1 ᠴᠠᠭ ᠢᠯᠡᠭᠦᠦ ᠤᠨᠲᠠᠪᠠᠯ 20 ᠵᠢᠩ ᠲᠤᠷᠠᠨ᠎ᠠ ᠦᠦ︖
ᠨᠡᠶᠢᠲᠡᠯᠡᠭᠰᠡᠨ ᠴᠠᠭ᠄
2022/2/21
     ᠣᠶᠢᠷ᠎ᠠ ᠳᠤ᠂ ᠰᠢᠨᠵᠢᠯᠡᠬᠦ ᠤᠬᠠᠭᠠᠨ ᠤ ᠨᠢᠭᠡᠨ ᠰᠡᠳᠬᠦᠯ ᠳᠡᠭᠡᠷ᠎ᠡ ᠨᠡᠶᠢᠲᠡᠯᠡᠭᠰᠡᠨ ᠶᠠᠷᠢᠶᠠᠨ ᠤ ᠰᠡᠳᠦᠪ ᠣᠯᠠᠨ ᠤ ᠠᠩᠬᠠᠷᠤᠯ ᠢ ᠶᠡᠬᠡᠳᠡ ᠲᠠᠲᠠᠵᠠᠢ᠂ ᠲᠤᠬᠠᠶᠢᠯᠠᠪᠠᠯ 6.5 ᠴᠠᠭ ᠠᠴᠠ ᠳᠤᠲᠠᠭᠤ ᠤᠨᠲᠠᠭᠰᠠᠨ ᠮᠠᠷᠢᠶ᠎ᠠ ᠲᠠᠢ ᠬᠦᠮᠦᠨ ᠢᠯᠡᠬᠦᠦ 1.2 ᠴᠠᠭ ᠣᠨᠳᠠᠭᠠᠳ ᠡᠳᠦᠷ ᠪᠦᠷᠢ 270 ᠺᠠᠯᠤᠷᠢ ᠢᠯᠴᠢ ᠪᠠᠭᠤᠷᠠᠭᠤᠯᠵᠦ ᠪᠠᠶᠢᠨ᠎ᠠ ᠬᠡᠵᠠᠢ᠃ ᠲᠡᠭᠡᠪᠡᠯ ᠦᠨᠡᠬᠡᠷ ᠢᠯᠡᠭᠦᠦ ᠤᠨᠳᠠᠪᠠᠯ ᠮᠠᠷᠢᠶ᠎ᠠ ᠪᠠᠨ ᠰᠢᠭᠤᠷᠠᠭᠤᠯᠵᠤ ᠴᠢᠳᠠᠬᠤ ᠶᠤᠮ ᠪᠤᠯ ᠤᠤ︖      ᠨᠠᠨᠵᠢᠩ ᠬᠤᠲᠠ ᠶᠢᠨ ᠬᠢᠲᠠᠳ ᠡᠮᠨᠡᠯᠭᠡ ᠶᠢᠨ ᠬᠤᠷᠢᠶᠠᠨ ᠤ ᠳᠣᠲᠣᠭᠠᠳᠤ ᠰᠢᠭᠦᠷᠡᠯ ᠤᠨ ᠰᠠᠯᠠᠭᠠᠨ ᠤ ᠡᠷᠬᠢᠯᠡᠭᠴᠢ ᠡᠮᠴᠢ ᠷᠠᠨ ᠢᠩ ᠵᠦᠸᠧ ᠬᠡᠯᠡᠬᠦ ᠳᠡᠭᠡᠨ᠂ ᠬᠡᠳᠦ ᠮᠠᠷᠢᠶ᠎ᠠ ᠲᠠᠢ ᠬᠦᠮᠦᠨ ᠳᠤ ᠪᠤᠯ ᠡᠶᠢᠮᠦ ᠪᠤᠯᠤᠮᠵᠢ ᠪᠠᠶᠢᠵᠦ ᠪᠤᠯᠤᠨ᠎ᠠ ᠬᠡᠵᠠᠢ᠃ ᠲᠡᠷᠡ ᠬᠡᠯᠡᠬᠦ ᠳᠡᠭᠡᠨ᠂ ᠬᠡᠳᠦ ᠮᠠᠷᠢᠶ᠎ᠠ ᠲᠠᠢ ᠬᠦᠮᠦᠨ ᠳᠤ ᠠᠪᠴᠤ ᠬᠡᠯᠡᠪᠡᠯ᠂ ᠤᠨᠲᠠᠬᠤ ᠴᠠᠭ  ᠢ ᠤᠷᠲᠤᠳᠬᠠᠬᠤ ᠨᠢ ᠪᠡᠶ᠎ᠡ ᠶᠢᠨ ᠬᠦᠨᠳᠦ ᠶᠢ ᠪᠠᠭᠤᠷᠠᠭᠤᠯᠬᠤ ᠵᠣᠷᠢᠯᠭ᠎ᠠ ᠳᠤ ᠬᠦᠷᠴᠦ ᠪᠣᠯᠣᠨ᠎ᠠ᠂ ᠤᠴᠢᠷ ᠨᠢ ᠮᠠᠰᠢ ᠣᠯᠠᠨ ᠬᠥᠮᠥᠨ ᠰᠥᠨᠢᠵᠢᠨ ᠤᠨᠳᠠᠬᠤ ᠦᠬᠡᠢ ᠰᠠᠭᠤᠬᠤ ᠦᠶ᠎ᠡ ᠳᠤ ᠬᠤᠭᠤᠯᠠ ᠢᠯᠡᠬᠦᠦ ᠢᠳᠡᠳᠡᠭ᠂ ᠶᠠᠭᠤᠮ᠎ᠠ ᠢᠳᠡᠴᠢᠬᠡᠭᠡᠳ ᠬᠠᠷᠢᠨ ᠬᠥᠳᠡᠯᠭᠡᠭᠡᠨ ᠬᠢᠳᠡᠭ ᠦᠭᠡᠢ ᠪᠣᠯᠬᠤᠷ ᠪᠡᠶ᠎ᠡ ᠶᠢᠨ ᠬᠦᠨᠳᠦ ᠨᠢ ᠶᠠᠷᠢᠶᠠᠨ ᠦᠭᠡᠢ ᠨᠡᠮᠡᠭᠳᠡᠳᠡᠭ ᠭᠡᠵᠡᠢ᠃ ᠬᠠᠷᠢᠨ ᠣᠯᠠᠩᠬᠢ ᠡᠷᠡᠭᠦᠯ ᠬᠥᠮᠥᠨ ᠳᠤ ᠠᠪᠴᠤ ᠬᠡᠯᠡᠪᠡᠯ᠂ ᠤᠨᠲᠠᠬᠤ ᠴᠠᠭ ᠨᠢ ᠪᠡᠶ᠎ᠡ ᠶᠢᠨ ᠬᠦᠨᠳᠦ ᠲᠠᠢ ᠳᠡᠮᠡᠢ ᠶᠡᠭᠡ ᠬᠠᠷᠢᠴᠠᠭ᠎ᠠ ᠦᠭᠡᠢ᠂ ᠬᠡᠪ ᠤᠨ ᠤᠨᠲᠠᠬᠤ ᠴᠠᠭ ᠢ ᠪᠠᠲᠤᠯᠠᠬᠤ ᠨᠢ ᠲᠦᠢᠯ ᠤᠨ ᠴᠢᠬᠤᠯᠠ ᠶᠤᠮ᠂ ᠬᠡᠪ ᠤᠨ ᠪᠠᠶᠢᠳᠠᠯ ᠳᠤ 6-8 ᠴᠠᠭ ᠤᠨᠳᠠᠪᠠᠯ ᠵᠤᠬᠢᠨ᠎ᠠ᠂ ᠴᠤᠬᠤᠮ 6 ᠴᠠᠭ ᠤᠤ 8 ᠴᠠᠭ ᠤᠤ ᠭᠡᠳᠡᠭ ᠨᠢ ᠬᠥᠮᠥᠨ ᠬᠥᠮᠥᠨ ᠤ ᠪᠡᠶ᠎ᠡ ᠶᠢᠨ ᠪᠠᠶᠢᠳᠠᠯ ᠠᠴᠠ ᠰᠢᠯᠳᠠᠭᠠᠯᠠᠨ᠎ᠠ ᠬᠡᠵᠠᠢ᠃
 
ᠢᠷᠡᠯᠲᠡ᠄ ᠬᠦᠯᠦᠨ ᠪᠣᠶᠢᠷ ᠬᠤᠲᠠ ᠶᠢᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号