ᠴᠢᠩᠬᠢᠰ ᠬᠠᠭᠠᠨ ᠤ ᠳᠦᠷᠪᠡᠨ ᠬᠠᠳᠤᠨ — ᠪᠦᠷᠳᠡ ᠬᠠᠲᠤᠨ
ᠨᠡᠶᠢᠲᠡᠯᠡᠭᠰᠡᠨ ᠴᠠᠭ᠄
2023/1/24
      ᠪᠦᠷᠳᠡ ᠬᠠᠳᠤᠨ ᠢ ᠪᠠᠰᠠ ᠪᠦᠷᠳᠡ ᠦᠵᠢᠨ ᠬᠡᠳᠡᠭ᠃ ᠪᠦᠷᠳᠡ ᠪᠤᠯ ᠴᠢᠩᠬᠢᠰ ᠬᠠᠭᠠᠨ ᠤ ᠠᠪᠠᠯᠢ ᠡᠬᠡᠨᠠᠷ᠂ ᠬᠤᠩᠬᠢᠷᠠᠳ ᠠᠶᠢᠮᠠᠭ ᠤᠨ ᠳ᠋ᠠᠢ ᠰᠡᠴᠡᠨ ᠤ ᠦᠬᠢᠨ᠃ ᠴᠢᠩᠬᠢᠰ ᠬᠠᠭᠠᠨ ᠤ ᠨᠠᠰᠤᠨ ᠳᠤᠷᠰᠢ ᠶᠢᠨ ᠦᠨᠡᠨᠴᠢ ᠬᠠᠨᠢ᠂ ᠳᠦᠷᠦ ᠶᠢᠨ ᠳᠦᠷᠪᠡᠨ ᠬᠠᠳᠤᠨ ᠤ ᠮᠠᠩᠯᠠᠢ᠂ ᠳᠤᠳᠤᠨᠤ ᠵᠦᠪᠯᠡᠭᠴᠢ ᠨᠢ ᠮᠦᠨ᠃ 1161 ᠤᠨ ᠳᠤ ᠮᠡᠨᠳᠦᠯᠡᠵᠦ ᠴᠢᠩᠬᠢᠰ ᠬᠠᠭᠠᠨ ᠠᠴᠠ ᠨᠢᠬᠡ ᠨᠠᠰᠤ ᠠᠬ᠎ᠠ ᠪᠠᠶᠢᠵᠦ᠂ ᠴᠠᠭᠠᠭᠴᠢᠨ ᠮᠤᠭᠠᠢ ᠵᠢᠯ ᠲᠠᠢ᠃       1170 ᠤᠨ ᠳᠤ ᠳᠡᠮᠦᠵᠢᠨ ᠢ ᠶᠢᠰᠦᠨ ᠨᠠᠰᠤ ᠲᠠᠢ ᠦᠶ᠎ᠡ ᠳᠤ ᠶᠢᠰᠦᠬᠡᠢ ᠪᠠᠭᠠᠳᠤᠷ ᠡᠴᠢᠬᠡ ᠨᠢ ᠬᠦᠪᠡᠬᠦᠨ ᠢᠶᠠᠨ ᠳᠠᠭᠠᠭᠤᠯᠵᠦ᠂ ᠦᠬᠡᠯᠦᠨ ᠡᠬᠡ ᠶᠢᠨ ᠳᠦᠷᠬᠦᠮ ᠪᠤᠯᠬᠤ ᠤᠯᠬᠤᠨᠤᠳ ᠢᠷᠬᠡᠨ ᠠᠴᠠ ᠦᠬᠢᠨ ᠭᠤᠶᠤᠰᠤ ᠬᠡᠳ ᠶᠠᠪᠤᠵᠠᠢ᠃ ᠶᠠᠪᠤᠭᠰᠠᠭᠠᠷ ᠪᠠᠶᠢᠭᠠᠳ ᠴᠡᠭᠴᠡᠷ᠂ ᠴᠢᠬᠤᠷᠭᠤ ᠬᠡᠳᠡᠭ ᠬᠤᠶᠠᠷ ᠭᠠᠵᠠᠷ ᠤᠨ ᠬᠤᠭᠤᠷᠤᠨᠳᠤ ᠬᠦᠷᠴᠦ ᠴᠤᠷᠭᠤ ᠠᠴᠠ ᠮᠤᠷᠢ ᠪᠠᠨ ᠤᠰᠤᠯᠠᠵᠦ ᠪᠠᠶᠢᠬᠤ ᠳᠤ ᠬᠤᠩᠬᠢᠷᠠᠳ ᠠᠶᠢᠮᠠᠭ ᠤᠨ ᠳ᠋ᠠᠢ ᠰᠡᠴᠡᠨ ᠬᠡᠭᠴᠢ ᠲᠠᠢ ᠠᠭᠤᠯᠵᠠᠪᠠ᠃ ᠳ᠋ᠠᠢ ᠰᠡᠴᠡᠨ ᠶᠢᠰᠦᠬᠡᠢ ᠪᠠᠭᠠᠳᠤᠷ ᠲᠠᠢ ᠤᠴᠠᠷᠠᠵᠦ᠂ ᠬᠦᠪᠡᠬᠦᠨ ᠳᠡᠮᠦᠵᠢᠨ ᠳᠡᠭᠡᠨ ᠪᠡᠷᠢ ᠭᠤᠶᠤᠬᠤ ᠪᠠᠷ ᠶᠠᠪᠤᠵᠦ ᠪᠠᠶᠢᠬᠤ ᠶᠢ ᠨᠢ ᠤᠶᠢᠯᠠᠭᠠᠵᠦ ᠮᠡᠳᠡᠬᠡᠳ ᠢᠩᠬᠢᠵᠦ ᠬᠡᠯᠡᠵᠡᠢ᠄ ︽ᠡᠨᠡ ᠬᠦᠪᠡᠬᠦᠨ ᠴᠢᠨᠢ ᠨᠢᠳᠦᠨ ᠳᠡᠭᠡᠨ ᠭᠠᠯ ᠲᠠᠢ᠂ ᠨᠢᠭᠤᠷ ᠲᠠᠭᠠᠨ ᠬᠡᠷᠡᠯ ᠲᠠᠢ ᠬᠦᠪᠡᠬᠦᠨ ᠪᠤᠶᠤ᠃ ᠪᠢ ᠡᠨᠡ ᠰᠦᠨᠢ ᠴᠠᠭᠠᠨ ᠱᠤᠩᠬᠤᠷ ᠨᠠᠷᠠᠨ ᠰᠠᠷᠠᠨ ᠬᠤᠶᠠᠷ ᠢ ᠠᠳᠬᠤᠨ ᠨᠢᠰᠴᠦ ᠢᠷᠡᠬᠡᠳ ᠮᠢᠨᠤ ᠭᠠᠷ ᠳᠡᠬᠡᠷ᠎ᠡ ᠪᠠᠭᠤᠪᠠ ᠬᠡᠵᠦ ᠵᠡᠬᠦᠳᠦᠯᠡᠪᠡ᠃ ᠨᠠᠷᠠᠨ ᠰᠠᠷᠠᠨ ᠨᠢ ᠦᠵᠡᠭᠳᠡᠵᠦ ᠬᠠᠷᠠᠭᠳᠠᠳᠠᠭ ᠪᠤᠯᠪᠠᠴᠤ ᠱᠤᠩᠬᠤᠷ ᠰᠢᠪᠠᠭᠤᠨ‌ᠠᠳᠬᠤᠨ ᠢᠷᠡᠭᠰᠡᠨ ᠨᠢ ᠶᠠᠮᠠᠷ ᠰᠠᠶᠢᠨ ᠳᠤᠬᠢᠶᠠᠯ ᠪᠤᠯᠬᠤ ᠪᠤᠶᠤ ᠬᠡᠵᠦ ᠪᠢᠳᠡ ᠬᠡᠯᠡᠯᠴᠡᠵᠡᠬᠡᠭᠰᠡᠨ ᠶᠤᠮ᠃ ᠱᠤᠩᠬᠤᠷ ᠰᠢᠪᠠᠭᠤᠨ ᠪᠤᠯ ᠳᠠᠨ ᠤ ᠬᠢᠶᠠᠳ ᠢᠷᠬᠡᠨ ᠤ ᠰᠦᠯᠳᠡ ᠪᠤᠯᠬᠤ ᠳᠤᠯᠠ ᠶᠢᠰᠦᠬᠡᠢ ᠬᠤᠳᠠ ᠲᠠ ᠬᠦᠪᠡᠬᠦᠨ ᠢᠶᠠᠨ ᠳᠠᠭᠠᠭᠤᠯᠤᠨ ᠢᠷᠡᠭᠰᠡᠨ ᠨᠢ ᠡᠨᠡᠬᠦ ᠪᠡᠯᠬᠡ ᠪᠤᠯᠪᠠ︾ ᠬᠡᠵᠡᠢ᠃ ᠳ᠋ᠠᠢ ᠰᠡᠴᠡᠨ᠄ ︽ᠨᠤᠭᠤᠨ ᠬᠦᠪᠡᠬᠦᠳ ᠨᠤᠳᠤᠭ ᠬᠠᠷᠠᠶᠤ᠂ ᠦᠬᠢᠨ ᠬᠦᠪᠡᠬᠦᠳ ᠦᠩᠬᠡ ᠦᠵᠡᠭᠳᠡᠶᠦ᠃ ᠶᠢᠰᠦᠬᠡᠢ ᠬᠤᠳᠠ︕ ᠬᠡᠷ ᠲᠤ ᠮᠢᠨᠢ ᠤᠳᠤᠶ᠎ᠠ᠂ ᠦᠬᠢᠨ ᠮᠢᠨᠢ ᠦᠴᠦᠬᠦᠬᠡᠨ ᠪᠤᠶᠤ᠂ ᠬᠤᠳᠠ ᠦᠵᠡᠳᠦᠬᠡᠢ︕︾ ᠬᠡᠵᠦ ᠬᠡᠷ ᠲᠡᠭᠡᠨ ᠤᠳᠤᠷᠢᠳᠴᠦ ᠪᠠᠭᠤᠯᠭᠠᠪᠠ᠃ ᠶᠢᠰᠦᠬᠡᠢ ᠪᠠᠭᠠᠳᠤᠷ ᠦᠬᠢᠨ ᠢ ᠦᠵᠡᠪᠡᠯ᠂ ᠨᠢᠭᠤᠷ ᠲᠠᠭᠠᠨ ᠬᠡᠷᠡᠯ ᠲᠠᠢ᠂ ᠨᠢᠳᠦᠨ ᠳᠡᠭᠡᠨ ᠭᠠᠯ ᠲᠠᠢ᠂ ᠭᠤᠸ᠎ᠠ ᠬᠡᠬᠡᠨᠴᠢᠷ᠂ ᠴᠤᠭ ᠵᠢᠪᠬᠤᠯᠠᠩ ᠳᠡᠬᠦᠰ ᠪᠦᠷᠢᠨ ᠳᠤᠯᠠ ᠶᠢᠰᠦᠬᠡᠢ ᠪᠠᠭᠠᠳᠤᠷ ᠦᠵᠡᠵᠦ ᠰᠠᠨᠠᠭᠠᠨ ᠳᠤᠨᠢ ᠨᠡᠶᠢᠯᠡᠵᠡᠢ ᠃ ᠳᠡᠷᠡ ᠰᠦᠨᠢ ᠬᠤᠨᠤᠵᠦ᠂ ᠮᠠᠷᠭᠠᠰᠢ ᠳ᠋ᠠᠢ ᠰᠡᠴᠡᠨ ᠠᠴᠠ ᠦᠬᠢᠨ ᠢ ᠨᠢ ᠭᠤᠶᠤᠪᠠᠯ᠂ ᠳ᠋ᠠᠢ ᠰᠡᠴᠡᠨ᠄ ︽ᠤᠯᠠᠨᠳᠠ ᠭᠤᠶᠤᠭᠤᠯᠵᠦ ᠦᠭᠪᠡᠯ ᠳᠡᠬᠡᠵᠢᠯᠡᠭᠳᠡᠬᠦ᠂ ᠴᠦᠬᠡᠨᠳᠡ ᠭᠤᠶᠤᠭᠤᠯᠵᠦ ᠦᠭᠪᠡᠯ ᠳᠤᠷᠤᠮᠵᠢᠯᠠᠭᠳᠠᠬᠤ ᠬᠡᠯ᠎ᠡ᠃ ᠬᠡᠳᠦᠢ ᠳᠡᠶᠢᠨ ᠦᠬᠦᠯᠡᠪᠡᠴᠦ ᠦᠬᠢᠨ ᠬᠦᠮᠦᠨ ᠤ ᠵᠠᠶᠠᠭ᠎ᠠ᠂ ᠳᠦᠷᠦᠭᠰᠡᠨ ᠡᠬᠦᠳᠡᠨ ᠳᠤ ᠦᠳᠡᠯᠬᠦ ᠦᠬᠡᠢ᠃ ᠪᠢᠳᠡ ᠦᠬᠢᠨ ᠢᠶᠠᠨ ᠦᠭᠰᠦ᠃ ᠬᠦᠪᠡᠬᠦᠨ ᠢᠶᠠᠨ ᠮᠦᠨ ᠬᠦᠷᠬᠡᠳ ᠲᠤ ᠳᠠᠯᠪᠢᠵᠦ ᠤᠳ︾ ᠬᠡᠵᠡᠢ᠃ ᠢᠩᠬᠢᠵᠦ ᠪᠦᠷᠳᠡ ᠦᠵᠢᠨ ᠪᠤᠯᠤᠨ ᠳᠡᠮᠦᠵᠢᠨ ᠰᠦᠢ ᠤᠷᠤᠭ ᠳᠤᠭᠳᠠᠵᠠᠢ᠃       1178 ᠤᠨ ᠳᠤ ᠬᠤᠶᠠᠭᠤᠯᠠ ᠬᠤᠷᠢᠮᠯᠠᠵᠠᠢ᠃ ᠬᠤᠷᠢᠮᠯᠠᠭᠠᠳ ᠳᠡᠮᠡᠢ ᠤᠳᠠᠭᠰᠠᠨ ᠦᠬᠡᠢ ᠪᠦᠷᠳᠡ ᠬᠠᠳᠤᠨ ᠮᠡᠷᠬᠢᠳ ᠲᠤ ᠤᠯᠵᠠᠯᠠᠭᠳᠠᠨ ᠤᠴᠢᠵᠦ᠂  ᠮᠡᠷᠬᠢᠳ ᠤᠨ ᠴᠢᠯᠡᠬᠡᠷ ᠪᠦᠬᠡ ᠶᠢᠨ ᠮᠡᠳᠡᠯ ᠳᠤ ᠶᠢᠰᠦᠨ ᠰᠠᠷ᠎ᠠ ᠭᠠᠷᠤᠢ ᠪᠤᠯᠵᠦ᠂ ᠮᠠᠰᠢ ᠵᠤᠪᠠᠭᠤᠷᠢ ᠵᠦᠳᠡᠬᠦᠷᠢ ᠲᠠᠢ ᠠᠮᠢᠳᠤᠷᠠᠯ ᠢ ᠦᠩᠬᠡᠷᠡᠭᠡᠭᠰᠡᠨ ᠪᠠᠶᠢᠨ᠎ᠠ᠃ ᠠᠶᠢᠮᠠᠭ ᠤᠭᠰᠠᠭ᠎ᠠ ᠨᠢ ᠰᠠᠷᠨᠢᠵᠦ᠂ ᠠᠶᠢᠯ ᠬᠡᠷ ᠨᠢ ᠦᠨᠦᠴᠢᠷᠡᠭᠰᠡᠨ ᠬᠦᠴᠢᠷ ᠪᠡᠷᠬᠡ ᠠᠮᠢᠳᠤᠷᠠᠯ ᠢ ᠴᠢᠩᠬᠢᠰ ᠬᠠᠭᠠᠨ ᠲᠠᠢ ᠬᠠᠮᠳᠤ ᠦᠩᠬᠡᠷᠡᠬᠡᠵᠡᠢ᠃ ᠳᠡᠮᠦᠵᠢᠨ ᠤ ᠨᠢᠬᠡ ᠨᠠᠰᠤᠨ ᠤ ᠠᠮᠢᠳᠤᠷᠠᠯ ᠳᠤ ᠪᠦᠷᠳᠡ ᠦᠵᠢᠨ ᠳᠤᠩ ᠴᠢᠬᠤᠯᠠ ᠦᠢᠯᠡᠳᠦᠯ ᠦᠵᠡᠬᠦᠯᠦᠭᠰᠡᠨ ᠪᠠᠶᠢᠳᠠᠭ᠃ ᠡᠬᠦᠨ ᠳᠤ ᠪᠦᠷᠳᠡ ᠬᠠᠳᠤᠨ ᠦᠪᠡᠷ ᠤᠨ ᠬᠡᠷ ᠤᠨ ᠬᠢᠨᠢ ᠬᠦᠷᠬᠡᠭᠰᠡᠨ ᠪᠤᠯᠠᠭᠠᠨ ᠠᠷᠠᠰᠤᠨ ᠳᠠᠬᠤ ᠪᠠᠨ ᠬᠠᠷᠠᠮ ᠦᠬᠡᠢ ᠸᠠᠩ ᠬᠠᠨ ᠳᠤ ᠪᠡᠯᠡᠭ ᠪᠤᠯᠭᠠᠨ ᠬᠦᠷᠬᠡᠵᠦ ᠳᠡᠮᠵᠢᠯᠬᠡ ᠤᠯᠤᠭᠰᠠᠨ ᠪᠠ ᠵᠠᠮᠤᠬ᠎ᠠ ᠶᠢᠨ ᠰᠠᠨᠠᠭ᠎ᠠ ᠶᠢ ᠤᠬᠠᠭᠠᠵᠦ ᠮᠡᠳᠡᠵᠦ ᠴᠢᠩᠬᠢᠰ ᠬᠠᠭᠠᠨ ᠳᠤ ᠰᠠᠨᠠᠭᠤᠯᠤᠭᠰᠠᠨ ᠵᠢᠴᠢ ᠬᠤᠩᠬᠤᠳᠠᠨ ᠤᠪᠤᠭᠳᠠᠨ ᠤ ᠬᠦᠬᠡᠴᠦ ᠪᠦᠬᠡ ᠶᠢᠨ ᠶᠠᠯᠠᠳᠤ ᠠᠵᠢᠯᠯᠠᠭ᠎ᠠ ᠶᠢ ᠢᠯᠠᠴᠢᠯᠡᠨ ᠰᠢᠬᠦᠮᠵᠢᠯᠡᠵᠦ᠂ ᠴᠢᠩᠬᠢᠰ ᠬᠠᠭᠠᠨ ᠳᠤ ᠰᠠᠨᠠᠭᠤᠯᠤᠭᠰᠠᠨ ᠬᠦᠨᠳᠤ ᠴᠢᠬᠤᠯᠠ ᠭᠠᠪᠢᠶ᠎ᠠ ᠵᠡᠷᠬᠡ ᠪᠤᠢ᠃       1265 ᠤᠨ ᠳᠤ ᠬᠤᠪᠢᠯᠠᠢ ᠬᠠᠭᠠᠨ ᠠᠴᠠ ᠪᠦᠷᠳᠡ ᠬᠠᠳᠤᠨ ᠢ ︽  ᠪᠤᠭᠳᠠ ᠶᠢᠨ ᠳᠦᠰᠢᠶ᠎ᠡ ᠬᠡᠬᠡᠨ ᠢᠪᠡᠬᠡᠯᠳᠦ ᠬᠠᠳᠤᠨ︾ ᠬᠡᠮᠡᠨ ᠨᠡᠬᠡᠮᠵᠢᠯᠡᠨ ᠡᠷᠬᠦᠮᠵᠢᠯᠡᠵᠦ ᠳᠡᠬᠡᠳᠦᠰ ᠤᠨ ᠰᠦᠮ᠎ᠡ  ᠳᠡᠭᠡᠨ ᠳᠠᠬᠢᠵᠦ ᠪᠠᠶᠢᠵᠠᠢ᠃ ᠳᠡᠷᠡ ᠪᠤᠯ ᠳᠡᠮᠦᠵᠢᠨ ᠳᠤ ᠠᠪᠴᠤ ᠬᠡᠯᠡᠪᠡᠯ ᠦᠨᠡᠬᠡᠷ ᠬᠦᠴᠦᠨ ᠰᠤᠷᠪᠤᠯᠵᠢ ᠶᠢᠨ ᠬᠢᠨᠢ ᠡᠬᠢ ᠢᠷᠡᠯᠳᠡ ᠨᠢ ᠪᠠᠶᠢᠯ᠎ᠠ᠃ ᠡᠩ ᠳᠡᠷᠢᠬᠦᠨ ᠳᠤ᠂ ᠳᠡᠷᠡ ᠳᠡᠮᠦᠵᠢᠨ ᠳᠤ ᠵᠦᠴᠢ᠂ ᠴᠠᠭᠠᠳᠠᠢ᠂ ᠦᠬᠡᠳᠡᠢ᠂ ᠳᠤᠯᠤᠢ ᠳᠦᠷᠪᠡᠨ ᠬᠠᠨ ᠬᠦᠪᠡᠬᠦᠨ ᠳᠦᠷᠦᠵᠦ ᠦᠭᠭᠦᠭᠰᠡᠨ ᠶᠤᠮ᠃ ᠪᠠᠰᠠ ᠷᠠᠰᠢᠳ᠋ — ᠠᠳ᠋ — ᠳ᠋ᠢᠨ  ᠤ ︽ᠰᠤᠳᠤᠷ ᠤᠨ ᠴᠢᠭᠤᠯᠭᠠᠨ︾ ᠤ ᠳᠡᠮᠳᠡᠭᠯᠡᠯ ᠢ ᠦᠨᠳᠦᠰᠦᠯᠡᠪᠡᠯ᠂ ᠪᠦᠷᠳᠡ ᠠᠴᠠ ᠳᠠᠪᠤᠨ ᠬᠦᠩᠵᠦ ᠲᠠᠢ ᠬᠡᠵᠦ ᠪᠤᠢ᠃ ᠠᠳᠡ ᠤᠨᠴᠠᠭᠠᠶᠢᠯᠠᠨ ᠵᠢᠭᠠᠵᠦ ᠭᠠᠷᠭᠠᠭᠤᠰᠢᠳᠠᠢ ᠨᠢ ᠪᠦᠷᠳᠡ ᠬᠠᠳᠤᠨ ᠪᠤᠳᠠᠳᠤ ᠦᠢᠯᠡ ᠠᠵᠢᠯᠯᠠᠭ᠎ᠠ ᠪᠠᠷ ᠢᠶᠠᠨ ᠳᠡᠮᠦᠵᠢᠨ ᠤ ᠦᠢᠯᠡᠰ ᠲᠤ ᠵᠢᠳᠬᠦᠯ ᠦᠵᠡᠬᠦᠯᠦᠭᠰᠡᠨ ᠠᠴᠠ ᠦᠨᠡᠬᠡᠷ ᠳᠡᠮᠦᠵᠢᠨ ᠤ ᠬᠠᠵᠠᠭᠤ ᠳᠠᠬᠢ ᠭᠤᠤᠯ ᠵᠦᠪᠯᠡᠭᠴᠢ ᠨᠢ ᠮᠦᠨ᠃ ᠳᠡᠮᠦᠵᠢᠨ ᠤ ᠰᠠᠮᠠᠭᠠᠷᠳᠠᠵᠦ ᠪᠠᠶᠢᠬᠤ ᠵᠠᠩᠬᠢᠯᠠᠭ᠎ᠠ ᠶᠢᠨ ᠦᠶ᠎ᠡ ᠳᠤ ᠤᠳᠠᠭ᠎ᠠ ᠪᠦᠷᠢ ᠪᠦᠷᠳᠡ ᠬᠠᠳᠤᠨ ᠰᠤᠷᠭᠤᠭ ᠪᠠᠷ ᠬᠤᠯᠠ ᠤᠨ ᠬᠠᠷᠠᠴᠠ ᠲᠠᠢ ᠪᠠᠷ ᠵᠠᠮ ᠮᠦᠷ ᠢ ᠨᠢ ᠵᠢᠭᠠᠵᠦ ᠦᠭᠭᠦᠭᠰᠡᠨ ᠪᠠᠶᠢᠳᠠᠭ᠃ ᠡᠨᠡ ᠨᠢ ᠳᠡᠮᠦᠵᠢᠨ ᠤ ᠢᠷᠡᠬᠡᠳᠦᠢ ᠶᠢᠨ ᠦᠢᠯᠡᠰ ᠲᠤ ᠮᠠᠰᠢ ᠴᠢᠬᠤᠯᠠ ᠰᠢᠢᠳᠪᠦᠷᠢᠯᠡᠭᠴᠢ ᠦᠢᠯᠡᠳᠦᠯ ᠦᠵᠡᠬᠦᠯᠵᠡᠢ᠃ ᠪᠦᠷᠳᠡ ᠬᠠᠳᠤᠨ ᠤ ᠤᠷᠳᠤ ᠶᠢᠨ ᠳᠤᠬᠠᠢ ︽ᠯᠤ·ᠠᠯᠳᠠᠨ ᠳᠤᠪᠴᠢ︾ ᠳᠤ ︽ᠪᠦᠷᠳᠡᠬᠡᠯᠵᠢᠨ ᠬᠠᠳᠤᠨ ᠤ ᠤᠷᠳᠤ ᠢᠨᠤ ᠬᠦᠷᠦᠢ ᠤᠷᠳᠤ︾ ᠬᠡᠵᠦ᠂ ︽ᠪᠡᠶ᠎ᠡ ᠪᠠᠷ ᠳᠠᠶᠢᠯᠠᠭᠰᠠᠨ ᠳᠡᠮᠳᠡᠭᠯᠡᠯ︾ ᠳᠤ ︽ᠳᠠᠶᠢᠽᠤ ᠬᠠᠭᠠᠨ ᠤ ᠶᠡᠭᠡ ᠤᠷᠳᠤ︾ ᠬᠡᠵᠦ᠂ ︽ᠶᠤᠸᠠᠨ ᠤᠯᠤᠰ ᠤᠨ ᠳᠡᠤᠬᠡ︾  ᠳᠤ ︽ᠬᠡᠷᠦᠯᠦᠨ ᠤ ᠠᠶᠠᠨ ᠤᠷᠳᠤ︾ ᠬᠡᠵᠦ ᠳᠤᠰ ᠳᠤᠰ ᠠᠳᠠᠯᠢ ᠦᠬᠡᠢ ᠳᠡᠮᠳᠡᠭᠯᠡᠵᠡᠢ᠃ ᠪᠦᠷᠳᠡ ᠬᠠᠳᠤᠨ ᠤ ᠨᠠᠰᠤ ᠨᠦᠭᠴᠢᠭᠰᠡᠨ ᠤᠨ ᠤ ᠳᠤᠬᠠᠢ ᠳᠤᠳᠤᠷᠬᠠᠢ ᠳᠡᠮᠳᠡᠭᠯᠡᠯ ᠦᠬᠡᠢ᠃ 
ᠢᠷᠡᠯᠲᠡ᠄ ᠬᠤᠯᠪᠣᠭ᠎ᠠ ᠪᠦᠷᠭᠡ