ᠴᠢᠩᠬᠢᠰ ᠬᠠᠭᠠᠨ ᠤ ᠳᠦᠷᠪᠡᠨ ᠬᠠᠳᠤᠨ — ᠬᠤᠯᠠᠨ ᠬᠠᠲᠤᠨ
ᠨᠡᠶᠢᠲᠡᠯᠡᠭᠰᠡᠨ ᠴᠠᠭ᠄
2023/1/24
      ᠬᠤᠯᠠᠨ ᠬᠠᠳᠤᠨ ᠪᠤᠯ ᠴᠢᠩᠬᠢᠰ ᠬᠠᠭᠠᠨ ᠤ ᠬᠤᠶᠠᠳᠤᠭᠠᠷ ᠬᠠᠳᠤᠨ ᠪᠤᠯᠤᠨ᠎ᠠ᠃ ᠠᠮᠢᠳᠤᠷᠠᠵᠦ ᠪᠠᠶᠢᠭᠰᠠᠨ ᠤᠨ ᠵᠢᠯ ᠤᠨ ᠳᠤᠬᠠᠢ ᠳᠤᠳᠤᠷᠬᠠᠢ ᠳᠡᠮᠳᠡᠭᠯᠡᠯ ᠦᠬᠡᠢ᠃ ᠤᠸᠠᠰ ᠮᠡᠷᠬᠢᠳ ᠤᠨ ᠠᠬᠠᠯᠠᠭᠴᠢ ᠳᠠᠶᠢᠷ ᠤᠰᠤᠨ ᠤ ᠦᠬᠢᠨ᠃ ᠴᠢᠩᠬᠢᠰ ᠬᠠᠭᠠᠨ ᠤ ᠬᠤᠶᠠᠳᠤᠭᠠᠷ ᠤᠷᠳᠤ ᠶᠢᠨ ᠭᠤᠤᠯ ᠬᠠᠳᠤᠨ ᠮᠦᠨ᠃ ᠬᠤᠯᠠᠨ ᠬᠠᠳᠤᠨ ᠤ ᠡᠴᠢᠬᠡ ᠳᠠᠶᠢᠷ ᠤᠰᠤᠨ᠂ ᠤᠳᠤᠶᠢᠳ ᠮᠡᠷᠬᠢᠳ ᠠᠶᠢᠮᠠᠭ ᠤᠨ ᠳᠤᠭᠳᠤᠬ᠎ᠠ ᠪᠠᠬᠢ ᠪᠤᠯᠤᠨ ᠬᠠᠭᠠᠳ ᠮᠡᠷᠬᠢᠳ ᠠᠶᠢᠮᠠᠭ ᠤᠨ ᠬᠠᠭᠠᠳᠠᠢ ᠳᠠᠷᠮᠠᠯᠠ ᠵᠡᠷᠬᠡ ᠬᠠᠮᠳᠤ ᠪᠠᠷ ᠴᠢᠩᠬᠢᠰ ᠬᠠᠭᠠᠨ ᠢ ᠳᠠᠭᠠᠷᠢᠵᠦ᠂ ᠪᠦᠷᠳᠡ ᠦᠵᠢᠨ ᠢ ᠤᠯᠵᠠᠯᠠᠨ ᠠᠪᠠᠴᠢᠭᠰᠠᠨ ᠦᠰᠢᠶ᠎ᠡ ᠲᠠᠢ᠃ 1204 ᠤᠨ ᠤ ᠨᠠᠮᠤᠷ ᠳᠡᠮᠦᠵᠢᠨ ᠬᠠᠷ᠎ᠠ ᠳᠠᠯ᠎ᠠ ᠶᠢᠨ ᠢᠵᠠᠭᠤᠷ ᠤᠨ ᠭᠤᠤᠯ ᠤᠨ ᠳᠡᠬᠡᠳᠦ ᠳᠤᠬᠤᠢ ᠳᠤ ᠮᠡᠷᠬᠢᠳ ᠤᠨ ᠦᠯᠡᠳᠡᠭᠳᠡᠯ ᠬᠦᠴᠦ ᠲᠠᠢ ᠪᠠᠶᠢᠯᠳᠤᠭᠰᠠᠨ ᠪᠠᠶᠢᠨ᠎ᠠ᠃ ᠮᠡᠷᠬᠢᠳ ᠤᠨ ᠦᠯᠡᠳᠡᠭᠳᠡᠯ ᠬᠦᠴᠦᠨ ᠤᠰᠠᠳᠬᠠᠭᠳᠠᠬᠤ ᠤᠶᠢᠷᠠᠳᠤᠬᠤ ᠳᠤ ᠤᠸᠠᠰ ᠮᠡᠷᠬᠢᠳ ᠤᠨ ᠠᠬᠠᠯᠠᠭᠴᠢ ᠳᠠᠶᠢᠷ ᠤᠰᠤᠨ ᠦᠪᠡᠷ ᠤᠨ ᠬᠤᠯᠠᠨ ᠨᠡᠷᠡᠳᠦ ᠦᠬᠢᠨ ᠢᠶᠠᠨ ᠳᠠᠭᠠᠭᠤᠯᠵᠦ᠂ ᠴᠢᠩᠬᠢᠰ ᠬᠠᠭᠠᠨ ᠳᠤ ᠠᠪᠴᠢᠷᠠᠵᠦ ᠦᠵᠡᠬᠦᠯᠵᠦ ᠦᠭᠰᠤ ᠬᠡᠵᠦ ᠠᠶᠢᠰᠤᠬᠤ ᠶᠢᠨ ᠵᠠᠭᠤᠷ᠎ᠠ᠂ ᠴᠡᠷᠢᠭ ᠲᠤ ᠬᠤᠷᠢᠭᠯᠠᠭᠳᠠᠵᠦ ᠪᠠᠶᠢᠭᠠᠳ ᠪᠠᠭᠠᠷᠢᠳᠠᠢ ᠶᠢᠨ ᠨᠠᠶᠠᠭ᠎ᠠ ᠨᠤᠶᠠᠨ ᠲᠠᠢ ᠤᠴᠠᠷᠠᠪᠠ᠃ ᠳᠠᠶᠢᠷ ᠤᠰᠤᠨ᠄ ︽ᠪᠢ ᠡᠨᠡ ᠦᠬᠢᠨ ᠢᠶᠠᠨ ᠴᠢᠩᠬᠢᠰ ᠬᠠᠭᠠᠨ ᠳᠤ ᠦᠵᠡᠬᠦᠯᠰᠦ ᠬᠡᠵᠦ ᠠᠶᠢᠰᠤ︾ ᠬᠡᠪᠡᠯ᠂ ᠨᠠᠶᠠᠭ᠎ᠠ ᠦᠬᠦᠯᠡᠷᠦᠨ᠄ ︽ᠴᠢᠨᠤ ᠦᠬᠢᠨ ᠢ ᠪᠢᠳᠡ ᠬᠠᠮᠳᠤ ᠠᠪᠠᠴᠢᠵᠦ ᠦᠵᠡᠬᠦᠯᠦᠶ᠎ᠡ᠃ ᠴᠢ ᠭᠠᠭᠴᠠᠭᠠᠷ ᠤᠳᠪᠠᠯ ᠰᠠᠮᠠᠭᠤᠨ ᠴᠠᠭ ᠲᠤ ᠴᠡᠷᠢᠭ ᠴᠢᠮ᠎ᠠ ᠶᠢ ᠬᠤᠤᠷᠯᠠᠵᠦ᠂ ᠦᠬᠢᠨ ᠲᠠᠢ ᠴᠢᠨᠢ  ᠪᠠᠨ ᠰᠠᠮᠠᠭᠤᠷᠠᠬᠤ ᠪᠤᠢ᠃ ᠠᠳᠡ ᠭᠤᠷᠪᠠᠨ ᠡᠳᠦᠷ ᠬᠦᠯᠢᠶᠡᠵᠦ ᠪᠠᠶᠢᠭᠠᠷᠠᠢ︾ ᠬᠡᠵᠦ ᠭᠤᠷᠪᠠ ᠬᠤᠨᠤᠭ ᠬᠦᠯᠢᠶᠡᠯᠬᠡᠪᠡ᠃ ᠳᠡᠨᠳᠡ ᠰᠠᠮᠠᠭᠤᠨ ᠦᠩᠬᠡᠷᠡᠭᠰᠡᠨ ᠤ ᠬᠤᠶᠢᠨ᠎ᠠ᠂ ᠨᠠᠶᠠᠭ᠎ᠠ ᠨᠤᠶᠠᠨ ᠬᠤᠯᠠᠨ ᠬᠠᠳᠤᠨ ᠢ ᠳᠠᠶᠢᠷ ᠤᠰᠤᠨ ᠲᠠᠢ ᠬᠠᠮᠳᠤ ᠠᠪᠤᠭᠠᠳ ᠴᠢᠩᠬᠢᠰ ᠬᠠᠭᠠᠨ ᠳᠤ ᠬᠦᠷᠬᠡᠪᠡ᠃ ᠴᠢᠩᠬᠢᠰ ᠬᠠᠭᠠᠨ ᠨᠠᠶᠠᠭ᠎ᠠ ᠳᠤ ᠮᠠᠰᠢ ᠬᠢᠯᠢᠩᠨᠡᠵᠦ᠄ ︽ᠴᠢ ᠶᠠᠭᠠᠬᠢᠨ ᠳᠦᠳᠡᠬᠡᠵᠦ ᠠᠵᠠᠨᠠᠵᠦ ᠪᠠᠶᠢᠪᠠ︖︾ ᠬᠡᠵᠦ ᠴᠢᠩᠭ᠎ᠠ ᠳᠤᠯᠭᠠᠨ ᠠᠰᠠᠭᠤᠵᠦ᠂ ᠵᠠᠰᠠᠭᠯᠠᠨ ᠰᠢᠳᠬᠡᠬᠦ ᠬᠡᠵᠦ ᠪᠠᠶᠢᠬᠤ ᠳᠤ ᠬᠤᠯᠠᠨ ᠬᠠᠳᠤᠨ ᠦᠬᠦᠯᠡᠷᠦᠨ᠄ ︽ᠨᠠᠶᠠᠭ᠎ᠠ ᠢᠳᠬᠠᠨ ᠬᠡᠯᠡᠭᠰᠡᠨ ᠨᠢ᠄ ︿ᠪᠢ ᠴᠢᠩᠬᠢᠰ ᠬᠠᠭᠠᠨ ᠤ ᠶᠡᠭᠡ ᠨᠤᠶᠠᠨ ᠪᠤᠶᠤ᠃ ᠪᠢᠳᠡ ᠬᠠᠮᠳᠤ ᠦᠬᠢᠨ ᠢ ᠴᠢᠨᠢ ᠬᠠᠭᠠᠨ ᠳᠤ ᠦᠵᠡᠬᠦᠯᠦᠶ᠎ᠡ᠃ ᠵᠠᠮ ᠵᠠᠭᠤᠷ᠎ᠠ ᠴᠡᠷᠢᠭ ᠤᠳ ᠰᠠᠮᠠᠭᠤᠷᠠᠵᠦ ᠪᠠᠶᠢᠨ᠎ᠠ﹀ ᠬᠡᠵᠦ ᠢᠳᠬᠠᠪᠠ᠃ ᠬᠡᠷᠪᠡ ᠨᠠᠶᠠᠭ᠎ᠠ ᠨᠤᠶᠠᠨ ᠠᠴᠠ ᠪᠤᠰᠤᠳ ᠴᠡᠷᠢᠭ ᠤᠳ ᠲᠤ ᠤᠴᠠᠷᠠᠭᠰᠠᠨ ᠪᠤᠯ ᠰᠠᠮᠠᠭᠤᠨ ᠳᠤ ᠠᠳᠡᠭᠳᠡᠯ ᠭᠠᠷᠴᠤ ᠮᠡᠳᠡᠨ᠎ᠡ᠃ ᠬᠠᠢ︕ ᠨᠠᠶᠠᠭ᠎ᠠ ᠲᠠᠢ ᠤᠴᠠᠷᠠᠭᠰᠠᠨ ᠶᠠᠪᠤᠳᠠᠯ ᠰᠠᠶᠢᠨ ᠪᠤᠯᠪᠠ᠃ ᠡᠳᠦᠬᠡ ᠬᠠᠭᠠᠨ ᠰᠤᠶᠤᠷᠬᠠᠪᠠᠯ᠂ ᠨᠠᠶᠠᠭ᠎ᠠ ᠠᠴᠠ ᠠᠰᠠᠭᠤᠳᠠᠯ᠎ᠠ ᠳᠡᠭᠷᠢ ᠶᠢᠨ ᠵᠠᠶᠠᠭ᠎ᠠ ᠪᠠᠷ ᠡᠴᠢᠬᠡ ᠡᠬᠡ ᠶᠢᠨ ᠳᠦᠷᠦᠬᠦᠯᠦᠭᠰᠡᠨ ᠪᠡᠶ᠎ᠡ ᠮᠠᠬᠠᠪᠤᠳ ᠠᠴᠠ ᠰᠢᠯᠭᠠᠨ ᠠᠰᠠᠭᠤᠰᠤᠭᠠᠢ︾ ᠬᠡᠵᠦ ᠦᠴᠢᠪᠡ᠃ ᠴᠢᠩᠬᠢᠰ ᠬᠠᠭᠠᠨ ᠬᠤᠯᠠᠨ ᠬᠠᠳᠤᠨ ᠤ ᠦᠬᠡ ᠶᠢ ᠵᠦᠪᠰᠢᠶᠡᠵᠦ᠂ ᠮᠦᠨ ᠡᠳᠦᠷ ᠲᠤ ᠰᠤᠷᠢᠪᠠᠯ ᠬᠤᠯᠠᠨ ᠬᠠᠳᠤᠨ ᠤ ᠦᠴᠢᠯ ᠲᠠᠢ ᠠᠳᠠᠯᠢ ᠪᠤᠯᠪᠠ᠃ ᠴᠢᠩᠬᠢᠰ ᠬᠠᠭᠠᠨ ᠬᠤᠯᠠᠨ ᠬᠠᠳᠤᠨ ᠢ ᠰᠤᠶᠤᠷᠬᠠᠵᠦ ᠳᠠᠭᠠᠯᠠᠪᠠ᠃ ᠨᠠᠶᠠᠭ᠎ᠠ ᠶᠢᠨ ᠦᠬᠡᠰ ᠮᠦᠨ ᠠᠳᠠᠯᠢ ᠳᠤᠯᠠ ᠵᠦᠪᠰᠢᠶᠡᠵᠦ᠄ ︽ᠦᠨᠡᠨ ᠦᠬᠡ ᠲᠠᠢ ᠬᠦᠮᠦᠨ ᠠᠵᠢ᠃ ᠶᠡᠭᠡ ᠦᠢᠯᠡ ᠳᠦᠰᠢᠰᠦ︾ ᠬᠡᠵᠦ ᠰᠤᠶᠤᠷᠬᠠᠪᠠ᠃ ᠡᠶᠢᠨ ᠬᠦ ᠬᠤᠯᠠᠨ ᠬᠠᠳᠤᠨ ᠴᠢᠩᠬᠢᠰ ᠬᠠᠭᠠᠨ ᠤ ᠳᠤᠳᠤᠨᠤᠴᠢᠯᠠᠯ ᠢ ᠨᠡᠩ ᠤᠯᠵᠦ᠂ ᠬᠤᠶᠠᠳᠤᠭᠠᠷ ᠬᠠᠳᠤᠨ ᠨᠢ ᠪᠤᠯᠵᠠᠢ᠃       1219 ᠤᠨ ᠳᠤ ᠴᠢᠩᠬᠢᠰ ᠬᠠᠭᠠᠨ ᠰᠠᠷᠳᠠᠭᠤᠯ ᠢᠷᠬᠡᠳ ᠲᠤ ᠮᠤᠷᠢᠯᠠᠬᠤ ᠳᠠᠶᠢᠨ ᠳᠤ ᠬᠠᠳᠤᠳ ᠤᠨ ᠳᠤᠮᠳᠠ ᠠᠴᠠ ᠭᠠᠭᠴᠠ ᠬᠤᠯᠠᠨ ᠬᠠᠳᠤᠨ ᠢ ᠳᠠᠭᠠᠭᠤᠯᠵᠦ ᠮᠤᠷᠳᠠᠭᠰᠠᠨ ᠪᠠᠶᠢᠨ᠎ᠠ᠃ ᠰᠤᠷᠪᠤᠯᠵᠢ ᠳᠡᠮᠳᠡᠭᠯᠡᠯ ᠳᠤ ᠰᠠᠭᠤᠷᠢᠯᠠᠪᠠᠯ᠂ ᠬᠤᠯᠠᠨ ᠬᠠᠳᠤᠨ ᠠᠴᠠ ᠬᠦᠯᠬᠡᠨ ᠬᠡᠳᠡᠭ ᠨᠠᠷ᠎ᠠ ᠲᠠᠢ ᠨᠢᠬᠡ ᠬᠦᠪᠡᠬᠦᠨ ᠲᠠᠢ ᠪᠠᠶᠢᠵᠦ᠂ ᠪᠠᠳᠤ ᠶᠢᠨ ᠳᠠᠶᠢᠴᠢᠯᠠᠭᠰᠠᠨ ︽ᠠᠬᠠᠮᠠᠳ ᠬᠦᠪᠡᠬᠦᠳ ᠤᠨ ᠪᠠᠷᠠᠭᠤᠨᠰᠢ ᠳᠠᠶᠢᠴᠢᠯᠠᠭᠰᠠᠨ ᠳᠠᠶᠢᠨ︾ ᠳᠤ ᠮᠤᠷᠳᠠᠵᠦ᠂ ᠳᠠᠶᠢᠨ ᠤ ᠳᠤᠮᠳᠠ ᠰᠢᠷᠬᠠᠳᠤᠨ ᠨᠠᠰᠤ ᠨᠦᠭᠴᠢᠭᠰᠡᠨ ᠬᠡᠳᠡᠭ᠃ ᠬᠤᠯᠠᠨ ᠬᠠᠳᠤᠨ ᠤ ᠤᠷᠳᠤ ᠶᠢᠨ ᠳᠤᠬᠠᠢ ︽ᠯᠤ· ᠠᠯᠳᠠᠨ ᠳᠤᠪᠴᠢ︾ ᠳᠤ ︽ᠰᠤᠯᠤᠩᠭᠤᠰ ᠤᠨ ᠪᠠᠷᠰ ᠤᠷᠳᠤ︾ ᠬᠡᠵᠦ᠂ ︽ᠶᠤᠸᠠᠨ ᠤᠯᠤᠰ ᠤᠨ ᠳᠡᠤᠬᠡ︾ ᠳᠤ ︽ᠬᠤᠶᠠᠳᠤᠭᠠᠷ ᠤᠷᠳᠤ︾ ᠬᠡᠵᠦ᠂︾ ︽ᠴᠢᠩᠬᠢᠰ ᠬᠠᠭᠠᠨ ᠤ ᠰᠢᠬᠦᠮᠵᠢᠯᠡᠯ ᠱᠠᠰᠲᠢᠷ︾ ᠪᠠ ︽ᠲᠦ᠋ ᠵᠢᠢ ᠶᠢᠨ ᠳᠡᠮᠳᠡᠭᠯᠡᠯ︾ ᠳᠤ ︽ᠰᠠᠭᠠᠷᠢ ᠬᠡᠬᠡᠷ᠎ᠡ ᠶᠢᠨ ᠬᠠᠷᠢᠯᠳᠤ  ᠳᠠᠬᠢ ᠠᠶᠠᠨ ᠤ ᠤᠷᠳᠤ︾ ᠬᠡᠵᠦ ᠳᠤᠰ ᠳᠤᠰ ᠨᠡᠷᠡᠯᠡᠵᠦ ᠪᠠᠶᠢᠨ᠎ᠠ᠃
ᠢᠷᠡᠯᠲᠡ᠄ ᠬᠤᠯᠪᠣᠭ᠎ᠠ ᠪᠦᠷᠭᠡ