ᠴᠢᠩᠬᠢᠰ ᠬᠠᠭᠠᠨ ᠤ ᠳᠦᠷᠪᠡᠨ ᠬᠠᠳᠤᠨ — ᠶᠢᠰᠦᠭᠡᠨ ᠬᠠᠲᠤᠨ
ᠨᠡᠶᠢᠲᠡᠯᠡᠭᠰᠡᠨ ᠴᠠᠭ᠄
2023/1/24
      ᠶᠢᠰᠦᠬᠡᠨ ᠬᠠᠳᠤᠨ ᠪᠤᠯ ᠴᠢᠩᠬᠢᠰ ᠬᠠᠭᠠᠨ ᠤ ᠳᠦᠷᠪᠡᠳᠦᠬᠡᠷ ᠬᠠᠳᠤᠨ ᠪᠤᠯᠤᠨ᠎ᠠ᠃ ᠠᠮᠢᠳᠤᠷᠠᠵᠦ ᠪᠠᠶᠢᠭᠰᠠᠨ ᠤᠨ ᠵᠢᠯ ᠤᠨ ᠳᠤᠬᠠᠢ ᠳᠤᠳᠤᠷᠬᠠᠢ ᠳᠡᠮᠳᠡᠭᠯᠡᠯ ᠦᠬᠡᠢ᠃ ᠳᠠᠲ᠋ᠠᠷ ᠠᠶᠢᠮᠠᠭ ᠤᠨ ᠬᠦᠮᠦᠨ᠃ ᠠᠯᠤᠬᠠᠢ ᠳᠠᠲ᠋ᠠᠷ ᠤᠨ ᠳᠦᠷᠦᠬᠦᠤ ᠶᠡᠭᠡ ᠴᠡᠷᠡᠨ ᠤᠨ ᠦᠬᠢᠨ᠃ ︽ᠶᠤᠸᠠᠨ ᠤᠯᠤᠰ ᠤᠨ ᠳᠡᠤᠬᠡ︾ ᠶᠢᠨ ᠳᠡᠮᠳᠡᠭᠯᠡᠯ ᠢ ᠦᠨᠳᠦᠰᠦᠯᠡᠪᠡᠯ᠂ ᠶᠢᠰᠦᠬᠡᠨ ᠬᠠᠳᠤᠨ ᠤ ᠤᠷᠳᠤ ᠶᠢ ︽ᠳᠦᠷᠪᠡᠳᠦᠬᠡᠷ ᠤᠷᠳᠤ︾ ᠬᠡᠵᠦ᠂ ᠳᠤᠰ ᠤᠷᠳᠤ ᠶᠢᠨ ᠭᠤᠤᠯ ᠬᠠᠳᠤᠨ ᠨᠢ ᠶᠢᠰᠦᠬᠡᠨ ᠪᠠᠶᠢᠵᠠᠢ᠃ ︽ᠯᠤ· ᠠᠯᠳᠠᠨ ᠳᠤᠪᠴᠢ︾ ᠳᠤ ᠶᠢᠰᠦᠬᠡᠨ ᠬᠠᠳᠤᠨ ᠤ ᠤᠷᠳᠤ ᠶᠢ ︽ᠬᠠᠮᠳᠤᠳᠬᠤᠢ ᠶᠢᠨ ᠤᠷᠳᠤ︾ ᠬᠡᠵᠦ ᠪᠢᠴᠢᠭᠰᠡᠨ ᠪᠠᠶᠢᠳᠠᠭ᠃ ᠳᠡᠬᠦᠨ ᠤ ᠤᠷᠳᠤ ᠪᠠᠷᠤᠭ ᠨᠠᠢᠮᠠᠨ ᠤ ᠳᠠᠶᠠᠨ ᠬᠠᠨ ᠤ ᠤᠷᠳᠤ ᠪᠠᠶᠢᠭᠰᠠᠨ ᠭᠠᠵᠠᠷ ᠪᠤᠯᠤᠨ᠎ᠠ᠃ ᠳᠠᠷᠤᠢ ᠠᠯᠳᠠᠢ ᠠᠭᠤᠯᠠ ᠶᠢᠨ ᠠᠷᠤ ᠬᠠᠪᠢ ᠪᠠᠷ ᠪᠠᠶᠢᠵᠠᠢ᠃ ︽ᠯᠤ·ᠠᠯᠳᠠᠨ ᠳᠤᠪᠴᠢ︾  ᠶᠢᠨ ᠳᠡᠮᠳᠡᠭᠯᠡᠯ ᠳᠤ ᠶᠢᠰᠦᠬᠡᠨ ᠬᠠᠳᠤᠨ ᠢ ᠭᠤᠷᠪᠠᠨ ᠬᠡᠤᠬᠡᠳ ᠲᠠᠢ ᠬᠡᠳᠡᠭ᠃ ᠶᠢᠰᠦᠬᠡᠨ ᠬᠠᠳᠤᠨ ᠤ ᠳᠦᠬᠦᠮ ᠨᠠᠮᠳᠠᠷ ᠳᠡᠬᠡᠷ᠎ᠡ ᠳᠠᠨᠢᠯᠴᠠᠭᠤᠯᠤᠭᠰᠠᠨ ᠶᠢᠰᠦᠢ ᠬᠠᠳᠤᠨ ᠤ ᠨᠠᠮᠳᠠᠷ ᠲᠤ ᠳᠡᠮᠳᠡᠭᠯᠡᠭᠰᠡᠨ ᠲᠠᠢ ᠠᠳᠠᠯᠢ ᠪᠠᠶᠢᠨ᠎ᠠ᠃ 
ᠢᠷᠡᠯᠲᠡ᠄ ᠬᠤᠯᠪᠣᠭ᠎ᠠ ᠪᠦᠷᠭᠡ