ᠴᠠᠬᠠᠷ ᠨᠠᠢᠮᠠᠨ ᠬᠤᠰᠢᠭᠤᠨ ᠤ ᠪᠠᠷᠭᠤ ︵ᠬᠤᠶᠠᠷ︶
ᠨᠡᠶᠢᠲᠡᠯᠡᠭᠰᠡᠨ ᠴᠠᠭ᠄
2022/12/8
                                 ᠬᠤᠷᠯᠠᠳ ᠮᠧᠰᠢᠭᠡ      ︽ᠡᠷᠳᠡᠨᠢ ᠶᠢᠨ ᠳᠤᠪᠴᠢ︾ ᠳᠤ ᠳᠠᠶᠠᠨ ᠬᠠᠭᠠᠨ ᠪᠠᠳᠤᠮᠦ᠋ᠡᠭᠬᠡ ᠶᠢᠨ ᠠᠷᠪᠠᠨ ᠨᠢᠬᠡᠨ ᠬᠦᠪᠡᠬᠦᠳ ᠢ ᠦᠬᠦᠯᠡᠬᠦ ᠳᠡᠭᠡᠨ ︽ᠤᠢᠢᠷᠡᠳ ᠤᠨ ᠪᠠᠭᠠᠳᠤᠳ ᠤᠨ ᠪᠠᠭᠠᠷᠠᠬᠤᠨ ︵ᠪᠠᠷᠠᠭᠤᠨ — ᠪᠠᠷᠭᠤ ᠶᠢᠨ ᠤᠨᠳᠤᠤ ᠪᠢᠴᠢᠯᠬᠡ ᠪᠤᠯᠠᠢ︶ ᠤᠳᠤᠬ ᠤᠨ ᠠᠯᠠᠬ ᠴᠢᠩᠰᠠᠩ ᠤᠨ ᠬᠦᠪᠡᠬᠦᠨ ᠮᠠᠩᠯᠠᠢ ᠶᠢᠨ ᠦᠬᠢᠨ ᠬᠦᠰᠠᠢ ᠬᠠᠳᠦᠨ ᠠᠴᠠ ᠤᠪᠠᠰᠠᠨᠵᠡ ᠴᠢᠩ ᠳᠠᠶᠢᠵᠢ ᠬᠡᠷᠡᠳᠦ ᠴᠢᠩ ᠳᠠᠶᠢᠵᠢ ᠬᠤᠶᠡᠷ ᠳᠦᠷᠦᠪᠠ︾ ᠬᠡᠵᠠᠢ᠃ ᠡᠨᠡ ᠬᠦ ᠬᠦᠰᠠᠢ ᠬᠠᠳᠦᠨ ᠪᠤᠯ ᠳᠠᠶᠠᠨ ᠬᠠᠭᠠᠨ ᠤ ᠪᠠᠭ᠎ᠠ ᠬᠠᠳᠦᠨ ᠤ ᠨᠢᠬᠡᠨ ᠪᠤᠯᠬᠤ ᠳᠤᠯᠠ ᠪᠠᠷᠭᠤ ᠨᠤᠳᠤᠬ ᠤᠨ ᠠᠯᠠᠬ ᠴᠢᠩᠰᠠᠩ ᠤᠨ ᠬᠦᠪᠡᠬᠦᠨ ᠮᠠᠩᠯᠠᠢ ᠪᠤᠯ ᠳᠠᠶᠠᠨ ᠬᠠᠭᠠᠨ ᠤ ᠬᠠᠳᠡᠮ ᠠᠪᠤ ᠨᠢ ᠶᠤᠮ ᠪᠠᠶᠢᠨ᠎ᠡ᠃ 1454 ᠤᠨ ᠳᠤ ᠪᠤᠯᠤᠬᠰᠡᠨ ᠤᠢᠢᠷᠡᠳ ᠡᠰᠡᠨ ᠬᠠᠭᠠᠨ ︵ᠠᠯᠳᠡᠨ ᠤᠷᠤᠬᠳᠡᠨ ᠪᠤᠰᠤ︶ ᠢ ᠪᠠᠷᠭᠤ ᠤᠳᠤᠬ ᠤᠨ ᠠᠯᠠᠬ ᠴᠢᠩᠰᠠᠩ ᠠᠯᠠᠬᠰᠡᠨ ᠬᠡᠷᠡᠭ ᠨᠢ ᠳᠤᠬᠠᠢ ᠶᠢᠨ ᠦᠶ᠎ᠡ ᠶᠢᠨ ᠮᠤᠩᠭᠤᠯ ᠳᠠᠶᠠᠭᠠᠷ ᠳᠤᠩᠰᠤᠯᠳᠡ ᠪᠤᠯᠤᠬᠰᠡᠨ ᠬᠡᠵᠦ ᠪᠤᠶᠡᠨᠳᠡᠯᠬᠡᠷ ᠦᠬᠦᠯᠡᠪᠠ᠃ ᠢᠡᠭᠬᠢᠬᠡᠳ 1456 ᠤᠨ ᠳᠤ᠂ ᠡᠨᠡ ᠬᠦ ᠤᠢᠢᠷᠡᠳ ᠤᠨ ᠬᠤᠯᠪᠤᠭᠠᠨ ᠤ ᠳᠤᠮᠤ ᠨᠤᠶᠠᠨ ᠪᠠᠶᠢᠬᠰᠡᠨ ᠠᠯᠠᠬ ᠴᠢᠩᠰᠠᠩ ᠶᠠᠬ ᠤᠢᠢᠷᠡᠳ ᠤᠨ ᠳᠤᠳᠤᠭᠠᠳᠦ ᠶᠢᠨ ᠰᠠᠮᠠᠭᠤᠷᠡᠯ ᠤᠨ ᠳᠤᠮᠳᠡ ᠦᠬᠦᠭᠰᠡᠨ ᠠᠴᠠ ᠬᠤᠶᠢᠰᠢ ᠪᠠᠷᠠᠭᠤᠨ ᠮᠤᠩᠭᠤᠯ ᠤᠨ ᠳᠠᠯ᠎ᠡ ᠳᠤ ᠪᠠᠶᠢᠬᠰᠡᠨ ᠪᠠᠭᠠᠳᠤᠳ ᠳᠦᠮᠡᠨ ᠤ ᠠᠬᠠᠯᠠᠬᠴᠢ ᠤᠳᠤᠬ — ᠪᠠᠷᠭᠤ ᠶᠢᠨ ᠳᠤᠬᠠᠢ ᠰᠤᠷᠠᠬ ᠴᠢᠮᠡᠭᠡ ᠨᠢᠬᠡᠨ ᠦᠶ᠎ᠡ ᠳᠤᠭᠤᠯᠳᠠᠬᠤ ᠪᠠᠨ ᠪᠤᠯᠢᠪᠠ ᠬᠡᠳᠡᠭ᠃ ᠬᠤᠷᠢ ᠭᠠᠷᠦᠢ ᠵᠢᠯ ᠤᠨ ᠳᠠᠷᠠᠭ᠎ᠠ᠂ ᠠᠯᠠᠭ ᠴᠢᠩᠰᠠᠩ ᠤᠨ ᠬᠤᠶᠢᠴᠢᠰ ᠤᠨ ᠨᠤᠶᠠᠯᠠᠯ ᠳᠤ ᠪᠠᠶᠢᠬᠰᠡᠨ ᠡᠨᠡ ᠪᠦᠯᠦᠭ ᠪᠠᠷᠭᠤᠴᠤᠳ ᠵᠡᠬᠦᠨ ᠮᠤᠩᠭᠤᠯ ᠤᠨ ᠶᠦᠡᠭᠰᠢᠶᠠᠪᠤ ᠳᠦᠮᠡᠨ ᠤ ᠳᠤᠤᠷᠡᠬᠢ ᠨᠢᠬᠡ ᠤᠳᠤᠬ ᠤᠨ ᠬᠤᠪᠢ ᠪᠠᠷ ᠠᠯᠳᠡᠨ ᠬᠠᠭᠠᠨ ᠤ ᠬᠠᠷᠢᠶᠠᠳᠦ ᠪᠤᠯᠵᠦ ᠢᠯᠡᠷᠡᠭᠰᠡᠨ ᠪᠠᠶᠢᠯ᠎ᠡ᠃ ᠡᠨᠡ ᠨᠢ ᠳᠠᠶᠠᠨ ᠬᠠᠭᠠᠨ ᠪᠠᠷᠠᠭᠤᠨ ᠮᠤᠩᠭᠤᠯ ᠤᠢᠢᠷᠡᠳ ᠢ ᠳᠠᠶᠢᠯᠡᠨ ᠢᠯᠡᠵᠦ᠂ ᠳᠠᠬᠢᠨ ᠳᠦᠮᠡᠳ ᠤᠨ ᠬᠤᠰᠦᠢ᠂ ᠶᠦᠡᠭᠰᠢᠶᠠᠪᠤ ᠶᠢᠨ ᠢᠪᠡᠷᠡᠢ ᠳᠠᠶᠢᠰᠢ᠂ ᠤᠷᠳᠦᠰ ᠤᠨ ᠯᠡᠬᠦᠱᠢ ᠠᠬᠠᠯᠠᠬᠴᠢ ᠶᠢ ᠵᠠᠯᠭᠠᠪᠡᠷ ᠳᠠᠷᠦᠵᠦ᠂ ᠰᠡᠬᠦᠯᠡᠷ ᠨᠢ ᠪᠠᠷᠠᠭᠤᠨ ᠳᠦᠮᠡᠨ ᠤ ᠪᠤᠰᠤᠯᠭ᠎ᠠ ᠶᠢ ᠳᠦᠪᠰᠢᠳᠬᠡᠭᠰᠡᠨ ᠤ ᠳᠠᠷᠠᠭ᠎ᠠ ᠤᠷᠢᠶᠠᠩᠬᠠᠢᠢᠴᠤᠳ ᠢ ᠦᠪᠡᠷ ᠤᠨ ᠡᠷᠬᠡ ᠵᠠᠬᠢᠷᠭᠠᠨ ᠳᠠᠭᠠᠨ ᠤᠷᠤᠭᠤᠯᠤᠬᠰᠡᠨ ᠳᠤᠯᠠ ᠤᠤᠯ ᠤᠨ ᠤᠢᠢᠷᠡᠳ᠂ ᠲᠦᠮᠡᠳ᠂ ᠶᠦᠡᠭᠰᠢᠶᠠᠪᠤ ᠶᠢᠨ ᠬᠠᠷᠢᠶᠠᠨ ᠳᠤ ᠪᠠᠶᠢᠬᠰᠡᠨ ᠪᠠᠷᠭᠤᠴᠤᠳ ᠠᠶᠠᠨᠳᠠᠭᠠᠨ ᠵᠡᠬᠦᠨ ᠮᠤᠩᠭᠤᠯ ᠤᠨ ᠳᠠᠶᠠᠨ ᠬᠠᠭᠠᠨ ᠤ ᠬᠠᠷᠢᠶᠠᠨ ᠳᠤ ᠤᠯᠠᠷᠢᠨ ᠰᠢᠯᠵᠢᠬᠦ ᠨᠢ ᠮᠡᠳᠡᠬᠡᠵᠢ ᠬᠡᠷᠡᠭ ᠪᠤᠶᠤ᠃ ᠨᠦᠬᠦᠬᠡ ᠳᠠᠯ᠎ᠡ ᠪᠠᠷ ᠤᠤᠯ ᠤᠨ ᠤᠢᠢᠷᠡᠳ ᠤᠨ ᠪᠠᠭᠠᠳᠤᠳ ᠤᠨ ᠠᠬᠠᠯᠠᠬᠴᠢ ᠤᠳᠤᠬ ᠪᠠᠷᠭᠤ ᠶᠢᠨ ᠠᠯᠠᠬ ᠴᠢᠩᠰᠠᠩ ᠤᠨ ᠬᠦᠪᠡᠬᠦᠨ ᠮᠠᠩᠯᠠᠢ ᠶᠢᠨ ᠦᠬᠢᠨ ᠬᠦᠰᠠᠢ ᠪᠤᠯ ᠳᠠᠶᠠᠨ ᠬᠠᠭᠠᠨ ᠤ ᠪᠠᠭ᠎ᠠ ᠬᠠᠳᠤᠨ ᠪᠤᠯᠵᠦ ᠵᠠᠶᠠᠭᠠᠬᠰᠡᠨ ᠤᠷᠤᠬ ᠰᠠᠳᠦᠨ ᠤ ᠬᠠᠷᠢᠴᠠᠭ᠎ᠠ ᠲᠠᠢ ᠪᠤᠯᠤᠬᠰᠡᠨ ᠳᠤᠯᠠ ᠡᠨᠡ ᠬᠦ ᠪᠠᠷᠭᠤ ᠬᠠᠳᠤᠨ ᠠᠴᠠ ᠲᠦᠷᠦᠭᠰᠡᠨ ᠬᠦᠪᠡᠬᠦᠨ ᠤᠪᠠᠰᠠᠨᠵᠡ ᠴᠢᠩ ᠳᠠᠶᠢᠵᠢ ᠶᠢ ︽ᠶᠦᠡᠭᠰᠢᠶᠠᠪᠤ ᠲᠦᠮᠡᠨ ᠤ ᠪᠠᠷᠭᠤ ᠨᠤᠳᠤᠬ ᠳᠡᠬᠡᠷ᠎ᠡ ᠰᠠᠭᠤᠵᠠᠢ ᠬᠡᠵᠦ ᠦᠵᠡᠬᠦ ᠳᠤ ᠪᠤᠷᠤᠭᠤᠳᠠᠬᠤ ᠦᠬᠡᠢ︾ ᠬᠡᠵᠦ ᠪᠤᠶᠠᠨᠳᠡᠯᠡᠬᠡᠷ ᠦᠬᠦᠯᠡᠭᠰᠡᠨ ᠪᠠᠶᠢᠪᠠ᠃      ︽ᠬᠠᠯᠬ᠎ᠠ ᠶᠢᠨ ᠳᠡᠤᠬᠡ︾ ᠬᠡᠮᠡᠬᠦ ᠨᠤᠮ ᠠᠴᠠ ᠡᠰᠢ ᠳᠡᠳᠡᠪᠠᠰᠦ᠄ ᠠᠯᠳᠡᠨ ᠬᠠᠭᠠᠨ ᠤ ᠤᠢᠢᠷᠡᠳ ᠤᠨ ᠡᠰᠡᠷᠬᠦ ᠶᠠᠪᠤᠭᠤᠯᠤᠬᠰᠡᠨ ᠳᠡᠮᠡᠴᠡᠯ ᠨᠢ 1552 ᠤᠨ ᠳᠤ ᠤᠢᠢᠷᠡᠳ ᠢ ᠬᠠᠷᠠᠬᠤᠷᠦᠮ ᠬᠤᠳᠡ ᠠᠴᠠ ᠬᠦᠬᠡᠬᠡᠨ ᠭᠠᠷᠭᠠᠬᠤ ᠶᠠᠪᠤᠳᠡᠯ ᠠᠴᠠ ᠡᠬᠢᠯᠡᠵᠠᠢ᠃ ᠳᠤᠬᠠᠢ ᠶᠢᠨ ᠦᠶ᠎ᠡ ᠳᠤᠷ ᠮᠤᠩᠭᠤᠯ ᠤᠨ ᠬᠠᠭᠤᠴᠢᠨ ᠨᠡᠶᠢᠰᠯᠡᠯ ᠪᠤᠯᠬᠤ ᠬᠠᠷᠠᠬᠤᠷᠦᠮ ᠬᠤᠳᠡ ᠶᠢ ᠡᠵᠡᠯᠡᠨ ᠠᠪᠤᠬᠰᠡᠨ ᠪᠠᠶᠢᠯ᠎ᠡ᠃ ᠠᠯᠳᠡᠨ ᠬᠠᠭᠠᠨ ᠤᠢᠢᠷᠡᠳ ᠢ ᠬᠦᠬᠡᠬᠡᠨ ᠶᠠᠪᠤᠭᠤᠯᠤᠬᠰᠡᠨ ᠳᠤᠬᠢᠶᠠᠯ ᠢᠶᠠᠷ ᠤᠷᠳᠤᠰ ᠤᠨ ᠡᠷᠬᠡ ᠰᠦᠷ ᠲᠠᠢ ᠳᠤᠮᠤ ᠹᠸᠤᠳᠡᠯ ᠤᠨ ᠡᠵᠡᠨ ᠬᠤᠳᠤᠬᠳᠠᠢ ᠰᠡᠴᠡᠨ ᠬᠤᠨᠭ᠌ ᠳᠠᠶᠢᠵᠢ ᠬᠡᠮᠡᠭᠴᠢ ᠠᠯᠳᠡᠨ ᠬᠠᠭᠠᠨ ᠤ ᠵᠠᠷᠯᠢᠬ ᠢᠶᠠᠷ 1562 ᠤᠨ ᠳᠤ ᠢᠷᠲ᠋ᠢᠱ ᠮᠦᠷᠢᠨ ᠤ ᠬᠠᠪᠢ ᠪᠠᠷ ᠨᠤᠳᠤᠬ ᠲᠠᠢ ᠤᠢᠢᠷᠡᠳ᠂ ᠳᠤᠷᠭᠤᠳ ᠢ ᠪᠠᠶᠢᠯᠳᠤᠨ ᠡᠵᠡᠯᠡᠬᠦ ᠪᠠᠷ ᠴᠡᠷᠢᠭ ᠳᠠᠶᠢᠯᠡᠨ ᠮᠤᠷᠳᠡᠪᠠ᠃ 1563 ᠤᠨ ᠳᠤ ᠬᠤᠳᠤᠬᠳᠠᠢ ᠰᠡᠴᠡᠨ ᠬᠤᠨᠭ᠌ ᠳᠠᠶᠢᠵᠢ ᠳᠡᠬᠢᠨ ᠴᠡᠷᠢᠭ ᠳᠠᠶᠢᠯᠡᠵᠦ᠂ ᠳᠤᠬᠮᠠᠬ ᠤᠨ ᠬᠠᠰᠠᠬ ᠤᠳ᠂ ᠤᠢᠢᠷᠡᠳ ᠤᠨ ᠴᠤᠷᠤᠰ᠂ ᠪᠠᠭᠠᠳᠤᠳ ᠠᠶᠢᠮᠠᠬ ᠤᠳ ᠢ ᠳᠤᠪᠳᠤᠯᠤᠭᠠᠳ᠂ 1574 ᠤᠨ ᠳᠤ ᠴᠤᠷᠤᠰ ᠪᠠᠭᠠᠳᠤᠳ ᠬᠤᠶᠡᠷ ᠠᠶᠢᠮᠠᠬ ᠢ ᠪᠠᠭᠤᠯᠭᠠᠨ ᠤᠷᠤᠭᠤᠯᠵᠠᠢ᠃ ᠡᠬᠦᠨ ᠠᠴᠠ ᠦᠵᠡᠬᠦᠶ᠎ᠡ᠂ ᠪᠠᠷᠭᠤ ᠶᠠᠰᠦᠳᠡᠨ ᠶᠡᠷᠦ ᠨᠢ ᠤᠷᠢᠳ ᠬᠤᠵᠢᠳ ᠵᠡᠬᠦᠨ ︵ᠶᠡᠭᠡ ᠮᠤᠩᠭᠤᠯ︶᠂ ᠪᠠᠷᠠᠭᠤᠨ ᠮᠤᠩᠭᠤᠯ ︵ᠤᠢᠢᠷᠡᠳ︶ ᠤᠨ ᠬᠠᠷᠢᠶᠠᠨ ᠳᠤ ᠪᠦᠷ ᠪᠠᠭᠳᠡᠵᠦ ᠪᠠᠶᠢᠬᠰᠡᠨ ᠪᠦᠬᠡᠳ ᠵᠡᠬᠦᠨ ᠮᠤᠩᠭᠤᠯ ᠤᠨ ᠪᠠᠷᠠᠭᠤᠨ ᠭᠤᠷᠪᠠᠨ ᠲᠦᠮᠡᠨ ᠤ ᠳᠤᠳᠤᠷᠡᠬᠢ ᠳᠦᠮᠡᠳ ᠳᠦᠮᠡᠨ᠂ ᠶᠦᠡᠭᠰᠢᠶᠠᠪᠤ ᠲᠦᠮᠡᠨ ᠳᠤ ᠭᠤᠤᠯᠴᠢᠯᠡᠨ ᠳᠤᠬᠳᠡᠵᠦ ᠪᠠᠶᠢᠯ᠎ᠡ᠃ ᠡᠬᠦᠨ ᠠᠴᠠ ᠡᠮᠤᠨ᠎ᠡ ᠪᠠᠷᠠᠭᠤᠨ ᠮᠤᠩᠭᠤᠯ ᠤᠨ ᠤᠢᠢᠷᠡᠳ ᠤᠨ ᠪᠠᠭᠠᠳᠤᠳ ᠠᠶᠢᠮᠠᠬ ᠤᠨ ᠠᠬᠠᠯᠠᠬᠴᠢ ᠤᠳᠤᠬ ︵ᠤᠪᠤᠬ︶ ᠪᠤᠯᠵᠦ ᠬᠠᠮᠤᠬ ᠶᠡᠭᠡ ᠮᠡᠳᠡᠯ ᠲᠠᠢ ᠪᠠᠶᠢᠬᠰᠡᠨ ᠠᠴᠠ ᠪᠠᠨ ᠠᠯᠳᠡᠨ ᠬᠠᠭᠠᠨ ᠤ ᠬᠠᠷᠢᠶᠠᠨ ᠳᠠᠬᠢ ᠶᠦᠡᠭᠰᠢᠶᠠᠪᠤ ᠲᠦᠮᠡᠨ ᠢ ᠳᠠᠭᠠᠷ᠎ᠡ ᠤᠷᠤᠬᠰᠡᠨ ᠨᠢ ᠳᠤᠳᠤᠷᠬᠠᠢ ᠪᠠᠶᠢᠨ᠎ᠡ᠃ ᠡᠬᠦᠨ ᠢᠶᠠᠷ ᠰᠦᠪᠡᠭᠴᠢ ᠪᠤᠯᠭᠠᠭᠠᠳ ᠴᠢᠨᠠᠬᠰᠢᠯᠠᠪᠠᠯ ᠴᠠᠬᠠᠷ ᠪᠠᠷᠭᠤ ᠶᠢᠨ ᠳᠡᠤᠬᠡᠨ ᠢᠷᠡᠯ ᠢ ᠤᠬᠤᠴᠢᠯᠡᠨ ᠤᠯᠵᠦ ᠪᠤᠯᠬᠤ ᠶᠤᠮ ᠬᠡᠵᠦ ᠦᠵᠡᠨ᠎ᠡ᠃      ᠤᠪᠰᠠᠨᠵᠡ ᠴᠢᠩ ᠳᠠᠶᠢᠵᠢ ᠵᠢᠴᠢ ᠳᠡᠬᠦᠨ ᠤ ᠨᠤᠶᠠᠯᠠᠯ ᠳᠤᠤᠷᠡᠬᠢ ᠪᠠᠷᠭᠤ ᠤᠳᠤᠬ 16 ᠳ᠋ᠤᠭᠠᠷ ᠵᠠᠭᠤᠨ ᠤ 30 — 40 ᠬᠡᠳ ᠤᠨ ᠨᠤᠭᠤᠳ ᠲᠤ ᠠᠯᠳᠡᠷ ᠶᠡᠬᠡᠳᠡᠢ ᠪᠠᠶᠢᠬᠰᠡᠨ ᠬᠡᠳᠡᠭ᠃ ᠵᠢᠭᠠᠴᠢᠳᠠᠢ ᠪᠤᠶᠠᠨᠳᠡᠯᠬᠡᠷ ︽ᠬᠠᠯᠬ᠎ᠠ ᠪᠠᠷᠭᠤ ᠶᠢᠨ ᠡᠬᠦᠰᠦᠯ ᠢᠷᠡᠯ︾ ᠳᠤ ︽1543 ᠤᠨ ᠳᠤ ᠨᠠᠶᠢᠷᠡᠭᠤᠯᠤᠬᠰᠡᠨ ᠮᠢᠨ ᠡᠸ᠋ ᠱᠠᠨ ᠬᠦᠮᠦᠨ ᠬᠡᠮᠡᠬᠦ ᠴᠤᠯᠠ ᠲᠠᠢ ᠰᠦ᠋ ᡁᠢ ᠭᠤᠤ ᠶᠢᠨ ︵︿ᠤᠮᠠᠷᠡᠳᠦ ᠵᠦᠭ ᠤᠨ ᠬᠡᠷᠡᠭ ᠤᠴᠢᠷ﹀︶ ᠪᠢᠴᠢᠭ ᠲᠤ ᠪᠠᠷᠭᠤ ᠶᠢ 把儿户 ᠬᠡᠳ ︿ᠮᠤᠩᠭᠤᠯᠴᠤᠳ ᠳᠡᠳᠡᠨ ᠢ ᠬᠠᠷ᠎ᠡ ᠮᠤᠩᠭᠤᠯ ᠬᠡᠮᠡᠮᠤᠢ᠂ ᠳᠠᠶᠢᠨ ᠪᠠᠶᠢᠯᠳᠤᠭᠠᠨ ᠳᠤ ᠴᠠᠭᠠᠷᠡᠬᠰᠡᠨ᠂ ᠬᠡᠳᠦᠨ ᠳᠦᠮᠡᠨ ᠴᠡᠷᠢᠭ ᠲᠠᠢ᠂ ᠪᠤᠯᠤᠳ ᠢᠶᠠᠷ ᠵᠡᠪᠰᠡᠭ ᠬᠢᠮᠦᠢ ︵把儿户,虏中呼为黑达子᠂ 好战斗᠂ 兵之数万᠂ 以镔铁为刀︶︾ ᠬᠡᠵᠦ ᠶᠠᠷᠢᠬᠰᠡᠨ ᠪᠦᠬᠡᠳ ᠪᠠᠭ᠎ᠠ ᠬᠠᠭᠠᠨ ︵ᠪᠤᠳᠢ ᠠᠯᠠᠬ︶ ᠢ ᠳᠠᠭᠠᠵᠦ ᠤᠷᠢᠶᠠᠩᠬᠠᠨ ᠲᠦᠮᠡᠨ ᠳᠤ ᠴᠡᠷᠢᠭᠯᠡᠭᠰᠡᠨ ᠠᠵᠢ᠃ ᠡᠬᠦᠨ ᠠᠴᠠ ᠭᠠᠳᠡᠨ᠎ᠡ ︿ᠳᠠᠶᠢᠮᠢᠩ ᠤᠨ ᠱᠢᠽᠦ᠋ᠡᠭ ᠬᠠᠭᠠᠨ ᠤ ᠮᠠᠭᠠᠳ ᠬᠠᠤᠯᠢ﹀ ᠶᠢᠨ ᠵᠢᠶᠠ ᠵᠢᠩ ᠤᠨ 25 ᠳ᠋ᠤᠭᠠᠷ ᠤᠨ ︵1540 ᠤᠨ︶ ᠤ 6 ᠰᠠᠷ᠎ᠡ ᠶᠢᠨ ᠴᠠᠭᠠᠬᠴᠢᠨ ᠦᠬᠡᠷ ᠡᠳᠦᠷ ᠤᠨ ᠵᠤᠷᠪᠤᠰ ᠲᠤ ᠴᠢᠩ ᠳᠠᠶᠢᠵᠢ 8 ᠰᠠᠷ᠎ᠡ ᠶᠢᠨ 15 ᠤ ᠳᠡᠷᠬᠡᠯ ᠰᠠᠷᠡᠨ ᠢ ᠬᠦᠯᠢᠶᠡᠵᠦ᠂ ᠵᠡᠬᠦᠨᠰᠢ ᠴᠡᠷᠢᠭᠯᠡᠬᠦ ᠪᠠᠷ ᠪᠤᠢ ᠬᠡᠮᠡᠬᠦ ᠰᠤᠷᠠᠬ ᠢ ᠤᠯᠵᠦ ᠠᠪᠤᠬᠰᠡᠨ ᠳᠠᠷᠦᠢ ᠮᠢᠩ ᠤᠯᠤᠰ ᠤᠨ ᠬᠢᠨᠢ ᠨᠡᠶᠢᠰᠯᠡᠯ ᠬᠤᠳᠡ ᠤᠷᠴᠢᠮ ᠳᠠᠬᠢ ᠴᠤᠤ ᠡᡁᠧ ︵ᠤᠳᠤ ᠶᠢᠨ ᠪᠡᠬᠡᠵᠢᠩ ᠬᠤᠳᠡ ᠶᠢᠨ ᠮᠢ ᠶᠦᠨ ᠰᠢᠶᠠᠨ ᠤ ᠭᠠᠵᠡᠷ︶᠂ ᠪᠠᠢ ᠶᠠᠩ ︵ᠤᠳᠤ ᠶᠢᠨ ᠪᠡᠬᠡᠵᠢᠩ ᠬᠤᠳᠡ ᠶᠢᠨ ᠴᠠᠩ ᠫᠢᠡᠭ ᠰᠢᠶᠠᠨ ᠤ ᠭᠠᠵᠡᠷ︶᠂ ᠬᠦ᠋ ᠪᠸᠢ ︵ᠮᠤᠩᠭᠤᠯ ᠨᠡᠷ᠎ᠡ ᠨᠢ ᠮᠤᠯᠳᠤᠬᠴᠢᠨ ᠤ ᠰᠦᠪᠠ ᠤᠳᠤ ᠶᠢᠨ ᠪᠡᠬᠡᠵᠢᠩ ᠬᠤᠳᠡ ᠶᠢᠨ ᠮᠢ ᠶᠦᠨ ᠰᠢᠶᠠᠨ ᠤ ᠭᠠᠵᠡᠷ︶᠂ ᠰᠢ ᠹᠸᠡᠭ ︵ᠮᠤᠩᠭᠤᠯ ᠨᠡᠷ᠎ᠡ ᠨᠢ ᠪᠠᠶᠠᠰᠬᠤᠯᠠᠩ ᠬᠠᠳᠡᠳᠦ᠂ ᠤᠳᠤ ᠶᠢᠨ ᠡᡁᠧᠪᠸᠢ ᠮᠤᠵᠢ ᠶᠢᠨ ᠴᠢᠶᠠᠨ ᠰᠢ ᠰᠢᠶᠠᠨ ᠤ ᠭᠠᠵᠡᠷ︶ ᠵᠡᠷᠬᠡ ᠪᠤᠭᠤᠮᠳᠡ ᠶᠢᠨ ᠰᠡᠷᠬᠡᠶᠢᠯᠡᠯᠳᠡ ᠪᠠᠨ ᠴᠢᠩᠭᠠᠯᠡᠵᠦ ᠪᠠᠶᠢᠬᠰᠡᠨ ᠳᠡᠮᠳᠡᠭᠯᠡᠯ ᠲᠠᠢ︾ ᠬᠡᠵᠦ ᠦᠬᠦᠯᠡᠪᠠ᠃      ᠳᠡᠬᠡᠪᠡᠯ᠂ ᠡᠨᠡ ᠬᠦ ᠤᠪᠠᠰᠠᠨᠵᠠ ᠴᠢᠩ ᠳᠠᠶᠢᠵᠢ ᠶᠢᠨ ᠬᠠᠷᠢᠶᠠᠨ ᠳᠠᠬᠢ ᠪᠠᠷᠭᠤᠴᠤᠳ ᠪᠤᠯ ᠳᠡᠬᠡᠷ᠎ᠡ ᠳᠤᠷᠡᠳᠴᠦ ᠦᠡᠭᠬᠡᠷᠡᠭᠰᠡᠨ ᠬᠤᠳᠤᠬᠳᠠᠢ ᠰᠡᠴᠡᠨ ᠬᠤᠨᠭ᠌ ᠳᠠᠶᠢᠵᠢ ᠶᠢᠨ ᠤᠷᠤᠭᠤᠯᠤᠨ ᠠᠪᠴᠢᠷᠠᠬᠰᠡᠨ ᠪᠠᠭᠠᠳᠤᠳ ᠤᠳᠤᠬ ︵ᠤᠪᠤᠬ︶ ᠪᠠᠷᠭᠤ ᠮᠦᠨ ᠮᠦᠷᠳᠡᠬᠡᠨ ᠳᠡᠳᠡᠨ ᠤ ᠳᠦᠷᠦᠬᠦᠦ ᠠᠯᠠᠬ ᠴᠢᠩᠰᠠᠩ ᠤᠨ ᠬᠦᠪᠡᠬᠦᠨ ᠮᠠᠩᠯᠠᠢ ᠠᠬᠠᠯᠠᠬᠤ ᠶᠢᠨ ᠦᠬᠢᠨ ᠬᠦᠰᠠᠢ ᠬᠡᠮᠡᠭᠴᠢ ᠪᠤᠯ ᠳᠠᠶᠠᠨ ᠬᠠᠭᠠᠨ ᠤ ᠪᠠᠭ᠎ᠠ ᠬᠠᠳᠤᠨ᠂ ᠳᠠᠷᠦᠢ ᠴᠢᠩ ᠳᠠᠶᠢᠵᠢ ᠤᠪᠠᠰᠠᠨᠵᠡ ᠶᠢᠨ ᠲᠦᠷᠦᠭᠰᠡᠨ ᠡᠬᠡ ᠨᠢ ᠪᠤᠯᠤᠨ᠎ᠡ᠃ ᠡᠳᠡᠬᠡᠷ ᠪᠠᠷᠭᠤ ᠪᠤᠯ ᠳᠠᠶᠠᠨ ᠬᠠᠭᠠᠨ ᠤ ᠬᠦᠪᠡᠬᠦᠨ ᠤᠪᠠᠰᠠᠨᠵᠠ ᠶᠢᠨ ᠬᠠᠷᠢᠶᠠᠨ ᠳᠠᠬᠢ ᠶᠦᠡᠭᠰᠢᠶᠠᠪᠤ ᠲᠦᠮᠡᠨ ᠳᠤ ᠤᠯᠠᠷᠢᠨ ᠰᠢᠯᠵᠢᠭᠰᠡᠨ ᠵᠤᠨ ᠪᠤᠯᠠᠢ᠃      ᠶᠡᠭᠡ ᠮᠤᠩᠭᠤᠯ ᠤᠨ ᠪᠤᠳᠢ ᠠᠯᠠᠬ ᠬᠠᠭᠠᠨ ︵1519 — 1547︶ ᠤ ᠦᠶ᠎ᠡ ᠳᠤ ᠪᠠᠷᠠᠭᠤᠨ ᠭᠤᠷᠪᠠᠨ ᠲᠦᠮᠡᠨ ᠨᠢ ᠬᠦᠪᠡᠬᠡᠯᠢᠭ ᠪᠤᠯᠤᠨ ᠠᠯᠳᠡᠨ ᠠᠬ᠎ᠠ ᠳᠡᠬᠦᠦ ᠬᠤᠶᠠᠭᠤᠯᠠ ᠶᠢᠨ ᠮᠡᠳᠡᠯ ᠳᠤ ᠪᠠᠶᠢᠪᠠ᠃ ᠢᠡᠭᠬᠢᠬᠡᠳ ᠪᠠᠷᠠᠭᠤᠨ ᠭᠤᠷᠪᠡᠨ ᠲᠦᠮᠡᠨ ᠤ ᠳᠤᠳᠤᠷᠡᠬᠢ ᠳᠦᠮᠡᠳ ᠳᠦᠮᠡᠨ ᠤ ᠬᠠᠷᠢᠶᠠᠨ ᠳᠤ ᠪᠠᠶᠢᠭ᠎ᠠ ᠪᠠᠷᠭᠤ ᠪᠤᠷᠢᠶᠠᠳ ᠤᠨ ᠬᠢᠨ ᠠᠯᠳᠡᠨ ᠬᠠᠭᠠᠨ ᠤ ᠮᠡᠳᠡᠯ ᠳᠤ ᠤᠷᠤᠬᠰᠡᠨ ᠶᠤᠮ ᠪᠠᠶᠢᠨ᠎ᠡ᠃ ᠪᠤᠳᠢ ᠠᠯᠠᠬ ᠬᠠᠭᠠᠨ ᠢ ᠳᠠᠭᠠᠵᠦ ᠤᠷᠢᠶᠠᠩᠬᠠᠢᠢᠴᠤᠳ ᠢ ᠳᠠᠶᠢᠯᠠᠬᠤ ᠳᠠᠶᠢᠨ ᠤ ᠳᠤᠮᠳᠡ ᠬᠦᠪᠡᠭᠡᠯᠢᠭ ᠵᠢᠨᠦᠩ᠂ ᠠᠯᠳᠡᠨ ᠠᠬ ᠎ᠠ ᠳᠡᠬᠦᠦ ᠬᠤᠶᠠᠭᠤᠯᠠ ᠶᠡᠭᠡ ᠭᠠᠪᠢᠶ᠎ᠡ ᠪᠠᠶᠢᠭᠤᠯᠤᠬᠰᠡᠨ ᠳᠤᠯᠠ ᠪᠤᠳᠢ ᠠᠯᠠᠬ ᠬᠠᠭᠠᠨ ᠬᠦᠪᠡᠬᠡᠯᠢᠭ ᠵᠢᠨᠦᠩ ᠢ ︽ᠮᠡᠷᠬᠡᠨ ᠵᠢᠨᠦᠩ︾ ᠴᠤᠯᠠ ᠬᠠᠶᠢᠷᠡᠯᠠᠵᠦ᠂ ᠳᠡᠬᠦᠨ ᠤ ᠳᠡᠬᠦᠦ ᠠᠯᠳᠡᠨ ᠳᠤ ︽ᠠᠯᠳᠡᠨ ᠰᠤᠳᠤ ᠬᠠᠨ︾ ᠬᠡᠮᠡᠬᠦ ᠴᠤᠯᠠ ᠰᠤᠶᠤᠷᠬᠠᠵᠠᠢ᠃      1547 ᠤᠨ ᠳᠤ ᠪᠤᠳᠢ ᠠᠯᠠᠬ ᠬᠠᠭᠠᠨ ᠬᠠᠯᠢᠵᠦ᠂ ᠪᠤᠳᠢ ᠠᠯᠠᠬ ᠬᠠᠭᠠᠨ ᠤ ᠤᠤᠭᠠᠨ ᠬᠦᠪᠡᠬᠦᠨ ᠳᠠᠷᠡᠶᠢᠰᠦᠨ ᠬᠦᠳᠡᠩ ᠬᠠᠭᠠᠨ ᠰᠠᠭᠤᠪᠠ᠃ ᠳᠠᠶᠠᠨ ᠬᠠᠭᠠᠨ ᠤ ᠭᠤᠷᠪᠠᠳᠤᠭᠠᠷ ᠬᠦᠪᠡᠬᠦᠨ ᠪᠠᠷᠰᠪᠤᠯᠤᠳ ᠤᠨ ᠬᠦᠪᠡᠬᠦᠨ ᠪᠤᠳᠢᠳᠠᠷ᠎ᠡ ᠳᠠᠶᠢᠵᠢ ᠶᠢᠨ ᠬᠤᠶᠠᠳᠤᠭᠠᠷ ᠬᠦᠪᠡᠬᠦᠨ ᠠᠰᠠᠨᠳᠠᠷ᠎ᠡ ᠳᠠᠶᠢᠵᠢ ᠳᠤ ᠭᠠᠭᠴᠡ ᠪᠠᠷᠭᠤ ᠳᠠᠶᠢᠵᠢ ᠬᠡᠰᠡᠨ ᠨᠢᠬᠡ ᠬᠦᠪᠡᠬᠦᠨ ᠲᠠᠢ᠂ ᠪᠠᠷᠭᠤ ᠬᠡᠳᠡᠭ ᠨᠡᠷ᠎ᠡ ᠶᠢᠨ ᠢᠷᠡᠯ ᠪᠤᠯ ᠮᠦᠨ ᠳᠡᠬᠦᠨ ᠤ ᠨᠤᠶᠡᠯᠡᠵᠦ ᠪᠠᠶᠢᠬᠰᠡᠨ ᠪᠠᠷᠭᠤ ᠤᠪᠤᠬ ᠨᠠᠷ᠎ᠡ ᠲᠠᠢ ᠬᠤᠯᠪᠤᠬᠳᠡᠨ᠎ᠡ ᠬᠡᠵᠦ ᠪᠤᠶᠠᠨᠳᠡᠯᠬᠡᠷ ᠭᠤᠸᠠᠢ ᠳᠤᠷᠡᠳᠤᠬᠰᠡᠨ ᠶᠤᠮ᠃ ᠡᠨᠡ ᠦᠶ᠎ᠡ ᠳᠤ ᠵᠡᠬᠦᠨ ᠮᠤᠩᠭᠤᠯ ᠤᠨ ᠪᠠᠷᠠᠭᠤᠨ ᠭᠠᠷᠦᠨ ᠭᠤᠷᠪᠡᠨ ᠲᠦᠮᠡᠨ ᠤ ᠳᠤᠳᠤᠷ᠎ᠡ ᠲᠦᠮᠡᠳ ᠳᠦᠮᠡᠨ ᠮᠠᠰᠢ ᠬᠦᠴᠦᠷᠬᠡᠭ ᠪᠤᠯᠤᠬᠰᠡᠨ ᠪᠠᠶᠢᠪᠠ᠃ ᠲᠦᠮᠡᠳ ᠤᠨ ᠠᠯᠳᠡᠨ ᠬᠠᠭᠠᠨ ᠪᠤᠯ ᠪᠤᠳᠢ ᠠᠯᠠᠬ ᠬᠠᠭᠠᠨ ᠤ ᠬᠦᠪᠡᠬᠦᠨ ᠬᠦᠳᠡᠩ ᠬᠠᠭᠠᠨ ᠤ ᠦᠶᠡᠯᠢᠳ ᠠᠪᠠᠭ᠎ᠠ ᠪᠤᠯᠬᠤ ᠮᠦᠷᠳᠡᠬᠡᠨ ᠬᠦᠴᠦᠷᠬᠡᠭ ᠤᠯᠡᠨ ᠴᠡᠷᠢᠭ ᠤᠨ ᠬᠦᠴᠦ ᠪᠠᠷ ᠳᠠᠷᠡᠶᠢᠰᠦᠨ ᠬᠦᠳᠡᠩ ᠬᠠᠭᠠᠨ ᠢ ᠰᠦᠷᠳᠡᠬᠦᠯᠦᠨ ᠰᠢᠬᠠᠮᠳᠠᠭᠤᠯᠵᠦ᠂ 1547 ᠤᠨ ᠤ ᠦᠶᠡᠰ ᠢᠶᠠᠷ ᠳᠠᠷᠡᠶᠢᠰᠦᠨ ᠬᠦᠳᠡᠩ ᠬᠠᠭᠠᠨ ᠴᠠᠬᠠᠷ ᠲᠦᠮᠡᠨ ᠤ ᠵᠠᠷᠢᠮ ᠬᠠᠷᠢᠶᠠᠳᠦ ᠪᠠᠨ ᠠᠪᠴᠤ᠂ ᠵᠡᠬᠦᠨ ᠳᠡᠶᠢᠰᠢ ᠪᠠᠨ ᠨᠡᠬᠦᠵᠦ᠂ ᠤᠳᠤ ᠶᠢᠨ ᠦᠪᠦᠷ ᠮᠤᠩᠭᠤᠯ ᠤᠨ ᠨᠤᠳᠤᠬ᠂ ᠰᠢᠷ᠎ᠡ ᠮᠦᠷᠡᠨ ᠤ ᠰᠠᠪᠠ ᠳᠠᠭᠠᠤ ᠮᠠᠯ ᠮᠠᠯᠵᠢᠨ ᠰᠠᠭᠤᠵᠠᠢ᠃ ᠡᠨᠡ ᠦᠶ᠎ᠡ ᠠᠴᠠ ᠪᠠᠷᠠᠭᠤᠨ ᠭᠤᠷᠪᠠᠨ ᠲᠦᠮᠡᠨ ᠴᠦᠮ ᠠᠯᠳᠡᠨ ᠬᠠᠭᠠᠨ ᠤ ᠬᠠᠷᠢᠶᠠᠨ ᠳᠤ ᠵᠢᠬᠢᠷᠦᠬᠳᠠᠬᠤ ᠪᠤᠯᠪᠠ᠃ ᠲᠦᠮᠡᠨ ᠴᠦᠮ ᠠᠯᠳᠡᠨ ᠬᠠᠭᠠᠨ ᠤ ᠬᠠᠷᠢᠶᠠᠨ ᠳᠤ ᠵᠠᠬᠢᠷᠤᠬᠳᠡᠬᠤ ᠪᠤᠯᠪᠠ᠃ ᠤᠪᠠᠰᠠᠨᠵᠠ ᠴᠢᠩ ᠳᠠᠶᠢᠵᠢ ᠪᠤᠯᠤᠨ ᠠᠯᠳᠡᠨ ᠬᠠᠨ ᠬᠤᠶᠠᠭᠤᠯᠠ ᠬᠡᠳᠦ᠋ᠢᠪᠡᠷ ᠠᠪᠠᠭ᠎ᠠ ᠠᠴᠢ ᠶᠢᠨ ᠬᠠᠷᠢᠴᠠᠭ᠎ᠠ ᠲᠠᠢ ᠪᠤᠯᠪᠠᠴᠤ ᠪᠤᠳᠢ ᠠᠯᠠᠬ ᠬᠠᠭᠠᠨ ᠤ ᠦᠶ ᠎ᠡ ᠳᠤ ᠨᠢᠬᠡ ᠪᠦᠯᠦᠭ ᠪᠠᠷᠭᠤᠴᠤᠳ ᠢ ᠳᠤᠰ ᠳᠤᠰ ᠲᠠᠭᠠᠨ ᠵᠠᠬᠢᠷᠴᠤ ᠪᠠᠶᠢᠬᠰᠡᠨ ᠪᠤᠶᠤ ᠤᠪᠠᠰᠠᠨᠵᠠ ᠨᠢ ᠶᠦᠡᠭᠰᠢᠶᠠᠪᠤ ᠶᠢᠨ ᠬᠠᠷᠢᠶᠠᠨ ᠤ ᠪᠠᠷᠭᠤ ᠶᠢ ᠬᠠᠮᠢᠶᠠᠷᠴᠤ᠂ ᠠᠯᠳᠡᠨ ᠬᠠᠨ ᠨᠢ ᠲᠦᠮᠡᠳ ᠤᠨ ᠬᠠᠷᠢᠶᠠᠨ ᠤ ᠪᠠᠷᠭᠤ ᠶᠢ ᠬᠠᠮᠢᠶᠠᠷᠴᠤ ᠪᠠᠶᠢᠬᠰᠡᠨ ᠬᠡᠬᠦ ᠤᠢᠢᠯᠠᠭᠠᠬᠳᠡᠬᠤᠨ ᠢ ᠳᠦᠷᠦᠭᠳᠡᠬᠦᠯᠵᠦ ᠪᠠᠶᠢᠬᠤ ᠨᠢ ᠳᠤᠩ ᠰᠤᠨᠢᠨ ᠶᠠᠪᠤᠳᠡᠯ ᠪᠤᠯᠬᠤ ᠪᠤᠯᠪᠠᠴᠤ ᠡᠳᠡᠬᠡᠷ ᠬᠤᠶᠡᠷ ᠪᠦᠯᠦᠭ ᠪᠠᠷᠭᠤᠴᠤᠳ ᠨᠢ ᠪᠦᠷ ᠯᠡ ᠪᠠᠶᠢᠭᠠᠯ ᠨᠠᠭᠤᠷ ᠤᠷᠤᠨ ᠠᠴᠠ ᠡᠮᠤᠨᠡᠰᠢ ᠨᠡᠬᠦᠭᠰᠡᠨ ᠢᠷᠡᠯ ᠡᠬᠦᠰᠦᠯᠳᠠᠢ ᠪᠠᠶᠢᠯ᠎ᠡ ᠬᠡᠰᠡᠨ ᠠᠯᠢ ᠬᠡᠳᠦ᠋ᠢᠨ ᠠᠴᠠ ᠠᠳᠠᠯᠢ ᠪᠤᠰᠤ ᠤᠯᠤᠰ ᠲᠦᠷᠦ ᠶᠢᠨ ᠬᠦᠴᠦᠨ ᠳᠤ ᠬᠠᠷᠢᠶᠠᠯᠠᠬᠳᠡᠵᠦ᠂ ᠦᠪᠡᠷ ᠦᠪᠡᠷ ᠤᠨ ᠳᠡᠤᠬᠡ ᠶᠢᠨ ᠵᠠᠮᠨᠠᠯ ᠳᠠᠭᠠᠨ ᠤᠷᠤᠬᠰᠡᠨ ᠬᠡᠳᠡᠭ ᠨᠢ ᠦᠨᠡᠮᠰᠢᠬᠦᠰᠢᠳᠠᠢ ᠪᠠᠶᠢᠨ᠎ᠡ᠃      ᠳᠠᠶᠠᠨ ᠬᠠᠭᠠᠨ ᠠᠴᠠ ᠯᠢᠭᠳᠡᠨ ᠬᠠᠭᠠᠨ ᠬᠦᠷᠳᠡᠯᠡᠬᠢ ᠵᠠᠭᠤ ᠭᠠᠷᠦᠢ ᠵᠢᠯ ᠤᠨ ᠳᠤᠷᠰᠢᠬᠢ ᠮᠤᠩᠭᠤᠯ ᠦᠨᠳᠦᠰᠦᠳᠡᠨ ᠤ ᠳᠤᠳᠤᠭᠠᠳᠦ ᠭᠠᠳᠠᠭᠠᠳᠦ ᠶᠢᠨ ᠳᠡᠮᠡᠴᠡᠯ ᠤᠨ ᠶᠠᠪᠤᠴᠡ ᠶᠢᠨ ᠳᠤᠮᠳᠡ ᠴᠠᠬᠠᠷ ᠲᠦᠮᠡᠨ ᠨᠢ ᠠᠬᠠᠯᠠᠬᠴᠢ ᠤᠳᠤᠬ ᠤᠨ ᠬᠤᠪᠢ ᠪᠠᠷ ᠭᠤᠤᠯ ᠴᠤᠬᠴᠡ ᠪᠤᠯᠵᠦ᠂ ᠬᠠᠭᠠᠳ ᠤᠨ ᠴᠡᠷᠢᠭ ᠤᠨ ᠭᠤᠤᠯ ᠬᠦᠴᠦᠨ ᠪᠤᠯᠵᠦ ᠶᠠᠪᠤᠬᠰᠡᠨ ᠬᠠᠷᠡᠬᠳᠡᠨ᠎ᠡ᠃ ᠮᠤᠩᠭᠤᠯ ᠤᠨ ᠬᠠᠮᠤᠬ ᠡᠴᠦᠰ ᠤᠨ ᠬᠠᠭᠠᠨ ᠯᠢᠭᠳᠡᠨ ᠬᠠᠯᠢᠬᠰᠡᠨ ᠤ ᠳᠠᠷᠠᠭ᠎ᠠ᠂ ᠮᠤᠩᠭᠤᠯ ᠤᠨ ᠤᠯᠡᠨ ᠠᠶᠢᠮᠠᠬ ︵ᠤᠳᠤᠬ︶ ᠤᠳ ᠤᠷᠢᠳ ᠬᠤᠵᠢᠳ ᠮᠠᠨᠵᠦ ᠶᠢᠨ ᠨᠤᠶᠠᠷᠬᠠᠯ ᠳᠤ ᠬᠡᠰᠡᠭᠯᠡᠭᠳᠡᠨ ᠬᠤᠪᠢᠶᠠᠬᠳᠡᠭᠠᠳ ᠤᠷᠤᠪᠠ᠃      ᠳᠡᠬᠡᠷᠡᠬᠢ ᠳᠤᠷᠡᠳᠤᠬᠰᠡᠨ ᠳᠡᠤᠬᠡ ᠶᠢᠨ ᠶᠠᠪᠤᠴᠡ ᠠᠴᠠ ᠦᠵᠡᠪᠡᠯ ᠴᠬᠠᠠᠷ ᠪᠠᠷᠭᠤ ᠶᠢᠨ ᠢᠷᠡᠯ ᠡᠬᠦᠰᠦᠯ ᠨᠢ ᠤᠯᠡᠨ ᠳᠠᠯ᠎ᠡ ᠠᠴᠠ ᠪᠦᠷᠢᠯᠳᠦᠭᠰᠡᠨ ᠬᠡᠵᠦ ᠦᠵᠡᠬᠦ ᠪᠤᠯᠪᠠᠴᠤ ᠤᠤᠯ ᠨᠢ ᠵᠡᠬᠦᠨ ᠮᠤᠩᠭᠤᠯ ᠤᠨ ᠪᠠᠷᠠᠭᠤᠨ ᠭᠤᠷᠪᠠᠨ ᠳᠦᠮᠡᠨ ᠤ ᠳᠤᠳᠤᠷᠡᠬᠢ ᠶᠦᠡᠭᠰᠢᠶᠠᠪᠤ ᠲᠦᠮᠡᠨ᠂ ᠲᠦᠮᠡᠳ ᠲᠦᠮᠡᠨ ᠤ ᠬᠠᠷᠢᠶᠠᠨ ᠳᠤ ᠪᠠᠶᠢᠬᠰᠡᠨ ᠪᠠᠷᠭᠤᠴᠤᠳ ᠪᠤᠯ ᠡᠳᠦᠬᠡ ᠶᠢᠨ ᠴᠬᠠᠠᠷ ᠪᠠᠷᠭᠤ ᠶᠢᠨ ᠳᠡᠬᠡᠳᠦᠰ ᠮᠦᠨ ᠪᠤᠯᠬᠤ ᠨᠢ ᠮᠡᠳᠡᠭᠳᠡᠮ᠎ᠡ ᠪᠠᠶᠢᠨ᠎ᠡ᠃ 1688 ᠤᠨ ᠳᠤ ᠭᠠᠯᠳᠡᠨ ᠪᠤᠱᠤᠬᠳᠦ ᠶᠢᠨ ᠳᠤᠪᠳᠤᠯᠤᠯ ᠠᠴᠠ ᠪᠤᠯᠵᠦ᠂ ᠬᠠᠯᠬᠠᠴᠤᠳ ᠢ ᠳᠠᠭᠠᠵᠦ᠂ ᠤᠷᠳᠦ ᠴᠠᠭᠠᠨ ᠬᠡᠷᠡᠮ ᠤᠨ ᠭᠠᠳᠡᠨ᠎ᠡ ᠪᠦᠬᠡᠮᠨᠡᠷᠡᠵᠦ ᠪᠠᠶᠢᠬᠰᠡᠨ ᠪᠠᠷᠭᠤᠴᠤᠳ ᠤᠨ ᠤᠯᠠᠩᠬᠢ ᠨᠢ ᠳᠤᠮᠳᠠᠳᠦ ᠤᠯᠤᠰ ᠤᠨ ᠵᠡᠬᠦᠨ ᠭᠤᠷᠪᠠᠨ ᠮᠤᠵᠢ ᠳᠤ ᠨᠡᠬᠦᠵᠦ ᠤᠴᠢᠬᠰᠡᠨ ᠠᠴᠠ ᠪᠤᠰᠤᠳ ᠪᠠᠷᠭᠤᠴᠤᠳ ᠨᠢ ᠭᠠᠯᠳᠡᠨ ᠤ ᠳᠤᠪᠳᠤᠯᠤᠯ ᠢ ᠳᠦᠪᠰᠢᠳᠬᠡᠭᠰᠡᠨ ᠤ ᠳᠠᠷᠠᠭ᠎ᠠ ᠳᠤᠬᠠᠢᠢᠯᠠᠪᠠᠯ 1697 ᠤᠨ ᠪᠤᠶᠤ 1698 ᠤᠨ ᠤ ᠦᠶ᠎ᠡ ᠪᠠᠷ ᠬᠠᠯᠬᠠᠴᠤᠳ ᠭᠤᠪᠢ ᠶᠢᠨ ᠠᠷᠦ ᠳᠤ ᠪᠤᠴᠠᠬᠤ ᠦᠶ᠎ᠡ ᠳᠤ ᠬᠠᠯᠬ᠎ᠠ ᠶᠢᠨ ᠬᠠᠷᠢᠶ᠎ᠡ ᠠᠶᠢᠮᠠᠬ ᠬᠤᠰᠢᠭᠤ ᠪᠠᠨ ᠳᠠᠭᠠᠭᠠᠳ ᠬᠠᠯᠬ᠎ᠠ ᠶᠢᠨ ᠨᠤᠳᠤᠬ ᠲᠤ ᠪᠤᠴᠠᠬᠰᠡᠨ ᠴᠤ ᠪᠤᠢ᠂ ᠨᠢᠬᠡ ᠬᠡᠰᠡᠭ ᠵᠤᠨ ᠪᠠᠰᠠ ᠤᠷᠳᠦ ᠴᠠᠭᠠᠨ ᠬᠡᠷᠡᠮ ᠤᠨ ᠬᠤᠶᠢᠳᠦ ᠪᠡᠶ᠎ᠡ ᠪᠠᠷ ᠦᠯᠡᠳᠡᠵᠦ ᠨᠤᠳᠤᠬᠯᠠᠬᠰᠡᠨ ᠴᠤ ᠪᠤᠢ᠃ ᠳᠡᠳᠡᠨ ᠤ ᠤᠯᠠᠩᠬᠢ ᠨᠢ ᠤᠤᠯ ᠠᠴᠠ ᠪᠠᠨ ᠠᠯᠳᠡᠨ ᠬᠠᠭᠠᠨ ᠤ ᠵᠠᠬᠢᠷᠦᠯ ᠳᠤᠤᠷᠡᠬᠢ ᠪᠠᠷᠠᠭᠤᠨ ᠭᠤᠷᠪᠡᠨ ᠲᠦᠮᠡᠨ ᠤ ᠬᠠᠷᠢᠶᠠᠨ ᠳᠤ ᠪᠠᠶᠢᠬᠰᠡᠨ ᠪᠠᠷᠭᠤᠴᠤᠳ ᠪᠤᠯᠬᠤ ᠪᠦᠬᠡᠳ ᠡᠳᠦᠬᠡ ᠶᠢᠨ ᠴᠬᠠᠠᠷ ᠪᠠᠷᠭᠤ ᠶᠢᠨ ᠳᠡᠬᠡᠳᠦᠰ ᠤᠨ ᠨᠢᠬᠡ ᠰᠠᠯᠠᠭ᠎ᠠ ᠨᠢ ᠪᠤᠯᠤᠨ᠎ᠡ᠃ ᠮᠦᠨ ᠴᠤ ᠡᠩᠬᠡ ᠠᠮᠤᠭᠤᠯᠠᠩ ᠤᠨ 38 ᠳ᠋ᠤᠭᠠᠷ ᠤᠨ ︵1699 ᠤᠨ︶ ᠳᠤ ︽ᠪᠠᠷᠭᠤ ᠵᠡᠷᠬᠡ ᠮᠤᠩᠭᠤᠯ ᠴᠠᠬᠠᠷ ᠲᠠᠢ ᠨᠡᠶᠢᠯᠡᠬᠦᠯᠵᠦ ᠨᠢᠬᠡ ᠰᠤᠮᠤ ᠵᠤᠬᠢᠶᠠᠬᠰᠡᠨ︾ ᠳᠤ ᠦᠶ᠎ᠡ ᠳᠤᠷ ᠴᠠᠬᠠᠷ ᠨᠠᠢᠮᠠᠨ ᠬᠤᠰᠢᠭᠤᠨ ᠳᠤ ᠤᠷᠤᠬᠰᠡᠨ ᠤᠤᠯ ᠤᠨ ᠤᠷᠳᠦ ᠴᠠᠭᠠᠨ ᠬᠡᠷᠡᠮ ᠤᠨ ᠭᠠᠳᠠᠭᠤᠷ ᠰᠠᠭᠤᠭ᠎ᠠ ᠴᠠᠬᠠᠷ 3 ᠳ᠋ᠤᠭᠠᠷ ᠰᠤᠮᠤᠨ ᠤ ᠪᠠᠷᠭᠤᠴᠤᠳ ᠮᠦᠨ ᠪᠤᠶᠤ᠃ 18 ᠳ᠋ᠤᠭᠠᠷ ᠵᠠᠭᠤᠨ ᠤ ᠳᠤᠮᠳᠡᠴᠢ ᠪᠠᠷ ᠵᠦᠡᠭᠭᠠᠷ ᠤᠨ ᠠᠮᠤᠷᠰᠠᠨᠠᠭ᠎ᠠ ᠶᠢᠨ ᠤᠳᠤᠷᠢᠳᠤᠬᠰᠡᠨ ᠮᠠᠨᠵᠦ ᠶᠢ ᠡᠰᠡᠷᠬᠦᠴᠡᠭᠰᠡᠨ ᠪᠤᠰᠤᠯᠭ᠎ᠠ ᠪᠠ ᠬᠠᠯᠬ᠎ᠠ ᠶᠢᠨ ᠴᠡᠩᠬᠦᠨᠵᠠᠪ ᠤᠨ ᠤᠳᠤᠷᠢᠳᠤᠬᠰᠡᠨ ᠮᠠᠨᠵᠦ ᠶᠢ ᠡᠰᠡᠷᠬᠦᠴᠡᠭᠰᠡᠨ ᠪᠤᠰᠤᠯᠭ᠎ᠠ ᠶᠢ ᠳᠠᠷᠤᠬᠤ ᠶᠢᠨ ᠲᠦᠯᠦᠬᠡ ᠮᠠᠨᠵᠦ ᠴᠢᠩ ᠤᠯᠤᠰ ᠬᠦᠯᠦᠨ ᠪᠤᠶᠢᠷ ᠤᠨ ᠰᠤᠯᠤᠨ᠂ ᠪᠠᠷᠭᠤ ᠴᠡᠷᠢᠭ ᠪᠤᠯᠤᠨ ᠴᠠᠬᠠᠷ ᠨᠠᠢᠮᠠᠨ ᠬᠤᠰᠢᠭᠤᠨ ᠤ ᠴᠠᠬᠠᠷ᠂ ᠪᠠᠷᠭᠤ ᠴᠡᠷᠢᠭ ᠢ ᠳᠠᠳᠠᠬᠰᠡᠨ ᠳᠤᠯᠠ ᠳᠡᠳᠡᠨ ᠪᠦᠷ ᠴᠤᠬ ᠢᠶᠠᠷ ᠢᠶᠠᠨ ᠴᠡᠷᠢᠭ ᠪᠤᠯᠵᠦ ᠬᠠᠷᠠᠮᠦ᠋ᠷᠡᠨ ᠤ ᠵᠠᠩᠵᠦᠨ ᠤ ᠵᠢᠯᠤᠭᠤᠳᠤᠯᠭ᠎ᠠ ᠳᠤᠤᠷ᠎ᠡ ᠶᠠᠪᠤᠬᠰᠡᠨ ᠶᠤᠮ᠃ ᠳᠡᠳᠡᠨ ᠤ ᠳᠤᠳᠤᠷ᠎ᠡ ᠠᠴᠠ ᠨᠢᠬᠡ ᠰᠠᠯᠠᠭ᠎ᠠ ᠪᠠᠷᠭᠤ ᠴᠡᠷᠢᠭ ᠡᠷᠬᠢᠵᠦ ᠪᠤᠴᠠᠬᠤ ᠵᠠᠮ ᠵᠠᠭᠤᠷ᠎ᠡ ᠪᠠᠨ ᠴᠠᠬᠠᠷ ᠨᠤᠳᠤᠬ ᠲᠤ ᠦᠯᠡᠳᠡᠵᠦ ᠬᠤᠴᠤᠷᠦᠬᠰᠡᠨ ᠴᠤ ᠪᠠᠶᠢᠵᠦ ᠮᠡᠳᠡᠬᠦ ᠶᠤᠮ᠃ ᠡᠨᠡ ᠨᠢ ᠶᠠᠬ ᠳᠦᠪᠰᠢᠨᠨᠢᠮ᠎ᠡ ᠶᠢᠨ ᠳᠡᠮᠳᠡᠭᠯᠡᠭᠰᠡᠨ ︽ᠤᠳᠤ ᠴᠠᠬᠠᠷ ᠲᠤ ᠪᠠᠶᠢᠭ᠎ᠠ ᠪᠠᠷᠭᠤ ᠬᠦᠮᠦᠰ ᠦᠪᠡᠷᠰᠡᠳ ᠢᠶᠠᠨ ᠭᠤᠷᠪᠡᠨ ᠵᠠᠭᠤ ᠰᠢᠬᠠᠮ ᠵᠢᠯ ᠤᠨ ᠡᠮᠤᠨ᠎ᠡ ᠰᠤᠯᠤᠨ ᠪᠠᠷᠭᠤ ᠠᠴᠠ ᠢᠷᠡᠭᠰᠡᠨ ᠬᠡᠳᠡᠭ︾ ᠲᠠᠢ ᠤᠢᠢᠷᠡᠳᠦᠵᠦ ᠤᠴᠢᠬᠤ ᠪᠤᠶᠤ ᠡᠬᠦᠨ ᠠᠴᠠ ᠭᠠᠳᠡᠨ᠎ᠡ ᠪᠤᠳᠬ᠎ᠠ ᠤᠷᠤᠨ ᠤ ᠪᠠᠷᠭᠤ ᠰᠤᠯᠤᠨ ᠪᠤᠯᠤᠨ ᠬᠦᠯᠦᠨ ᠪᠤᠶᠢᠷ ᠤᠨ ᠪᠠᠷᠭᠤ ᠰᠤᠯᠤᠨ ᠠᠴᠠ ᠴᠬᠠᠠᠷ ᠨᠤᠳᠤᠬ ᠲᠤ ᠰᠢᠯᠵᠢᠬᠦᠯᠦᠨ ᠨᠡᠬᠦᠯᠬᠡᠭᠰᠡᠨ ᠳᠤᠬᠠᠢ ᠶᠠᠪᠤᠳᠡᠯ ᠢ ᠤᠳᠤ ᠪᠠᠷ ᠪᠠᠳᠤᠯᠠᠬᠤ ᠳᠡᠤᠬᠡᠨ ᠮᠠᠲ᠋ᠧᠷᠢᠶᠠᠯ ᠶᠠᠷᠦ ᠨᠢ ᠤᠯᠳᠤᠭᠠᠳᠦᠢ ᠪᠠᠶᠢᠬᠰᠠᠭᠠᠷ ᠬᠡᠳᠡᠭ ᠢ ᠠᠳᠡ ᠳᠡᠮᠳᠡᠭᠯᠡᠵᠦᠬᠦᠢ᠂ ᠴᠠᠬᠠᠷ ᠠᠶᠢᠮᠠᠬ ᠪᠤᠯᠤᠨ ᠪᠠᠷᠭᠤ ᠵᠤᠨ ᠤ ᠤᠷᠤᠰᠢᠨ ᠨᠤᠳᠤᠬᠯᠡᠵᠦ ᠦᠡᠭᠬᠡᠷᠡᠭᠰᠡᠨ ᠪᠠᠶᠢᠴᠡ ᠠᠴᠠ ᠦᠵᠡᠬᠦ ᠳᠤ ᠪᠦᠷ ᠯᠡ ᠤᠷᠳᠦ ᠴᠠᠭᠠᠨ ᠬᠡᠷᠡᠮ ᠤᠨ ᠭᠠᠳᠡᠷ ᠪᠡᠶ᠎ᠡ ᠶᠢ ᠳᠠᠭᠠᠵᠦ ᠨᠤᠳᠤᠬᠯᠡᠵᠦ ᠪᠠᠶᠢᠬᠰᠡᠨ ᠳᠡᠤᠬᠡ ᠲᠠᠢ ᠵᠤᠨ ᠪᠠᠶᠢᠵᠠᠢ᠃ ᠢᠡᠭᠬᠢᠬᠡᠳ ᠤᠢᠢᠷᠡᠯᠴᠠᠭ᠎ᠠ ᠨᠤᠳᠤᠬ ᠲᠠᠢ ᠪᠠᠷᠭᠤ ᠴᠠᠬᠠᠷ ᠨᠡᠶᠢᠯᠡᠵᠦ᠂ ᠨᠢᠬᠡ ᠬᠤᠰᠢᠭᠤ ᠰᠤᠮᠤ ᠪᠤᠯᠬᠤ ᠪᠤᠯᠤᠯᠴᠠᠭ᠎ᠠ ᠲᠠᠢ ᠪᠠᠶᠢᠵᠦ ᠮᠡᠳᠡᠬᠦ ᠮᠦᠷᠳᠡᠬᠡᠨ ᠡᠨᠡ ᠨᠢ ᠶᠠᠬ ᠮᠠᠨᠵᠦ ᠴᠢᠩ ᠤᠨ ︽ᠬᠠᠷᠢ ᠶᠢ ᠬᠠᠷᠢ ᠪᠠᠷ ᠵᠠᠰᠠᠬᠤ︾ ᠲᠦᠷᠦ ᠶᠢᠨ ᠪᠤᠳᠤᠯᠭ᠎ᠠ ᠶᠢᠨ ᠪᠤᠳᠠᠳᠦ ᠢᠯᠡᠷᠡᠯ ᠪᠤᠯᠵᠦ ᠳᠡᠤᠬᠡᠨ ᠳᠤ ᠬᠠᠷᠡᠬᠳᠡᠮ᠎ᠡ ᠳᠤᠳᠤᠯᠠᠬᠳᠡᠪᠠ᠃
ᠢᠷᠡᠯᠲᠡ᠄ ᠬᠦᠯᠦᠨ ᠪᠣᠶᠢᠷ ᠤᠨ ᠡᠳᠦᠷ ᠤᠨ ᠰᠣᠨᠢᠨ