ᠣᠶᠢᠷ᠎ᠠ ᠳᠤ ᠡᠶᠢᠮᠦ ᠸᠢᠷᠦ᠋ᠰ ᠬᠡᠴᠡᠬᠦᠳᠡᠵᠦ ᠪᠠᠶᠢᠨ᠎ᠠ
ᠨᠡᠶᠢᠲᠡᠯᠡᠭᠰᠡᠨ ᠴᠠᠭ᠄
2023/10/11
      ᠵᠢᠯ ᠪᠦᠷᠢ ᠶᠢᠨ 10 ᠰᠠᠷ᠎ᠠ ᠠᠴᠠ ᠢᠷᠡᠬᠦ ᠵᠢᠯ ᠤᠨ 3 ᠰᠠᠷ᠎ᠠ ᠪᠣᠯᠲᠠᠯᠠᠬᠢ ᠬᠤᠭᠤᠴᠠᠭ᠎ᠠ ᠪᠣᠯ ᠨᠣᠷᠦ᠋ ᠸᠢᠷᠦ᠋ᠰ ᠳᠡᠯᠬᠡᠷᠡᠳᠡᠭ ᠴᠠᠭ ᠪᠠᠶᠢᠵᠦ᠂ ᠰᠤᠷᠭᠠᠭᠤᠯᠢ ᠪᠣᠯᠣᠨ ᠬᠡᠦᠬᠡᠳ ᠬᠠᠷᠠᠬᠤ ᠪᠠᠶᠢᠭᠤᠯᠤᠮᠵᠢ ᠵᠡᠷᠭᠡ ᠭᠠᠵᠠᠷ ᠪᠣᠯ ᠨᠣᠷᠦ᠋ ᠶᠢᠨ ᠬᠠᠯᠳᠠᠪᠤᠷᠢᠯᠠᠯ ᠣᠯᠠᠨ ᠡᠭᠦᠰᠳᠡᠭ ᠭᠠᠵᠠᠷ ᠮᠥᠨ᠃ ᠳᠤᠮᠳᠠᠳᠤ ᠤᠯᠤᠰ ᠤᠨ ᠡᠪᠡᠳᠴᠢᠨ ᠬᠢᠵᠢᠭ ᠢ ᠰᠡᠷᠭᠡᠶᠢᠯᠡᠨ ᠳᠠᠷᠣᠬᠤ ᠲᠥᠪ ᠤᠨ ᠰᠠᠨᠠᠭᠤᠯᠤᠭᠰᠠᠨ ᠢᠶᠠᠷ᠂ ᠳᠡᠷᠬᠡᠯ ᠤᠨ ᠪᠠᠶᠠᠷ ᠪᠠ ᠤᠯᠤᠰ ᠤᠨ ᠪᠠᠶᠠᠷ ᠤᠨ ᠠᠮᠠᠷᠠᠯᠲᠠ ᠳᠠᠭᠤᠰᠤᠭᠠᠳ ᠰᠤᠷᠭᠠᠭᠤᠯᠢ ᠳᠠᠭᠠᠨ ᠪᠤᠴᠠᠭᠰᠠᠨ ᠤ ᠳᠠᠷᠠᠭ᠎ᠠ᠂ ᠬᠢᠵᠢᠭ ᠢ ᠰᠡᠷᠭᠡᠶᠢᠯᠡᠨ ᠬᠢᠵᠠᠭᠠᠷᠯᠠᠬᠤ ᠨᠢ ᠨᠠᠩ ᠴᠢᠬᠤᠯᠠ ᠪᠠᠶᠢᠳᠠᠭ ᠶᠤᠮ᠃ ᠨᠤᠷᠥ᠋ ᠸᠢᠷᠦ᠋ᠰ ᠪᠣᠯ RNA ᠶᠢᠨ ᠸᠢᠷᠦ᠋ᠰ ᠮᠥᠨ ᠪᠣᠯᠬᠤᠷ ᠮᠠᠰᠢ ᠠᠮᠠᠷᠬᠠᠨ ᠬᠤᠪᠢᠰᠴᠦ᠂ ᠬᠡᠳᠦᠨ ᠵᠢᠯ ᠠᠯᠤᠰᠯᠠᠬᠤ ᠪᠦᠷᠢ ᠰᠢᠨ᠎ᠡ ᠣᠨᠳᠣᠣᠰᠢᠯ ᠪᠣᠢ ᠪᠣᠯᠵᠤ᠂ ᠪᠦᠬᠦ ᠪᠥᠮᠪᠥᠷᠴᠡᠭ ᠪᠤᠶᠤ ᠣᠷᠣᠨ ᠪᠦᠰᠡ ᠶᠢᠨ ᠴᠢᠨᠠᠷᠲᠠᠢ ᠭᠡᠨᠡᠳᠲᠡ ᠳᠡᠯᠭᠡᠷᠡᠳᠡᠭ ᠪᠠᠶᠢᠨ᠎ᠠ᠃       ᠨᠤᠷᠦ᠋ ᠸᠢᠷᠦ᠋ᠰ ᠲᠤ ᠬᠠᠯᠳᠠᠪᠤᠷᠢᠯᠠᠪᠠᠯ 12 ᠴᠠᠭ ᠠᠴᠠ 72 ᠴᠠᠭ ᠤᠨ ᠨᠢᠭᠤᠬᠳᠠᠮᠠᠯ ᠬᠤᠭᠤᠴᠠᠭᠠᠨ ᠤ ᠳᠠᠷᠠᠭ᠎ᠠ᠂ ᠶᠡᠷᠦ ᠳᠡᠭᠡᠨ 24 ᠴᠠᠭ ᠠᠴᠠ 48 ᠴᠠᠭ ᠤᠨ ᠳᠣᠳᠣᠷ᠎ᠠ ᠡᠪᠡᠳᠴᠢᠨ ᠡᠬᠦᠰᠬᠡᠳᠡᠭ᠃ ᠭᠤᠣᠯᠳᠠᠭᠤ ᠳᠤᠷ᠎ᠠ ᠪᠣᠯᠭᠢᠬᠤ᠂ ᠪᠥᠭᠡᠯᠵᠢᠬᠦ᠂ ᠬᠠᠯᠠᠭᠤᠷᠠᠬᠤ᠂ ᠬᠡᠪᠡᠯᠢ ᠡᠪᠡᠳᠬᠦ ᠪᠠ ᠰᠠᠭᠤᠯᠭᠠᠬᠤ᠂ ᠵᠠᠷᠢᠮ ᠨᠢ ᠲᠣᠯᠣᠭᠠᠢ ᠡᠪᠡᠳᠬᠦ᠂ ᠳᠠᠭᠠᠷᠠᠳᠠᠰᠤ ᠬᠦᠷᠬᠦ᠂ ᠪᠤᠯᠴᠢᠩ ᠰᠢᠷᠪᠦᠰᠦ ᠱᠠᠷᠬᠢᠷᠠᠨ ᠡᠪᠡᠳᠬᠦ ᠵᠡᠷᠭᠡ ᠢᠯᠡᠷᠡᠯ ᠲᠠᠢ᠃ ᠬᠡᠦᠬᠡᠳ ᠪᠥᠭᠡᠯᠵᠢᠬᠦ ᠪᠠᠷ ᠭᠤᠣᠯᠯᠠᠵᠤ᠂ ᠨᠠᠰᠤᠨ ᠳᠤ ᠬᠦᠷᠦᠭᠰᠡᠳ ᠤᠨ ᠰᠠᠭᠤᠯᠭᠠᠬᠤ ᠨᠢ ᠠᠷᠪᠢᠨ ᠪᠠᠶᠢᠳᠠᠭ᠃
ᠢᠷᠡᠯᠲᠡ᠄ ᠠᠷᠠᠳ ᠤᠨ ᠮᠣᠩᠭᠤᠯ ᠰᠦᠯᠵᠢᠶ᠎ᠡ