᠡᠵᠦ᠂ | ᠸᠴᠢᠷᠪᠠᠶᠠᠠᠮᠦ᠋ᠩᠬᠡ ᠰᠣᠮᠣ ᠶᠢᠨ 6 ᠪᠠᠭ ᠢ ᠲᠤᠰ ᠰᠣᠮᠣᠨ ᠳᠤ ᠨᠡᠶᠢᠯᠡᠭᠦᠯᠦᠭᠡᠳ 10 ᠪᠠᠭ ᠲᠠᠢ ᠰᠣᠮᠣ ᠪᠣᠯᠵᠤ᠂ ᠴᠠᠭᠠᠨ ᠬᠤᠰᠢᠭᠤ ᠵᠡᠷᠭᠡ ᠭᠠᠵᠠᠷ ᠢᠶᠠᠷ 1943 | ᠣᠨ ᠪᠣᠯᠲᠠᠯ᠎ᠠ ᠨᠡᠭᠦᠳᠡᠯ ᠢᠶᠠᠷ ᠲᠥᠪᠯᠡᠪᠡ᠃ 1946 ᠣᠨ ᠳᠤ 40 ᠦᠬᠡᠷ ᠲᠡᠷᠭᠡ ᠪᠠᠷ ᠨᠡᠭᠦᠵᠦ ᠶᠠᠪᠤᠭᠠᠳ ᠡᠬᠢᠨ ᠤ ᠲᠡᠷᠭᠡᠨ ᠤ ᠪᠣᠢ ᠲᠠᠰᠤᠷᠠᠵᠤ ᠨᠡᠭᠦᠳᠡᠯ | ᠰᠠᠭᠠᠲᠠᠭᠰᠠᠨ ᠠᠴᠠ ︽ᠭᠠᠵᠠᠷ ᠢᠶᠠᠨ ᠣᠯᠣᠯ᠎ᠠ︾ ᠭᠡᠯᠴᠡᠭᠡᠳ ᠰᠦᠮ᠎ᠡ ᠶᠢᠨ ᠨᠠᠭᠤᠷ ᠤᠨ ᠵᠡᠭᠦᠨ ᠳᠡᠨᠵᠢᠨ ᠳᠤ ᠲᠥᠪ ᠢᠶᠠᠨ ᠪᠠᠶᠢᠭᠤᠯᠵᠠᠢ᠃ | 1950 ᠣᠨ ᠳᠤ ᠲᠤᠰ ᠰᠣᠮᠣ ᠶᠢ ᠬᠠᠰᠤᠵᠤ᠂ ᠴᠣᠶᠢᠪᠠᠯᠰᠠᠩ ᠰᠣᠮᠣ ᠲᠠᠢ ᠨᠡᠶᠢᠯᠡᠭᠦᠯᠪᠡ᠃ 1959 ᠣᠨ ᠤ 8 ᠰᠠᠷ᠎ᠠ ᠶᠢᠨ 5 ᠤ ᠡᠳᠦᠷ ᠠᠶᠢᠮᠠᠭ ᠤᠨ | ᠶᠡᠭᠡ ᠬᠤᠷᠠᠯ ᠤᠨ ᠲᠡᠷᠢᠭᠦᠯᠡᠭᠴᠢᠳ ᠤᠨ ᠵᠠᠷᠯᠢᠭ ᠢᠶᠠᠷ ᠭᠤᠷᠪᠠᠨ ᠵᠠᠭᠠᠯ ᠰᠣᠮᠣ ᠶᠢ ᠰᠡᠷᠭᠦᠭᠡᠨ ᠪᠠᠶᠢᠭᠤᠯᠵᠤ᠂ 4 ᠪᠠᠷᠢᠭᠠᠳᠠ ᠲᠠᠢ 4000 ᠮᠠᠯ ᠲᠠᠢ᠂ ︽ᠭᠤᠴᠢᠨ | ᠵᠢᠯ︾ ᠨᠢᠭᠡᠳᠦᠯ ᠢ ᠪᠠᠶᠢᠭᠤᠯᠪᠠ᠃ | | |