ᠭᠡᠵᠢᠭᠡ ᠪᠤᠲᠤᠬᠤ ᠨᠢ ᠦᠰᠦ ᠣᠨᠠᠵᠤ ᠦᠮᠠᠨ ᠡᠬᠦᠰᠬᠡᠨ᠎ᠡ ᠤᠤ︖
ᠨᠡᠶᠢᠲᠡᠯᠡᠭᠰᠡᠨ ᠴᠠᠭ᠄
2022/9/7
     ᠬᠢᠮᠢ ᠶᠢᠨ ᠭᠡᠵᠢᠭᠡᠨ ᠪᠤᠳᠤᠭ ᠲᠠᠢ ᠬᠠᠷᠢᠴᠠᠭᠤᠯᠪᠠᠯ᠂ ᠤᠷᠭᠤᠮᠠᠯ ᠤᠨ ᠭᠡᠵᠢᠭᠡᠨ ᠪᠤᠳᠤᠭ ᠨᠡᠯᠢᠶᠡᠳ ᠠᠮᠤᠷ ᠲᠦᠪᠰᠢᠨ ᠶᠤᠮ᠂ ᠲᠡᠷᠡ ᠨᠢ ᠭᠤᠣᠯᠳᠠᠭᠤ ᠪᠠᠶᠢᠭᠠᠯᠢ ᠶᠢᠨ ᠪᠦᠲᠦᠭᠡᠭᠳᠡᠬᠦᠨ ᠪᠣᠯᠤᠨ᠎ᠠ᠃ ᠬᠢᠮᠢ ᠶᠢᠨ ᠭᠡᠵᠢᠭᠡᠨ ᠪᠤᠳᠤᠭ ᠲᠤ ᠪᠦᠷ ᠨᠢᠭᠡ ᠵᠦᠢᠯ ᠤᠨ ᠬᠢᠮᠢ ᠶᠢᠨ ᠪᠣᠳᠠᠰ — ᠡᠰᠡᠷᠬᠦ ᠪᠧᠨ᠋ᠽᠧᠨ ᠤ ᠬᠤᠶᠠᠷᠴᠢ ᠠᠮᠢᠨ ︵对苯二胺︶ ᠠᠭᠤᠯᠳᠠᠭ᠃ 2017 ᠣᠨ ᠤ ᠳᠡᠯᠡᠬᠡᠶ ᠶᠢᠨ ᠡᠷᠡᠭᠦᠯ ᠬᠠᠮᠠᠭᠠᠯᠠᠯ ᠤᠨ ᠵᠣᠬᠢᠶᠠᠨ ᠪᠠᠶᠢᠭᠤᠯᠤᠯᠲᠠ ᠶᠢᠨ ᠣᠯᠠᠨ ᠤᠯᠤᠰ ᠤᠨ ᠥᠮᠡᠨ ᠡᠪᠡᠳᠴᠢᠨ ᠤ ᠰᠤᠳᠤᠯᠭᠠᠨ ᠤ ᠪᠠᠶᠢᠭᠤᠯᠤᠮᠵᠢ ᠶᠢᠨ ᠨᠡᠶᠢᠲᠡᠯᠡᠭᠰᠡᠨ ᠥᠮᠡᠨ ᠡᠭᠦᠰᠭᠡᠬᠦ ᠪᠣᠳᠠᠰ ᠤᠨ ᠲᠣᠳᠣᠷᠬᠠᠶ ᠪᠠᠶᠢᠴᠠᠭᠠᠯᠳᠠ ᠶᠢ ᠦᠨᠳᠦᠰᠦᠯᠡᠪᠡᠯ᠂ ᠡᠨᠡᠬᠦ ᠬᠢᠮᠢ ᠶᠢᠨ ᠪᠣᠳᠠᠰ — ᠡᠰᠡᠷᠬᠦ ᠪᠧᠨ᠋ᠽᠧᠨ ᠤ ᠬᠤᠶᠠᠷᠴᠢ ᠠᠮᠢᠨ ᠨᠢ ᠭᠤᠷᠪᠠᠳᠤᠭᠠᠷ ᠲᠥᠷᠥᠯ ᠤᠨ ᠥᠮᠡᠨ ᠡᠭᠦᠰᠭᠡᠭᠴᠢ ᠪᠣᠳᠠᠰ ᠮᠥᠨ᠂ ᠲᠤᠬᠠᠶᠢᠯᠠᠪᠠᠯ ᠣᠷᠳᠣ ᠬᠤᠭᠤᠴᠠᠭ᠎ᠠ ᠪᠠᠷ ᠣᠶᠢᠷᠠᠲᠤᠪᠠᠯ ᠥᠮᠡᠨ ᠡᠭᠦᠰᠭᠡᠬᠦ ᠲᠦᠭᠰᠢᠭᠦᠷᠢ ᠲᠠᠢ᠃ ᠬᠠᠶᠠ ᠦᠰᠦ ᠪᠤᠳᠤᠬᠤ ᠳᠤ ᠥᠮᠡᠨ ᠡᠭᠦᠰᠭᠡᠬᠦ ᠥᠬᠡᠶ᠂ ᠭᠡᠪᠡᠴᠦ ᠬᠤᠶᠢᠬ᠎ᠠ ᠮᠠᠭᠤᠲᠠᠢ ᠬᠥᠮᠦᠰ ᠭᠡᠵᠢᠭᠡ ᠪᠠᠨ ᠪᠤᠳᠤᠬᠤ ᠦᠶ᠎ᠡ ᠳᠤ ᠬᠠᠷᠰᠢᠬᠤ ᠦᠵᠡᠭᠳᠡᠯ ᠭᠠᠷᠴᠤ ᠮᠡᠳᠡᠨ᠎ᠡ᠃      ᠭᠡᠵᠢᠭᠡ ᠪᠣᠳᠣᠬᠤ ᠨᠢ ᠦᠨᠡᠬᠡᠷ ᠭᠡᠵᠢᠭᠡ ᠤᠨᠠᠬᠤ ᠠᠶᠤᠯ ᠢ ᠨᠡᠮᠡᠭᠳᠡᠭᠦᠯᠦᠨ᠎ᠡ᠃ ᠦᠰᠦ ᠪᠤᠳᠤᠬᠤ ᠡᠳ᠋ ᠲᠠᠬᠢ ᠬᠢᠮᠢ ᠶᠢᠨ ᠪᠣᠳᠠᠰ ᠨᠢ ᠨᠡᠯᠢᠶᠡᠳ ᠴᠢᠩᠭ᠎ᠠ ᠰᠡᠲᠦᠯᠲᠡ ᠶᠢᠨ ᠴᠢᠨᠠᠷᠲᠠᠶ᠂ ᠳᠠᠬᠢᠨ ᠳᠠᠪᠲᠠᠨ ᠦᠰᠦ ᠪᠤᠳᠤᠬᠤ ᠨᠢ ᠬᠤᠶᠢᠬ᠎ᠠ ᠪᠠ ᠦᠰᠦᠨ ᠰᠦᠪᠡ ᠶᠢᠨ ᠦᠷᠪᠢᠰᠦᠯ ᠢ ᠡᠭᠦᠰᠭᠡᠵᠦ ᠮᠡᠳᠡᠨ᠎ᠡ᠂ ᠤᠳᠠᠭᠠᠨ ᠳᠠᠭᠠᠨ ᠦᠰᠦᠨ ᠰᠦᠪᠡ ᠬᠵᠠᠭᠠᠭᠳᠠᠵᠤ᠂ ᠦᠰᠦ ᠨᠠᠷᠢᠰᠴᠤ᠂ ᠦᠰᠦ ᠤᠨᠠᠬᠤ ᠲᠦᠭᠰᠢᠭᠦᠷᠢ ᠶᠢ ᠨᠡᠮᠡᠭᠳᠡᠭᠦᠯᠦᠨ᠎ᠡ᠃      ᠪᠠᠶᠢᠩᠭᠤ ᠶᠢᠨ ᠴᠢᠨᠠᠷᠲᠠᠶ ᠭᠡᠵᠢᠭᠡᠨ ᠪᠤᠳᠤᠭ ᠢ ᠬᠡᠷᠡᠭᠯᠡᠬᠦ ᠳᠤ᠂ ᠬᠢᠮᠢ ᠶᠢᠨ ᠪᠣᠳᠠᠰ ᠨᠢ ᠦᠰᠦᠨ ᠤ ᠡᠪᠡᠷᠯᠢᠭ ᠳᠠᠪᠬᠤᠷᠭ᠎ᠠ ᠶᠢ ᠨᠡᠭᠡᠭᠡᠳᠡᠭ᠂ ᠭᠡᠬᠦ ᠳᠤ ᠡᠪᠡᠷᠯᠢᠭ ᠳᠠᠪᠬᠤᠷᠭ᠎ᠠ ᠨᠢ ᠬᠠᠷᠢᠨ ᠭᠡᠵᠢᠭᠡᠨ ᠤ ᠲᠦᠷᠦᠯᠬᠢ ᠬᠠᠮᠠᠭᠠᠯᠠᠯᠲᠠ ᠶᠢᠨ ᠳᠠᠪᠬᠤᠷᠭ᠎ᠠ ᠪᠤᠯᠤᠨ᠎ᠠ᠂ ᠲᠡᠭᠦᠨ ᠤ ᠡᠪᠳᠡᠭᠳᠡᠯ ᠨᠢ ᠦᠰᠦᠨ ᠤ ᠡᠳ᠋ ᠲᠤ ᠮᠠᠰᠢ ᠶᠡᠭᠡ ᠬᠤᠬᠢᠷᠠᠯ ᠤᠴᠠᠷᠠᠭᠤᠯᠳᠠᠭ᠃ ᠪᠤᠳᠤᠭᠳᠠᠮᠠᠬᠠᠶ ᠡᠳ᠋ ᠳᠣᠲᠣᠷᠠᠬᠢ ᠹᠧᠨᠢᠯ ᠤᠨ ᠲᠥᠷᠥᠯ ᠤᠨ ᠣᠷᠭᠠᠨᠢᠭ ᠪᠣᠳᠠᠰ ᠨᠢ ᠲᠣᠯᠣᠭᠠᠶ ᠶᠢᠨ ᠬᠤᠶᠢᠬ᠎ᠠ ᠪᠠᠷ ᠳᠡᠮᠵᠢᠨ ᠬᠥᠮᠦᠨ ᠤ ᠪᠡᠶ᠎ᠡ ᠳᠤ ᠣᠷᠣᠵᠤ᠂ ᠴᠢᠰᠤ ᠪᠦᠲᠦᠭᠡᠬᠦ ᠭᠤᠤᠯ ᠡᠰ ᠲᠤ ᠬᠤᠬᠢᠷᠠᠯ ᠤᠴᠠᠷᠠᠭᠤᠯᠵᠤ᠂ ᠴᠢᠰᠤᠨ ᠤ ᠰᠢᠰᠲ᠋ᠧᠮ ᠤᠨ ᠡᠪᠡᠳᠴᠢᠨ ᠢ ᠡᠭᠦᠰᠭᠡᠵᠦ ᠮᠡᠳᠡᠨ᠎ᠡ᠃      ᠶᠠᠮᠠᠷ ᠬᠥᠮᠦᠰ ᠦᠰᠦ ᠪᠤᠳᠤᠬᠤ ᠳᠤ ᠲᠣᠬᠢᠷᠠᠬᠤ ᠦᠭᠡᠢ ᠪᠣᠢ︖ ᠲᠣᠯᠣᠭᠠᠢ ᠶᠢᠨ ᠬᠤᠶᠢᠬ᠎ᠠ ᠪᠠ ᠠᠷᠠᠰᠤ ᠬᠦᠷᠦᠰᠤ ᠨᠢ ᠬᠠᠷᠰᠢᠮᠲᠤᠭᠠᠢ ᠬᠥᠮᠦᠰ᠂ ᠠᠷᠠᠰᠤ ᠨᠢ ᠭᠡᠮᠲᠦᠭᠰᠡᠳ᠂ ᠵᠢᠷᠮᠦᠰᠦᠨ ᠡᠮᠡᠭᠲᠡᠢ ᠪᠠ ᠬᠥᠬᠦᠭᠦᠯ ᠡᠮᠡᠭᠲᠡᠶᠢᠴᠦᠳ᠂ ᠨᠠᠰᠤᠲᠠᠶᠢᠴᠤᠳ ᠪᠠ ᠡᠯᠢᠭᠡ ᠪᠥᠭᠡᠷ᠎ᠡ ᠮᠠᠭᠤᠲᠠᠢ ᠬᠥᠮᠦᠰ ᠦᠰᠦ ᠪᠤᠳᠤᠬᠤ ᠳᠤ ᠲᠣᠬᠢᠷᠠᠬᠤ ᠦᠭᠡᠢ᠃
 
ᠢᠷᠡᠯᠲᠡ᠄ ᠠᠷᠠᠳ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号