ᠳᠡᠮᠦᠬᠡ ᠣᠳᠴᠢᠬᠢᠨ
ᠨᠡᠶᠢᠲᠡᠯᠡᠭᠰᠡᠨ ᠴᠠᠭ᠄
2023/1/9
      ᠣᠳᠴᠢᠬᠢᠨ᠂ ᠪᠠᠰᠠ ᠳᠡᠮᠦᠬᠡ ᠣᠳᠴᠢᠬᠢᠨ ᠬᠡᠳᠡᠭ᠃ ᠴᠢᠩᠬᠢᠰ ᠬᠠᠭᠠᠨ ᠤ ᠣᠳᠬᠤᠨ ᠳᠡᠬᠦᠦ ᠪᠣᠯᠣᠨ᠎ᠠ᠃ 1168 ᠣᠨ ᠳᠤ ᠲᠦᠷᠦᠵᠦ᠂ ᠲᠡᠮᠦᠵᠢᠨ ᠠᠴᠠ ᠵᠢᠷᠭᠤᠭ᠎ᠠ ᠳᠡᠬᠦᠦ ᠪᠢᠯᠡ᠃     ᠶᠢᠰᠦᠬᠡᠢ ᠪᠠᠭᠠᠳᠣᠷ ᠪᠠ ᠦᠬᠡᠯᠦᠨ ᠬᠠᠳᠣᠨ ᠠᠴᠠ ᠲᠦᠷᠪᠡᠨ ᠬᠦᠪᠡᠭᠦᠨ᠂ ᠨᠢᠬᠡ ᠦᠬᠢᠨ ᠲᠠᠢ ᠠᠵᠢ᠃ ᠠᠬᠠᠮᠠᠳ ᠬᠦᠪᠡᠬᠦᠨ ᠨᠢ ᠳᠡᠮᠦᠵᠢᠨ᠂ ᠬᠤᠶᠠᠳᠣᠭᠠᠷ ᠬᠦᠪᠡᠬᠦᠨ ᠨᠢ ᠬᠠᠰᠠᠷ᠂ ᠭᠤᠷᠪᠠᠳᠣᠭᠠᠷ ᠬᠦᠪᠡᠬᠦᠨ ᠨᠢ ᠬᠠᠴᠢᠭᠤᠨ᠂ ᠣᠳᠬᠤᠨ ᠬᠦᠪᠡᠬᠦᠨ ᠨᠢ ᠳᠡᠮᠦᠬᠡ ᠣᠳᠴᠢᠬᠢᠨ᠂ ᠦᠬᠢᠨ ᠨᠢ ᠳᠡᠮᠦᠯᠦᠨ ︵ᠪᠠᠰᠠ ᠳᠡᠮᠦᠯᠦᠨ ᠭᠤᠸ᠎ᠠ ᠭᠡᠳᠡᠭ︶᠂ ᠬᠠᠴᠢᠭᠤᠨ 1168 ᠣᠨ ᠳᠤ ᠲᠦᠷᠦᠵᠦ᠂ ᠴᠢᠩᠬᠢᠰ ᠬᠠᠭᠠᠨ ᠠᠴᠠ ᠲᠦᠷᠪᠡ ᠳᠡᠬᠦᠦ ᠪᠢᠯᠡ᠃ 1206 ᠣᠨ ᠳᠤ ᠴᠢᠩᠬᠢᠰ ᠬᠠᠭᠠᠨ ᠶᠡᠭᠡ ᠮᠣᠩᠭᠤᠯ ᠣᠯᠣᠰ ᠢ ᠪᠠᠶᠢᠭᠤᠯᠣᠭᠰᠠᠨ ᠤ ᠳᠠᠷᠠᠭ᠎ᠠ᠂ ᠠᠯᠳᠠᠨ ᠣᠷᠤᠭ ᠤᠨ ᠬᠢᠨ ᠳᠠᠭᠠᠨ ᠠᠩᠬ᠎ᠠ ᠣᠳᠠᠭ᠎ᠠ ᠬᠤᠪᠢ ᠬᠤᠪᠢᠯᠠᠬᠤ ᠳᠠᠭᠠᠨ ᠠᠯᠴᠢᠳᠠᠢ ︵ᠬᠠᠴᠢᠭᠤᠨ ᠤ ᠬᠦᠪᠡᠬᠦᠨ︶ ᠳᠤ ᠬᠤᠶᠠᠷ ᠮᠢᠩᠭᠠᠨ ᠢᠷᠭᠡᠨ ᠦᠭᠴᠡᠢ᠃ ᠡᠬᠦᠨ ᠠᠴᠠ ᠦᠵᠡᠬᠦ ᠳᠤ ᠬᠠᠴᠢᠭᠤᠨ ᠨᠢᠬᠡᠨᠳᠡ ᠨᠠᠰᠣ ᠪᠠᠷᠠᠭᠠᠳ ᠪᠠᠶᠢᠵᠠᠢ᠃ 1210 ᠣᠨ ᠳᠤ᠂ ᠴᠢᠩᠬᠢᠰ ᠬᠠᠭᠠᠨ ᠳᠡᠬᠦᠦ ᠣᠳᠴᠢᠬᠢᠨ ᠪᠠ ᠠᠯᠴᠢᠳᠠᠢ ᠳᠤ ᠬᠢᠩᠭᠠᠨ ᠨᠢᠷᠣᠭᠤ ᠣᠷᠴᠢᠮ ᠤᠨ ᠣᠷᠣᠨ ᠢ ᠳᠣᠰ ᠳᠣᠰ ᠡᠵᠡᠮᠰᠢᠯ ᠨᠣᠳᠤᠭ ᠪᠣᠯᠭᠠᠨ ᠬᠤᠪᠢᠶᠠᠵᠦ ᠦᠭᠪᠡ᠃ ᠴᠢᠩᠬᠢᠰ ᠬᠠᠭᠠᠨ ᠤ ᠦᠬᠢᠨ ᠳᠡᠬᠦᠦ ᠲᠡᠮᠦᠯᠦᠨ ᠭᠤᠸ᠎ᠠ ᠬᠦᠩᠵᠦ ᠬᠤᠩᠬᠢᠷᠠᠳ ᠤᠨ ᠰᠠᠯᠪᠣᠷᠢ ᠢᠬᠡᠷᠡᠰ ᠣᠪᠣᠭᠳᠠᠨ ᠤ ᠪᠣᠳᠣ ᠲᠠᠢ ᠣᠷᠤᠭ ᠬᠤᠯᠪᠣᠵᠠᠢ᠃     ᠬᠠᠴᠢᠭᠤᠨ ᠪᠠ ᠳᠡᠮᠦᠯᠦᠨ ᠭᠤᠸ᠎ᠠ ᠶᠢᠨ ᠳᠣᠬᠠᠢ ᠳᠣᠳᠣᠷᠬᠠᠢ ᠳᠡᠮᠳᠡᠭᠯᠡᠯ ᠣᠯᠳᠠᠬᠤ ᠦᠬᠡᠢ ᠳᠣᠯᠠ ᠠᠳᠡ ᠲᠦᠬᠦᠮᠬᠡᠨ ᠳᠣᠷᠠᠳᠴᠣ ᠣᠷᠬᠢᠶ᠎ᠠ᠃ ᠳᠣᠣᠷ᠎ᠠ ᠭᠤᠣᠯᠳᠠᠭᠤ ᠣᠳᠴᠢᠬᠢᠨ ᠤ ᠦᠢᠯᠡ ᠠᠵᠢᠯᠯᠠᠭ᠎ᠠ ᠶᠢ ᠪᠢᠴᠢᠰᠦᠬᠡᠢ᠃     1219 ᠣᠨ ᠳᠤ ᠴᠢᠩᠬᠢᠰ ᠬᠠᠭᠠᠨ ᠬᠤᠷᠢᠨ ᠲᠦᠮᠡᠨ ᠴᠡᠷᠢᠭ ᠳᠠᠶᠢᠴᠢᠯᠠᠨ ᠲᠦᠪ ᠠᠽᠢᠶ᠎ᠠ ᠶᠢᠨ ᠬᠦᠴᠦᠷᠬᠡᠭ ᠣᠯᠣᠰ ᠰᠠᠷᠳᠠᠭᠤᠯ ᠢ ᠲᠦᠪᠰᠢᠳᠬᠡᠬᠦ ᠪᠠᠷ ᠮᠣᠷᠳᠠᠬᠤ ᠳᠠᠭᠠᠨ ᠠᠷᠣ ᠳᠠᠯ᠎ᠠ ᠶᠢᠨ ᠢᠶᠠᠨ ᠠᠮᠣᠭᠤᠯᠠᠩ ᠢ ᠪᠣᠳᠣᠯᠬᠢᠯᠠᠵᠦ᠂ ᠦᠪᠡᠷ ᠤᠨ ᠣᠳᠬᠤᠨ ᠳᠡᠬᠦᠦ ᠣᠳᠴᠢᠬᠢᠨ ᠢᠶᠠᠷ ᠲᠦᠷᠦ ᠶᠢᠨ ᠡᠷᠬᠡ ᠶᠢ ᠵᠠᠬᠢᠷᠣᠭᠤᠯᠵᠦ᠂ ᠮᠣᠩᠭᠤᠯ ᠤᠨ ᠡᠬᠡ ᠣᠷᠣᠨ ᠢ ᠬᠠᠷᠢᠭᠤᠴᠠᠭᠤᠯᠵᠠᠢ᠃ ᠴᠢᠩᠬᠢᠰ ᠬᠠᠭᠠᠨ ᠤ ᠣᠷᠳᠣ ᠵᠠᠮ ᠤᠨ ᠠᠶᠠᠨ ᠳᠠᠶᠢᠨ ᠨᠢ ᠳᠣᠯᠣᠭᠠᠨ ᠵᠢᠯ ᠶᠠᠪᠣᠭᠳᠠᠭᠠᠳ ᠰᠠᠷᠳᠠᠭᠤᠯ ᠢ ᠮᠦᠬᠦᠬᠡᠨ᠂ 1225 ᠣᠨ ᠳᠤ ᠮᠣᠩᠭᠤᠯ ᠣᠷᠣᠨ ᠳᠠᠭᠠᠨ ᠪᠣᠴᠠᠵᠦ ᠢᠷᠡᠪᠡ᠃ ᠡᠨᠡ ᠳᠣᠯᠣᠭᠠᠨ ᠵᠢᠯ ᠤᠨ ᠣᠷᠳᠣ ᠬᠤᠭᠤᠴᠠᠭᠠᠨ᠎ᠠ ᠣᠳᠴᠢᠬᠢᠨ ᠨᠣᠶᠠᠨ ᠮᠣᠩᠭᠤᠯ ᠬᠦᠷᠦᠨ ᠤ ᠠᠷᠣ ᠳᠠᠯ᠎ᠠ ᠶᠢᠨ ᠠᠮᠣᠷ ᠲᠦᠪᠰᠢᠨ ᠢ ᠪᠠᠳᠣᠳᠬᠠᠨ ᠬᠠᠮᠠᠭᠠᠯᠠᠵᠦ᠂ ᠠᠬ᠎ᠠ ᠬᠠᠭᠠᠨ ᠤ ᠪᠠᠨ ᠬᠦᠨᠳᠦ ᠨᠠᠶᠢᠳᠠᠯᠭ᠎ᠠ ᠶᠢ ᠬᠦᠰᠡᠷᠳᠡᠭᠦᠯᠦᠭᠰᠡᠨ ᠦᠬᠡᠢ ᠪᠢᠯᠡ᠃ ᠡᠨᠡ ᠨᠢ ᠶᠠᠷᠢᠶᠠᠨ ᠦᠬᠡᠢ ᠳᠡᠬᠦᠨ ᠤ ᠴᠢᠷᠮᠠᠶᠢᠯᠭ᠎ᠠ ᠲᠠᠢ ᠰᠢᠭᠤᠳ ᠬᠤᠯᠪᠣᠭ᠎ᠠ ᠲᠠᠢ ᠶᠣᠮ᠃ ᠬᠡᠳᠡᠯ᠎ᠡ ᠣᠳᠴᠢᠬᠢᠨ ᠨᠣᠶᠠᠨ ᠦᠳᠡᠯᠦᠬᠡ ᠨᠠᠰᠣᠨ ᠳᠠᠭᠠᠨ ᠠᠯᠳᠠᠭ᠎ᠠ ᠭᠠᠷᠭᠠᠵᠦ ᠬᠦᠶᠦᠭ ᠬᠠᠭᠠᠨ ᠳᠤ ᠰᠢᠢᠳᠬᠡᠭᠳᠡᠵᠡᠢ᠃     1241 ᠣᠨ ᠳᠤ ᠦᠬᠡᠳᠡᠢ ᠬᠠᠭᠠᠨ ᠨᠠᠰᠣ ᠨᠦᠭᠴᠢᠭᠰᠡᠨ ᠤ ᠳᠠᠷᠠᠭ᠎ᠠ᠂ ᠳᠡᠬᠦᠨ ᠤ ᠬᠠᠳᠣᠨ ᠲᠦᠷᠭᠡᠨ᠎ᠡ ᠬᠡᠳᠦᠨ ᠵᠢᠯ ᠲᠦᠷᠦ ᠪᠠᠷᠢᠪᠠ᠃ ᠦᠬᠡᠳᠡᠢ ᠬᠠᠭᠠᠨ ᠠᠮᠢᠳᠣ ᠰᠡᠷᠡᠭᠦᠨ ᠪᠠᠶᠢᠬᠤ ᠳᠤ ᠲᠦᠷᠬᠡᠨ᠎ᠡ ᠬᠠᠳᠣᠨ ᠣᠷᠳᠣᠨ ᠤ ᠳᠣᠳᠣᠷᠠᠬᠢ ᠬᠡᠳᠦᠨ ᠰᠠᠶᠢᠳ ᠲᠦᠰᠢᠮᠡᠳ ᠲᠠᠢ ᠦᠰᠢᠶ᠎ᠡ ᠵᠠᠩᠬᠢᠳᠣᠭᠰᠠᠨ ᠪᠠᠶᠢᠵᠠᠢ᠃ ᠲᠡᠷᠡ ᠲᠦᠷᠦ ᠶᠢᠨ ᠡᠷᠬᠡ ᠶᠢ ᠠᠳᠬᠤᠮᠠᠭᠴᠠ ᠦᠰᠢᠶ᠎ᠡ ᠠᠪᠬᠤ ᠪᠠᠷ ᠣᠷᠣᠯᠳᠣᠭᠰᠠᠨ ᠪᠠᠶᠢᠨ᠎ᠠ᠃ ᠳᠡᠳᠡᠭᠡᠷ ᠰᠠᠶᠢᠳ ᠲᠦᠰᠢᠮᠡᠳ ᠡᠬᠦᠨ ᠢ ᠣᠷᠢᠳᠴᠢᠯᠠᠨ ᠰᠡᠷᠡᠵᠦ ᠮᠡᠳᠡᠭᠡᠳ ᠳᠣᠣᠷᠠᠬᠢ ᠬᠦᠮᠦᠰ ᠢᠶᠠᠨ ᠳᠠᠭᠠᠭᠤᠯᠣᠨ ᠳᠣᠳᠠᠭᠠᠵᠦ ᠶᠠᠪᠣᠭᠰᠠᠨ ᠪᠠᠶᠢᠨ᠎ᠠ᠃ ᠢᠯᠠᠩᠭᠤᠶ᠎ᠠ ᠲᠦᠷᠬᠡᠨ᠎ᠡ ᠬᠠᠳᠣᠨ ᠵᠠᠯᠢ ᠮᠡᠭᠡ ᠶᠡᠬᠡᠳᠡᠢ ᠫᠠᠲ᠋ᠢᠮ᠎ᠠ ᠬᠡᠳᠡᠭ ᠬᠦᠮᠦᠨ ᠢ ᠬᠦᠨᠳᠦᠳᠬᠡᠨ ᠬᠡᠷᠡᠭᠯᠡᠵᠡᠢ᠃ ᠡᠨᠡ ᠬᠤᠶᠢᠬᠤᠷ ᠡᠮᠡᠭᠳᠡᠢ ᠦᠬᠡᠳᠡᠢ ᠬᠠᠭᠠᠨ ᠤ ᠬᠤᠶᠠᠳᠣᠭᠠᠷ ᠬᠦᠪᠡᠬᠦᠨ ᠬᠦᠳᠡᠨ ᠪᠠ ᠣᠯᠠᠨ ᠠᠷᠪᠢᠨ ᠶᠡᠬᠡᠰ ᠨᠣᠶᠠᠳ ᠢ ᠬᠤᠣᠷᠯᠠᠵᠦ ᠠᠯᠠᠭᠠᠳ ᠲᠦᠷᠦ ᠶᠢ ᠰᠠᠮᠠᠭᠤᠷᠠᠭᠤᠯᠪᠠ᠃ ᠡᠨᠡᠬᠦ ᠵᠠᠪᠰᠢᠶᠠᠨ ᠢ ᠳᠠᠯᠢᠮᠳᠠᠭᠤᠯᠣᠨ ᠣᠳᠴᠢᠬᠢᠨ ᠨᠣᠶᠠᠨ ᠬᠠᠭᠠᠨ ᠰᠠᠭᠤᠷᠢᠨ ᠢ ᠪᠣᠯᠢᠶᠠᠬᠤ ᠪᠠᠷ ᠴᠡᠷᠢᠭ ᠳᠠᠶᠢᠴᠢᠯᠠᠵᠦ ᠶᠡᠭᠡ ᠮᠣᠩᠭᠤᠯ ᠣᠯᠣᠰ ᠤᠨ ᠨᠡᠶᠢᠰᠯᠡᠯ ᠬᠠᠷ᠎ᠠ ᠬᠤᠷᠢᠨ ᠵᠦᠭ ᠢᠷᠡᠭᠰᠡᠨ ᠪᠠᠶᠢᠨ᠎ᠠ᠃ ᠲᠦᠷᠦ ᠶᠢ ᠵᠠᠬᠢᠷᠴᠣ ᠪᠠᠶᠢᠭᠰᠠᠨ ᠲᠦᠷᠬᠡᠨ᠎ᠡ ᠬᠠᠳᠣᠨ ᠰᠣᠴᠢᠨ ᠰᠠᠨᠳᠣᠷᠴᠣ ᠡᠯᠴᠢ ᠳᠣᠮᠢᠯᠠᠨ ᠣᠳᠴᠢᠬᠢᠨ ᠨᠣᠶᠠᠨ ᠤ ᠴᠡᠷᠢᠭᠯᠡᠭᠰᠡᠨ ᠣᠴᠢᠷ ᠢ ᠠᠰᠠᠭᠤᠯᠭᠠᠵᠠᠢ᠃ ᠡᠨᠡᠬᠦ ᠪᠠᠴᠢᠮ ᠦᠶ᠎ᠡ ᠳᠤ᠂ ᠠᠬᠠᠮᠠᠳ ᠬᠦᠪᠡᠬᠦᠳ ᠤᠨ ᠪᠠᠷᠠᠭᠤᠨᠰᠢ ᠳᠠᠶᠢᠯᠠᠭᠰᠠᠨ ᠠᠶᠠᠨ ᠳᠠᠶᠢᠨ ᠳᠤ ᠮᠣᠷᠳᠠᠭᠰᠠᠨ ᠬᠦᠶᠦᠭ ᠴᠡᠷᠢᠭ ᠢᠶᠠᠨ ᠳᠠᠭᠠᠭᠤᠯᠣᠭᠠᠳ ᠡᠮᠢᠯ ᠳᠤ ᠬᠦᠷᠴᠦ ᠢᠷᠡᠪᠡ᠃ ᠡᠨᠡ ᠮᠡᠳᠡᠭᠡ ᠶᠢ ᠣᠯᠣᠭᠰᠠᠨ ᠣᠳᠴᠢᠬᠢᠨ ᠨᠣᠶᠠᠨ ᠬᠠᠭᠠᠨ ᠰᠠᠭᠤᠷᠢᠨ ᠢ ᠪᠣᠯᠢᠶᠠᠬᠤ ᠭᠤᠷᠢᠳᠠᠯᠭ᠎ᠠ ᠨᠢ ᠪᠡᠶᠡᠯᠡᠭᠳᠡᠵᠦ ᠴᠢᠳᠠᠬᠤ ᠦᠬᠡᠢ ᠪᠠᠨ ᠮᠡᠳᠡᠵᠦ ᠠᠷᠭ᠎ᠠ ᠪᠣᠰᠣ ᠦᠬᠡᠳᠡᠢ ᠬᠠᠭᠠᠨ ᠤ ᠪᠡᠯᠪᠡᠰᠦᠷᠡᠯ ᠳᠤ ᠣᠷᠣᠯᠴᠠᠬᠤ ᠪᠠᠷ ᠢᠷᠡᠭᠰᠡᠨ ᠢᠶᠠᠷ ᠰᠢᠯᠳᠠᠭᠯᠠᠨ ᠴᠡᠷᠢᠭ ᠢᠶᠠᠨ ᠬᠤᠷᠢᠶᠠᠨ ᠪᠣᠴᠠᠵᠠᠢ᠃     1245 ᠣᠨ ᠤ ᠬᠠᠪᠣᠷ᠂ ᠴᠢᠩᠬᠢᠰ ᠬᠠᠭᠠᠨ ᠤ ᠠᠯᠳᠠᠨ ᠣᠷᠤᠭ ᠤᠨ ᠨᠣᠶᠠᠳ ᠬᠤᠷᠠᠯᠳᠣᠵᠦ᠂ ᠬᠦᠶᠦᠭ ᠢ ᠮᠣᠩᠭᠤᠯ ᠬᠠᠭᠠᠨᠳᠣ ᠣᠯᠣᠰ ᠤᠨ ᠭᠤᠷᠪᠠᠳᠣᠭᠠᠷ ᠦᠶ᠎ᠡ ᠶᠢᠨ ᠶᠡᠭᠡ ᠬᠠᠭᠠᠨ ᠢᠶᠠᠷ ᠰᠣᠩᠭᠤᠪᠠ᠃ ᠬᠦᠶᠦᠭ ᠬᠠᠭᠠᠨ ᠡᠷᠭᠦᠮᠵᠢᠯᠡᠭᠳᠡᠭᠰᠡᠨ ᠤ ᠳᠠᠷᠠᠭ᠎ᠠ ᠣᠳᠴᠢᠬᠢᠨ ᠨᠣᠶᠠᠨ ᠠᠴᠠ ᠶᠠᠯ᠎ᠠ ᠠᠰᠠᠭᠤᠨ ᠨᠠᠮ ᠰᠦᠯᠪᠡᠭᠡ ᠶᠢ  ᠨᠢ ᠰᠢᠢᠳᠬᠡᠭᠰᠡᠨ ᠪᠠᠶᠢᠨ᠎ᠠ᠃     1206 ᠣᠨ ᠳᠤ ᠴᠢᠩᠬᠢᠰ ᠬᠠᠭᠠᠨ ᠮᠣᠩᠭᠤᠯ ᠬᠠᠭᠠᠨᠳᠣ ᠣᠯᠣᠰ ᠢ ᠪᠠᠶᠢᠭᠤᠯᠣᠭᠰᠠᠨ ᠤ ᠳᠠᠷᠠᠭ᠎ᠠ᠂ ᠦᠬᠡᠯᠦᠨ ᠡᠬᠡ ᠪᠣᠯᠣᠨ ᠣᠳᠴᠢᠬᠢᠨ ᠳᠤ ᠨᠢᠬᠡ ᠲᠦᠮᠡᠨ ᠢᠷᠬᠡᠨ ︵ᠲᠦᠮᠡᠨ ᠡᠷᠦᠬᠡ︶ ᠢ ᠦᠭᠪᠡ᠃ 1210 ᠣᠨ ᠳᠤ ᠴᠢᠩᠬᠢᠰ ᠬᠠᠭᠠᠨ ᠭᠤᠷᠪᠠᠳᠣᠭᠠᠷ ᠳᠡᠬᠦᠦ ᠬᠠᠴᠢᠭᠤᠨ᠂ ᠲᠦᠷᠪᠡᠳᠦᠭᠡᠷ ᠳᠡᠬᠦᠦ ᠣᠳᠴᠢᠬᠢᠨ ᠳᠠᠭᠠᠨ ᠪᠣᠶᠢᠷ ᠨᠠᠭᠤᠷ ᠪᠣᠯᠣᠨ ᠬᠦᠯᠦᠨ ᠨᠠᠭᠤᠷ ᠠᠴᠠ ᠡᠮᠦᠨᠡᠬᠢ ᠬᠢᠩᠭᠠᠨ ᠳᠠᠪᠠᠭ᠎ᠠ ᠣᠷᠴᠢᠮ ᠤᠨ ᠣᠷᠣᠨ ᠢ ᠡᠵᠡᠮᠰᠢᠯ ᠨᠣᠳᠤᠭ ᠪᠣᠯᠭᠠᠨ ᠬᠤᠪᠢᠶᠠᠵᠦ ᠦᠭᠴᠡᠢ᠃ ᠣᠳᠴᠢᠬᠢᠨ ᠨᠣᠶᠠᠨ ᠤ ᠦᠷᠡᠰ ᠨᠢ ᠣᠩᠨᠢᠭᠤᠳ ᠠᠶᠢᠮᠠᠭ ᠤᠨ ᠳᠡᠭᠡᠳᠦᠰ ᠪᠣᠯᠣᠨ᠎ᠠ᠃
ᠢᠷᠡᠯᠲᠡ᠄ ︽ᠴᠢᠩᠬᠢᠰ ᠬᠠᠭᠠᠨ ᠠᠴᠠ ᠬᠤᠪᠢᠯᠠᠢ ᠬᠦᠷᠳᠡᠯᠡᠬᠢ ᠵᠠᠭᠤᠨ ᠬᠦᠮᠦᠨ ᠤ ᠳᠣᠪᠴᠢ ᠨᠠᠮᠳᠠᠷ︾ ᠨᠣᠮ ᠠᠴᠠ