ᠫᠠᠭᠪᠠ
ᠨᠡᠶᠢᠲᠡᠯᠡᠭᠰᠡᠨ ᠴᠠᠭ᠄
2023/1/11
      ᠫᠠᠭᠪᠠ ︵1235 ~ 1280︶ ᠪᠣᠯ ᠲᠥᠪᠡᠳ ᠤᠨ ᠪᠤᠷᠬᠠᠨ ᠱᠠᠰᠢᠨ ᠤ ᠰᠠᠵᠠ ᠶᠢᠨ ᠶᠣᠰᠣᠨ ᠤ ᠲᠠᠪᠤᠳᠤᠭᠠᠷ ᠦᠶ᠎ᠡ ᠶᠢᠨ ᠪᠣᠭᠳᠠ᠂ ᠲᠠᠶᠢᠶᠤᠸᠠᠨ ᠤᠯᠤᠰ ᠤᠨ ᠬᠠᠭᠠᠨ ᠤ ᠪᠠᠭᠰᠢ᠂ ᠲᠦᠷᠪᠡᠯᠵᠢᠨ ᠦᠰᠦᠭ ᠢ ᠵᠣᠬᠢᠶᠠᠭᠰᠠᠨ ᠬᠦᠮᠦᠨ᠃ ᠲᠡᠷᠡ ᠪᠠᠷ ᠲᠥᠪᠡᠳ ᠤᠨ ᠲᠣᠭᠠᠯᠠᠯ ᠢᠶᠠᠷ ᠳᠦᠳᠦᠭᠡᠷ ᠰᠠᠶᠢᠲᠤᠷ ᠭᠠᠷᠤᠭᠰᠠᠨ ᠤ ᠡᠮ᠎ᠡ ᠮᠣᠳᠤᠨ ᠬᠤᠨᠢᠨ ᠵᠢᠯ ︵1235︶ ᠲᠥᠪᠡᠳ ᠤᠨ ᠺᠤᠨ ᠣᠪᠣᠭ ᠲᠠᠢ ᠰᠤᠷᠪᠤᠯᠵᠢᠲᠤ ᠭᠡᠷ ᠲᠤ ᠲᠦᠷᠦᠵᠡᠢ᠃ ︽ᠫᠠᠭᠪᠠ ᠯᠠᠮᠠ ᠶᠢᠨ ᠲᠤᠭᠤᠵᠢ︾ ᠳᠤ ︽ᠫᠠᠭᠪᠠ ᠠᠨᠤ ᠡᠴᠢᠭᠡ ᠶᠢᠨ ᠲᠠᠪᠢᠨ ᠬᠤᠶᠠᠳᠤᠭᠠᠷ ᠮᠣᠳᠤᠨ ᠵᠢᠯ ᠤᠨ ᠭᠤᠷᠪᠠᠨ ᠰᠠᠷᠠ ᠶᠢᠨ ᠰᠢᠨ᠎ᠡ ᠶᠢᠨ ᠵᠢᠷᠭᠤᠭᠠᠨ᠎ᠠ ᠪᠠᠷᠠᠭᠤᠨ ᠮᠤᠵᠢ ᠡᠬ᠋ᠭᠮᠷᠢᠩ ᠳᠠᠬᠢ ᠯᠤᠳ ᠤᠨ ᠨᠦᠬᠡ ᠭᠡᠮᠡᠬᠦ ᠣᠷᠣᠨ᠎ᠠ ᠭᠡᠶᠢᠭᠰᠡᠨ ᠪᠤᠯᠠᠢ︾ ᠭᠡᠵᠡᠢ᠃ ᠲᠡᠭᠦᠨ ᠤ ᠡᠴᠢᠭᠡ ᠨᠢ ᠰᠡᠵᠡ ᠪᠠᠨᠳᠢᠳᠠ ᠭᠦᠩᠭᠠᠵᠠᠯᠰᠠᠨ ᠤ ᠳᠡᠭᠦᠦ ᠰᠤᠳᠨᠠᠮᠵᠠᠯᠰᠠᠨ ᠭᠡᠳᠡᠭ᠃ ᠰᠡᠵᠡ ᠪᠠᠨᠳᠢᠳᠠ ᠭᠦᠩᠭᠠᠵᠠᠯᠰᠠᠨ ᠢ ᠳᠠᠭᠠᠵᠦ ᠯᠢᠶᠠᠩᠵᠸᠦ ᠳᠤ ᠢᠷᠡᠭᠰᠡᠨ ᠴᠠᠬᠨᠠᠳᠣᠷᠵᠢ ᠪᠣᠯ ᠫᠠᠭᠪᠠ ᠶᠢᠨ ᠲᠦᠷᠦᠭᠰᠡᠨ ᠳᠡᠭᠦᠦ ᠶᠤᠮ᠃ ᠫᠠᠭᠪᠠ ᠶᠢᠨ ᠵᠢᠩᠬᠢᠨᠢ ᠨᠡᠷ᠎ᠡ ᠨᠢ ᠯᠣᠷᠣᠶᠢᠵᠠᠯᠰᠠᠨ ᠭᠡᠳᠡᠭ᠃ ᠫᠠᠭᠪᠠ ᠯᠠᠮᠠ ᠪᠣᠯ ᠨᠢᠯᠬ᠎ᠠ ᠪᠠᠭ᠎ᠠ ᠠᠴᠠ ᠪᠠᠨ ᠣᠨᠴᠠ ᠰᠡᠴᠡᠨ ᠰᠡᠷᠭᠦᠯᠡᠩ ᠬᠡᠦᠬᠡᠳ ᠪᠠᠶᠢᠵᠠᠢ᠃ ︽ᠲᠡᠨᠳᠡᠴᠡ ᠭᠤᠷᠪᠠᠨ ᠨᠠᠰᠣᠨ ᠳᠤ ᠪᠠᠨ ᠮᠲᠱᠾᠤ᠋ ᠰᠺᠶᠧᠰ ᠨᠡᠷᠡᠲᠦ ᠪᠦᠲᠦᠭᠡᠯ ᠤᠨ ᠠᠷᠭ᠎ᠠ ᠶᠢ ᠴᠡᠭᠡᠵᠢ ᠪᠠᠷ ᠨᠣᠮᠯᠠᠭᠰᠠᠨ ᠢᠶᠠᠷ ᠪᠦᠭᠦᠳᠡ ᠭᠠᠶᠢᠬᠠᠯᠳᠤᠵᠦ᠂ ︿ᠡᠨᠡ ᠭᠡᠪᠡᠰᠦ ᠮᠠᠭᠠᠳ ᠨᠢᠭᠡᠨ ᠬᠤᠳᠤᠭ ᠲᠤ ᠫᠠᠭᠪᠠ ᠠᠵᠤᠭᠤ﹀ ᠭᠡᠮᠡᠯᠳᠦᠭᠰᠡᠨ ᠢᠶᠠᠷ ᠲᠡᠭᠦᠨ ᠠᠴᠠ ᠬᠤᠶᠢᠨᠠᠭᠰᠢ ︿ᠫᠠᠭᠪᠠ﹀ ᠭᠡᠮᠡᠬᠦ ᠴᠣᠯᠠ ᠤᠬᠤᠬᠠᠲ᠋ᠠ ᠠᠯᠳᠠᠷᠰᠢᠭᠰᠠᠨ ᠪᠤᠯᠠᠢ︾ ᠭᠡᠵᠦ ︽ᠫᠠᠭᠪᠠ ᠯᠠᠮᠠ ᠶᠢᠨ ᠲᠤᠭᠤᠵᠢ︾ ᠳᠤ ᠲᠡᠮᠳᠡᠭᠯᠡᠵᠦ ᠪᠤᠢ᠃     ᠫᠠᠭᠪᠠ ᠭᠡᠳᠡᠭ ᠨᠢ ᠲᠥᠪᠡᠳ ᠢᠶᠠᠷ ᠬᠤᠲᠤᠭᠲᠤ ᠭᠡᠰᠡᠨ ᠤᠳᠬ᠎ᠠ ᠲᠠᠢ ᠦᠭᠡ᠃ ᠫᠠᠭᠪᠠ ᠶᠢᠨ ᠨᠢᠭᠡ ᠨᠠᠰᠤᠨ ᠤ ᠦᠢᠯᠡ ᠠᠮᠢᠳᠤᠷᠠᠯ ᠨᠢ 13 ᠳ᠋ᠤᠭᠠᠷ ᠵᠠᠭᠤᠨ ᠤ ᠰᠡᠭᠦᠯ ᠤᠨ ᠬᠠᠭᠠᠰ ᠤᠨ ᠮᠣᠩᠭᠤᠯᠴᠤᠳ ᠤᠨ ᠤᠯᠤᠰ ᠲᠥᠷᠥ᠂ ᠱᠠᠰᠢᠨ᠂ ᠰᠣᠶᠣᠯ ᠲᠠᠢ ᠰᠢᠭᠤᠳ ᠬᠤᠯᠪᠣᠭ᠎ᠠ ᠲᠠᠢ ᠶᠤᠮ᠃ ᠭᠦᠳᠡᠨ ᠨᠣᠶᠠᠨ ᠤ ᠳᠠᠭᠤᠳᠠᠯᠭ᠎ᠠ ᠪᠠᠷ 1246 ᠣᠨ ᠳᠤ ᠰᠡᠵᠡ ᠪᠠᠨᠳᠢᠳᠠ ᠭᠦᠩᠭᠠᠵᠠᠯᠰᠠᠨ ᠯᠢᠶᠠᠩᠵᠸᠦ ᠶᠢᠨ ᠭᠠᠵᠠᠷ ᠬᠦᠷᠴᠦ ᠢᠷᠡᠬᠦ ᠳᠤ ᠫᠠᠭᠪᠠ ᠪᠠᠷ᠎ᠠ ᠪᠣᠯᠵᠤ ᠢᠷᠡᠪᠡ᠃ ᠳᠠᠷᠠᠭ᠎ᠠ ᠵᠢᠯ ᠨᠢ 1247 ᠣᠨ ᠤ ᠴᠠᠭᠠᠨ ᠰᠠᠷ᠎ᠠ ᠳᠤ ᠭᠦᠳᠠᠨ ᠨᠣᠶᠠᠨ ᠤᠮᠠᠷ᠎ᠠ ᠠᠴᠠ ᠪᠤᠴᠠᠵᠤ ᠢᠷᠡᠭᠡᠳ ᠭᠦᠩᠭᠠᠵᠠᠯᠰᠠᠨ ᠢ ᠠᠪᠴᠣ ᠠᠭᠤᠯᠵᠠᠬᠤ ᠳᠤ ᠫᠠᠭᠪᠠ ᠪᠠᠶᠢᠯᠴᠠᠭᠰᠠᠨ ᠪᠦᠭᠡᠳ ᠰᠠᠶ᠋ᠢ 13 ᠨᠠᠰᠤᠲᠠᠢ ᠪᠠᠶᠢᠪᠠ᠃ ᠡᠨᠡ ᠥᠶ᠎ᠡ ᠠᠴᠠ ᠡᠬᠢᠯᠡᠭᠡᠳ᠂ 1280 ᠣᠨ ᠳᠤ 45 ᠨᠠᠰᠤᠲᠠᠢ ᠨᠠᠰᠤ ᠪᠠᠷᠠᠲᠠᠯ᠎ᠠ ᠲᠡᠷᠡ ᠪᠠᠷ ᠮᠣᠩᠭᠤᠯ ᠶᠡᠭᠡ ᠭᠦᠷᠦᠨ ᠪᠠ ᠲᠠᠶᠢᠶᠤᠸᠠᠨ ᠤᠯᠤᠰ ᠤᠨ ᠲᠥᠷᠥ ᠱᠠᠰᠢᠨ ᠬᠤᠶᠠᠷ ᠲᠠᠢ ᠨᠢᠭᠲᠠ ᠬᠠᠷᠢᠴᠠᠭ᠎ᠠ ᠬᠤᠯᠪᠤᠭ᠎ᠠ ᠲᠠᠢ ᠪᠠᠶᠢᠵᠠᠢ᠃     ᠫᠠᠭᠪᠠ ᠯᠢᠶᠠᠩᠵᠸᠦ ᠳᠤ ᠢᠷᠡᠭᠰᠡᠨ ᠤ ᠪᠠᠨ ᠳᠠᠷᠠᠭ᠎ᠠ ᠵᠢᠯ ᠠᠴᠠ ᠶᠡᠭᠡ ᠠᠪᠠᠭ᠎ᠠ ᠭᠦᠩᠭᠠᠵᠠᠯᠰᠠᠨ ᠠᠴᠠ ᠪᠠᠨ ᠴᠢᠨᠠᠭᠰᠢ ᠰᠡᠵᠡ ᠶᠢᠨ ᠶᠣᠰᠤᠨ ᠤ ᠨᠢᠭᠤᠴᠠ ᠣᠪᠢᠳᠠᠰ ᠪᠠ ᠲᠠᠪᠤᠨ ᠤᠬᠠᠭᠠᠨ ᠢ ᠰᠤᠷᠪᠠ᠃ ᠮᠣᠩᠭᠤᠯ ᠤᠨ ᠳᠡᠭᠡᠳᠦ ᠳᠠᠪᠬᠤᠷᠭᠠᠲᠠᠨ ᠲᠠᠢ ᠠᠭᠤᠯᠵᠠᠵᠦ ᠣᠶᠢᠷᠠᠳᠬᠤ ᠶᠠᠪᠤᠴᠠ ᠳᠤ ᠮᠣᠩᠭᠤᠯ᠂ ᠬᠢᠲᠠᠳ᠂ ᠲᠥᠪᠡᠳ ᠭᠤᠷᠪᠠᠨ ᠦᠨᠳᠦᠰᠦᠲᠡᠨ ᠤ ᠬᠤᠭᠤᠷᠤᠨᠳᠤᠬᠢ ᠬᠠᠷᠢᠴᠠᠭ᠎ᠠ ᠬᠤᠯᠪᠣᠭ᠎ᠠ᠂ ᠲᠤᠬᠠᠢ ᠶᠢᠨ ᠥᠶ᠎ᠡ ᠶᠢᠨ ᠴᠠᠭ ᠤᠨ ᠪᠠᠶᠢᠳᠠᠯ ᠶᠢ ᠪᠠᠰᠠ ᠨᠡᠯᠢᠶᠡᠳ ᠣᠶᠢᠯᠠᠭᠠᠵᠦ ᠮᠡᠳᠡᠬᠦ ᠪᠣᠯᠵᠠᠢ᠃ 1251 ᠣᠨ ᠳᠤ ᠭᠦᠩᠭᠠᠵᠠᠯᠰᠠᠨ ᠪᠣᠯᠣᠨ ᠭᠦᠲᠠᠨ ᠨᠣᠶᠠᠨ ᠪᠦᠷ ᠨᠠᠰᠤ ᠨᠦᠭᠴᠢᠪᠡ᠃ ᠰᠡᠵᠡ ᠪᠠᠨᠳᠢᠳᠠ ᠭᠦᠩᠭᠠᠵᠠᠯᠰᠠᠨ ᠨᠠᠰᠤ ᠨᠥᠭᠴᠢᠬᠦ ᠠᠴᠠ ᠪᠠᠨ ᠡᠮᠦᠨ᠎ᠡ ᠫᠠᠭᠪᠠ ᠯᠠᠮᠠ ᠳᠤ ︽ᠱᠠᠰᠢᠨ ᠤ ᠦᠬᠦᠷᠭᠡ ᠶᠢ ᠦᠬᠦᠷᠡᠵᠦ ᠴᠢᠳᠠᠬᠤ ᠭᠡᠮᠡᠨ ᠠᠶᠢᠯᠠᠳᠴᠤ ᠨᠣᠮ ᠤᠨ ᠯᠠᠪᠠᠢ ᠬᠢᠭᠡᠳ ᠪᠠᠳᠢᠷ ᠠᠶᠠᠭ᠎ᠠ ᠲᠡᠷᠢᠭᠦᠲᠡᠨ ᠢᠶᠠᠨ ᠰᠣᠶᠣᠷᠬᠠᠵᠦ︾᠂ ︽ᠱᠠᠰᠢᠨ ᠢ ᠲᠤᠰᠢᠶᠠᠭᠰᠠᠨ ᠪᠤᠯᠠᠢ︾ ᠭᠡᠵᠦ ︽ᠫᠠᠭᠪᠠ ᠯᠠᠮᠠ ᠶᠢᠨ ᠲᠤᠭᠤᠵᠢ︾ ᠲᠤ ᠲᠡᠮᠳᠡᠭᠯᠡᠵᠦ ᠪᠤᠢ᠃ ᠲᠡᠷᠡ ᠵᠢᠯ ᠫᠠᠭᠪᠠ 17 ᠨᠠᠰᠤᠲᠠᠢ ᠪᠠᠶᠢᠪᠠ᠃ ᠡᠨᠡ ᠦᠶ᠎ᠡ ᠠᠴᠠ ᠡᠬᠢᠯᠡᠵᠦ ᠫᠠᠭᠪᠠ ᠯᠠᠮᠠ ᠰᠡᠵᠡ ᠶᠢᠨ ᠶᠣᠰᠤᠨ ᠤ ᠲᠦᠷᠦᠭᠦᠦ ᠯᠠᠮᠠ ᠶᠢᠨ ᠬᠤᠪᠢ ᠪᠠᠷ ᠶᠡᠭᠡ ᠮᠣᠩᠭᠤᠯ ᠤᠯᠤᠰ ᠤᠨ ᠬᠠᠭᠠᠨ᠂ ᠨᠣᠶᠠᠳ ᠲᠠᠢ ᠠᠭᠤᠯᠵᠠᠵᠦ ᠲᠥᠷᠥ ᠱᠠᠰᠢᠨ ᠤ ᠶᠠᠪᠤᠳᠠᠯ ᠢ ᠵᠦᠪᠳᠡᠯᠴᠡᠬᠦ ᠪᠣᠯᠪᠠ᠃ ᠶᠠᠭᠤᠨ ᠤ ᠡᠮᠦᠨ᠎ᠡ 1251 ᠣᠨ ᠳᠤ ᠬᠤᠪᠢᠯᠠᠢ ᠴᠡᠷᠢᠭ ᠳᠠᠶᠢᠴᠢᠯᠠᠨ ᠪᠠᠷᠠᠭᠤᠨ ᠡᠮᠦᠨᠡᠰᠢ ᠣᠷᠣᠵᠦ ᠯᠢᠦ ᠫᠠᠨ ᠱᠠᠨ ᠠᠭᠤᠯᠠᠨ ᠳᠤ ᠬᠦᠷᠦᠭᠡᠳ ᠭᠦᠳᠠᠨ ᠨᠣᠶᠠᠨ ᠤ ᠳᠡᠷᠭᠡᠳᠡ ᠡᠯᠴᠢ ᠲᠣᠮᠢᠯᠠᠨ ᠰᠡᠵᠡ ᠪᠠᠨᠳᠢᠳᠠ ᠭᠦᠩᠭᠠᠵᠠᠯᠰᠠᠨ ᠢ ᠵᠠᠯᠠᠭᠰᠠᠨ ᠪᠣᠯᠪᠠᠴᠣ ᠭᠦᠩᠭᠠᠵᠠᠯᠰᠠᠨ ᠨᠠᠰᠤ ᠦᠨᠳᠦᠷ ᠪᠡᠶ᠎ᠡ ᠮᠠᠭᠤ ᠪᠠᠶᠢᠭᠰᠠᠨ ᠤᠴᠢᠷ ᠫᠠᠭᠪᠠ ᠶᠢ ᠣᠷᠣᠨ ᠳᠠᠭᠠᠨ ᠶᠠᠪᠤᠭᠤᠯᠪᠠ᠃ ᠢᠩᠭᠢᠭᠡᠳ ᠫᠠᠭᠪᠠ ᠯᠠᠮᠠ ᠬᠤᠪᠢᠯᠠᠢ ᠲᠠᠢ ᠠᠩᠬᠠᠳᠤᠭᠠᠷ ᠤᠳᠠᠭ᠎ᠠ ᠠᠭᠤᠯᠵᠠᠭᠰᠠᠨ ᠪᠠᠶᠢᠨ᠎ᠠ᠃ ᠳᠠᠷᠠᠭ᠎ᠠ ᠨᠢ 1253 ᠣᠨ ᠳᠤ ᠫᠠᠭᠪᠠ ᠯᠠᠮᠠ ᠬᠤᠪᠢᠯᠠᠢ ᠲᠠᠢ ᠬᠤᠶᠠᠳᠠᠬᠢ ᠤᠳᠠᠭ᠎ᠠ ᠪᠠᠨ ᠠᠭᠤᠯᠵᠠᠬᠤ ᠳᠤ ᠬᠤᠪᠢᠯᠠᠢ ᠪᠡᠶ᠎ᠡ ᠪᠠᠷ ᠢᠶᠠᠨ ᠲᠡᠷᠢᠭᠦᠯᠡᠨ 25 ᠬᠦᠮᠦᠨ ᠡᠾᠢ ᠸᠠᠵᠷ᠎ᠠ ᠶᠢᠨ ᠠᠪᠢᠰᠢᠭ ᠠᠪᠴᠤ ᠲᠥᠪᠡᠳ ᠤᠨ ᠪᠤᠷᠬᠠᠨ ᠱᠠᠰᠢᠨ ᠤ ᠶᠣᠰᠣᠨ ᠳᠤ ᠬᠦᠨᠳᠦᠯᠡᠯ ᠭᠦᠢᠴᠡᠳᠭᠡᠪᠡ᠃     1257 ᠣᠨ ᠳᠤ᠂ ᠮᠦᠩᠬᠡ ᠬᠠᠭᠠᠨ ᠤ ᠵᠠᠷᠯᠢᠭ ᠢᠶᠠᠷ ᠪᠤᠷᠬᠠᠨ ᠪᠠ ᠪᠤᠮᠪᠤ ᠶᠢᠨ ᠬᠤᠶᠠᠷ ᠱᠠᠰᠢᠨ ᠤ ᠮᠡᠯᠵᠢᠶ᠎ᠡ ᠶᠢ ᠱᠠᠩᠳᠤ ᠬᠤᠲᠠ ᠳᠤ ᠬᠤᠪᠢᠯᠠᠢ ᠵᠣᠬᠢᠶᠠᠨ ᠪᠠᠶᠢᠭᠤᠯᠤᠨ ᠶᠠᠪᠤᠭᠤᠯᠤᠭᠰᠠᠨ ᠳᠤ ᠪᠤᠷᠬᠠᠨ ᠱᠠᠰᠢᠨ ᠤ ᠲᠠᠯ᠎ᠠ ᠢᠯᠠᠪᠠ᠃ ᠡᠭᠦᠨ ᠠᠴᠠ ᠬᠤᠶᠢᠰᠢ᠂ ᠪᠤᠷᠬᠠᠨ ᠱᠠᠰᠢᠨ᠂ ᠪᠤᠮᠪᠤ ᠶᠢᠨ ᠱᠠᠰᠢᠨ᠂ ᠡᠾᠷᠢᠰᠲ᠋ᠤᠰ ᠤᠨ ᠱᠠᠰᠢᠨ᠂ ᠢᠰᠯᠠᠮ ᠤᠨ ᠱᠠᠰᠢᠨ ᠵᠡᠷᠭᠡ ᠣᠯᠠᠨ ᠱᠠᠰᠢᠨ ᠤ ᠳᠤᠮᠳᠠ ᠠᠴᠠ ᠪᠤᠷᠬᠠᠨ ᠱᠠᠰᠢᠨ ᠲᠡᠷᠢᠭᠦᠨ ᠪᠠᠶᠢᠷᠢ ᠳᠤ ᠣᠷᠣᠬᠤ ᠪᠣᠯᠵᠠᠢ᠃ ᠡᠨᠡ ᠤᠳᠠᠭᠠᠨ ᠳᠤ ᠮᠡᠯᠵᠢᠶᠡᠨ ᠳᠤ ᠫᠠᠭᠪᠠ ᠯᠠᠮᠠ ᠣᠷᠤᠯᠴᠠᠭᠰᠠᠨ ᠶᠤᠮ᠃     1260 ᠣᠨ ᠳᠤ ᠶᠡᠭᠡ ᠮᠣᠩᠭᠤᠯ ᠤᠯᠤᠰ ᠤᠨ ᠬᠠᠭᠠᠨ ᠤ ᠰᠠᠭᠤᠷᠢ ᠶᠢ ᠬᠤᠪᠢᠯᠠᠢ ᠵᠠᠯᠭᠠᠮᠵᠢᠯᠠᠪᠠ᠃ ᠡᠨᠡ ᠦᠶ᠎ᠡ ᠠᠴᠠ ᠪᠤᠷᠬᠠᠨ ᠱᠠᠰᠢᠨ ᠤ ᠨᠡᠷ᠎ᠡ ᠬᠦᠨᠳᠦ᠂ ᠪᠠᠶᠢᠷᠢ ᠰᠠᠭᠤᠷᠢ ᠪᠦᠷ ᠦᠨᠳᠦᠷ ᠪᠣᠯᠢᠵᠦ᠂ ᠫᠠᠭᠪᠠ ᠯᠠᠮᠠ ᠳᠤ ᠤᠯᠤᠰ ᠤᠨ ᠭᠦᠦᠰᠢ ᠴᠣᠯᠠ ᠦᠭᠴᠦ᠂ ᠬᠠᠰ ᠲᠠᠮᠠᠭ᠎ᠠ ᠭᠠᠷᠳᠠᠭᠤᠯᠵᠠᠢ᠃ ᠡᠭᠦᠨ ᠢᠶᠠᠷ ᠦᠯᠦ ᠪᠠᠷᠠᠮ ᠂ ᠦᠢ ᠼᠠᠩ ᠤᠨ ᠲᠥᠷᠥ ᠱᠠᠰᠢᠨ ᠤ ᠬᠠᠮᠤᠭ ᠤᠨ ᠳᠡᠭᠡᠳᠦ ᠡᠷᠬᠡ ᠶᠢ ᠫᠠᠭᠪᠠ ᠯᠠᠮᠠ ᠳᠤ ᠲᠤᠰᠢᠶᠠᠵᠦ᠂ ᠲᠥᠪᠡᠳ ᠤᠨ ᠣᠷᠣᠨ ᠨᠤᠲᠤᠭ ᠲᠤ ᠲᠥᠷᠥ ᠪᠠ ᠱᠠᠰᠢᠨ ᠢ ᠬᠤᠣᠰᠯᠠᠭᠰᠠᠨ ᠵᠠᠰᠠᠭ ᠢ ᠠᠩᠬ᠎ᠠ ᠪᠠᠶᠢᠭᠤᠯᠪᠠ᠃     1264 ᠣᠨ ᠳᠤ ᠬᠤᠪᠢᠯᠠᠢ ᠨᠡᠶᠢᠰᠯᠡᠯ ᠢᠶᠠᠨ ᠳᠠᠶᠢᠳᠤ ᠬᠤᠲᠠ ᠳᠤ ᠰᠢᠯᠵᠢᠭᠦᠯᠵᠦ᠂ ᠶᠡᠭᠡ ᠮᠣᠩᠭᠤᠯ ᠤᠯᠤᠰ ᠤᠨ ᠲᠥᠪ ᠤᠨ ᠪᠠᠶᠢᠭᠤᠯᠭ᠎ᠠ ᠳᠤ ᠽᠦᠩ ᠵᠢᠢ ᠶᠤᠸᠠᠨ ᠭᠡᠮᠡᠬᠦ ᠪᠤᠷᠬᠠᠨ ᠱᠠᠰᠢᠨ ᠤ ᠲᠣᠶᠢᠳ ᠪᠠ ᠲᠥᠪᠡᠳ ᠤᠨ ᠶᠠᠪᠤᠳᠠᠯ ᠢ ᠮᠡᠳᠡᠬᠦ ᠶᠠᠮᠤᠨ ᠪᠠᠶᠢᠭᠤᠯᠬᠤ ᠳᠤ ᠪᠠᠨ ᠲᠤᠰ ᠪᠠᠶᠢᠭᠤᠯᠭ᠎ᠠ ᠶᠢᠨ ᠡᠷᠬᠡ ᠮᠡᠳᠡᠯ ᠢ ᠫᠠᠭᠪᠠ ᠳᠤ ᠲᠤᠰᠢᠶᠠᠪᠠ᠃ 1288 ᠣᠨ ᠳᠤ ᠲᠤᠰ ᠪᠠᠶᠢᠭᠤᠯᠭ᠎ᠠ ᠶᠢ ᠰᠢᠤᠸᠠᠨ ᠵᠧᠩ ᠶᠤᠸᠠᠨ ᠪᠣᠯᠭᠠᠪᠠ᠃     1265 ᠣᠨ ᠳᠤ᠂ ᠫᠠᠭᠪᠠ ᠯᠠᠮᠠ ᠲᠥᠪᠡᠳ ᠤᠨ ᠰᠡᠵᠡ ᠬᠡᠶᠢᠳ ᠲᠡᠭᠡᠨ ᠪᠤᠴᠠᠵᠦ᠂ ︽ᠤᠯᠤᠰ ᠤᠨ ᠪᠠᠭᠰᠢ︾ ᠪᠦᠭᠡᠳ ᠰᠡᠵᠡ ᠶᠢᠨ ᠶᠣᠰᠤᠨ ᠤ ᠱᠠᠰᠢᠨ ᠢ ᠪᠠᠷᠢᠭᠴᠢ ᠶᠢᠨ ᠬᠤᠪᠢ ᠪᠠᠷ ᠱᠠᠰᠢᠨ ᠲᠥᠷᠥ ᠶᠢᠨ ᠦᠢᠯᠡ ᠶᠢ ᠶᠡᠭᠡ ᠪᠠᠷ ᠦᠢᠯᠡᠳᠴᠦ ᠠᠰᠤᠷᠤ ᠠᠮᠵᠢᠯᠲᠠ ᠣᠯᠣᠭᠰᠠᠨ ᠠᠵᠢ᠃     ᠫᠠᠭᠪᠠ ᠯᠠᠮᠠ ᠶᠡᠭᠡ ᠮᠣᠩᠭᠤᠯ ᠤᠯᠤᠰ ᠤᠨ ᠬᠠᠭᠠᠨ ᠤ ᠵᠠᠷᠯᠢᠭ ᠢᠶᠠᠷ ᠰᠡᠵᠡ ᠰᠦᠮ᠎ᠡ ᠳᠤ ᠪᠠᠨ ᠪᠤᠴᠠᠭᠠᠳ ᠡᠩ ᠲᠡᠷᠢᠭᠦᠨ ᠳᠤ ᠲᠥᠪᠡᠳ ᠲᠤ ᠪᠠᠶᠢᠭᠰᠠᠨ ᠪᠤᠷᠬᠠᠨ ᠱᠠᠰᠢᠨ ᠤ ᠪᠤᠰᠤᠳ ᠶᠣᠰᠤᠨ ᠤ ᠬᠤᠭᠤᠷᠣᠨᠳᠣᠬᠢ ᠬᠠᠷᠢᠴᠠᠭ᠎ᠠ ᠬᠤᠯᠪᠤᠭ᠎ᠠ ᠶᠢ ᠰᠠᠶᠢᠵᠢᠷᠠᠭᠤᠯᠵᠦ᠂ ᠶᠡᠭᠡ ᠮᠣᠩᠭᠤᠯ ᠤᠯᠤᠰ ᠤᠨ ᠪᠤᠷᠬᠠᠨ ᠱᠠᠰᠢᠨ ᠤ ᠲᠥᠷᠥ ᠶᠢᠨ ᠪᠣᠳᠤᠯᠭ᠎ᠠ ᠶᠢ ᠲᠥᠪᠡᠳ ᠣᠷᠣᠨ ᠳᠤ ᠬᠡᠷᠡᠭᠵᠢᠭᠦᠯᠵᠡᠢ᠃ ᠫᠠᠭᠪᠠ ᠯᠠᠮ᠎ᠠ ᠶᠢᠨ ᠡᠨᠡᠬᠦ ᠦᠢᠯᠡ ᠠᠵᠢᠯᠯᠠᠭ᠎ᠠ ᠨᠢ ᠳᠠᠷᠠᠭᠠᠬᠢ ᠪᠦᠬᠦᠯᠢ ᠶᠤᠸᠠᠨ ᠤ ᠦᠶ᠎ᠡ ᠶᠢᠨ ᠲᠥᠷᠥ᠂ ᠱᠠᠰᠢᠨ ᠤ ᠬᠠᠷᠢᠴᠠᠭ᠎ᠠ ᠳᠤ ᠭᠦᠨ ᠨᠥᠯᠥᠭᠡ ᠦᠵᠡᠭᠦᠯᠵᠡᠢ᠃ ᠲᠥᠷᠥ ᠶᠢᠨ ᠲᠠᠯ᠎ᠠ ᠪᠠᠷ᠂ ᠰᠡᠵᠡ ᠰᠦᠮ᠎ᠡ ᠶᠢᠨ ᠤᠤᠯ ᠤᠨ ᠳ᠋ᠪᠤᠨ ᠴᠧᠨ ︵ᠵᠠᠰᠠᠭ ᠤᠨ ᠨᠣᠶᠠᠨ︶ ᠱᠠᠭᠵᠠᠰᠠᠩᠪᠤ ᠶᠢ ᠳᠡᠭᠡᠭᠰᠢ ᠮᠡᠳᠡᠭᠦᠯᠦᠨ ᠲᠥᠪᠡᠳ ᠣᠷᠣᠨ ᠤ ᠵᠠᠰᠠᠭ ᠤᠨ ᠶᠠᠪᠤᠳᠠᠯ ᠢ ᠮᠡᠳᠡᠬᠦ ᠨᠣᠶᠠᠨ ᠪᠣᠯᠭᠠᠪᠠ᠃ ᠡᠨᠡ ᠦᠶ᠎ᠡ ᠠᠴᠠ ᠡᠬᠢᠯᠡᠵᠦ᠂ ᠲᠥᠪᠡᠳ ᠣᠷᠣᠨ ᠤ ᠲᠥᠷᠥ ᠵᠠᠰᠠᠭ ᠤᠨ ᠶᠠᠪᠣᠳᠠᠯ ᠢ ᠶᠡᠭᠡ ᠮᠣᠩᠭᠤᠯ ᠤᠯᠤᠰ ᠤᠨ ᠬᠠᠭᠠᠨ ᠲᠥᠷᠥ ᠶᠢᠨ ᠲᠣᠮᠢᠯᠠᠭᠰᠠᠨ ᠳ᠋ᠪᠤᠨ ᠴᠧᠨ ᠨᠣᠶᠠᠨ ᠮᠡᠳᠡᠵᠦ᠂ ᠱᠠᠰᠢᠨ ᠤ ᠶᠠᠪᠤᠳᠠᠯ ᠢ ︽ᠤᠯᠤᠰ ᠤᠨ ᠪᠠᠭᠰᠢ︾ ᠮᠡᠳᠡᠬᠦ ᠪᠣᠯᠵᠠᠢ᠃ ᠪᠠᠷᠤᠭ 1268 ᠣᠨ ᠤ ᠦᠶ᠎ᠡ ᠪᠠᠷ ᠬᠤᠪᠢᠯᠠᠢ ᠬᠠᠭᠠᠨ ᠤ ᠵᠠᠷᠯᠢᠭ ᠢᠶᠠᠷ ᠲᠥᠪᠡᠳ ᠣᠷᠣᠨ ᠤ ᠠᠷᠪᠠᠨ ᠭᠤᠷᠪᠠᠨ ᠲᠦᠮᠡᠨ ᠤ ᠨᠣᠶᠠᠳ ᠢ ᠱᠠᠭᠵᠠᠰᠠᠮᠪᠤ ᠲᠣᠮᠢᠯᠠᠨ ᠲᠣᠭᠲᠠᠭᠠᠬᠤ ᠪᠣᠯᠵᠠᠢ᠃ ᠡᠭᠦᠨ ᠠᠴᠠ ᠭᠠᠳᠠᠨ᠎ᠠ᠂ ᠶᠡᠭᠡ ᠮᠣᠩᠭᠤᠯ ᠤᠯᠤᠰ ᠤᠨ ᠲᠥᠷᠥ ᠠᠴᠠ ᠲᠣᠮᠢᠯᠠᠨ ᠢᠷᠡᠭᠦᠯᠦᠭᠰᠡᠨ ᠬᠤᠶᠠᠷ ᠨᠣᠶᠠᠨ ᠤ ᠣᠷᠤᠯᠴᠠᠯᠭ᠎ᠠ ᠲᠠᠢ ᠪᠠᠷ ᠲᠥᠪᠡᠳ ᠣᠷᠣᠨ ᠤ ᠡᠷᠦᠬᠡ ᠠᠮᠠ ᠶᠢᠨ ᠲᠤᠭ᠎ᠠ ᠶᠢ ᠬᠤᠶᠠᠳᠠᠬᠢ ᠤᠳᠠᠭ᠎ᠠ ᠪᠠᠨ ᠪᠦᠷᠢᠳᠭᠡᠵᠦ ᠂ ᠠᠯᠪᠠ ᠭᠠᠶᠢᠯᠢ ᠠᠪᠬᠤ ᠠᠵᠢᠯ ᠢ ᠵᠣᠬᠢᠴᠠᠭᠤᠯᠪᠠ᠃ ᠪᠠᠰᠠ ᠤᠯᠠᠭ᠎ᠠ ᠦᠷᠲᠡᠭᠡ ᠶᠢᠨ ᠳᠦᠷᠢᠮ ᠢ ᠲᠣᠭᠲᠠᠭᠠᠵᠠᠢ᠃     1260 ᠣᠨ ᠳᠤ᠂ ᠬᠤᠪᠢᠯᠠᠢ ᠶᠡᠭᠡ ᠣᠷᠣ ᠰᠠᠭᠤᠵᠦ᠂ ᠫᠠᠭᠪᠠ ᠯᠠᠮᠠ ᠶᠢ ᠤᠯᠤᠰ ᠤᠨ ᠪᠠᠭᠰᠢ ᠡᠷᠭᠦᠮᠵᠢᠯᠡᠵᠦ᠂ ᠬᠠᠰ ᠲᠠᠮᠠᠭ᠎ᠠ ᠰᠣᠶᠣᠷᠬᠠᠭᠰᠠᠨ ᠲᠡᠷᠡ ᠦᠶ᠎ᠡ ᠳᠤ ᠮᠣᠩᠭᠤᠯ ᠤᠨ ᠰᠢᠨ᠎ᠡ ᠦᠰᠦᠭ ᠲᠤᠭᠤᠷᠪᠢᠨ ᠪᠦᠲᠦᠭᠡ ᠭᠡᠰᠡᠨ ᠵᠠᠷᠯᠢᠭ ᠪᠠᠭᠤᠯᠭᠠᠭᠰᠠᠨ ᠪᠠᠶᠢᠪᠠ᠃ 1269 ᠣᠨ ᠳᠤ᠂ ᠫᠠᠭᠪᠠ ᠯᠠᠮᠠ ᠰᠢᠨ᠎ᠡ ᠦᠰᠦᠭ - ᠲᠦᠷᠪᠡᠯᠵᠢᠨ ᠦᠰᠦᠭ ᠢ ᠪᠣᠯᠪᠠᠰᠤᠷᠠᠭᠤᠯᠤᠭᠠᠳ ᠬᠤᠪᠢᠯᠠᠢ ᠬᠠᠭᠠᠨ ᠳᠤ ᠡᠷᠭᠦᠨ ᠪᠠᠷᠢᠪᠠ᠃ ᠮᠦᠨ 1269 ᠣᠨ ᠳᠤ ᠬᠤᠪᠢᠯᠠᠢ ᠬᠠᠭᠠᠨ ᠵᠠᠷᠯᠢᠭ ᠪᠠᠭᠤᠯᠭᠠᠨ ᠮᠣᠩᠭᠤᠯ ᠰᠢᠨ᠎ᠡ ᠦᠰᠦᠭ ︵ᠳᠦᠷᠪᠡᠯᠵᠢᠨ ᠦᠰᠦᠭ︶ ᠢ ᠵᠢᠩᠬᠢᠨᠢ ᠪᠠᠷ ᠲᠤᠩᠬᠠᠭᠯᠠᠨ ᠶᠠᠪᠤᠭᠤᠯᠪᠠ᠃ 1270 ᠣᠨ ᠳᠤ᠂ ᠬᠤᠪᠢᠯᠠᠢ ᠬᠠᠭᠠᠨ ᠫᠠᠭᠪᠠ ᠯᠠᠮᠠ ᠶᠢ ᠬᠠᠭᠠᠨ ᠤ ᠪᠠᠭᠰᠢ ᠡᠷᠭᠦᠮᠵᠢᠯᠡᠵᠦ᠂ ︽ᠲᠡᠭᠷᠢ ᠶᠢᠨ ᠳᠣᠣᠷ᠎ᠠ᠂ ᠭᠠᠵᠠᠷ ᠤᠨ ᠳᠡᠭᠡᠷ᠎ᠡ᠂ ᠡᠨᠡᠳᠭᠡᠭ ᠪᠤᠷᠬᠠᠨ ᠤ ᠬᠦᠪᠡᠭᠦᠨ᠂ ᠬᠤᠪᠢᠯᠭᠠᠨ ᠪᠤᠷᠬᠠᠨ᠂ ᠦᠰᠦᠭ ᠢ ᠲᠤᠬᠤᠷᠪᠢᠭᠴᠢ᠂ ᠳᠡᠯᠡᠬᠡᠢ ᠳ᠋ᠠᠬᠢᠨ ᠢ ᠡᠩᠬᠡᠵᠢᠭᠦᠯᠦᠭᠴᠢ᠂ ᠲᠠᠪᠤᠨ ᠤᠬᠠᠭᠠᠨ ᠤ ᠣᠷᠣᠨ ᠢ ᠣᠬᠠᠭᠰᠠᠨ ᠪᠠᠨᠳᠢᠳᠠ ᠫᠠᠭᠪᠠ ᠳ᠋ᠢᠱᠢᠷᠢ︾ ᠭᠡᠮᠡᠬᠦ ᠴᠣᠯᠠ ᠬᠠᠶᠢᠷᠠᠯᠠᠪᠠ᠃     1269 ᠣᠨ ᠠᠴᠠ 1273 ᠣᠨ ᠪᠣᠯᠲᠠᠯ᠎ᠠ ᠬᠤᠪᠢᠯᠠᠢ ᠬᠠᠭᠠᠨ᠂ ᠫᠠᠭᠪᠠ ᠯᠠᠮᠠ ᠪᠠᠷ ᠽᠦᠩ ᠵᠢᠢ ᠶᠤᠸᠠᠨ ᠤ ᠠᠵᠢᠯ ᠢ ᠬᠢᠯᠭᠡᠵᠦ᠂ ᠲᠥᠪᠡᠳ ᠤᠨ ᠰᠡᠵᠡ ᠶᠢᠨ ᠵᠠᠰᠠᠭ ᠤᠨ ᠠᠵᠢᠯ ᠢ ᠱᠠᠭᠵᠠᠰᠠᠩᠪᠤ ᠳᠤ ᠦᠭᠭᠦᠭᠰᠡᠨ ᠪᠠᠶᠢᠪᠠ᠃ 1274 ᠣᠨ ᠳᠤ᠂ ᠫᠠᠭᠪᠠ ᠯᠠᠮᠠ ᠠᠴᠠ ᠲᠥᠪᠡᠳ ᠲᠤ ᠪᠠᠨ ᠪᠣᠴᠠᠶ᠎ᠠ ᠭᠡᠬᠦ ᠳᠤ ᠬᠤᠪᠢᠯᠠᠢ ᠬᠠᠭᠠᠨ ᠲᠡᠭᠦᠨ ᠢ ᠬᠤᠷᠢᠭᠯᠠᠭᠰᠠᠨ ᠦᠭᠡᠢ᠂ ᠬᠠᠷᠢᠨ ᠳᠡᠭᠦᠦ ᠷᠢᠨᠴᠢᠨᠵᠠᠯᠰᠠᠨ ᠢᠶᠠᠷ ᠫᠠᠭᠪᠠ ᠶᠢᠨ ᠠᠵᠢᠯ ᠢ ᠣᠷᠤᠯᠠᠭᠤᠯᠵᠦ᠂ ᠴᠡᠷᠢᠭ ᠲᠣᠮᠢᠯᠠᠨ ᠫᠠᠭᠪᠠ ᠶᠢ ᠰᠡᠵᠡ ᠰᠦᠮ᠎ᠡ ᠳᠤ ᠬᠦᠷᠭᠡᠪᠡ᠃ ᠫᠠᠭᠪᠠ ᠲᠥᠪᠡᠳ ᠲᠡᠭᠡᠨ ᠪᠤᠴᠠᠭᠰᠠᠨ ᠤ ᠳᠠᠷᠠᠭ᠎ᠠ 1277 ᠣᠨ ᠳᠤ ᠥᠪᠡᠳᠡᠭᠰᠢ ᠶᠡᠭᠡ ᠨᠣᠮ ᠤᠨ ᠬᠤᠷᠠᠯ ᠬᠢᠬᠦ ᠳᠤ 8 ᠲᠦᠮᠡ ᠭᠠᠷᠤᠢ ᠬᠦᠮᠦᠨ ᠴᠤᠭᠯᠠᠷᠠᠭᠰᠠᠨ ᠭᠡᠳᠡᠭ᠃ ᠲᠥᠪᠡᠳ ᠤᠨ ᠲᠣᠭᠠᠯᠠᠯ ᠢᠶᠠᠷ ᠲᠠᠪᠤᠳᠤᠭᠠᠷ ᠰᠠᠶᠢᠲᠤᠷ ᠭᠠᠷᠤᠭᠰᠠᠨ ᠤ ᠲᠡᠮᠦᠷ ᠯᠤᠤ ᠵᠢᠯ ︵1280︶᠂ ᠫᠠᠭᠪᠠ ᠯᠠᠮᠠ 45 ᠨᠠᠰᠤᠲᠠᠢ ᠳᠤ ᠪᠠᠨ ᠰᠡᠵᠡ ᠶᠢᠨ ᠰᠦᠮ᠎ᠡ ᠳᠤ ᠪᠠᠨ ᠨᠠᠰᠤ ᠨᠥᠭᠴᠢᠪᠡ᠃ ᠬᠤᠪᠢᠯᠠᠢ ᠬᠠᠭᠠᠨ ᠡᠭᠦᠨ ᠢ ᠰᠣᠨᠤᠰᠤᠭᠠᠳ ᠲᠤᠶᠢᠯ ᠤᠨ ᠶᠡᠭᠡ ᠪᠠᠷ ᠭᠠᠰᠢᠭᠤᠳᠠᠵᠦ ᠤᠷᠲᠤ ᠴᠤᠯᠠ ᠨᠡᠬᠡᠮᠵᠢᠯᠡᠨ ᠰᠣᠶᠣᠷᠬᠠᠵᠦ ᠲᠡᠭᠦᠨ ᠢ ᠬᠦᠨᠳᠦᠳᠭᠡᠵᠦ ᠪᠠᠶᠢᠭᠰᠠᠨ ᠰᠡᠳᠬᠢᠯ ᠢᠶᠠᠨ ᠢᠯᠡᠳᠭᠡᠪᠡ᠃ ᠬᠤᠪᠢᠯᠠᠢ ᠬᠠᠭᠠᠨ ᠠᠴᠠ ᠬᠤᠶᠢᠰᠢ ᠲᠠᠶᠢᠶᠤᠸᠠᠨ ᠤᠯᠤᠰ ᠤᠨ ᠬᠠᠭᠠᠳ ᠰᠦᠮ᠎ᠡ ᠪᠠᠷᠢᠵᠦ ᠫᠠᠭᠪᠠ ᠯᠠᠮᠠ ᠶᠢ ᠳᠠᠬᠢᠵᠦ ᠪᠠᠶᠢᠭᠰᠠᠨ ᠪᠤᠶᠤ ᠬᠦᠷᠦᠭ ᠢ ᠨᠢ ᠵᠢᠷᠣᠬᠤ᠂ ᠱᠤᠭᠤᠬᠤ ᠵᠡᠷᠭᠡ ᠪᠠᠷ ᠥᠷᠭᠡᠨ ᠣᠯᠠᠨ ᠤ ᠳᠤᠮᠳᠠ ᠲᠠᠬᠢᠭᠤᠯᠵᠦ ᠪᠠᠶᠢᠪᠠ᠃     ᠫᠠᠭᠪᠠ ᠯᠠᠮᠠ ᠲᠠᠶᠢᠶᠤᠸᠠᠨ ᠤᠯᠤᠰ ᠤᠨ ᠵᠠᠰᠠᠭ ᠤᠨ ᠭᠠᠵᠠᠷ ᠲᠤ ᠣᠷᠴᠢᠭᠤᠯᠭ᠎ᠠ ᠶᠢᠨ ᠪᠠᠶᠢᠭᠤᠯᠭ᠎ᠠ ᠭᠠᠷᠭᠠᠵᠦ᠂ ᠱᠠᠪᠢ ᠨᠠᠷ ᠢᠶᠠᠨ ᠳᠠᠭᠠᠭᠤᠯᠵᠦ᠂ ᠰᠠᠨᠰᠺᠷᠢᠲ ᠬᠡᠯᠡᠨ ᠠᠴᠠ ᠡᠳᠦᠢ ᠲᠡᠳᠦᠢ ᠨᠣᠮ ᠰᠤᠳᠤᠷ ᠣᠷᠴᠢᠭᠤᠯᠤᠭᠰᠠᠨ ᠠᠴᠠ ᠭᠠᠳᠠᠨ᠎ᠠ᠂ ᠦᠪᠡᠷ ᠢᠶᠠᠨ 30 ᠭᠠᠷᠤᠢ ᠨᠣᠮ ᠢ ᠵᠣᠬᠢᠶᠠᠨ ᠪᠦᠲᠦᠭᠡᠭᠰᠡᠨ ᠪᠠᠶᠢᠪᠠ᠃ ︽ᠫᠠᠭᠪᠠ ᠯᠠᠮᠠ ᠶᠢᠨ ᠲᠤᠭᠤᠵᠢ︾ ᠶᠢᠨ 16 ᠳ᠋ᠤᠭᠠᠷ ᠪᠦᠯᠦᠭ ᠲᠤ ︽ᠫᠠᠭᠪᠠ ᠪᠯᠠᠮ᠎ᠠ ᠶᠢᠨ ᠭᠠᠶᠢᠬᠠᠮᠰᠢᠭ ᠰᠠᠶᠢᠨ ᠵᠣᠬᠢᠶᠠᠩᠭᠤᠢ ᠶᠢᠨ ᠭᠠᠷᠴᠠᠭ ᠠᠨᠤ︾ ᠭᠡᠵᠦ ᠭᠠᠷᠴᠠᠭ ᠲᠠᠯᠪᠢᠭᠠᠳ ᠤᠨ ᠵᠣᠬᠢᠶᠠᠭᠰᠠᠨ ᠵᠣᠬᠢᠶᠠᠯ ᠢ ᠲᠦᠷᠦᠯ ᠬᠤᠪᠢᠶᠠᠨ ᠲᠠᠨᠢᠯᠴᠠᠭᠤᠯᠪᠠ᠃
ᠢᠷᠡᠯᠲᠡ᠄ ︽ᠴᠢᠩᠬᠢᠰ ᠬᠠᠭᠠᠨ ᠠᠴᠠ ᠬᠤᠪᠢᠯᠠᠢ ᠬᠦᠷᠳᠡᠯᠡᠬᠢ ᠵᠠᠭᠤᠨ ᠬᠦᠮᠦᠨ ᠤ ᠳᠣᠪᠴᠢ ᠨᠠᠮᠳᠠᠷ︾ ᠨᠣᠮ ᠠᠴᠠ