ᠨᠠᠷᠠᠨᠴᠢᠮᠡᠭ ᠪᠠᠲᠤᠬᠦᠦ᠄ ᠲᠠᠯ᠎ᠠ ᠨᠤᠲᠤᠭ ᠲᠤ ᠢᠷᠡᠭᠰᠡᠨ ᠨᠢ ᠪᠢᠳᠡᠨ ᠤ ᠵᠢᠷᠭᠠᠯ
ᠨᠡᠶᠢᠲᠡᠯᠡᠭᠰᠡᠨ ᠴᠠᠭ᠄
2022/9/26
       ︽ᠠᠪᠤ ᠡᠵᠢ ᠪᠢᠳᠡᠨ ᠢ ᠦᠷᠡᠴᠢᠯᠡᠨ ᠲᠡᠵᠢᠭᠡᠵᠦ᠂ ᠪᠢᠳᠡ ᠲᠠᠯ᠎ᠠ ᠶᠢᠨ ᠭᠦᠨ ᠳᠤ ᠵᠣᠯ ᠵᠢᠷᠭᠠᠯ ᠲᠠᠢ ᠦᠰᠴᠦ ᠪᠣᠶᠢᠵᠢᠭᠰᠠᠨ᠃ ᠪᠢᠳᠡ ᠪᠣᠯ ᠤᠯᠤᠰ ᠤᠨ ᠬᠡᠦᠬᠡᠳ᠂ ᠲᠠᠯ᠎ᠠ ᠨᠤᠲᠤᠭ ᠤᠨ ᠬᠡᠦᠬᠡᠳ︾ ᠭᠡᠵᠦ ᠨᠠᠷᠠᠨᠴᠢᠮᠡᠭ ᠤᠨ ᠳᠡᠭᠦᠦ ᠪᠠᠲᠤᠬᠦᠦ ᠮᠠᠯ ᠤᠨ ᠬᠠᠰᠢᠶᠠᠨ ᠳᠠᠭᠠᠨ ᠶᠠᠭᠠᠷᠠᠵᠤ ᠪᠠᠶᠢᠭᠰᠠᠨ ᠴᠤ ᠪᠢᠳᠡᠨ ᠤ ᠠᠰᠠᠭᠤᠯᠲᠠ ᠶᠢ ᠣᠮᠤᠭ ᠪᠠᠷᠳᠠᠮ ᠬᠠᠷᠢᠭᠤᠯᠵᠤ ᠪᠠᠶᠢᠯ᠎ᠠ᠃        1959 ᠣᠨ ᠠᠴᠠ 1961 ᠣᠨ ᠪᠣᠯᠲᠠᠯᠠᠬᠢ ᠬᠤᠭᠤᠴᠠᠭ᠎ᠠ ᠪᠣᠯ ᠰᠢᠨ᠎ᠡ ᠳᠤᠮᠳᠠᠳᠤ ᠤᠯᠤᠰ ᠤᠨ ᠲᠡᠦᠬᠡᠨ ᠬᠠᠭᠤᠳᠠᠰᠤᠨ ᠳᠠᠬᠢ ᠲᠤᠶᠢᠯ ᠤᠨ ᠬᠦᠨᠳᠦ ᠴᠢᠬᠤᠯᠠ ᠨᠢᠭᠡᠨ ᠬᠠᠭᠤᠳᠠᠰᠤ ᠪᠣᠯᠬᠤ ᠨᠢ ᠳᠠᠮᠵᠢᠭ ᠦᠭᠡᠢ ᠶᠤᠮ᠃ ᠡᠨᠡ ᠬᠦ ᠬᠤᠭᠤᠴᠠᠭᠠᠨ ᠳᠤ ᠪᠠᠶᠢᠭᠠᠯᠢ ᠶᠢᠨ ᠭᠠᠮᠰᠢᠭ ᠪᠦᠬᠦ ᠤᠯᠤᠰ ᠢ ᠬᠠᠮᠤᠷᠴᠤ᠂ ᠱᠠᠩᠬᠠᠢ᠂ ᠵᠢᠶᠠᠩᠰᠤ᠂ ᠵᠧᠵᠢᠶᠠᠩ᠂ ᠠᠨᠾᠦ᠋ᠢ ᠵᠡᠷᠭᠡ ᠭᠠᠵᠠᠷ ᠤᠨ ᠦᠨᠦᠴᠢᠨ ᠬᠡᠦᠬᠡᠳ ᠴᠤᠭᠯᠠᠷᠠᠪᠠ᠃ ᠲᠡᠳᠡ ᠨᠡᠶᠢᠳᠡᠮ ᠳᠡᠭᠡᠨ ᠰᠢᠮ᠎ᠡ ᠲᠡᠵᠢᠭᠡᠯ ᠮᠠᠭᠤ ᠲᠤᠯᠠ ᠡᠪᠡᠳᠴᠢᠨ ᠡᠮᠬᠡᠭ ᠲᠤ ᠨᠡᠷᠪᠡᠭᠳᠡᠵᠦ᠂ ᠵᠠᠷᠢᠮ ᠨᠢ ᠪᠦᠷ ᠦᠬᠦᠬᠦ ᠶᠢᠨ ᠰᠦᠷᠳᠡᠭᠦᠯᠦᠯ ᠳᠤ ᠲᠤᠯᠭᠠᠷᠠᠵᠤ ᠪᠠᠶᠢᠪᠠ᠃ ᠲᠡᠶᠢᠨ ᠬᠦ ᠲᠤᠬᠠᠢ ᠶᠢᠨ ᠦᠶ᠎ᠡ ᠳᠤ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠲᠡᠷᠢᠭᠦᠯᠡᠭᠴᠢ ᠪᠠᠶᠢᠭᠰᠠᠨ ᠤᠯᠠᠭᠠᠨᠬᠦᠦ ᠶᠢᠨ ᠬᠦᠴᠦᠲᠡᠢ ᠳᠡᠮᠵᠢᠯᠭᠡ ᠳᠣᠣᠷ᠎ᠠ᠂ ᠡᠯ᠎ᠡ ᠭᠠᠵᠠᠷ ᠤᠨ ᠮᠠᠯᠴᠢᠳ ᠳᠡᠭᠡᠳᠦ ᠱᠠᠲᠤᠨ ᠤ ᠤᠷᠢᠶᠠᠯᠠᠭ᠎ᠠ ᠶᠢ ᠴᠤᠤᠷᠢᠶᠠᠲᠤᠨ ᠳᠠᠭᠠᠵᠤ᠂ ᠭᠤᠷᠪᠠᠨ ᠮᠢᠩᠭᠠᠨ ᠦᠨᠦᠴᠢᠨ ᠬᠡᠦᠬᠡᠳ ᠢ ᠦᠪᠦᠷ ᠮᠣᠩᠭᠤᠯ ᠢ ᠠᠪᠴᠢᠷᠠᠬᠤ ᠡᠨᠡ ᠬᠦ ᠴᠢᠬᠤᠯᠠ ᠶᠡᠭᠡ ᠰᠢᠢᠳᠪᠦᠷᠢᠲᠦ ᠪᠣᠳᠣᠯᠭ᠎ᠠ ᠶᠢ ᠬᠠᠶᠢᠷ᠎ᠠ ᠬᠠᠯᠠᠮᠵᠢ ᠶᠢᠨ ᠪᠤᠤᠬᠢᠶ᠎ᠠ ᠠᠵᠢᠯᠯᠠᠭ᠎ᠠ ᠪᠣᠯᠭᠠᠨ ᠬᠤᠪᠢᠷᠠᠭᠤᠯᠵᠤ ᠪᠢᠯᠡ᠃
       ᠬᠡᠦᠬᠡᠳ ᠤᠳ ᠤᠮᠠᠷᠠᠰᠢ ᠮᠣᠷᠳᠠᠬᠤ ᠭᠠᠯᠲᠤ ᠲᠡᠷᠭᠡᠨ ᠳᠤ ᠰᠠᠭᠤᠵᠤ᠂ ᠡᠬᠡ ᠤᠯᠤᠰ ᠤᠨ ᠤᠮᠠᠷᠠᠲᠤ ᠬᠢᠯᠢ ᠳᠤ ᠪᠠᠶᠢᠷᠢᠯᠠᠭ᠎ᠠ ᠦᠪᠦᠷ ᠮᠣᠩᠭᠤᠯ ᠳᠤ ᠢᠷᠡᠪᠡ᠃ ᠡᠭᠦᠨ ᠳᠤ ᠬᠦᠯᠦᠨ ᠪᠣᠶᠢᠷ ᠲᠤ ᠢᠷᠡᠭᠰᠡᠨ ᠬᠡᠦᠬᠡᠳ 300 ᠭᠠᠷᠤᠢ ᠪᠣᠢ᠃ 1964 ᠣᠨ ᠳᠤ᠂ ᠰᠢᠨ᠎ᠡ ᠪᠠᠷᠭᠤ ᠪᠠᠷᠠᠭᠤᠨ ᠬᠤᠰᠢᠭᠤᠨ ᠤ ᠮᠠᠯᠴᠢᠨ ᠲᠠᠪᠠᠭ᠋ᠠᠢ ᠪᠣᠯᠣᠨ ᠳᠤᠯᠮ᠎ᠠ ᠡᠷ᠎ᠡ ᠡᠮ᠎ᠡ ᠬᠤᠶᠠᠭᠤᠯᠠ ᠠᠵᠢᠯᠴᠢ ᠬᠢᠴᠢᠶᠡᠩᠭᠦᠢ ᠪᠠᠷ ᠠᠵᠤ ᠲᠦᠷᠦᠨ᠂ ᠠᠵᠢᠯ ᠬᠦᠳᠡᠯᠮᠦᠷᠢ ᠪᠠᠷ ᠢᠶᠠᠨ ᠦᠭᠡᠳᠡ ᠡᠰᠡᠷᠡᠭ᠂ ᠭᠡᠷ ᠪᠦᠯᠢ ᠨᠢ ᠪᠠᠶᠠᠨ ᠴᠢᠨᠡᠭᠡᠯᠢᠭ ᠪᠣᠯᠪᠠᠴᠤ ᠬᠠᠷᠠᠬᠠᠨ ᠦᠪᠡᠷ ᠤᠨ ᠬᠡᠦᠬᠡᠳ ᠦᠭᠡᠢ ᠪᠠᠶᠢᠵᠤ᠂ ︽ᠤᠯᠤᠰ ᠤᠨ ᠬᠡᠦᠬᠡᠳ︾ ᠢ ᠡᠷᠭᠦᠨ ᠲᠡᠵᠢᠭᠡᠬᠦ ᠱᠠᠭᠠᠷᠳᠠᠯᠭ᠎ᠠ ᠳᠤ ᠨᠡᠶᠢᠴᠡᠵᠦ ᠪᠠᠶᠢᠪᠠ᠃ ᠬᠤᠪᠢ ᠢᠷᠦᠭᠡᠯ ᠠᠴᠠ ᠪᠣᠯᠵᠤ᠂ 4 ᠨᠠᠰᠤᠲᠠᠢ ᠪᠠᠲᠤᠬᠦᠦ ᠪᠣᠯᠣᠨ 6 ᠨᠠᠰᠤᠲᠠᠢ ᠨᠠᠷᠠᠨᠴᠢᠮᠡᠭ ᠬᠤᠶᠠᠷ ᠲᠠᠪᠠᠭ᠋ᠠᠢ ᠪᠣᠯᠣᠨ ᠳᠤᠯᠮ᠎ᠠ ᠶᠢᠨ ᠦᠷᠡᠴᠢᠯᠡᠭᠰᠡᠨ ᠬᠡᠦᠬᠡᠳ ᠪᠣᠯᠪᠠ᠃ ᠪᠠᠭ᠎ᠠ ᠨᠠᠰᠤᠨ ᠤ ᠠᠯᠢᠪᠠ ᠪᠦᠬᠦᠨ ᠨᠢ ᠨᠠᠷᠠᠨᠴᠢᠮᠡᠭ᠂ ᠪᠠᠲᠤᠬᠦᠦ ᠡᠭᠡᠴᠢ ᠳᠡᠭᠦᠦ ᠬᠤᠶᠠᠷ ᠤᠨ ᠬᠠᠮᠤᠭ ᠤᠨ ᠨᠠᠨᠳᠢᠨ ᠳᠤᠷᠠᠳᠬᠠᠯ ᠨᠢ ᠪᠠᠶᠢᠯ᠎ᠠ᠃ ︽ᠪᠠᠭ᠎ᠠ ᠪᠠᠶᠢᠬᠤ ᠳᠤ ᠣᠳᠣ ᠶᠢᠨ ᠬᠢ ᠲᠠᠢ ᠠᠳᠠᠯᠢ ᠦᠭᠡᠢ᠂ ᠠᠪᠤ ᠡᠵᠢ ᠬᠤᠶᠠᠷ ᠮᠠᠨᠢ ᠲᠡᠷᠡ ᠬᠤᠯᠠ ᠠᠴᠠ ᠬᠠᠰᠠᠭ ᠲᠡᠷᠭᠡᠨ ᠳᠤ ᠰᠠᠭᠤᠵᠤ ᠮᠠᠨᠵᠤᠤᠷ ᠲᠤ ᠬᠦᠷᠴᠦ᠂ ᠳᠠᠬᠢᠨ ᠮᠠᠨᠵᠤᠤᠷ ᠠᠴᠠ ᠨᠢᠭᠡ ᠰᠦᠨᠢ ᠭᠠᠯᠲᠤ ᠲᠡᠷᠭᠡᠨ ᠳᠤ ᠰᠠᠭᠤᠭᠠᠳ ᠰᠠᠶ᠋ᠢ ᠬᠠᠶᠢᠯᠠᠷ ᠲᠤ ᠢᠷᠡᠵᠦ ᠪᠢᠯᠡ᠃ ᠲᠡᠭᠡᠬᠦ ᠳᠤ ᠠᠪᠠᠭ᠎ᠠ ᠡᠭᠡᠴᠢ ᠪᠢᠳᠡᠨ ᠢ ᠳᠠᠭᠠᠭᠤᠯᠤᠭᠠᠳ ᠠᠪᠤ ᠡᠵᠢ ᠬᠤᠶᠠᠷ ᠢ ᠮᠠᠨᠢ ᠬᠦᠯᠢᠶᠡᠵᠦ ᠪᠠᠶᠢᠪᠠ᠃ ᠠᠪᠤ ᠡᠵᠢ ᠮᠠᠨᠢ ᠪᠢᠳᠡᠨ ᠢ ᠬᠠᠷᠠᠭᠠᠳ ᠦᠪᠡᠷ ᠤᠨ ᠬᠡᠦᠬᠡᠳ ᠲᠠᠢ ᠪᠣᠯᠣᠭᠰᠠᠨ ᠳᠠᠭᠠᠨ ᠪᠠᠶᠠᠷᠯᠠᠵᠤ᠂ ᠪᠠᠰᠠ ᠪᠢᠳᠡᠨ ᠤ ᠤᠴᠠᠷᠠᠯ ᠳᠤ ᠵᠣᠪᠠᠵᠤ᠂ ᠶᠠᠩᠵᠤ ᠶᠢᠨ ᠰᠡᠳᠬᠢᠯᠭᠡ ᠳᠠᠪᠬᠤᠴᠠᠵᠤ ᠪᠠᠶᠢᠭᠰᠠᠨ ᠭᠡᠵᠦ ᠰᠡᠭᠦᠯ ᠳᠤ ᠶᠠᠷᠢᠵᠤ ᠪᠠᠶᠢᠭᠰᠠᠨ᠃ ᠲᠡᠷᠡ ᠬᠤᠶᠠᠷ ᠦᠨᠦᠴᠢᠨ ᠬᠡᠦᠬᠡᠳ ᠤᠳ ᠢᠶᠠᠨ ᠬᠠᠶᠢᠯᠠᠷ ᠲᠤ ᠢᠷᠡᠭᠰᠡᠨ ᠢ ᠳᠤᠭᠤᠯᠵᠤ᠂ ᠮᠦᠨ ᠴᠤ ᠠᠪᠠᠭ᠎ᠠ ᠡᠭᠡᠴᠢ ᠪᠠᠷ ᠪᠢᠳᠡᠨ ᠢ ᠲᠣᠰᠤᠭᠤᠯᠵᠤ᠂ ᠪᠢᠳᠡᠨ ᠤ ᠢᠳᠡᠵᠦ ᠤᠤᠭᠤᠵᠤ ᠡᠮᠦᠰᠴᠦ ᠵᠡᠭᠦᠵᠦ ᠪᠠᠶᠢᠬᠤ ᠲᠠᠯ᠎ᠠ ᠪᠠᠷ ᠬᠠᠯᠠᠮᠵᠢᠯᠠᠵᠤ᠂ ᠢᠷᠡᠬᠦ ᠠᠴᠠ ᠪᠠᠨ ᠡᠮᠦᠨ᠎ᠡ ᠬᠡᠳᠦᠨ ᠡᠳᠦᠷ ᠰᠠᠶᠢᠬᠠᠨ ᠤᠨᠲᠠᠵᠤ ᠴᠢᠳᠠᠭ᠎ᠠ ᠦᠭᠡᠢ ᠭᠡᠳᠡᠭ᠃ ᠠᠪᠤ ᠡᠵᠢ ᠬᠤᠶᠠᠷ ᠢᠷᠡᠳᠡᠭ ᠡᠳᠦᠷ ᠠᠪᠠᠭ᠎ᠠ ᠡᠭᠡᠴᠢ 4 ᠨᠠᠰᠤᠲᠠᠢ ᠨᠠᠮᠠᠶᠢ ᠲᠡᠪᠡᠷᠢᠵᠦ᠂ 6 ᠨᠠᠰᠤᠲᠠᠢ ᠡᠭᠡᠴᠢ ᠶᠢ ᠮᠢᠨᠢ ᠬᠦᠲᠦᠯᠦᠭᠡᠳ ᠠᠪᠤ ᠡᠵᠢ ᠬᠤᠶᠠᠷ ᠢ ᠬᠦᠯᠢᠶᠡᠵᠦ ᠪᠠᠶᠢᠭᠰᠠᠨ᠃ ᠠᠪᠤ ᠣᠷᠤᠵᠤ ᠢᠷᠡᠮᠡᠭᠴᠡ ᠡᠭᠡᠴᠢ ᠶᠢ ᠲᠡᠪᠡᠷᠢᠨ ᠠᠪᠴᠤ᠂ ᠡᠵᠢ ᠮᠢᠨᠢ ᠨᠠᠮᠠᠶᠢ ᠬᠠᠯᠠᠭᠤᠨ ᠡᠯᠢᠭᠡᠨ ᠳᠡᠭᠡᠨ ᠲᠡᠪᠡᠷᠢᠵᠦ ᠠᠪᠤᠭᠰᠠᠨ᠃ ᠪᠢᠳᠡ ᠦᠭᠡ ᠬᠡᠯᠡ ᠨᠡᠪᠲᠡᠷᠡᠯᠴᠡᠬᠦ ᠦᠭᠡᠢ᠂ ᠲᠠᠨᠢᠯ ᠪᠣᠰᠤ ᠣᠷᠴᠢᠨ ᠲᠣᠭᠤᠷᠢᠨ ᠳᠤ ᠢᠷᠡᠭᠡᠳ ᠭᠠᠶᠢᠬᠠᠵᠤ ᠪᠠᠶᠢᠭᠰᠠᠨ ᠴᠤ ᠬᠤᠶᠠᠷ ᠭᠠᠷ ᠢᠶᠠᠨ ᠳᠡᠯᠭᠡᠵᠦ᠂ ᠬᠠᠯᠠᠭᠤᠨ ᠡᠯᠢᠭᠡᠨ ᠳᠡᠭᠡᠨ ᠪᠢᠳᠡᠨ ᠢ ᠨᠠᠭᠠᠯᠳᠤᠭᠤᠯᠤᠭᠰᠠᠨ ᠲᠡᠷᠡᠬᠡᠨ ᠮᠦᠴᠡ ᠶᠢ ᠬᠡᠵᠢᠶ᠎ᠡ ᠴᠦ ᠮᠠᠷᠲᠠᠳᠠᠭ ᠦᠭᠡᠢ︾ ᠭᠡᠳ ᠪᠠᠲᠤᠬᠦᠦ ᠶᠢᠨ ᠳᠠᠭᠤ ᠨᠢ ᠵᠠᠩᠭᠢᠷᠠᠵᠤ᠂ ᠨᠢᠳᠦᠨ ᠳᠤᠨᠢ ᠨᠢᠯᠪᠤᠰᠤ ᠡᠷᠭᠢᠯᠳᠦᠨ᠎ᠡ᠃
       ᠦᠷᠡᠴᠢᠯᠡᠭᠰᠡᠨ ᠠᠪᠤ ᠡᠵᠢ ᠨᠢ ᠲᠡᠷᠡ ᠬᠤᠶᠠᠷ ᠢ ᠦᠪᠡᠷ ᠠᠴᠠ ᠨᠢ ᠤᠨᠠᠭᠰᠠᠨ ᠮᠡᠲᠦ ᠬᠠᠶᠢᠷᠠᠯᠠᠵᠤ ᠬᠠᠯᠠᠮᠵᠢᠯᠠᠭᠰᠠᠨ ᠢᠶᠠᠷ ᠲᠡᠷᠡ ᠬᠤᠶᠠᠷ ᠲᠡᠮᠡᠢ ᠤᠳᠠᠭᠰᠠᠨ ᠦᠭᠡᠢ ᠦᠪᠡᠷᠰᠡᠳ ᠢ ᠪᠠᠨ ᠦᠨᠦᠴᠢᠨ ᠬᠡᠦᠬᠡᠳ ᠤᠨ ᠲᠤᠭᠠᠨ ᠠᠴᠠ ᠭᠠᠷᠭᠠᠵᠠᠢ᠃        ᠨᠠᠷᠠᠨᠴᠢᠮᠡᠭ᠂ ᠪᠠᠲᠤᠬᠦᠦ ᠳᠤ ᠰᠢᠬᠢᠷ ᠪᠤᠷᠠᠮ᠂ ᠠᠯᠢᠮ᠎ᠠ ᠵᠢᠮᠢᠰ ᠭᠡᠵᠦ ᠲᠤᠩ ᠬᠤᠪᠣᠷ ᠪᠠᠶᠢᠭᠰᠠᠨ ᠪᠣᠯᠪᠠᠴᠤ ᠲᠡᠭᠦᠨ ᠤ ᠠᠮᠢᠳᠤᠷᠠᠯ ᠬᠠᠶᠢᠷ᠎ᠠ ᠪᠠᠷ ᠪᠢᠯᠬᠠᠵᠤ ᠪᠠᠶᠢᠯ᠎ᠠ᠃ ᠵᠡᠷᠭᠡᠯᠡᠳᠡᠭᠡ ᠭᠡᠷ ᠤᠨ ᠠᠬ᠎ᠠ ᠡᠭᠡᠴᠢ ᠨᠠᠷ ᠨᠢ ᠦᠷᠬᠦᠯᠵᠢ ᠴᠠᠭᠠᠨ ᠰᠠᠷ᠎ᠠ ᠪᠠᠷ ᠦᠯᠡᠳᠡᠭᠡᠭᠰᠡᠨ ᠬᠡᠳᠦᠨ ᠰᠢᠬᠢᠷ ᠢᠶᠠᠨ ᠲᠡᠷᠡ ᠡᠭᠡᠴᠢ ᠳᠡᠭᠦᠦ ᠬᠤᠶᠠᠷ ᠲᠠᠢ ᠬᠤᠪᠢᠶᠠᠯᠴᠠᠨ᠎ᠠ᠃ ᠪᠠᠰᠠ ᠬᠠᠮᠲᠤ ᠨᠠᠭᠠᠳᠴᠤ᠂ ᠬᠠᠮᠲᠤ ︽ᠬᠡᠷᠡᠭ ᠲᠠᠲᠠᠨ᠎ᠠ︾᠃ ︽ᠡᠭᠡᠴᠢ ᠪᠢᠳᠡ ᠬᠤᠶᠠᠷ ᠶᠣᠰᠣᠲᠠᠢ ᠠᠵᠠ ᠲᠠᠢ ᠬᠡᠦᠬᠡᠳ ᠤᠳ᠃ ᠠᠪᠤ ᠡᠵᠢ ᠬᠤᠶᠠᠷ ᠮᠠᠨᠢ ᠦᠷᠬᠦᠯᠵᠢ ᠨᠠᠮ ᠪᠠ ᠤᠯᠤᠰ ᠤᠨ ᠲᠦᠷᠥ ᠶᠢᠨ ᠪᠣᠳᠣᠯᠭ᠎ᠠ ᠶᠢᠨ ᠰᠠᠶᠢᠨ ᠢᠶᠠᠷ ᠪᠢᠳᠡ ᠬᠤᠶᠠᠷ ᠲᠠᠢ ᠤᠴᠠᠷᠠᠵᠤ᠂ ᠵᠠᠶᠠᠭᠠᠨ ᠤ ᠦᠷ᠎ᠡ ᠲᠠᠢ ᠪᠣᠯᠵᠠᠢ ᠭᠡᠵᠦ ᠬᠡᠯᠡᠳᠡᠭ᠃ ᠣᠳᠤ ᠪᠢᠳᠡ ᠪᠠᠰᠠ ᠨᠠᠮ ᠵᠠᠰᠠᠭ ᠤᠨ ᠬᠠᠯᠠᠮᠵᠢᠯᠠᠯ ᠢᠶᠠᠷ ᠵᠣᠯ ᠵᠢᠷᠭᠠᠯᠲᠤ ᠠᠮᠢᠳᠤᠷᠠᠯ ᠢ ᠡᠳ᠋ᠯᠡᠵᠦ ᠶᠠᠪᠤᠨ᠎ᠠ᠃ ᠡᠭᠡᠴᠢ ᠪᠢᠳᠡ ᠬᠤᠶᠠᠷ ᠨᠠᠮ ᠪᠠ ᠤᠯᠤᠰ ᠣᠷᠣᠨ ᠳᠠᠭᠠᠨ ᠦᠨᠢ ᠡᠭᠦᠷᠢᠳᠡ ᠲᠠᠯᠠᠷᠬᠠᠵᠤ ᠶᠠᠪᠤᠨ᠎ᠠ︾ ᠭᠡᠵᠦ ᠨᠠᠷᠠᠨᠴᠢᠮᠡᠭ ᠬᠡᠯᠡᠨ᠎ᠡ᠃ ︽ᠪᠢ ᠠᠷᠢᠯᠤᠭᠠᠴᠢ ᠪᠣᠯᠣᠭᠰᠠᠨ ᠡᠷᠭᠦᠯᠲᠡ ᠠᠪᠤ ᠡᠵᠢ ᠪᠠᠨ ᠦᠷᠬᠦᠯᠵᠢ ᠳᠤᠷᠠᠰᠳᠠᠭ᠃ ᠲᠡᠳᠡ ᠮᠢᠨᠤ ᠦᠨᠦᠴᠢᠷᠡᠭᠰᠡᠨ ᠵᠢᠷᠦᠬᠡ ᠶᠢ ᠬᠠᠶᠢᠷ᠎ᠠ ᠪᠠᠷ ᠢᠪᠡᠭᠡᠭᠰᠡᠨ᠃ ᠣᠳᠤ ᠪᠢᠳᠡ ᠰᠠᠶᠢᠬᠠᠨ ᠠᠮᠢᠳᠤᠷᠠᠯ ᠢ ᠡᠳ᠋ᠯᠡᠵᠦ ᠶᠠᠪᠤᠨ᠎ᠠ᠃ ᠬᠡᠷᠪᠡ ᠠᠪᠤ ᠡᠵᠢ ᠮᠢᠨᠢ ᠠᠮᠢᠳᠤ ᠪᠠᠶᠢᠭᠰᠠᠨ ᠪᠣᠯ ᠪᠢᠳᠡᠨ ᠤ ᠰᠠᠶᠢᠨ ᠰᠠᠶᠢᠬᠠᠨ ᠠᠮᠢᠳᠤᠷᠠᠯ ᠢ ᠬᠠᠷᠠᠭᠠᠳ ᠶᠠᠭᠠᠬᠢᠵᠦ ᠪᠠᠶᠠᠷᠯᠠᠵᠤ ᠶᠠᠪᠤᠬᠤ ᠪᠣᠯ ᠭᠡᠵᠦ ᠪᠢ ᠪᠣᠳᠣᠳᠠᠭ᠃ ᠡᠷᠭᠦᠯᠲᠡ ᠠᠪᠤ ᠡᠵᠢ ᠶᠢ ᠪᠠᠨ ᠠᠴᠢᠯᠠᠨ ᠵᠢᠷᠭᠠᠭᠠᠵᠤ ᠴᠢᠳᠠᠭ᠎ᠠ ᠦᠭᠡᠢ ᠨᠢ ᠡᠭᠡᠴᠢ ᠪᠢᠳᠡ ᠬᠤᠶᠠᠷ ᠤᠨ ᠨᠠᠰᠤᠨ ᠤ ᠬᠠᠷᠠᠮᠰᠠᠯ︾ ᠭᠡᠵᠦ ᠪᠠᠲᠤᠬᠦᠦ ᠠᠪᠤ ᠡᠵᠢ ᠲᠠᠢ ᠪᠠᠨ ᠲᠠᠲᠠᠭᠤᠯᠤᠭᠰᠠᠨ ᠬᠠᠭᠤᠴᠢᠨ ᠭᠡᠷᠡᠯ ᠵᠢᠷᠤᠭ ᠭᠠᠷᠭᠠᠵᠤ ᠦᠵᠡᠭᠦᠯᠪᠡ᠃ ᠨᠠᠷᠠᠨᠴᠢᠮᠡᠭ᠂ ᠪᠠᠲᠤᠬᠦᠦ ᠬᠤᠶᠠᠷ ᠢ ᠦᠷᠡᠴᠢᠯᠡᠭᠰᠡᠨ ᠳᠠᠷᠠᠭᠠᠬᠠᠨ ᠲᠠᠲᠠᠭᠤᠯᠤᠭᠰᠠᠨ ᠵᠢᠷᠤᠭ ᠰᠡᠭᠦᠳᠡᠷ ᠪᠠᠶᠢᠯ᠎ᠠ᠃ ︽ᠠᠪᠤ ᠡᠵᠢ ᠮᠢᠨᠢ ᠦᠷ᠎ᠡ ᠬᠡᠦᠬᠡᠳ ᠲᠠᠢ ᠪᠣᠯᠣᠯ᠎ᠠ ᠭᠡᠵᠦ ᠪᠢᠳᠡᠨ ᠢ ᠳᠠᠭᠠᠭᠤᠯᠵᠤ ᠰᠢᠨ᠎ᠡ ᠳᠡᠪᠡᠯ ᠬᠢᠵᠦ ᠥᠭᠭᠦᠭᠡᠳ ᠭᠡᠷ ᠪᠦᠯᠢ ᠶᠢᠨ ᠬᠠᠮᠲᠤ ᠶᠢᠨ ᠰᠡᠭᠦᠳᠡᠷ ᠲᠠᠲᠠᠭᠤᠯᠤᠭᠰᠠᠨ ᠨᠢ ᠡᠨᠡ︾ ᠭᠡᠵᠦ ᠰᠡᠭᠦᠳᠡᠷ ᠢᠶᠠᠨ ᠬᠠᠷᠠᠭᠤᠯᠤᠯ᠎ᠠ᠃ ᠨᠠᠷᠠᠨᠴᠢᠮᠡᠭ ᠪᠠᠲᠤᠬᠦᠦ ᠶᠢᠨ ᠠᠪᠤ ᠡᠵᠢ ᠬᠤᠶᠠᠷ ᠨᠢ ᠲᠡᠷᠡ ᠬᠤᠶᠠᠷ ᠢ ᠲᠡᠪᠡᠷᠢᠨ ᠰᠠᠭᠤᠵᠤ᠂ ᠭᠠᠷ ᠢ ᠨᠢ ᠴᠢᠩᠭ᠎ᠠ ᠠᠳᠬᠤᠨ ᠲᠠᠲᠠᠭᠤᠯᠤᠭᠰᠠᠨ ᠰᠡᠭᠦᠳᠡᠷ ᠠᠴᠠ ᠠᠪᠤ ᠡᠵᠢ ᠶᠢᠨ ᠬᠢᠨᠢ ᠪᠠᠶᠠᠷᠯᠠᠵᠤ ᠳᠣᠭᠲᠣᠯᠣᠭᠰᠠᠨ ᠰᠡᠳᠬᠢᠯ ᠲᠣᠳᠣ ᠠᠴᠠ ᠲᠣᠳᠣ᠁        — ᠠᠪᠤ ᠡᠵᠢ ᠬᠤᠶᠠᠷ ᠮᠠᠨᠢ ᠨᠠᠰᠤ ᠪᠠᠷ ᠢᠶᠠᠨ ᠠᠵᠢᠯᠴᠢ ᠠᠷᠪᠢᠴᠢ ᠪᠠᠷ ᠠᠵᠤ ᠲᠦᠷᠦᠵᠦ᠂ ᠡᠭᠡᠴᠢ ᠪᠢᠳᠡ ᠬᠤᠶᠠᠷ ᠲᠤ ᠪᠡᠶ᠎ᠡ ᠪᠠᠷ ᠢᠶᠠᠨ ᠬᠡᠪ ᠳᠦᠷᠢᠮ ᠪᠣᠯᠵᠤ ᠮᠠᠰᠢ ᠣᠯᠠᠨ ᠶᠣᠰᠤ ᠤᠴᠢᠷ ᠢ ᠵᠢᠭᠠᠵᠤ ᠦᠭᠭᠦᠭᠰᠡᠨ᠃ ᠣᠳᠤ ᠪᠢᠳᠡ ᠬᠤᠶᠠᠷ ᠠᠪᠤ ᠡᠵᠢ ᠶᠢᠨ ᠢᠶᠠᠨ ᠨᠤᠲᠤᠭ ᠲᠤ ᠠᠮᠤᠷ ᠰᠠᠶᠢᠬᠠᠨ ᠠᠵᠤ ᠲᠦᠷᠦᠵᠦ ᠪᠠᠶᠢᠨ᠎ᠠ᠃ ᠡᠭᠡᠴᠢ ᠪᠢᠳᠡ ᠬᠤᠶᠠᠷ ᠡᠨᠡ ᠰᠠᠶᠢᠬᠠᠨ ᠨᠤᠲᠤᠭ᠂ ᠲᠡᠷᠡ ᠰᠠᠶᠢᠬᠠᠨ ᠠᠪᠤ ᠡᠵᠢ ᠶᠢᠨ ᠦᠷ᠎ᠡ ᠨᠢ ᠪᠣᠯᠵᠤ ᠪᠣᠶᠢᠵᠢᠭᠰᠠᠨ ᠨᠢ ᠪᠢᠳᠡ ᠬᠤᠶᠠᠷ ᠤᠨ ᠡᠨᠡ ᠨᠠᠰᠤᠨ ᠤ ᠬᠠᠮᠤᠭ ᠤᠨ ᠶᠡᠭᠡ ᠠᠵᠠ ᠵᠠᠪᠰᠢᠶᠠᠨ ᠭᠡᠬᠦ ᠳᠤ ᠪᠠᠲᠤᠬᠦᠦ ᠶᠢᠨ ᠰᠡᠳᠬᠢᠯ ᠨᠢ ᠳᠣᠭᠳᠣᠯᠣᠩᠬᠠᠨ ᠪᠠᠶᠢᠯ᠎ᠠ᠃ ᠣᠳᠤ ᠨᠠᠷᠠᠨᠴᠢᠮᠡᠭ ᠪᠠᠲᠤᠬᠦᠦ ᠡᠭᠡᠴᠢ ᠳᠡᠭᠦᠦ ᠬᠤᠶᠠᠭᠤᠯᠠ ᠪᠠᠨ ᠴᠦᠮ ᠮᠠᠯ ᠮᠠᠯᠵᠢᠵᠤ᠂ ᠠᠪᠤ ᠡᠵᠢ ᠶᠢᠨ ᠢᠶᠠᠨ ᠰᠤᠷᠭᠠᠯ ᠵᠠᠬᠢᠶ᠎ᠠ ᠶᠢ ᠡᠷᠬᠢᠮᠯᠡᠨ ᠳᠠᠭᠠᠵᠤ ᠶᠠᠪᠤᠨ᠎ᠠ᠃ ᠲᠡᠷᠡ ᠬᠤᠶᠠᠷ ᠦᠶ᠎ᠡ ᠶᠢᠨ ᠦᠶ᠎ᠡ ᠳᠡᠭᠡᠨ ᠦᠰᠴᠦ ᠪᠣᠶᠢᠵᠢᠭᠤᠯᠤᠭᠰᠠᠨ ᠡᠨᠡ ᠬᠦ ᠨᠤᠲᠤᠭ ᠤᠰᠤᠨ ᠢᠶᠠᠨ ᠳᠡᠭᠡᠳᠦᠯᠡᠨ ᠵᠢᠷᠭᠠᠬᠤ ᠪᠣᠯᠣᠨ᠎ᠠ᠃        ᠨᠢᠯᠬ᠎ᠠ ᠪᠠᠭ᠎ᠠ ᠳᠠᠭᠠᠨ ᠬᠠᠭᠠᠴᠠᠬᠤ ᠶᠢᠨ ᠵᠣᠪᠠᠯᠠᠩ ᠠᠮᠰᠠᠭᠰᠠᠨ ᠴᠦ ᠨᠠᠮ ᠵᠠᠰᠠᠭ ᠤᠨ ᠬᠠᠯᠠᠮᠵᠢᠯᠠᠯ ᠳᠣᠣᠷ᠎ᠠ ᠲᠠᠯ᠎ᠠ ᠨᠤᠲᠤᠭ ᠲᠤ ᠬᠥᠯ ᠭᠢᠰᠬᠢᠵᠦ᠂ ᠮᠠᠯᠴᠢᠨ ᠠᠪᠤ ᠡᠵᠢ ᠶᠢᠨ ᠡᠩ ᠦᠭᠡᠢ ᠶᠡᠭᠡ ᠬᠠᠶᠢᠷ᠎ᠠ ᠶᠢᠨ ᠳᠣᠣᠷ᠎ᠠ ᠦᠰᠦᠨ ᠪᠣᠶᠢᠵᠢᠭᠰᠠᠨ ᠲᠡᠳᠡ ᠪᠣᠯ ︽ᠤᠯᠤᠰ ᠤᠨ ᠬᠡᠦᠬᠡᠳ︾᠂ ᠨᠡᠩ ᠴᠦ ᠲᠠᠯ᠎ᠠ ᠨᠤᠲᠤᠭ ᠤᠨ ᠦᠬᠢᠳ ᠬᠦᠪᠡᠭᠦᠳ ᠶᠤᠮ᠁                                     ᠰᠤᠷᠪᠤᠯᠵᠢᠯᠠᠭᠴᠢ ᠪᠦᠷᠢᠨᠲᠣᠭᠲᠠᠬᠤ                                     ᠴᠢᠮᠡᠭᠡᠯᠡᠭᠴᠢ ᠤᠶᠠᠩᠭ᠎ᠠ
 
ᠢᠷᠡᠯᠲᠡ᠄ ᠬᠦᠯᠦᠨ ᠪᠣᠶᠢᠷ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号