ᠲᠦᠮᠦᠰᠦ ᠢᠳᠡᠬᠦ ᠶᠢᠨ ᠭᠤᠷᠪᠡᠡ ᠶᠡᠭᠡ ᠠᠴᠢ ᠲᠤᠰᠠ
ᠨᠡᠶᠢᠲᠡᠯᠡᠭᠰᠡᠨ ᠴᠠᠭ᠄
2023/1/9
     1. ᠰᠠ ᠳᠤ ᠲᠠᠭᠠᠷᠢᠭᠳᠠᠬᠤ ᠶᠢ ᠰᠡᠷᠬᠡᠶᠢᠯᠡᠨ᠎ᠡ᠃ ᠲᠦᠮᠦᠰᠦᠨ ᠳᠤ ᠮᠠᠰᠢ ᠡᠯᠪᠡᠭ ᠸᠢᠲ᠋ᠠᠮᠢᠨ B ᠶᠢᠨ ᠪᠦᠯᠦᠭ ᠪᠤᠯᠤᠨ ᠤᠨᠴᠠ ᠰᠠᠶᠢᠨ ᠰᠢᠷᠬᠡᠭᠯᠢᠭ ᠡᠳ᠋ ᠪᠡᠶ᠎ᠡ ᠮᠠᠬᠠᠪᠤᠳ ᠤᠨ ᠦᠳᠡᠯᠵᠦ ᠲᠤᠷᠦ᠋ᠢᠳᠠᠬᠤ ᠶᠢ ᠤᠳᠠᠭᠠᠰᠢᠷᠠᠭᠤᠯᠬᠤ ᠳᠤ ᠴᠢᠬᠤᠯᠠ ᠦᠢᠯᠡᠳᠦᠯ ᠦᠵᠡᠬᠦᠯᠳᠡᠭ᠃ ᠲᠦᠮᠦᠰᠦᠨ ᠳᠤ ᠡᠯᠪᠡᠭ ᠪᠠᠶᠢᠳᠠᠭ ᠢᠳᠡᠰᠢ ᠶᠢᠨ ᠰᠢᠷᠬᠡᠭᠯᠢᠭ ᠪᠤᠯᠤᠨ ᠨᠢᠰᠢᠩᠬᠦ ᠶᠢᠨ ᠰᠢᠬᠢᠷ ᠰᠢᠩᠬᠡᠬᠡᠯᠳᠡ ᠶᠢᠨ ᠵᠠᠮ ᠤᠨ ᠦᠮᠡᠨ ᠢ ᠰᠡᠷᠬᠡᠶᠢᠯᠡᠨ ᠡᠮᠴᠢᠯᠡᠵᠦ᠂ ᠴᠢᠰᠦᠨ ᠳᠠᠬᠢ ᠰᠦᠰᠦᠨ ᠴᠢᠯᠠᠭᠤᠯᠢᠭ ᠠᠯᠺᠤᠤᠯ ᠤᠨ ᠠᠭᠤᠯᠤᠭᠳᠠᠴᠠ ᠶᠢ ᠡᠷᠬᠡᠰᠢᠶᠡᠬᠦ ᠳᠤ ᠲᠤᠰᠠᠳᠠᠢ᠃ ᠡᠬᠦᠨ ᠤ ᠲᠤᠳᠤᠷᠠᠬᠢ ᠨᠢᠯᠴᠠᠭᠠᠢ ᠤᠭᠤᠷᠠᠭ ᠨᠢ ᠵᠢᠷᠤᠬᠡ ᠴᠢᠰᠦᠨ ᠰᠤᠳᠠᠯ ᠤᠨ ᠡᠪᠡᠳᠴᠢᠨ ᠬᠡᠮ ᠢ ᠤᠷᠢᠳᠴᠢᠯᠠᠨ ᠰᠡᠷᠬᠡᠶᠢᠯᠡᠳᠡᠭ᠃ ᠲᠦᠮᠦᠰᠦ ᠪᠠᠰᠠ ᠺᠠᠯᠢ ᠶᠢᠨ ᠡᠯᠧᠮᠧᠨ᠋ᠲ ᠡᠯᠪᠡᠭ ᠠᠭᠤᠯᠤᠭᠳᠠᠳᠠᠭ ᠪᠠᠨᠠᠨᠠ᠂ ᠬᠦᠢᠯᠡᠰᠦ᠂ ᠲᠤᠭᠤᠷ ᠲᠠᠢ ᠠᠳᠠᠯᠢᠬᠠᠨ ᠰᠠ ᠡᠪᠡᠳᠴᠢᠨ ᠲᠤᠰᠬᠤ ᠠᠶᠤᠯ ᠢ ᠪᠠᠭᠠᠰᠬᠠᠬᠤ ᠮᠦᠷᠳᠡᠬᠡᠨ ᠶᠠᠮᠠᠷᠴᠦ ᠭᠠᠵᠢᠭᠤ ᠦᠢᠯᠡᠳᠦᠯ ᠦᠬᠡᠢ᠃ ᠰᠤᠳᠤᠯᠭᠠᠳᠠᠳ᠂ ᠡᠳᠦᠷ ᠪᠤᠯᠭᠠᠨ ᠨᠢᠬᠡ ᠲᠦᠮᠦᠰᠦ ᠢᠳᠡᠪᠡᠯ ᠰᠠ ᠳᠤ ᠲᠠᠭᠠᠷᠢᠭᠳᠠᠬᠤ ᠲᠤᠬᠢᠶᠠᠯᠳᠤᠮᠵᠢ 40% ᠪᠠᠷ ᠲᠤᠷᠤᠭᠰᠢᠯᠠᠨ᠎ᠠ ᠬᠡᠵᠦ ᠵᠢᠭᠠᠵᠦ ᠭᠠᠷᠭᠠᠭᠰᠠᠨ ᠪᠠᠶᠢᠨ᠎ᠠ᠃      2. ᠮᠠᠷᠢᠶ᠎ᠠ ᠰᠢᠭᠤᠷᠠᠨ᠎ᠠ᠃ ᠡᠩ ᠲᠡᠷᠢᠬᠦᠨ ᠳᠤ᠂ ᠲᠦᠮᠦᠰᠦ ᠢᠳᠡᠬᠦ ᠳᠤ ᠪᠡᠶ᠎ᠡ ᠮᠠᠬᠠᠪᠤᠳ ᠲᠤ ᠦᠬᠡᠬᠦ ᠬᠤᠷᠠᠮᠳᠤᠬᠤ ᠠᠴᠠ ᠰᠠᠨᠠᠭ᠎ᠠ ᠠᠯᠭᠠᠰᠬᠤ ᠤᠴᠢᠷ ᠦᠬᠡᠢ᠃ ᠲᠡᠬᠦᠨ ᠳᠤ᠂ ᠵᠦᠪᠬᠡᠨ 0.1% ᠶᠢᠨ ᠯᠡ ᠦᠬᠡᠬᠦ ᠠᠭᠤᠯᠤᠭᠳᠠᠳᠠᠭ᠃ ᠲᠡᠶᠢᠮᠦ ᠠᠴᠠ᠂ ᠡᠳᠦᠷ ᠪᠤᠯᠭᠠᠨ ᠲᠦᠮᠦᠰᠦ ᠢᠯᠡᠬᠦᠬᠡᠨ ᠢᠳᠡᠪᠡᠯ ᠪᠡᠶ᠎ᠡ ᠮᠠᠬᠠᠪᠤᠳ ᠲᠤ ᠰᠢᠩᠬᠡᠬᠦ ᠦᠬᠡᠬᠦ ᠬᠠᠰᠤᠭᠳᠠᠵᠦ᠂ ᠢᠯᠡᠬᠦᠴᠡ ᠦᠬᠡᠬᠦ ᠠᠯᠭᠤᠷ ᠰᠤᠯᠢᠯᠴᠠᠭ᠎ᠠ ᠪᠠᠷ ᠭᠠᠳᠠᠭᠰᠢᠯᠠᠬᠤ ᠪᠤᠯᠤᠨ᠎ᠠ᠃ ᠲᠠᠬᠢᠪᠠᠯ ᠲᠦᠮᠦᠰᠦ ᠢᠳᠡᠪᠡᠯ ᠰᠢᠮ᠎ᠡ ᠲᠡᠵᠢᠬᠡᠯ ᠴᠤᠯᠭᠤᠶᠢᠳᠠᠨ ᠡᠷᠡᠬᠦᠯ ᠮᠡᠨᠳᠦ ᠬᠤᠬᠢᠷᠠᠬᠤ ᠠᠴᠠ ᠰᠠᠨᠠᠭ᠎ᠠ ᠵᠤᠪᠠᠭ᠋ᠤ ᠵᠦᠢᠯ ᠦᠬᠡᠢ᠃ ᠲᠦᠮᠦᠰᠦᠨ ᠳᠤ ᠠᠭᠤᠯᠤᠭᠳᠠᠭ᠎ᠠ ᠰᠢᠯᠢᠳᠡᠭ ᠴᠢᠨᠠᠷ ᠤᠨ ᠤᠭᠤᠷᠠᠭ ᠤᠨ ᠰᠢᠮ᠎ᠡ ᠲᠡᠵᠢᠬᠡᠯ ᠤᠨ ᠦᠷᠳᠡᠭ ᠴᠦ ᠲᠡᠷᠡ᠂ ᠡᠷᠡᠬᠦᠯᠵᠢᠯ ᠤᠨ ᠦᠢᠯᠡᠳᠦᠯ ᠨᠢ ᠴᠦ ᠪᠤᠯᠤᠭ᠂ ᠪᠦᠷ ᠰᠢᠷ᠎ᠠ ᠪᠤᠷᠴᠠᠭ ᠠᠴᠠ ᠲᠤᠤᠷᠠᠳᠠᠬᠤ ᠦᠬᠡᠢ᠃ ᠪᠡᠶ᠎ᠡ ᠮᠠᠬᠠᠪᠤᠳ ᠲᠤ ᠱᠠᠭᠠᠷᠳᠠᠭᠳᠠᠳᠠᠭ ᠨᠡᠬᠦᠷᠡᠰᠦ ᠤᠰᠤᠨ ᠤ ᠨᠢᠬᠡᠳᠪᠦᠷᠢ᠂ ᠡᠯ᠎ᠡ ᠵᠦᠢᠯ ᠤᠨ ᠸᠢᠲ᠋ᠠᠮᠢᠨ᠂ ᠡᠷᠤᠳᠡᠰᠦ ᠪᠤᠳᠠᠰ ᠵᠡᠷᠭᠡ ᠶᠢᠨ ᠪᠤᠰᠤᠳ ᠰᠢᠮ᠎ᠡ ᠲᠡᠵᠢᠬᠡᠯᠳᠤ ᠪᠤᠳᠠᠰ ᠨᠢ ᠴᠦ ᠲᠤᠳᠤᠷᠭ᠎ᠠ᠂ ᠭᠤᠯᠢᠷ ᠠᠴᠠ ᠨᠡᠩ ᠪᠦᠷᠢᠨ ᠲᠡᠬᠦᠯᠳᠡᠷ ᠪᠠᠶᠢᠳᠠᠭ᠃ ᠤᠷᠴᠢᠮ ᠤᠨ ᠵᠢᠯ ᠠᠴᠠ ᠢᠲ᠋ᠠᠯᠢ᠂ ᠢᠰᠫᠠᠨᠢ᠂ ᠠᠮᠧᠷᠢᠺᠠ᠂ ᠺᠠᠨᠠᠳᠠ᠂ ᠤᠷᠤᠰ ᠵᠡᠷᠭᠡ ᠤᠯᠤᠰ ᠤᠷᠤᠨ ᠳᠤ ᠤᠷᠢᠳ ᠬᠤᠵᠢᠳ ᠨᠢᠬᠡ ᠪᠦᠯᠦᠭ ᠦᠪᠡᠷᠮᠢᠴᠡ ᠦᠨᠦᠷ ᠠᠮᠳᠠ ᠪᠦᠬᠦᠢ ᠲᠦᠮᠦᠰᠦᠨ ᠵᠠᠰᠠᠯᠭ᠎ᠠ ᠶᠢᠨ ᠬᠤᠭᠤᠯᠠᠨ ᠭᠡᠷ ᠡᠬᠦᠳᠡ ᠡᠷᠦᠬᠡ ᠪᠠᠨ ᠰᠡᠬᠦᠵᠦ᠂ ᠪᠡᠶ᠎ᠡ ᠴᠢᠬᠢᠷᠠᠭᠵᠢᠭᠤᠯᠤᠨ᠂ ᠮᠠᠷᠢᠶ᠎ᠠ ᠪᠠᠨ ᠰᠢᠭᠤᠷᠠᠭᠤᠯᠵᠦ᠂ ᠭᠤᠸ᠎ᠠ ᠰᠠᠶᠢᠬᠠᠨ ᠢ ᠬᠥᠭᠡᠴᠡᠯᠳᠦᠳᠡᠭ ᠬᠦᠮᠦᠰ ᠤᠨ ᠡᠳᠦᠷ ᠲᠤᠳᠤᠮ ᠤᠨ ᠬᠦᠰᠡᠯ ᠬᠦᠬᠡᠬᠡᠴᠡᠯᠳᠦᠯ ᠢ ᠬᠠᠨᠭ᠍ᠭᠠᠨ ᠪᠠᠶᠢᠨ᠎ᠠ᠃      3. ᠬᠤᠳᠤᠭᠤᠳᠤ ᠶᠢ ᠰᠤᠪᠢᠯᠠᠨ᠎ᠠ᠃ ᠬᠢᠳᠡᠳ ᠡᠮᠨᠡᠯᠬᠡ ᠲᠦᠮᠦᠰᠦ ᠬᠤᠳᠤᠭᠤᠳᠤ ᠶᠢ ᠰᠤᠪᠢᠯᠠᠵᠦ᠂ ᠲᠡᠯᠢᠬᠦᠤ ᠶᠢ ᠴᠢᠬᠢᠷᠠᠭᠵᠢᠭᠤᠯᠤᠨ᠂ ᠬᠤᠳᠤᠭᠤᠳᠤᠨ ᠤ ᠰᠢᠷᠬᠠᠯᠠᠭ᠎ᠠ ᠶᠢ ᠡᠮᠴᠢᠯᠡᠨ᠎ᠡ ᠬᠡᠵᠦ ᠦᠵᠡᠳᠡᠭ᠃ ᠵᠤᠷᠰᠢᠯ ᠤᠨ ᠴᠢᠨᠠᠷᠳᠠᠢ ᠬᠤᠷᠭᠤᠰᠤᠯᠠᠳᠠᠭ ᠡᠪᠡᠳᠴᠢᠨ ᠬᠡᠮ ᠳᠤ ᠮᠠᠰᠢ ᠲᠤᠰᠠᠳᠠᠢ ᠮᠦᠷᠳᠡᠬᠡᠨ ᠬᠤᠤᠷ ᠲᠠᠶᠢᠯᠵᠦ᠂ ᠦᠷᠪᠢᠰᠦᠯ ᠢ ᠲᠠᠷᠤᠬᠤ ᠦᠢᠯᠡᠳᠦᠯ ᠲᠠᠢ᠃
 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠣᠢ ᠰᠢᠭᠤᠢ ᠪᠠ ᠨᠤᠲᠤᠭ ᠪᠡᠯᠴᠢᠭᠡᠷ ᠤᠨ ᠲᠣᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号