ᠮᠣᠩᠭᠤᠯ ᠤᠯᠤᠰ ᠤᠨ ᠪᠠᠷᠭᠤᠴᠤᠳ ︵ᠭᠤᠷᠪᠠ︶
ᠨᠡᠶᠢᠲᠡᠯᠡᠭᠰᠡᠨ ᠴᠠᠭ᠄
2022/12/5
                       ᠬᠦᠯᠦᠨ ᠪᠣᠶᠢᠷ ᠰᠣᠮᠣ      ᠮᠣᠩᠭᠤᠯ ᠤᠯᠤᠰ ᠤᠨ ᠳᠣᠷᠣᠨᠠᠲᠤ ᠠᠶᠢᠮᠠᠭ ᠤᠨ ᠬᠦᠯᠦᠨ ᠪᠣᠶᠢᠷ ᠰᠣᠮᠣ ᠶᠢᠨ ᠲᠥᠪ ᠨᠢ ᠴᠣᠶᠢᠪᠠᠯᠰᠠᠩ ᠬᠤᠲᠠ ᠠᠴᠠ ᠪᠠᠷᠠᠭᠤᠨᠰᠢ 130 ᠺᠢᠯᠤᠮᠧᠲᠷ ᠤᠨ ᠵᠠᠢ ᠳᠤ ᠪᠠᠶᠢᠬᠤ ᠪᠠᠶᠠᠨ ᠰᠠᠭᠤᠷᠢᠨ ᠭᠡᠳᠡᠭ ᠭᠠᠵᠠᠷ ᠪᠣᠢ᠃ ᠨᠤᠲᠤᠭ ᠳᠡᠪᠢᠰᠭᠡᠷ ᠤᠨ ᠲᠠᠯᠠᠪᠠᠢ ᠨᠢ 3773 ᠬᠠᠪᠲᠠᠭᠠᠢ ᠳᠦᠷᠪᠡᠯᠵᠢᠨ ᠺᠢᠯᠤᠮᠧᠲᠷ ᠪᠢᠯᠡ᠃ 2006 ᠣᠨ ᠤ ᠵᠢᠯ ᠤᠨ ᠡᠴᠦᠰ ᠤᠨ ᠲᠣᠭᠠᠯᠠᠯᠭ᠎ᠠ ᠪᠠᠷ ᠬᠦᠮᠦᠨ ᠠᠮᠠ 1370 ᠪᠣᠯᠵᠤ᠂ ᠡᠭᠦᠨ ᠤ ᠳᠣᠲᠣᠷ᠎ᠠ ᠪᠠᠷᠭᠤ ᠶᠠᠰᠤᠲᠠᠨ 886 ᠪᠠᠶᠢᠪᠠ᠃ ᠪᠦᠬᠦ ᠮᠠᠯ 60957 ᠲᠣᠯᠣᠭᠠᠢ ᠪᠠᠶᠢᠪᠠ᠃  ᠲᠤᠰ ᠬᠤᠰᠢᠭᠤ ᠶᠢ ᠢᠷᠡᠯ ᠡᠭᠦᠰᠦᠯ ᠪᠣᠯ᠂ ᠰᠢᠨ᠎ᠡ ᠪᠠᠷᠭᠤ ᠵᠡᠭᠦᠨ ᠭᠠᠷᠤᠨ ᠬᠦᠪᠡᠭᠡᠲᠦ ᠴᠠᠭᠠᠨ ᠬᠤᠰᠢᠭᠤ ᠳᠠᠶᠢᠨ ᠤ ᠬᠥᠯ ᠳᠤ ᠶᠡᠬᠡᠪᠡᠷ ᠳᠠᠭᠠᠷᠢᠬᠳᠠᠵᠦ᠂ ᠬᠦᠮᠦᠨ ᠤ ᠠᠮᠢ ᠨᠠᠰᠤ ᠦᠷᠡᠭᠳᠡᠵᠦ᠂ ᠮᠠᠯ ᠬᠦᠷᠦᠩᠭᠡ ᠳᠡᠭᠡᠷᠡᠮᠳᠡᠭᠳᠡᠵᠦ᠂ ᠰᠦᠮ᠎ᠡ ᠬᠡᠶᠢᠳ ᠡᠪᠳᠡᠭᠳᠡᠨ ᠰᠦᠢᠳᠦᠭᠰᠡᠨ ᠪᠢᠯᠡ᠃ ᠢᠩᠭᠢᠵᠦ ᠳᠠᠶᠢᠨ ᠤ ᠬᠥᠯ ᠳᠤ ᠳᠠᠭᠠᠷᠢᠬᠳᠠᠭᠰᠠᠨ ᠠᠴᠠ ᠪᠣᠯᠵᠤ᠂ ᠬᠦᠪᠡᠭᠡᠲᠦ ᠴᠠᠭᠠᠨ ᠬᠤᠰᠢᠭᠤᠨ ᠤ ᠣᠯᠠᠨ ᠠᠶᠢᠯ ᠵᠣᠨ ᠡᠮᠦᠨᠡᠰᠢ ᠨᠡᠭᠦᠵᠦ ᠣᠷᠱᠤᠨ ᠭᠤᠣᠯ ᠢ ᠭᠠᠲᠤᠯᠤᠨ ᠳᠦᠷᠪᠡᠵᠡᠢ᠃      1945 ᠣᠨ ᠤ 11 ᠰᠠᠷ᠎ᠠ ᠶᠢᠨ ᠠᠷᠪᠠᠳ ᠢᠶᠠᠷ ᠬᠦᠯᠦᠨ ᠪᠣᠶᠢᠷ ᠤᠨ ᠰᠢᠨ᠎ᠡ ᠪᠠᠷᠭᠤ ᠵᠡᠭᠦᠨ ᠭᠠᠷᠣᠨ ᠬᠤᠰᠢᠭᠤᠨ ᠤ ᠬᠦᠪᠡᠭᠡᠲᠦ ᠴᠠᠭᠠᠨ ᠤ ᠵᠣᠨ ᠲᠦᠷᠦᠭᠦᠯᠡᠵᠦ᠂ ᠮᠣᠩᠭᠤᠯ ᠤᠯᠤᠰ ᠤᠨ ᠬᠢᠯᠢ ᠳᠤ ᠪᠣᠶᠢᠷ ᠨᠠᠭᠤᠷ ᠤᠨ ᠬᠤᠶᠢᠳᠣ ᠲᠠᠯ᠎ᠠ᠂ ᠪᠤᠯᠤᠩ ᠳᠡᠷᠡᠰᠦ ᠶᠢᠨ ᠣᠷᠴᠢᠮ ᠢᠶᠠᠷ 2000 ᠰᠢᠬᠠᠮ ᠡᠷᠦᠬᠡ ᠵᠣᠨ ᠨᠡᠭᠦᠵᠦ ᠣᠷᠣᠵᠠᠢ᠃ ᠶᠠᠭ ᠲᠡᠷᠡ ᠦᠶ᠎ᠡ ᠳᠤ᠂ ᠮᠣᠩᠭᠤᠯ ᠤᠯᠤᠰ ᠤᠨ ᠳᠣᠲᠤᠭᠠᠳᠤ ᠶᠠᠪᠤᠳᠠᠯ ᠤᠨ ᠶᠠᠮᠤᠨ ᠠᠴᠠ ᠲᠦᠷᠦᠭᠦᠯᠡᠵᠦ ᠣᠷᠣᠭᠰᠠᠨ ᠵᠣᠨ ᠤ ᠳᠣᠲᠣᠷ᠎ᠠ ᠠᠴᠠ ᠬᠡᠰᠡᠭ ᠬᠦᠮᠦᠰ ᠢ ᠤᠯᠤᠰ ᠲᠥᠷᠥ ᠶᠢᠨ ᠬᠡᠷᠡᠭᠲᠡᠨ ᠭᠡᠵᠦ ᠪᠠᠷᠢᠪᠴᠢᠯᠠᠭᠰᠠᠨ᠃ ᠲᠠᠮᠰᠤᠭ ᠤᠨ ᠴᠡᠷᠢᠭ ᠤᠨ ᠤᠲᠷᠢᠶᠠᠲ ᠠᠴᠠ ᠴᠡᠷᠢᠭ ᠤᠨ ᠲᠦᠯᠡᠰᠢᠨ ᠳᠤ ᠵᠣᠷᠢᠭᠤᠯᠵᠤ 300 ᠲᠡᠷᠭᠡ ᠳᠠᠶᠢᠴᠢᠯᠠᠨ ᠬᠠᠯᠬ᠎ᠠ ᠭᠤᠣᠯ ᠤᠨ ᠪᠤᠷᠭᠠᠰᠤ ᠶᠢ ᠲᠡᠭᠡᠭᠡᠪᠦᠷᠢᠯᠡᠬᠦ ᠶᠢ ᠲᠤᠰᠢᠶᠠᠭᠰᠠᠨ ᠵᠡᠷᠭᠡ ᠳᠤ ᠬᠦᠮᠦᠰ ᠠᠶᠤᠨ ᠬᠡᠯᠮᠡᠭᠳᠡᠵᠦ ᠳᠤᠷ᠎ᠠ ᠦᠭᠡᠶᠢᠴᠡᠭᠰᠡᠨ ᠪᠠᠶᠢᠵᠠᠢ᠃ ᠡᠭᠦᠨ ᠤ ᠳᠡᠭᠡᠷ᠎ᠡ ᠪᠦᠬᠡ ᠮᠣᠬᠤᠭ᠎ᠠ ᠭᠡᠳᠡᠭ ᠬᠦᠮᠦᠨ ︽ᠨᠡᠭᠦᠵᠦ ᠣᠷᠣᠭᠰᠠᠨ ᠠᠶᠢᠯ ᠤᠳ ᠤᠨ ᠬᠦᠮᠦᠨ ᠢ ᠨᠢ ᠣᠷᠭᠤᠳᠠᠯ ᠭᠡᠳ ᠪᠠᠷᠢᠪᠴᠢᠯᠠᠵᠤ ᠪᠠᠶᠢᠨ᠎ᠠ᠃ ᠮᠠᠯ ᠢ ᠨᠢ ᠠᠯᠳᠠᠭᠤᠯ ᠭᠡᠳ ᠬᠤᠷᠢᠶᠠᠵᠦ ᠪᠠᠶᠢᠨ᠎ᠠ︾ ᠭᠡᠰᠡᠨ ᠶᠠᠷᠢᠶ᠎ᠠ ᠲᠠᠷᠬᠠᠭᠠᠭᠰᠠᠨ᠃ ᠵᠠᠷᠢᠮ ᠨᠣᠶᠠᠳ ᠯᠠᠮᠠ ᠨᠠᠷ ᠨᠡᠭᠦᠬᠦ ᠳᠤᠷ᠎ᠠ ᠦᠭᠡᠢ ᠪᠠᠶᠢᠭᠰᠠᠨ᠃ ᠢᠩᠭᠢᠭᠡᠳ ᠯᠡ ᠣᠯᠠᠩᠬᠢ ᠠᠶᠢᠯ ᠵᠣᠨ ᠭᠡᠳᠡᠷᠭᠦ ᠨᠡᠭᠦᠵᠦ ᠨᠤᠲᠤᠭ ᠲᠠᠭᠠᠨ ᠪᠤᠴᠠᠨ ᠢᠷᠡᠵᠡᠢ᠃      ᠮᠣᠩᠭᠤᠯ ᠤᠯᠤᠰ ᠲᠤ ᠬᠡᠰᠡᠭ ᠵᠣᠨ ᠨᠡᠭᠦᠵᠦ ᠣᠷᠣᠭᠰᠠᠨ ᠤ ᠳᠠᠷᠠᠭ᠎ᠠ ᠴᠣᠶᠢᠪᠠᠯᠰᠠᠩ ᠠᠶᠢᠮᠠᠭ ᠤᠨ ᠨᠠᠮ ᠤᠨ ᠬᠤᠷᠢᠶᠠᠨ ᠤ ᠨᠢᠭᠡᠳᠦᠭᠡᠷ ᠨᠠᠷᠢᠨ ᠪᠢᠴᠢᠭ ᠤᠨ ᠳᠠᠷᠤᠭ᠎ᠠ ᠲᠤᠬᠮᠢᠳ ᠨᠠᠷ ᠢᠷᠡᠭᠡᠳ ᠪᠣᠶᠢᠷ ᠤᠨ ᠪᠠᠷᠠᠭᠤᠨ ᠤᠷᠳᠤ ᠲᠠᠯ᠎ᠠ ᠶᠢᠨ ᠵᠢᠭᠠᠰᠤᠨ ᠤ ᠦᠢᠯᠡᠳᠪᠦᠷᠢ ᠶᠢᠨ ᠳᠡᠷᠭᠡᠳᠡ ᠪᠠᠶᠢᠭ᠎ᠠ ᠣᠷᠣᠰ ᠤᠨ ᠴᠡᠷᠢᠭ ᠤᠨ ᠺᠢᠯᠣᠪ ᠲᠤ ᠣᠯᠠᠨ ᠢ ᠴᠤᠭᠯᠠᠭᠤᠯᠵᠤ ᠬᠤᠷᠠᠯ ᠬᠢᠵᠡᠢ᠃      ᠡᠨᠡ ᠬᠤᠷᠠᠯ ᠤᠨ ᠳᠠᠷᠠᠭ᠎ᠠ᠂ ᠨᠡᠭᠦᠵᠦ ᠣᠷᠣᠭᠰᠠᠳ ᠤᠨ ᠲᠦᠯᠦᠭᠡᠯᠡᠭᠴᠢ ᠶᠢ ᠠᠶᠢᠮᠠᠭ ᠤᠨ ᠲᠥᠪ ᠲᠤ ᠣᠴᠢᠭᠤᠯᠵᠤ ᠲᠣᠭᠤᠷᠢᠨ ᠦᠵᠡᠭᠦᠯᠦᠭᠰᠡᠨ ᠪᠠ ᠨᠡᠭᠦᠨ ᠢᠷᠡᠭᠰᠡᠳ ᠢ ᠬᠠᠯᠬ᠎ᠠ ᠭᠤᠣᠯ ᠰᠣᠮᠣ ᠶᠢᠨ ᠨᠤᠲᠤᠭ ᠲᠤ ᠰᠠᠭᠤᠷᠢᠰᠢᠭᠤᠯᠤᠨ᠎ᠠ ᠭᠡᠵᠦ ᠰᠢᠢᠳᠪᠦᠷᠢ ᠭᠠᠷᠭᠠᠵᠠᠢ᠃ ᠲᠦᠯᠦᠭᠡᠯᠡᠭᠴᠢᠳ ᠢ ᠠᠶᠢᠮᠠᠭ ᠤᠨ ᠳᠠᠷᠤᠭ᠎ᠠ ᠬᠦᠯᠢᠶᠡᠨ ᠠᠪᠤᠯᠲᠠ ᠬᠢᠭᠰᠡᠨ ᠤ ᠳᠠᠷᠠᠭ᠎ᠠ᠂ ᠵᠦᠷᠮᠡᠳᠡᠰᠦ ᠶᠢᠨ ᠨᠠᠮᠰᠠᠷᠠᠢ ᠭᠡᠳᠡᠭ ᠬᠦᠮᠦᠨ ᠢ ᠲᠣᠮᠢᠯᠠᠵᠤ ᠤᠳᠤᠷᠢᠳᠤᠨ ᠵᠣᠬᠢᠶᠠᠨ ᠪᠠᠶᠢᠭᠤᠯᠤᠨ ᠰᠤᠩᠭᠤᠭᠤᠯᠢ ᠬᠢᠯᠭᠡᠨ ᠨᠡᠭᠦᠯᠭᠡᠬᠦ ᠠᠵᠢᠯ ᠢ ᠬᠠᠷᠢᠭᠤᠴᠠᠭᠤᠯᠵᠠᠢ᠃ ᠰᠤᠩᠭᠤᠭᠤᠯᠢ ᠪᠠᠷ ᠳᠠᠮᠵᠢᠨ ᠢᠳᠡᠮᠰᠦ᠋ᠷᠦᠩ ᠤᠨ ᠱᠠᠷᠠᠪᠤᠤ ᠶᠢ ᠰᠣᠮᠣᠨ ᠳᠠᠷᠤᠭ᠎ᠠ ᠪᠣᠯᠭᠠᠵᠤ᠂ ᠫᠤᠩᠰᠤᠭ ᠤᠨ ᠰᠤᠮᠢᠶ᠎ᠠ ᠶᠢ ᠨᠠᠷᠢᠨ ᠪᠢᠴᠢᠭ ᠤᠨ ᠳᠠᠷᠤᠭ᠎ᠠ ᠪᠣᠯᠭᠠᠪᠠ᠃ ᠰᠣᠮᠣ ᠶᠢᠨ ᠵᠣᠬᠢᠶᠠᠨ ᠪᠠᠶᠢᠭᠤᠯᠤᠯᠲᠠ ᠶᠢ ᠪᠠᠶᠢᠭᠤᠯᠤᠭᠰᠠᠨ ᠤ ᠳᠠᠷᠠᠭ᠎ᠠ᠂ 1946 ᠣᠨ ᠤ 1 ᠰᠠᠷ᠎ᠠ ᠳᠤ 90 ᠺᠢᠯᠤᠮᠧᠲᠷ ᠦᠷᠭᠡᠨ ᠲᠦᠢᠮᠡᠷ ᠰᠢᠲᠠᠭᠰᠠᠨ ᠭᠠᠵᠠᠷ ᠢ ᠨᠢᠭᠡ ᠪᠦᠲᠦᠨ ᠡᠳᠦᠷ ᠬᠤᠶᠠᠷ ᠬᠠᠭᠠᠰ ᠰᠦᠨᠢ ᠶᠢᠨ ᠨᠡᠭᠦᠳᠡᠯ ᠢᠶᠠᠷ ᠲᠤᠭᠤᠯᠤᠭᠤᠯᠤᠭᠰᠠᠨ ᠪᠠᠶᠢᠵᠠᠢ᠃ ᠵᠠᠯᠭᠠᠭᠠᠳ 18 ᠤᠳᠠᠭ᠎ᠠ ᠶᠢᠨ ᠤᠷᠲᠤ ᠨᠡᠭᠦᠳᠡᠯ ᠢᠶᠠᠷ ᠠᠯᠳᠠᠳᠤ ᠨᠠᠭᠤᠷ ᠭᠡᠳᠡᠭ ᠭᠠᠵᠠᠷ ᠲᠤ ᠬᠦᠷᠪᠡ᠃      1946 ᠣᠨ ᠤ 4 ᠰᠠᠷ᠎ᠠ ᠶᠢᠨ 25 ᠤ ᠡᠳᠦᠷ ᠤᠨ ᠤᠯᠤᠰ ᠤᠨ ᠪᠠᠭ᠎ᠠ ᠬᠤᠷᠠᠯ ᠤᠨ 24 ᠳ᠋ᠦ᠋ᠭᠡᠷ ᠲᠣᠭᠠᠲᠤ ᠵᠠᠷᠯᠢᠭ ᠢᠶᠠᠷ ᠲᠤᠰ ᠰᠣᠮᠣ ᠶᠢᠨ ᠢᠷᠭᠡᠳ ᠢ ᠪᠦᠭᠦᠳᠡ ᠨᠠᠶᠢᠷᠠᠮᠳᠠᠬᠤ ᠮᠣᠩᠭᠤᠯ ᠠᠷᠠᠳ ᠤᠯᠤᠰ ᠤᠨ ᠬᠠᠷᠢᠶᠠᠲᠤ ᠪᠣᠯᠭᠠᠵᠠᠢ᠃ ᠲᠤᠰ ᠰᠣᠮᠣ ᠶᠢ ᠬᠦᠮᠦᠨ ᠪᠣᠶᠢᠷ ᠰᠣᠮᠣ ᠭᠡᠮᠡᠨ ᠨᠡᠷᠡᠶᠢᠳᠴᠦ᠂ 3 ᠪᠠᠭ ᠲᠠᠢ ᠪᠠᠶᠢᠭᠰᠠᠨ ᠢ 4 ᠪᠠᠭ ᠲᠠᠢ ᠪᠣᠯᠭᠠᠵᠠᠢ᠃      1946 ᠣᠨ ᠤ 7 ᠰᠠᠷ᠎ᠠ ᠶᠢᠨ ᠲᠣᠭᠠᠯᠠᠯᠭ᠎ᠠ ᠪᠠᠷ ᠬᠦᠯᠦᠨ ᠪᠣᠶᠢᠷ ᠰᠣᠮᠣ 256 ᠡᠷᠦᠬᠡ᠂ 954 ᠬᠦᠮᠦᠨ᠂ ᠪᠦᠬᠦ ᠮᠠᠯ 74865 ᠲᠣᠯᠣᠭᠠᠢ ᠪᠠᠶᠢᠪᠠ᠃      ᠬᠦᠯᠦᠨ ᠪᠣᠶᠢᠷ ᠰᠣᠮᠣᠨ ᠳᠤ ᠶᠦᠩᠰᠢᠶᠡᠪᠦ᠂ ᠭᠦᠢᠴᠡᠯᠢᠭ᠂ ᠰᠢᠷᠠᠶᠢᠳ᠂ ᠭᠠᠯᠵᠤᠳ᠂ ᠬᠠᠷᠠᠴᠤᠳ᠂ ᠰᠡᠭᠡᠷ᠂ ᠬᠦᠪᠲᠦᠳ᠂ ᠬᠠᠷᠠᠭᠠᠨ᠎ᠠ᠂ ᠤᠯᠢᠶᠠᠳ᠂ ᠲᠤᠭᠤᠯᠭᠠᠴᠢᠨ᠂ ᠲᠠᠪᠤᠨᠠᠩ᠂ ᠵᠣᠷᠭᠤᠨ᠂ ᠴᠢᠪᠴᠢᠨ᠂ ᠠᠯᠳᠠᠴᠢᠨ ᠵᠡᠷᠭᠡ ᠣᠪᠣᠭ ᠤᠳ ᠪᠣᠢ᠃      ᠮᠣᠩᠭᠤᠯ ᠤᠯᠤᠰ ᠲᠤ ᠪᠠᠷᠭᠤ ᠶᠢᠨ ᠲᠡᠦᠬᠡ ᠶᠢᠨ ᠲᠤᠬᠠᠢ ᠲᠡᠮᠳᠡᠭᠯᠡᠭᠰᠡᠨ ᠨᠣᠮ ᠤᠳ ᠭᠡᠪᠡᠯ᠄ ᠱ᠊ · ᠨᠠᠴᠤᠭᠳᠤᠷᠵᠢ ᠶᠢᠨ ︽ᠮᠠᠩᠯᠠᠢ ᠪᠠᠭᠠᠲᠤᠷ ᠳᠠᠮᠳᠢᠨᠰᠦ᠋ᠷᠦᠩ︾ ︵1946 ᠣᠨ︶᠂ ᠯ᠊ · ᠵᠠᠮᠰᠦ᠋ᠷᠦᠩ ᠤᠨ ︽ᠵᠠᠩᠵᠤᠨ ᠮᠠᠩᠯᠠᠢ ᠪᠠᠭᠠᠲᠤᠷ ᠳᠠᠮᠳᠢᠨᠰᠦ᠋ᠷᠦᠩ ᠲᠡᠭᠦᠨ ᠤ ᠰᠢᠨᠡᠳᠭᠡᠯ ᠤᠨ ᠪᠤᠳᠤᠷᠤᠤᠯ ᠤᠳ︾ ︵1991 ᠣᠨ︶᠂ ᠲᠠᠬᠢᠯᠲᠤ ᠣᠪᠣᠭ ᠤᠨ ᠭᠠᠯᠢᠨᠳᠢᠪ ᠤᠨ ᠮᠢᠭᠮᠡᠰᠠᠩᠪᠤᠤ ᠶᠢᠨ ︽ᠪᠠᠷᠭᠤ ᠶᠢᠨ ᠡᠷᠬᠡ ᠴᠢᠯᠦᠭᠡᠨ ᠤ ᠲᠡᠮᠡᠴᠡᠯ᠄ ᠨᠡᠭᠦᠳᠡᠯ᠂ ᠰᠠᠭᠤᠳᠠᠯ︾ ︵2007 ᠣᠨ︶ ᠪᠠ ︽ᠴᠡᠷᠢᠭ ᠤᠨ ᠵᠠᠩᠵᠤᠨ ᠮᠠᠩᠯᠠᠢ ᠪᠠᠭᠠᠲᠤᠷ ᠵᠠᠮᠰᠦ᠋ᠷᠦᠩ ᠤᠨ ᠳᠠᠮᠳᠢᠨᠰᠦ᠋ᠷᠦᠩ︾ ︵2012 ᠣᠨ︶᠃ ᠯᠣᠨᠵᠢᠳ᠂ ᠽ᠊ · ᠬᠦᠷᠡᠯᠪᠠᠭᠠᠲᠤᠷ ᠤᠨ ︽ᠪᠠᠷᠭᠤ ᠶᠢᠨ ᠮᠠᠩᠯᠠᠢ ᠪᠠᠭᠠᠲᠤᠷ ᠳᠠᠮᠳᠢᠨᠰᠦ᠋ᠷᠦᠩ︾ ︵2011 ᠣᠨ︶ ᠵᠡᠷᠭᠡ ᠨᠣᠮ ᠪᠦᠲᠦᠭᠡᠯ ᠪᠣᠯᠣᠨ᠎ᠠ᠃
ᠢᠷᠡᠯᠲᠡ᠄ ᠬᠦᠯᠦᠨ ᠪᠣᠶᠢᠷ ᠤᠨ ᠡᠳᠦᠷ ᠤᠨ ᠰᠣᠨᠢᠨ