ᠴᠢᠩᠬᠢᠰ ᠬᠠᠭᠠᠨ ᠤ ᠳᠦᠷᠪᠡᠨ ᠬᠠᠳᠤᠨ — ᠶᠢᠰᠦᠢ ᠬᠠᠲᠤᠨ
ᠨᠡᠶᠢᠲᠡᠯᠡᠭᠰᠡᠨ ᠴᠠᠭ᠄
2023/1/24
      ᠶᠢᠰᠦᠢ ᠬᠠᠳᠤᠨ ᠪᠤᠯ ᠴᠢᠩᠬᠢᠰ ᠬᠠᠭᠠᠨ ᠤ ᠭᠤᠷᠪᠠᠳᠤᠭᠠᠷ ᠬᠠᠳᠤᠨ ᠪᠤᠯᠤᠨ᠎ᠠ᠃ ᠠᠮᠢᠳᠤᠷᠠᠵᠦ ᠪᠠᠶᠢᠭᠰᠠᠨ ᠤᠨ ᠵᠢᠯ ᠤᠨ ᠳᠤᠬᠠᠢ ᠳᠤᠳᠤᠷᠬᠠᠢ ᠳᠡᠮᠳᠡᠭᠯᠡᠯ ᠦᠬᠡᠢ᠃ ᠳᠠᠲ᠋ᠠᠷ ᠠᠶᠢᠮᠠᠭ ᠤᠨ ᠬᠦᠮᠦᠨ᠃ ᠠᠯᠤᠬᠠᠢ ᠳᠠᠲ᠋ᠠᠷ ᠤᠨ ᠳᠦᠷᠦᠬᠦᠤ ᠶᠡᠭᠡ ᠴᠡᠷᠡᠨ ᠤᠨ ᠦᠬᠢᠨ᠃ ᠰᠤᠷᠪᠤᠯᠵᠢ ᠳᠡᠮᠳᠡᠭᠯᠡᠯ ᠢ ᠦᠨᠳᠦᠰᠦᠯᠡᠪᠡᠯ ᠴᠢᠩᠬᠢᠰ ᠬᠠᠭᠠᠨ ᠤ ᠭᠤᠷᠪᠠᠳᠤᠭᠠᠷ ᠤᠷᠳᠤ ᠶᠢᠨ ᠡᠵᠡᠨ ᠬᠠᠳᠤᠨ ᠮᠦᠨ᠃ ᠶᠢᠰᠦᠬᠡᠨ ᠬᠠᠳᠤᠨ ᠤ ᠳᠦᠷᠦᠭᠰᠡᠨ ᠡᠬᠡᠴᠢ ᠨᠢ ᠪᠤᠯᠤᠨ᠎ᠠ᠃       1202 ᠤᠨ ᠳᠤ ᠴᠢᠩᠬᠢᠰ ᠬᠠᠭᠠᠨ ᠳᠠᠲ᠋ᠠᠷ ᠠᠶᠢᠮᠠᠭ ᠢ ᠶᠡᠭᠡ ᠪᠠᠷ ᠢᠯᠠᠭᠰᠠᠨ ᠤ ᠳᠠᠷᠠᠭ᠎ᠠ᠂ ᠲᠠᠲ᠋ᠠᠷ ᠠᠶᠢᠮᠠᠭ ᠲᠤ ᠶᠡᠭᠡ ᠵᠠᠯᠬᠠᠭᠠᠯ ᠦᠵᠡᠬᠦᠯᠵᠦ ᠪᠠᠶᠢᠭᠠᠳ ᠳᠡᠨᠳᠡ ᠶᠢᠰᠦᠢ ᠬᠠᠳᠤᠨ ᠤ ᠦᠬᠢᠨ ᠳᠡᠬᠦᠤ ᠶᠢᠰᠦᠬᠡᠨ ᠢ ᠬᠠᠳᠤᠨ ᠪᠤᠯᠭᠠᠨ ᠠᠪᠴᠠᠢ᠃ ᠶᠢᠰᠦᠬᠡᠨ ᠬᠠᠳᠤᠨ ᠴᠢᠩᠬᠢᠰ ᠬᠠᠭᠠᠨ ᠳᠤ ᠳᠠᠭᠠᠯᠠᠭᠳᠠᠪᠠ᠃ ᠶᠢᠰᠦᠬᠡᠨ ᠬᠠᠳᠤᠨ᠄ ︽ᠬᠠᠭᠠᠨ ᠰᠤᠶᠤᠷᠬᠠᠪᠠᠯ᠂ ᠨᠠᠮ᠎ᠠ ᠶᠢ ᠪᠤᠳᠠ ᠪᠤᠯᠭᠠᠵᠦ ᠠᠰᠠᠷᠠᠮᠤ᠂ ᠨᠠᠳᠠ ᠳᠤ ᠶᠢᠰᠦᠢ ᠨᠡᠷᠡᠳᠦ ᠡᠬᠡᠴᠢ ᠪᠤᠶᠤ᠃ ᠳᠡᠷᠡ ᠨᠠᠳᠠ ᠠᠴᠠ ᠳᠡᠬᠡᠷ᠎ᠡ᠂ ᠬᠠᠨ ᠬᠦᠮᠦᠨ ᠳᠤ ᠵᠤᠬᠢᠯᠳᠤᠬᠤ ᠭᠤᠸ᠎ᠠ ᠠᠵᠠᠢ᠃ ᠰᠠᠶ᠋ᠢᠬᠠᠨ ᠬᠦᠷᠬᠡᠨ ᠲᠠᠢ ᠪᠤᠯᠵᠦ ᠬᠤᠷᠢᠮᠯᠠᠭᠰᠠᠨ ᠪᠢᠯᠡ᠂ ᠡᠳᠦᠬᠡ ᠡᠨᠡ ᠪᠤᠳᠤᠯᠢᠶᠠᠨ ᠳᠤ ᠬᠠᠮᠢᠭᠠᠰᠢ ᠤᠳᠤᠭᠰᠠᠨ ᠢ ᠦᠯᠦ ᠮᠡᠳᠡᠨ᠎ᠡ︾ ᠬᠡᠪᠡ᠃ ᠡᠨᠡ ᠦᠬᠡᠨ ᠳᠤ ᠴᠢᠩᠬᠢᠰ ᠬᠠᠭᠠᠨ ᠦᠬᠦᠯᠡᠷᠦᠨ᠄ ︽ᠡᠬᠡᠴᠢ ᠴᠢᠨᠢ ᠴᠢᠮ᠎ᠠ ᠠᠴᠠ ᠰᠠᠶᠢᠨ ᠪᠦᠬᠡᠰᠦ ᠡᠷᠢᠬᠦᠯᠦᠶ᠎ᠡ᠃ ᠡᠬᠡᠴᠢ ᠪᠠᠨ ᠢᠷᠡᠪᠡᠯ ᠴᠢ ᠵᠠᠶᠢᠯᠠᠵᠦ ᠦᠭᠬᠦᠨ᠎ᠡ ᠤᠤ︖︾ ᠬᠡᠪᠡ᠃ ᠶᠢᠰᠦᠬᠡᠨ ᠬᠠᠳᠤᠨ᠄ ︽ᠬᠠᠭᠠᠨ ᠤ ᠰᠤᠶᠤᠷᠬᠠᠯ ᠢᠶᠠᠷ ᠡᠬᠡᠴᠢ ᠲᠠᠢ ᠪᠠᠨ ᠤᠴᠠᠷᠠᠪᠠᠯ ᠡᠬᠡᠴᠢ ᠳᠡᠭᠡᠨ ᠰᠠᠭᠤᠳᠠᠯ ᠳᠠᠯᠪᠢᠵᠦ ᠵᠠᠶᠢᠯᠠᠰᠤ︾ ᠬᠡᠪᠡ᠃ ᠡᠨᠡ ᠦᠬᠡᠨ ᠳᠤ ᠴᠢᠩᠬᠢᠰ ᠬᠠᠭᠠᠨ ᠵᠠᠷᠯᠢᠭ ᠪᠠᠭᠤᠯᠭᠠᠵᠦ ᠡᠷᠢᠬᠦᠯᠪᠡᠯ᠂ ᠶᠢᠰᠦᠢ ᠬᠦᠷᠬᠡᠨ ᠲᠠᠢ ᠪᠠᠨ ᠬᠠᠮᠳᠤ ᠤᠢ ᠰᠢᠭᠤᠢ ᠪᠠᠷ ᠶᠠᠪᠤᠵᠦ ᠪᠠᠶᠢᠬᠤ ᠲᠠᠢ ᠪᠢᠳᠡᠨ ᠤ ᠴᠡᠷᠢᠭ ᠤᠳ ᠵᠤᠯᠭᠠᠵᠠᠢ᠃ ᠡᠷ᠎ᠡ ᠨᠢ ᠳᠤᠳᠠᠭᠠᠵᠦ ᠤᠳᠪᠠ᠃ ᠶᠢᠰᠦᠢ ᠬᠠᠳᠤᠨ ᠢ ᠳᠡᠨᠳᠡ ᠠᠴᠠ ᠠᠪᠴᠢᠷᠠᠪᠠ᠃ ᠶᠢᠰᠦᠬᠡᠨ ᠬᠠᠳᠤᠨ ᠡᠬᠡᠴᠢ ᠪᠠᠨ ᠦᠵᠡᠬᠡᠳ ᠤᠷᠢᠳᠠ ᠦᠬᠦᠯᠡᠭᠰᠡᠨ ᠦᠬᠡᠨ ᠳᠡᠭᠡᠨ ᠬᠦᠷᠴᠦ᠂ ᠤᠷᠤᠨ ᠠᠴᠠ ᠪᠠᠨ ᠪᠤᠰᠴᠤ᠂ ᠡᠬᠡᠴᠢ ᠪᠠᠨ ᠰᠠᠭᠤᠷᠢᠨ ᠳᠠᠭᠠᠨ ᠰᠠᠭᠤᠯᠭᠠᠵᠦ᠂ ᠳᠡᠷᠡ ᠦᠪᠡᠰᠦᠪᠡᠨ ᠳᠤᠤᠷ᠎ᠠ ᠰᠠᠭᠤᠳᠠᠯ ᠳᠤ ᠰᠠᠭᠤᠪᠠ᠃ ᠶᠢᠰᠦᠬᠡᠨ ᠬᠠᠳᠤᠨ ᠤ ᠦᠬᠦᠯᠡᠭᠰᠡᠨ ᠦᠬᠡ ᠲᠠᠢ ᠠᠳᠠᠯᠢ ᠪᠤᠯᠪᠠ᠃ ᠴᠢᠩᠬᠢᠰ ᠬᠠᠭᠠᠨ ᠰᠡᠳᠬᠢᠯ ᠳᠡᠭᠡᠨ ᠳᠤᠭᠳᠠᠭᠠᠵᠦ᠂ ᠶᠢᠰᠦᠢ ᠶᠢ ᠠᠪᠴᠤ᠂ ᠬᠠᠳᠤᠨ ᠤ ᠵᠡᠷᠬᠡ ᠳᠤ ᠰᠠᠭᠤᠯᠭᠠᠪᠠ᠃ ᠶᠢᠰᠦᠢ ᠬᠠᠳᠤᠨ ᠭᠤᠸ᠎ᠠ ᠬᠡᠬᠡᠨᠴᠢᠷ᠂ ᠰᠡᠴᠡᠨ ᠰᠡᠷᠬᠦᠯᠡᠩ᠂ ᠠᠯᠤᠰ ᠤᠨ ᠪᠤᠳᠤᠯᠭ᠎ᠠ ᠲᠠᠢ ᠳᠤᠯᠠ ᠴᠢᠩᠬᠢᠰ ᠬᠠᠭᠠᠨ ᠤ ᠬᠠᠶᠢᠷ᠎ᠠ ᠶᠢ ᠬᠦᠷᠳᠡᠵᠡᠢ᠃       1219 ᠤᠨ ᠳᠤ ᠴᠢᠩᠬᠢᠰ ᠬᠠᠭᠠᠨ ᠬᠤᠷᠢᠨ ᠳᠦᠮᠡᠨ ᠶᠡᠭᠡ ᠴᠡᠷᠢᠭ ᠳᠠᠶᠢᠴᠢᠯᠠᠨ᠂ ᠬᠤᠷᠽᠧᠮ ᠤᠯᠤᠰ ᠲᠤ ᠴᠡᠬᠡᠷᠯᠡᠬᠦᠯᠦᠯᠳᠡ ᠶᠢᠨ ᠳᠠᠶᠢᠯᠠᠯᠳᠠ ᠬᠢᠬᠦ ᠪᠠᠷ ᠴᠡᠷᠢᠭᠯᠡᠬᠦ ᠶᠢᠨ ᠡᠮᠦᠨᠡᠬᠢ ᠶᠡᠭᠡ ᠬᠤᠷᠠᠯᠳᠠᠢ ᠳᠡᠬᠡᠷ᠎ᠡ᠂ ᠬᠠᠭᠠᠨ ᠰᠠᠭᠤᠷᠢᠨ ᠢ ᠵᠠᠯᠭᠠᠮᠵᠢᠯᠠᠭᠤᠯᠬᠤ ᠬᠦᠮᠦᠨ ᠢ ᠳᠤᠭᠳᠠᠭᠠᠬᠤ ᠳᠤᠬᠠᠢ ᠴᠢᠬᠤᠯᠠ ᠳᠤᠷᠠᠳᠤᠯᠭ᠎ᠠ ᠶᠢ ᠶᠢᠰᠦᠢ ᠬᠠᠳᠤᠨ ᠭᠠᠷᠭᠠᠵᠠᠢ᠃ ᠴᠢᠩᠬᠢᠰ ᠬᠠᠭᠠᠨ ᠡᠨᠡ ᠬᠦ ᠳᠤᠷᠠᠳᠤᠯᠭ᠎ᠠ ᠶᠢ ᠬᠦᠯᠢᠶᠡᠨ ᠠᠪᠴᠤ᠂ ᠬᠠᠭᠠᠨ ᠤ ᠭᠤᠷᠪᠠᠳᠤᠭᠠᠷ ᠬᠦᠪᠡᠬᠦᠨ ᠦᠬᠡᠳᠡᠢ ᠶᠢ ᠴᠢᠩᠬᠢᠰ ᠬᠠᠭᠠᠨ ᠤ ᠶᠡᠭᠡ ᠤᠷᠤ ᠶᠢᠨ ᠵᠠᠯᠭᠠᠮᠵᠢᠯᠠᠭᠴᠢ ᠪᠠᠷ ᠳᠤᠭᠳᠠᠭᠠᠵᠠᠢ᠃       1225 ᠤᠨ ᠤ ᠨᠠᠮᠤᠷ ᠴᠢᠩᠬᠢᠰ ᠬᠠᠭᠠᠨ ᠳᠠᠪᠤᠳᠠᠬᠢ ᠤᠳᠠᠭ᠎ᠠ ᠳᠠᠩᠭᠤᠳ ᠤᠯᠤᠰ ᠢ ᠳᠠᠶᠢᠯᠠᠬᠤ ᠳᠤ ᠶᠢᠰᠦᠢ ᠬᠠᠳᠤᠨ ᠢ ᠳᠠᠭᠠᠭᠤᠯᠤᠨ ᠶᠠᠪᠤᠭᠰᠠᠨ ᠪᠦᠬᠡᠳ ᠬᠠᠭᠠᠨ ᠮᠤᠷᠢᠨ ᠠᠴᠠ ᠪᠠᠨ ᠤᠨᠠᠵᠦ ᠴᠢᠯᠡᠬᠡᠷᠬᠡᠨ ᠪᠦᠬᠦᠢ ᠳᠤ ᠶᠢᠰᠦᠢ ᠬᠠᠳᠤᠨ ᠳᠦᠷᠦ ᠶᠢᠨ ᠶᠡᠭᠡ ᠬᠤᠷᠠᠯᠳᠠᠢ ᠶᠢ ᠡᠷᠬᠢᠯᠡᠨ ᠬᠤᠷᠠᠯᠳᠤᠭᠤᠯᠵᠦ ᠪᠠᠶᠢᠪᠠ᠃ ᠬᠠᠭᠠᠨ ᠢ ᠨᠠᠰᠤ ᠨᠦᠭᠴᠢᠬᠦ ᠦᠶ᠎ᠡ ᠳᠤ ᠮᠦᠨ ᠶᠢᠰᠦᠢ ᠬᠠᠳᠤᠨ ᠬᠠᠵᠠᠭᠤ ᠳᠤᠨᠢ ᠪᠠᠶᠢᠵᠠᠢ᠃ ᠤᠯᠠᠮᠵᠢᠯᠠᠯ ᠢᠶᠠᠷ ᠶᠢᠰᠦᠢ ᠬᠠᠳᠤᠨ ᠠᠴᠠ ᠨᠢᠬᠡ ᠬᠦᠪᠡᠬᠦᠨ ᠲᠠᠢ ᠪᠠᠶᠢᠯ᠎ᠠ ᠬᠡᠳᠡᠭ᠃ ᠪᠠᠯᠴᠢᠷ ᠦᠶ᠎ᠡ ᠳᠡᠭᠡᠨ ᠨᠦᠭᠴᠢᠯ᠎ᠡ ᠬᠡᠵᠦ ᠶᠠᠷᠢᠵᠦ ᠪᠤᠢ᠃ ᠨᠠᠷ᠎ᠠ ᠨᠢ ᠴᠠᠭᠤᠷ ᠬᠡᠳᠡᠭ᠃ ︽ᠯᠤ· ᠠᠯᠳᠠᠨ ᠳᠤᠪᠴᠢ︾ ᠳᠤ ︽ᠶᠢᠰᠦᠢ ᠬᠠᠳᠤᠨ ᠠᠴᠠ ᠳᠦᠷᠦᠭᠰᠡᠨ ᠵᠦᠴᠢᠪᠡᠢ︾ ᠬᠡᠵᠦ ᠳᠡᠮᠳᠡᠭᠯᠡᠵᠦ ᠪᠠᠶᠢᠬᠤ ᠪᠠ ᠴᠠᠭᠤᠷ ᠢ ᠶᠢᠰᠦᠬᠡᠨ ᠬᠠᠳᠤᠨ ᠠᠴᠠ ᠳᠦᠷᠦᠭᠰᠡᠨ ᠬᠡᠵᠡᠢ᠃ ︽ᠯᠤ·ᠠᠯᠳᠠᠨ ᠳᠤᠪᠴᠢ︾ ᠳᠤ ︽ᠰᠢᠷᠭᠠᠴᠢ ᠶᠢᠨ ᠤᠷᠳᠤ︾ ᠬᠡᠵᠦ᠂ ︽ᠪᠡᠶ᠎ᠡ ᠪᠠᠷ ᠳᠠᠶᠢᠯᠠᠭᠰᠠᠨ ᠳᠡᠮᠳᠡᠭᠯᠡᠯ︾ ᠳᠤ ︽ᠳᠤᠤᠯᠠ ᠶᠢᠨ ᠬᠠᠷ᠎ᠠ ᠳᠦᠨ ᠳᠠᠬᠢ ᠤᠷᠳᠤᠨ︾ ᠬᠡᠵᠦ᠂ ︽ᠶᠤᠸᠠᠨ ᠤᠯᠤᠰ ᠤᠨ ᠳᠡᠤᠬᠡ︾ ᠳᠤ ︽ᠭᠤᠷᠪᠠᠳᠤᠭᠠᠷ ᠤᠷᠳᠤ︾ ᠬᠡᠵᠦ ᠳᠤᠰ ᠳᠤᠰ ᠨᠡᠷᠡᠯᠡᠵᠡᠢ᠃ 
ᠢᠷᠡᠯᠲᠡ᠄ ᠬᠤᠯᠪᠣᠭ᠎ᠠ ᠪᠦᠷᠭᠡ