ᠮᠠᠰᠢ ᠣᠯᠠᠨ ᠬᠥᠮᠦᠨ ᠤ ᠦᠵᠡᠬᠦ ᠪᠠᠷ᠂ ᠴᠢᠰᠤᠨ ᠤ ᠬᠡᠯᠪᠡᠷᠢ ᠶᠢ ᠭᠤᠤᠯᠳᠠᠭᠤ A ᠬᠡᠯᠪᠡᠷᠢ᠂ B ᠬᠡᠯᠪᠡᠷᠢ᠂ | AB ᠬᠡᠯᠪᠡᠷᠢ᠂ O ᠬᠡᠯᠪᠡᠷᠢ ᠭᠡᠵᠦ 4 ᠲᠥᠷᠥᠯ ᠳᠤ ᠬᠤᠪᠢᠶᠠᠨ᠎ᠠ᠃ ᠡᠭᠦᠨ ᠳᠤ AB ᠬᠡᠯᠪᠡᠷᠢ ᠶᠢᠨ ᠬᠥᠮᠦᠨ ᠶᠠᠮᠠᠷ | ᠴᠤ ᠬᠡᠯᠪᠡᠷᠢ ᠶᠢᠨ ᠴᠢᠰᠤ ᠶᠡᠭᠦᠯᠡᠬᠦ ᠶᠢ ᠬᠦᠯᠢᠶᠡᠨ ᠠᠪᠴᠤ ᠪᠣᠯᠤᠨ᠎ᠠ᠂ ᠬᠠᠷᠢᠨ O ᠬᠡᠯᠪᠡᠷᠢ ᠶᠢᠨ ᠴᠢᠰᠤ ᠨᠢ ᠶᠠᠮᠠᠷ ᠴᠤ | ᠬᠥᠮᠦᠨ ᠳᠤ ᠶᠡᠭᠦᠯᠡᠨ ᠥᠭᠴᠦ ᠪᠣᠯᠤᠨ᠎ᠠ ᠭᠡᠳᠡᠭ᠃ ᠭᠡᠪᠡᠴᠦ ᠡᠶᠢᠮᠦ ᠪᠤᠳᠤᠯ ᠪᠣᠯ ᠨᠡᠯᠢᠶᠡᠳ ᠥᠷᠥᠭᠡᠰᠦᠭᠡᠯ ᠶᠤᠮ᠃ | ᠬᠡᠪ ᠤᠨ ᠪᠠᠶᠢᠳᠠᠯ ᠳᠣᠣᠷ᠎ᠠ᠂ A ᠬᠡᠯᠪᠡᠷᠢ ᠶᠢᠨ ᠴᠢᠰᠤ ᠲᠠᠢ ᠬᠥᠮᠦᠨ ᠳᠤ A ᠬᠡᠯᠪᠡᠷᠢ ᠶᠢᠨ ᠴᠢᠰᠤ | ᠶᠡᠭᠦᠯᠡᠨ᠎ᠡ᠂ B ᠬᠡᠯᠪᠡᠷᠢ ᠶᠢᠨ ᠴᠢᠰᠤ ᠲᠠᠢ ᠬᠥᠮᠦᠨ ᠳᠤ B ᠬᠡᠯᠪᠡᠷᠢ ᠶᠢᠨ ᠴᠢᠰᠤ ᠶᠡᠭᠦᠯᠡᠨ᠎ᠡ᠃ ᠬᠡᠷᠪᠡ ᠪᠤᠰᠤᠳ | ᠲᠥᠷᠥᠯ ᠤᠨ ᠴᠢᠰᠤ ᠶᠢ ᠶᠡᠭᠦᠯᠡᠪᠡᠯ ᠴᠢᠰᠤᠨ ᠳᠤ ᠤᠷᠪᠠᠯ ᠡᠭᠦᠰᠦᠨ᠎ᠡ᠃ ᠶᠠᠮᠠᠷ ᠴᠢᠰᠤᠨ ᠬᠡᠯᠪᠡᠷᠢ ᠪᠣᠯᠤᠭᠰᠠᠨ ᠴᠤ | ᠪᠦᠷ ᠴᠢᠰᠤ ᠶᠡᠭᠦᠯᠡᠬᠦ ᠠᠴᠠ ᠡᠮᠦᠨ᠎ᠡ ABO ᠪᠠ Rh ᠴᠢᠰᠤᠨ ᠬᠡᠯᠪᠡᠷᠢ ᠶᠢ ᠰᠣᠯᠪᠢᠴᠠᠨ ᠰᠢᠯᠭᠠᠯᠲᠠ ᠬᠢᠨ᠎ᠡ᠂ | ᠬᠡᠷᠪᠡ ᠴᠢᠰᠤᠨ ᠬᠡᠯᠪᠡᠷᠢ ᠶᠢ ᠪᠤᠷᠤᠭᠤ ᠶᠡᠭᠦᠯᠡᠪᠡᠯ᠂ ᠳᠠᠭᠠᠷᠠᠳᠠᠰᠤ ᠬᠦᠷᠬᠦ᠂ ᠶᠡᠭᠡ ᠬᠠᠯᠠᠭᠤᠷᠠᠬᠤ᠂ ᠳᠤᠷ᠎ᠠ ᠪᠤᠯᠭᠢᠬᠤ᠂ | ᠪᠥᠭᠡᠯᠵᠢᠬᠦ ᠵᠡᠷᠭᠡ ᠴᠢᠰᠤ ᠶᠡᠭᠦᠯᠡᠭᠰᠡᠨ ᠲᠤᠰᠬᠠᠯ ᠭᠠᠷᠴᠤ᠂ ᠬᠦᠨᠳᠦ ᠨᠢ ᠦᠬᠦᠬᠦ ᠠᠶᠤᠯᠲᠠᠢ ᠪᠠᠶᠢᠳᠠᠭ᠃ | ᠡᠳᠦᠷ ᠲᠤᠲᠤᠮ ᠤᠨ ᠠᠮᠢᠳᠤᠷᠠᠯ ᠳᠤᠮᠳᠠ᠂ ᠬᠥᠮᠦᠰ ᠤᠨ ᠬᠡᠯᠡᠳᠡᠭ ︽ᠲᠡᠭᠦᠰ ᠴᠢᠳᠠᠪᠤᠷᠢᠲᠤ ᠴᠢᠰᠤ︾ | ᠭᠡᠳᠡᠭ ᠨᠢ O ᠬᠡᠯᠪᠡᠷᠢ ᠶᠢᠨ ᠴᠢᠰᠤ ᠶᠢ ᠵᠢᠭᠠᠵᠤ ᠪᠠᠶᠢᠨ᠎ᠠ᠃ O ᠬᠡᠯᠪᠡᠷᠢ ᠶᠢᠨ ᠴᠢᠰᠤ ᠶᠢ ︽ᠲᠡᠭᠦᠰ ᠴᠢᠳᠠᠪᠤᠷᠢᠲᠤ | ᠴᠢᠰᠤ︾ ᠭᠡᠵᠦ ᠦᠵᠡᠵᠦ ᠪᠠᠶᠢᠬᠤ ᠶᠢᠨ ᠤᠴᠢᠷ ᠨᠢ᠂ O ᠬᠡᠯᠪᠡᠷᠢ ᠶᠢᠨ ᠴᠢᠰᠤᠨ ᠤ ᠤᠯᠠᠭᠠᠨ ᠡᠰ ᠳᠡᠭᠡᠷ᠎ᠡ A᠂ B | ᠡᠰᠡᠷᠬᠦ ᠲᠦᠷᠦᠭᠴᠢ ᠪᠠᠶᠢᠬᠤ ᠦᠭᠡᠢ᠂ O ᠬᠡᠯᠪᠡᠷᠢ ᠶᠢᠨ ᠴᠢᠰᠤᠨ ᠤ ᠤᠯᠠᠭᠠᠨ ᠡᠰ ᠢ A᠂ B᠂ AB ᠬᠡᠯᠪᠡᠷᠢ ᠶᠢᠨ | ᠡᠪᠡᠳᠴᠢᠲᠡᠨ ᠳᠤ ᠶᠡᠭᠦᠯᠡᠨ ᠥᠭᠬᠦ ᠶᠢ ᠲᠦᠷ ᠴᠠᠭ ᠤᠨ ᠪᠠᠴᠢᠮ ᠠᠪᠤᠷᠠᠯᠲᠠ ᠳᠤ ᠯᠡ ᠬᠡᠷᠡᠭᠯᠡᠵᠦ ᠪᠣᠯᠤᠨ᠎ᠠ᠃ | ᠡᠭᠦᠨ ᠠᠴᠠ ᠪᠣᠯᠵᠦ ᠡᠮᠴᠢᠯᠡᠭᠡᠨ ᠳᠡᠭᠡᠷ᠎ᠡ ᠦᠷᠭᠦᠯᠵᠢ O ᠬᠡᠯᠪᠡᠷᠢ ᠶᠢᠨ ᠴᠢᠰᠤᠨ ᠤ ︽ᠤᠯᠠᠭᠠᠨ ᠡᠰ ᠢ ᠤᠬᠢᠶᠠᠬᠤ︾ | ᠪᠠᠷ A᠂ B᠂ AB ᠬᠡᠯᠪᠡᠷᠢ ᠶᠢᠨ ᠡᠪᠡᠳᠴᠢᠲᠡᠨ ᠳᠤ ᠴᠢᠰᠤ ᠶᠡᠭᠦᠯᠡᠳᠡᠭ᠃ ᠭᠡᠲᠡᠯ᠎ᠡ ᠡᠶᠢᠮᠦ ᠦᠵᠡᠯᠲᠡ ᠪᠣᠯ | ᠲᠤᠩ ᠪᠤᠷᠤᠭᠤ ᠶᠤᠮ᠂ ︽ᠲᠡᠭᠦᠰ ᠴᠢᠳᠠᠯᠲᠤ ᠴᠢᠰᠤ︾ ᠭᠡᠳᠡᠭ ᠨᠢ ᠦᠨᠡᠨ ᠳᠡᠭᠡᠨ ︽ᠲᠡᠭᠦᠰ ᠴᠢᠳᠠᠯᠲᠤ︾ ᠪᠢᠰᠢ | ᠮᠥᠷᠲᠡᠭᠡᠨ ᠲᠤᠩ ᠠᠶᠤᠯᠲᠠᠢ ᠶᠤᠮ᠃ O ᠬᠡᠯᠪᠡᠷᠢ ᠶᠢᠨ ᠴᠢᠰᠤᠨ ᠡᠭᠡᠳᠡᠩ ᠳᠤ A᠂ B ᠶᠢᠨ ᠡᠰᠡᠷᠬᠦ ᠪᠡᠶ᠎ᠡ | ᠠᠭᠤᠯᠤᠭᠳᠠᠨ᠎ᠠ᠂ O ᠬᠡᠯᠪᠡᠷᠢ ᠶᠢᠨ ᠴᠢᠰᠤᠨ ᠡᠭᠡᠳᠡᠩ ᠢ A᠂ B᠂ AB ᠬᠡᠯᠪᠡᠷᠢ ᠶᠢᠨ ᠡᠪᠡᠳᠴᠢᠲᠡᠨ ᠤ ᠪᠡᠶ᠎ᠡ ᠳᠤ | ᠶᠡᠭᠦᠯᠡᠪᠡᠯ᠂ ᠲᠡᠷᠡ ᠳᠠᠷᠤᠶ ᠡᠭᠡᠳᠡᠬᠦ ᠤᠷᠪᠠᠯ ᠡᠭᠦᠰᠴᠦ᠂ ᠴᠢᠰᠤ ᠬᠦᠷᠲᠡᠭᠰᠡᠳ ᠤᠨ ᠤᠯᠠᠭᠠᠨ ᠡᠰ ᠬᠦᠨᠳᠦ ᠨᠣᠴᠢᠲᠠᠶ | ᠡᠪᠳᠡᠯᠡᠭᠡ ᠳᠤ ᠤᠴᠠᠷᠠᠵᠤ ᠴᠢᠰᠤ ᠬᠠᠶᠢᠯᠬᠤ ᠪᠣᠯᠤᠨ᠎ᠠ᠃ ᠡᠶᠢᠮᠦ ᠠᠴᠠ O ᠬᠡᠯᠪᠡᠷᠢ ᠶᠢᠨ ᠴᠢᠰᠤᠨ ᠡᠭᠡᠳᠡᠩ ᠢ | ᠪᠤᠰᠤᠳ ᠴᠢᠰᠤᠨ ᠬᠡᠯᠪᠡᠷᠢ ᠶᠢᠨ ᠴᠢᠰᠤ ᠬᠦᠯᠢᠶᠡᠭᠴᠢ ᠳᠤ ᠶᠡᠭᠦᠯᠡᠨ ᠥᠭᠬᠦ ᠶᠢ ᠬᠤᠷᠢᠭᠯᠠᠪᠠᠯ ᠵᠤᠬᠢᠨ᠎ᠠ᠃ | | |