ᠠᠮᠢᠳᠤᠷᠠᠯ ᠪᠣᠯ ᠴᠢᠨᠦᠬᠢ᠂ ᠦᠪᠡᠷ ᠢᠶᠠᠨ ᠴᠢᠷᠮᠠᠢᠬᠤ ᠦᠭᠡᠢ ᠪᠣᠯ ᠬᠡᠨ ᠴᠦ ᠴᠢᠨᠦ ᠡᠮᠦᠨ᠎ᠡ ᠠᠴᠠ ᠳᠣᠰᠠ | ᠪᠤᠯᠵᠦ ᠴᠢᠳᠠᠬᠤ ᠦᠭᠡᠢ ᠶᠤᠮ᠃ ᠨᠣᠮ ᠤᠩᠰᠢᠬᠤ ᠶᠢ ᠪᠠᠷᠢᠮᠲᠠᠯᠠᠵᠤ᠂ ᠴᠠᠭ ᠢᠮᠠᠬᠲᠠ ᠪᠡᠶ᠎ᠡ ᠪᠠᠨ ᠪᠣᠯᠪᠠᠰᠤᠷᠠᠭᠤᠯᠵᠤ᠂ | ᠪᠤᠯᠵᠤᠭᠰᠠᠨ ᠶᠠᠪᠤᠳᠠᠯ ᠠᠴᠠ ᠪᠠᠨ ᠲᠠᠪᠤᠨ ᠮᠢᠨᠦ᠋ᠲ ᠣᠷᠢᠳᠴᠢᠯᠠᠵᠦ ᠤᠴᠢᠬᠤ ᠁ ᠭᠡᠳ ᠣᠯᠠᠨ ᠣᠯᠠᠨ | ᠰᠠᠶᠢᠬᠠᠨ ᠳᠠᠳᠬᠠᠯ ᠨᠢ ᠲᠠᠨ ᠢ ᠪᠤᠯᠪᠠᠰᠣᠷᠠᠯ ᠲᠠᠢ ᠬᠦᠮᠦᠨ ᠪᠤᠯᠬᠤ ᠳᠤ ᠴᠢᠨᠢ ᠲᠤᠰᠠ ᠪᠤᠯᠳᠠᠭ᠃ ᠥᠪᠡᠷ ᠢ ᠪᠠᠨ | ᠬᠦᠮᠦᠵᠢᠬᠦᠯᠬᠦ ᠲᠣᠬᠢᠶᠠᠯ ᠪᠦᠬᠦᠨ ᠢ ᠠᠯᠳᠠᠬᠤ ᠦᠬᠡᠢ ᠪᠠᠶᠢᠵᠦ᠂ ᠴᠠᠭ ᠢ ᠳᠠᠯᠠᠭᠠᠷ ᠦᠩᠭᠡᠷᠡᠬᠦᠯᠬᠦ ᠦᠬᠡᠢ᠂ | ᠦᠪᠡᠷ ᠤᠨ ᠢᠶᠠᠨ ᠳᠦᠯᠦᠬᠡ ᠠᠰᠢᠬᠯᠠᠵᠦ ᠰᠣᠷᠣᠭᠠᠷᠠᠢ᠃ | 1. ᠨᠣᠮ ᠤᠩᠰᠢᠬᠤ ᠶᠢ ᠪᠠᠷᠢᠮᠲᠠᠯᠠ᠃ ᠨᠣᠮ ᠤᠩᠰᠢᠬᠤ ᠨᠢ ᠪᠢᠳᠡᠨ ᠳᠤ ᠳᠡᠯᠡᠬᠡᠢ ᠶᠢᠷᠲᠢᠨᠴᠦ ᠶᠢᠨ ᠳᠦᠮᠡᠨ | ᠭᠡᠷᠡᠭ ᠢ ᠳᠡᠬᠦᠰ ᠳᠠᠨᠢᠭᠤᠯᠳᠠᠭ ᠠᠴᠠ ᠲᠡᠷᠡ ᠪᠤᠯ ᠲᠠᠨ ᠤ ᠬᠦᠷᠦᠭᠰᠡᠨ ᠭᠠᠵᠠᠷ᠂ ᠬᠠᠷᠠᠭᠰᠠᠨ ᠵᠦᠢᠯ ᠴᠢᠨᠢ ᠶᠤᠮ᠃ | ᠠᠮᠢᠳᠤᠷᠠᠯ ᠤᠨ ᠢᠶᠠᠨ ᠠᠯᠢ ᠦᠶ᠎ᠡ ᠳᠤ ᠴᠤ ᠬᠡᠰᠡᠨ ᠨᠣᠮ ᠤᠩᠰᠢᠬᠤ ᠢᠶᠠᠨ ᠬᠠᠶᠠᠵᠦ ᠪᠣᠯᠬᠤ ᠦᠭᠡᠢ᠃ ᠡᠳᠦᠷ ᠪᠦᠷᠢ | ᠬᠠᠭᠠᠰ ᠴᠠᠭ ᠯᠡ ᠣᠩᠰᠢᠬᠤ ᠳᠤ ᠬᠠᠷᠠᠭ᠎ᠠ ᠶᠢ ᠴᠢᠨᠢ ᠳᠡᠯᠠᠵᠦ᠂ ᠰᠠᠨᠠᠭ᠎ᠠ ᠶᠢ ᠴᠢᠨᠢ ᠳᠡᠳᠬᠦᠵᠦ ᠴᠢᠳᠠᠨ᠎ᠠ᠃ | 2. ᠴᠠᠭ ᠢᠮᠠᠬᠲᠠ ᠪᠡᠶ᠎ᠡ ᠪᠠᠨ ᠴᠢᠬᠢᠷᠠᠬᠵᠢᠭᠤᠯᠤᠭᠠᠷᠠᠢ᠃ ᠠᠮᠢᠳᠤᠷᠠᠯ ᠴᠢᠨᠢ ᠬᠡᠴᠢᠨᠡᠨ ᠶᠠᠭᠠᠷᠠᠯᠲᠠᠢ ᠪᠠᠶᠢᠭᠰᠠᠨ | ᠴᠤ ᠪᠡᠶ᠎ᠡ ᠪᠠᠨ ᠪᠤᠯᠪᠠᠰᠣᠷᠠᠭᠤᠯᠬᠤ ᠴᠠᠭ ᠭᠠᠷᠭᠠᠵᠤ ᠪᠠᠶᠢᠭᠠᠷᠠᠢ᠃ ᠬᠦᠭᠰᠢᠷᠡᠵᠦ ᠪᠢᠰᠢ ᠬᠦᠰᠢᠵᠦ ᠦᠬᠦᠨ᠎ᠡ ᠬᠡᠳᠡᠭ | ᠦᠬᠡ ᠪᠠᠶᠢᠳᠠᠭ᠃ ᠬᠥᠳᠡᠯᠭᠡᠭᠡᠨ ᠬᠢᠬᠦ ᠨᠢ ᠠᠯᠵᠠᠭᠤ ᠬᠤᠶᠢᠷᠭᠤ ᠠᠷᠠᠨᠰᠢᠨ ᠢ ᠴᠢᠨᠢ ᠬᠠᠶᠠᠭᠤᠯᠵᠦ᠂ ᠦᠶ᠎ᠡ ᠬᠡᠰᠢᠬᠦᠦ ᠶᠢ | ᠴᠢᠨᠢ ᠬᠤᠶᠠᠩ ᠠᠴᠠ ᠴᠢᠯᠦᠬᠡᠯᠡᠨ᠂ ᠪᠤᠳᠤᠯ ᠰᠡᠳᠬᠢᠴᠡ ᠶᠢ ᠴᠢᠨᠢ ᠬᠤᠷᠴᠠᠯᠠᠵᠦ ᠪᠠᠶᠢᠳᠠᠭ᠃ | 3. ᠰᠠᠶᠢᠬᠠᠨ ᠬᠤᠷᠣᠮ ᠢ ᠠᠩᠬᠠᠷᠴᠦ ᠠᠵᠢᠭᠯᠠ᠃ ᠬᠤᠲᠠ ᠶᠢᠨ ᠭᠠᠳᠠᠭᠤᠷ ᠵᠤᠭᠠᠯᠠᠵᠦ ᠪᠠᠶᠢᠬᠤ ᠳᠤ ᠲᠡᠭᠷᠢ | ᠴᠡᠯᠮᠡᠭ ᠲᠤᠩᠭᠠᠯᠠᠭ ᠪᠠᠶᠢᠭᠰᠠᠨ᠂ ᠭᠡᠨᠡᠳᠲᠡ ᠠᠮᠲᠠᠲᠠᠢ ᠶᠠᠭᠤᠮ᠎ᠠ ᠣᠯᠵᠤ ᠢᠳᠡᠬᠦ᠂ ᠠᠵᠢᠯ ᠤᠨ ᠲᠠᠯ᠎ᠠ ᠪᠠᠷ ᠪᠠᠭ᠎ᠠ | ᠰᠠᠭ᠎ᠠ ᠴᠦ ᠬᠡᠰᠡᠨ ᠠᠮᠵᠢᠯᠲᠠ ᠭᠠᠷᠭᠠᠬᠤ᠂ ᠰᠤᠷᠤᠯᠭ᠎ᠠ ᠶᠢᠨ ᠳᠤᠮᠳᠠ ᠪᠠᠨ ᠬᠦᠴᠢᠷ ᠰᠡᠳᠦᠪ ᠢ ᠬᠢᠵᠦ ᠴᠢᠳᠠᠬᠤ ᠁ | ᠭᠡᠳ ᠬᠡᠷᠪᠡ ᠲᠠ ᠠᠩᠵᠠᠭᠠᠷᠠᠳᠠᠭ ᠯᠡ ᠶᠤᠮ ᠪᠣᠯ᠂ ᠭᠠᠶᠢᠬᠠᠯᠳᠠᠢ ᠬᠤᠷᠤᠮ ᠭᠠᠵᠠᠷ ᠢᠶᠠᠷ ᠳᠦᠬᠦᠷᠡᠩ ᠪᠠᠶᠢᠭ᠎ᠠ᠃ | 4. ᠥᠪᠡᠷ ᠢ ᠪᠠᠨ ᠦᠷᠭᠦᠯᠵᠢ ᠰᠢᠬᠦᠵᠦ ᠲᠤᠩᠭ᠎ᠠ᠃ ᠬᠥᠮᠥᠨ ᠥᠪᠡᠷ ᠢ ᠪᠠᠨ ᠲᠣᠳᠣᠷᠬᠠᠢ ᠲᠠᠨᠢᠵᠤ᠂ | ᠣᠯᠣᠭᠰᠠᠨ ᠠᠯᠳᠠᠭᠰᠠᠨ ᠢᠶᠠᠨ ᠳᠣᠩᠭᠠᠵᠦ᠂ ᠲᠠᠰᠤᠷᠠᠯᠲᠠ ᠦᠭᠡᠢ ᠬᠠᠯᠠᠵᠦ ᠰᠠᠶᠢᠵᠢᠷᠠᠭᠤᠯᠪᠠᠯ ᠰᠠᠶ᠋ᠢ ᠣᠯᠠᠮ ᠰᠢᠯᠢᠳᠡᠭ | ᠬᠥᠮᠥᠨ ᠪᠣᠯᠵᠤ ᠬᠦᠮᠦᠵᠢᠭᠳᠡᠨ᠎ᠡ᠃ | 5. ᠪᠤᠯᠵᠤᠭᠰᠠᠨ ᠶᠠᠪᠤᠳᠠᠯ ᠠᠴᠠ ᠪᠠᠨ 5 ᠮᠢᠨᠦ᠋ᠲ ᠣᠷᠢᠳᠴᠢᠯᠠᠵᠦ ᠤᠴᠢᠨ᠎ᠠ᠃ ᠪᠡᠯᠡᠳᠬᠡᠯ ᠲᠠᠢ ᠪᠤᠯ | ᠪᠠᠯᠠᠳᠠᠬᠤ ᠦᠬᠡᠢ ᠬᠡᠳᠡᠭ᠃ ᠰᠤᠷᠭᠠᠭᠤᠯᠢ ᠳᠠᠭᠠᠨ 5 ᠮᠢᠨᠦ᠋ᠲ ᠤᠷᠢᠳᠴᠢᠯᠠᠵᠦ ᠬᠦᠷᠦᠨ᠎ᠡ᠂ ᠵᠣᠴᠢᠨ ᠲᠠᠢ | ᠠᠭᠤᠯᠵᠠᠬᠤ ᠳᠠᠭᠠᠨ 5 ᠮᠢᠨᠦ᠋ᠲ ᠤᠷᠢᠳᠴᠢᠯᠠᠵᠦ ᠤᠴᠢᠨ᠎ᠠ᠂ ᠨᠠᠶᠢᠵᠠ ᠲᠠᠢ ᠪᠠᠨ ᠠᠭᠤᠯᠵᠠᠬᠤ ᠳᠠᠭᠠᠨ ᠴᠦ 5 | ᠮᠢᠨᠦ᠋ᠲ ᠤᠨ ᠡᠮᠦᠨ᠎ᠡ ᠬᠦᠷᠦᠬᠡᠷᠡᠢ᠃ | 6. ᠦᠭᠡ ᠶᠢᠨ ᠰᠠᠶᠢᠬᠠᠨ ᠢ ᠶᠠᠷᠢᠵᠦ ᠪᠠᠢ᠃ ᠶᠡᠷᠦ ᠶᠢᠨ ᠦᠭᠡᠨ ᠳᠤ ︽ᠦᠬᠡ ᠪᠠᠷ ᠬᠦᠮᠦᠨ ᠢ ᠦᠬᠦᠬᠦᠯᠵᠦ | ᠪᠤᠯᠤᠨ᠎ᠠ᠂ ᠪᠤᠷᠮ᠎ᠠ ᠪᠠᠷ ᠳᠡᠳᠬᠦᠬᠦ ᠪᠠᠷ ᠢᠶᠠᠨ ᠣᠷᠮ᠎ᠠ ᠪᠠᠷ ᠳᠡᠳᠬᠦ︾ ᠭᠡᠵᠦ ᠶᠠᠷᠢᠳᠠᠭ᠃ ᠵᠦᠪ ᠰᠠᠨᠠᠭ᠎ᠠ ᠲᠠᠢ ᠰᠠᠶᠢᠬᠠᠨ | ᠦᠬᠡ ᠦᠨᠡᠭᠡᠷ ᠬᠦᠮᠦᠰ ᠲᠤ ᠣᠷᠮ᠎ᠠ ᠦᠭᠴᠦ ᠪᠠᠶᠢᠳᠠᠭ ᠪᠤᠯ ᠬᠠᠳᠠᠭᠤ ᠰᠢᠷᠦᠬᠦᠨ ᠬᠠᠬᠢᠷ ᠦᠬᠡ ᠰᠡᠳᠬᠢᠯ ᠢ | ᠰᠡᠪᠳᠦᠬᠡᠵᠦ ᠪᠠᠶᠢᠳᠠᠭ᠃ | 7. ᠪᠤᠰᠤᠳ ᠲᠤ ᠦᠷᠬᠦᠯᠵᠢ ᠳᠠᠯᠠᠷᠬᠠᠵᠦ ᠶᠠᠪᠤᠭᠠᠷᠠᠢ᠃ ᠠᠮᠢᠳᠣᠷᠠᠯ ᠳᠣᠮᠳᠠ ᠪᠤᠰᠤᠳ ᠤᠨ ᠳᠣᠰᠠᠯᠠᠮᠵᠢ ᠶᠠᠮᠠᠷ | ᠨᠢᠬᠡᠨ ᠴᠠᠭ ᠲᠤ ᠲᠠᠨ ᠳᠤ ᠬᠡᠷᠡᠭ ᠲᠠᠢ ᠨᠢ ᠮᠡᠳᠡᠭᠡᠵᠢ᠃ ᠭᠡᠷ ᠪᠦᠯᠢ ᠶᠢᠨ ᠳᠣᠳᠣᠷ᠎ᠠ ᠪᠠᠨ ᠠᠪᠤ ᠡᠵᠢ ᠠᠬ᠎ᠠ ᠳᠡᠬᠦᠦ | ᠰᠠᠳᠣᠨ ᠠᠮᠠᠷᠠᠭ ᠨᠦᠬᠦᠷ ᠲᠡᠭᠡᠨ ᠪᠠᠰᠠ ᠪᠠᠶᠠᠷ ᠳᠠᠯᠠᠷᠬᠠᠯ ᠤᠨ ᠦᠬᠡ ᠢᠯᠡᠬᠦᠬᠡᠨ ᠬᠡᠯᠡᠵᠦ ᠪᠠᠶᠢᠬᠤ ᠨᠢ ᠴᠢᠬᠤᠯᠠ᠃ | ᠨᠠᠶᠢᠵᠠ ᠨᠦᠬᠦᠳ ᠤᠨ ᠳᠣᠮᠳᠠ ᠪᠤᠶᠤ ᠪᠤᠰᠤᠳ ᠶᠠᠮᠠᠷ ᠨᠢᠬᠡᠨ ᠬᠠᠷᠢᠯᠴᠠᠭᠠᠨ ᠳᠤ ᠴᠦ ᠠᠳᠠᠯᠢᠬᠠᠨ ᠠᠴᠢ | ᠳᠣᠰᠠ ᠶᠢ ᠨᠢ ᠬᠦᠷᠳᠡᠵᠦ ᠪᠠᠶᠢᠭᠰᠠᠨ ᠪᠠᠶᠢᠭ᠎ᠠ ᠦᠬᠡᠢ ᠴᠦ ᠰᠠᠶᠢᠬᠠᠨ ᠰᠡᠳᠬᠢᠯ ᠢᠶᠠᠷ ᠬᠠᠨᠳᠣᠵᠦ ᠲᠠᠯᠠᠷᠬᠠᠯ ᠢᠶᠠᠨ | ᠦᠷᠬᠦᠯᠵᠢ ᠳᠡᠪᠰᠢᠬᠦᠯᠵᠦ ᠪᠠᠶᠢᠭᠠᠷᠠᠢ᠃ | 8. ᠪᠤᠰᠤᠳ ᠤᠨ ᠳᠣᠬᠠᠢ ᠪᠢᠲᠡᠭᠡᠢ ᠳᠤᠷ᠎ᠠ ᠪᠠᠷ ᠢᠶᠠᠨ ᠦᠨᠡᠯᠡᠭᠡᠷᠡᠢ᠃ ᠡᠨᠡ ᠪᠤᠯ ᠪᠣᠯᠪᠠᠰᠤᠷᠠᠯ ᠲᠠᠢ | ᠪᠠᠶᠢᠭ᠎ᠠ ᠶᠢᠨ ᠨᠢᠭᠡ ᠵᠦᠢᠯ ᠤᠨ ᠢᠯᠡᠷᠡᠯ ᠮᠦᠨ᠃ ᠪᠤᠰᠤᠳ ᠢ ᠬᠦᠨᠳᠦᠳᠬᠡᠬᠦ ᠶᠢ ᠮᠡᠳᠡᠳᠡᠭ ᠬᠥᠮᠥᠨ᠂ ᠬᠦᠮᠦᠨ ᠢ ᠡᠪ | ᠦᠭᠡᠶᠢᠷᠡᠭᠦᠯᠬᠦ ᠦᠭᠡ ᠶᠢ ᠳᠤᠷ᠎ᠠ ᠪᠠᠷ ᠢᠶᠠᠨ ᠬᠡᠯᠡᠬᠦ ᠦᠭᠡᠢ ᠶᠤᠮ᠃ ᠨᠥᠭᠦᠭᠡ ᠬᠦᠮᠦᠨ ᠴᠢᠨᠢ ᠦᠨᠡᠬᠡᠷ ᠣᠯᠢᠭ ᠦᠭᠡᠢ | ᠪᠠᠶᠢᠭᠰᠠᠨ ᠴᠤ ᠬᠡᠯᠡᠬᠦ ᠦᠭᠡ ᠪᠠᠨ ᠪᠤᠳᠣᠵᠦ᠂ ᠦᠨᠡᠨ ᠰᠡᠳᠬᠢᠯ ᠠᠴᠠ ᠪᠠᠨ ᠰᠠᠨᠠᠭᠤᠯᠬᠤ ᠪᠤᠶᠤ ᠡᠪᠳᠡᠢ ᠬᠡᠯᠡᠬᠦ ᠶᠢ | ᠡᠷᠬᠢᠮᠯᠡᠬᠦ ᠨᠢ ᠴᠢᠬᠤᠯᠠ᠃ | 9. ᠠᠳᠠᠭ᠎ᠠ ᠵᠢᠳᠦᠬᠡ ᠪᠠᠭᠠᠳᠠᠢ᠂ ᠪᠤᠬᠢᠨᠢᠳᠣᠯ ᠦᠬᠡᠢ ᠠᠮᠢᠳᠣᠷᠠ᠃ ᠠᠮᠢᠳᠤᠷᠠᠯ ᠳᠤ ᠰᠡᠳᠬᠢᠯ | ᠪᠤᠬᠢᠨᠢᠳᠣᠭᠤᠯᠣᠭᠰᠠᠨ ᠤᠴᠢᠷ ᠲᠣᠬᠢᠶᠠᠯᠳᠤᠬᠤ ᠦᠭᠡᠢ ᠬᠡᠵᠦ ᠬᠠᠮᠢᠭ᠎ᠠ ᠪᠠᠶᠢᠬᠤᠪ᠃ ᠭᠡᠪᠡᠴᠦ ᠵᠠᠷᠢᠮ ᠶᠠᠪᠤᠳᠠᠯ ᠳᠤ | ᠠᠳᠠᠭ᠎ᠠ ᠵᠢᠳᠦᠬᠡ ᠨᠡᠮᠡᠭᠳᠡᠬᠦ ᠳᠣᠰᠣᠮ ᠣᠯᠠᠮ ᠪᠤᠳᠤᠯᠢᠶᠠᠨᠲᠠᠢ ᠪᠤᠯᠵᠦ ᠪᠠᠶᠢᠳᠠᠭ᠃ ᠬᠠᠮᠤᠭ ᠤᠨ ᠮᠡᠷᠭᠡᠨ ᠠᠷᠭ᠎ᠠ ᠪᠣᠯ | ᠡᠬᠦᠨ ᠠᠴᠠ ᠴᠠᠭ ᠲᠤᠬᠠᠢ ᠳᠤᠨᠢ ᠬᠤᠯᠠᠳᠠᠬᠤ ᠶᠠᠪᠤᠳᠠᠯ ᠪᠣᠯᠣᠨ᠎ᠠ᠃ ᠬᠡᠷᠡᠭ ᠦᠭᠡᠢ ᠠᠳᠠᠭ᠎ᠠ ᠵᠢᠳᠦᠬᠡ ᠪᠠ | ᠮᠥᠷᠭᠦᠯᠳᠦᠭᠡᠨ ᠠᠴᠠ ᠬᠤᠯᠠᠳᠠᠪᠠᠯ ᠰᠠᠶ᠋ᠢ ᠨᠡᠩ ᠲᠠᠭᠠᠯᠠᠮᠵᠢᠲᠠᠢ᠂ ᠲᠠᠪᠠᠲᠠᠢ ᠠᠮᠢᠳᠤᠷᠠᠵᠤ ᠴᠢᠳᠠᠨ᠎ᠠ᠃ | 10. ᠦᠪᠡᠷ ᠤᠨ ᠬᠢ ᠪᠠᠨ ᠪᠠᠷᠢᠮᠲᠠᠯᠠ᠃ ᠬᠥᠮᠥᠨ ᠬᠡᠷᠪᠡ ᠥᠪᠡᠷ ᠤᠨ ᠦᠵᠡᠯᠲᠡ ᠦᠭᠡᠢ ᠪᠠᠷ ᠶᠠᠪᠤᠳᠠᠯ | ᠪᠣᠯᠭᠠᠨ ᠳᠤ ᠪᠤᠰᠤᠳ ᠢ ᠲᠦᠰᠢᠭᠯᠡᠬᠦ ᠳᠤ ᠬᠦᠷᠪᠡᠯ᠂ ᠬᠠᠮᠢᠭ᠎ᠠ ᠶᠠᠪᠤᠬᠰᠠᠨ ᠴᠦ ᠠᠮᠠᠷᠬᠠᠨ ᠰᠠᠨᠠᠭᠠᠴᠢᠯᠠᠭ᠎ᠠ ᠦᠭᠡᠢ | ᠪᠠᠶᠢᠷᠢᠨ ᠳᠤ ᠣᠷᠣᠬᠤ ᠪᠣᠯᠣᠨ᠎ᠠ᠃ ᠬᠡᠵᠢᠶ᠎ᠡ ᠬᠠᠮᠢᠭ᠎ᠠ ᠴᠤ ᠭᠡᠰᠡᠨ ᠴᠥᠮ ᠦᠪᠡᠷ ᠤᠨ ᠬᠢ ᠪᠠᠨ ᠪᠠᠷᠢᠮᠳᠠᠯᠠᠨ᠂ | ᠦᠵᠡᠯᠲᠡ ᠳᠣᠳᠣᠷᠬᠠᠢ ᠪᠠᠶᠢᠬᠤ ᠬᠡᠷᠡᠭᠲᠡᠢ᠃ ᠥᠪᠡᠷ ᠤᠨ ᠶᠠᠪᠤᠳᠠᠯ ᠢᠶᠠᠨ ᠦᠪᠡᠷᠳᠡᠬᠡᠨ ᠡᠵᠡᠨ ᠮᠡᠳᠡᠵᠦ᠂ | ᠬᠠᠷᠠᠯᠲᠠ ᠪᠠᠨ ᠳᠣᠳᠣ ᠲᠣᠭᠲᠠᠭᠠᠵᠤ᠂ ᠲᠥᠯᠥᠪᠯᠡᠭᠡ ᠪᠠᠨ ᠰᠠᠶᠢᠲᠤᠷ ᠬᠢᠵᠦ᠂ ᠥᠪᠡᠷ ᠤᠨ ᠴᠢᠳᠠᠪᠤᠷᠢ ᠳᠠᠭᠠᠨ | ᠲᠦᠰᠢᠭᠯᠡᠨ ᠠᠰᠠᠭᠤᠳᠠᠯ ᠢ ᠰᠢᠢᠳᠪᠦᠷᠢᠯᠡᠬᠦ ᠬᠡᠷᠡᠭᠲᠡᠢ᠃ | | |