ᠥᠪᠥᠷ ᠮᠣᠩᠭᠤᠯ ᠤᠨ ᠮᠦᠽᠧᠢ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠤᠬᠠᠭᠤᠯᠭ᠎ᠠ ᠶᠢ ᠰᠤᠷᠭᠠᠭᠤᠯᠢ ᠶᠢᠨ ᠬᠦᠷᠢᠶᠡᠨ ᠳᠤ ᠣᠷᠣᠭᠤᠯᠪᠠ
ᠨᠡᠶᠢᠲᠡᠯᠡᠭᠰᠡᠨ ᠴᠠᠭ᠄
2023/10/9
      ᠲᠦᠷᠦᠭᠦᠬᠡᠨ᠂ ᠥᠪᠥᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠱᠧᠩ ᠯᠧ ᠲᠣᠭᠤᠷᠢᠭ ᠤᠨ ᠨᠣᠮ ᠤᠨ ᠰᠠᠩ ᠤᠨ ᠭᠠᠳᠠᠨ᠎ᠠ ᠭᠦᠷ ᠬᠥᠭᠵᠢᠶᠡᠨ ᠢᠶᠠᠷ ᠪᠢᠯᠬᠠᠵᠤ᠂ ᠣᠶᠤᠲᠠᠳ ᠥᠪᠥᠷ ᠮᠣᠩᠭᠤᠯ ᠤᠨ ᠮᠦᠽᠧᠢ ᠶᠢᠨ ︽ᠨᠡᠭᠦᠳᠡᠯ ᠲᠣᠭᠠᠴᠢᠯᠠᠭᠰᠠᠨ ᠮᠦᠽᠧᠢ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢ ᠰᠤᠷᠭᠠᠭᠤᠯᠢ ᠶᠢᠨ ᠬᠦᠷᠢᠶᠡᠨ ᠳᠤ ᠤᠬᠠᠭᠤᠯᠬᠤ︾ ᠠᠵᠢᠯᠯᠠᠭ᠎ᠠ ᠳᠤ ᠣᠷᠣᠯᠴᠠᠵᠤ᠂ ᠲᠡᠦᠬᠡ ᠶᠢᠨ ᠳᠤᠷᠠᠰᠬᠠᠯᠲᠤ ᠵᠦᠢᠯᠡᠰ ᠢ ᠪᠠᠶᠠᠳᠠᠨ ᠣᠶᠢᠯᠠᠭᠠᠯ᠎ᠠ᠃       ᠲᠠᠶᠢᠯᠪᠤᠷᠢᠯᠠᠭᠴᠢ ᠵᠠᠭᠤ ᠭᠠᠷᠤᠢ ᠲᠡᠦᠬᠡ ᠶᠢᠨ ᠳᠤᠷᠠᠰᠬᠠᠯᠲᠤ ᠵᠦᠢᠯ ᠤᠨ 3D ᠲᠣᠭᠠᠴᠢᠯᠠᠭᠰᠠᠨ ᠬᠠᠳᠠᠭᠠᠯᠠᠮᠵᠢ ᠵᠢᠴᠢ ᠨᠢᠭᠡᠳᠦᠭᠡᠷ ᠳᠡᠰ ᠤᠨ ᠲᠡᠦᠬᠡ ᠶᠢᠨ ᠳᠤᠷᠠᠰᠬᠠᠯᠲᠤ ᠵᠦᠢᠯᠡᠰ ᠤᠨ ᠬᠠᠭᠤᠯᠪᠤᠷᠢ ᠪᠦᠲᠦᠭᠡᠯ ᠢ ᠦᠵᠡᠭᠦᠯᠭᠦ ᠶᠢᠨ ᠬᠠᠮᠲᠤ ᠲᠠᠶᠢᠯᠤᠮᠵᠢ ᠬᠢᠵᠦ᠂ ᠤᠮᠠᠷᠠᠲᠤ ᠬᠢᠯᠢ ᠶᠢᠨ ᠰᠣᠶᠣᠯ ᠤᠨ ᠭᠠᠶᠢᠬᠠᠮᠰᠢᠭ ᠢ ᠮᠡᠳᠡᠷᠡᠭᠦᠯᠦᠨ᠂ ᠦᠨᠳᠦᠰᠦᠲᠡᠨ ᠤ ᠪᠦᠯᠬᠦᠮᠳᠡᠯ ᠲᠠᠪᠰᠢᠯᠳᠠ ᠶᠢ ᠠᠮᠢᠳᠤᠯᠢᠭ ᠤᠬᠠᠭᠤᠯᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠶᠢ ᠠᠬᠢᠭᠤᠯᠪᠠ᠃ 2023 ᠣᠨ ᠤ 9 ᠰᠠᠷ᠎ᠠ ᠪᠣᠯ 40 ᠳ᠋ᠦ᠋ᠭᠡᠷ ᠤᠳᠠᠭ᠎ᠠ ᠶᠢᠨ ᠪᠦᠭᠦ ᠣᠷᠣᠨ ᠤ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠠᠵᠢᠯᠯᠠᠭ᠎ᠠ ᠶᠢᠨ ᠰᠠᠷ᠎ᠠ ᠪᠣᠯᠣᠨ᠎ᠠ᠃ ᠥᠪᠥᠷ ᠮᠣᠩᠭᠤᠯ ᠤᠨ ᠮᠦᠽᠧᠢ ᠲᠦᠷᠦᠭᠦᠦ ᠪᠦᠯᠦᠭ ᠤᠨ ︽ᠪᠦᠭᠦ ᠤᠯᠤᠰ ᠤᠨ ᠦᠵᠡᠯ ᠰᠠᠨᠠᠭ᠎ᠠ ᠤᠯᠤᠰ ᠲᠥᠷᠥ ᠶᠢᠨ ᠬᠢᠴᠢᠶᠡᠯ︾ ᠤᠨ ᠦᠢᠯᠡᠳᠦᠯᠭᠡ ᠶᠢᠨ ᠵᠢᠭᠠᠨ ᠰᠤᠷᠭᠠᠯᠲᠠ ᠶᠢᠨ ᠰᠠᠭᠤᠷᠢᠨ ᠪᠣᠯᠤᠭᠰᠠᠨ ᠤ ᠬᠤᠪᠢ ᠳᠤ ᠮᠦᠽᠧᠢ ᠳᠤ ᠬᠠᠳᠠᠭᠠᠯᠠᠵᠤ ᠪᠠᠶᠢᠭ᠎ᠠ ᠲᠡᠦᠬᠡ ᠶᠢᠨ ᠳᠤᠷᠠᠰᠬᠠᠯᠲᠤ ᠵᠦᠢᠯᠡᠰ ᠤᠨ ᠡᠬᠢ ᠪᠠᠶᠠᠯᠢᠭ ᠢᠶᠠᠷ ᠰᠠᠭᠤᠷᠢ ᠪᠣᠯᠭᠠᠨ᠂ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠤᠬᠠᠭᠤᠯᠭ᠎ᠠ ᠶᠢ ᠰᠤᠷᠭᠠᠭᠤᠯᠢ ᠶᠢᠨ ᠬᠦᠷᠢᠶᠡᠨ ᠳᠤ ᠣᠷᠣᠭᠤᠯᠪᠠ᠃ ᠥᠪᠥᠷ ᠮᠣᠩᠭᠤᠯ ᠤᠨ ᠮᠦᠽᠧᠢ ᠲᠡᠦᠬᠡ ᠰᠣᠶᠣᠯ ᠠᠴᠠ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠬᠥᠮᠦᠵᠢᠯ ᠤᠨ ᠠᠮᠢᠳᠤᠯᠢᠭ ᠵᠢᠱᠢᠶ᠎ᠡ ᠣᠯᠵᠤ᠂ ᠣᠯᠠᠨ ᠶᠠᠩᠵᠤ ᠭᠡᠯᠪᠡᠷᠢ ᠶᠢᠨ᠂ ᠬᠠᠷᠢᠯᠴᠠᠨ ᠬᠥᠳᠡᠯᠦᠯᠴᠡᠬᠦ ᠴᠢᠨᠠᠷ ᠢᠶᠠᠷ ᠴᠢᠩᠭ᠎ᠠ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠬᠥᠮᠦᠵᠢᠯ ᠤᠨ ᠠᠵᠢᠯᠯᠠᠭ᠎ᠠ ᠶᠢ ᠢᠳᠡᠪᠬᠢᠲᠡᠢ ᠥᠷᠨᠢᠭᠦᠯᠵᠦ᠂ ᠪᠦᠭᠦ ᠤᠯᠤᠰ ᠤᠨ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠬᠥᠮᠦᠵᠢᠯ ᠤᠨ ᠰᠠᠭᠤᠷᠢᠨ᠂ ᠪᠦᠭᠦ ᠤᠯᠤᠰ ᠤᠨ ᠦᠵᠡᠯ ᠰᠠᠨᠠᠭ᠎ᠠ ᠤᠯᠤᠰ ᠲᠥᠷᠥ ᠶᠢᠨ ᠬᠢᠴᠢᠶᠡᠯ ᠤᠨ ᠬᠥᠮᠦᠵᠢᠯ ᠤᠨ ᠰᠠᠭᠤᠷᠢᠨ ᠤ ᠦᠢᠯᠡᠳᠦᠯ ᠢᠶᠠᠨ ᠰᠠᠶᠢᠲᠤᠷ ᠪᠠᠳᠠᠷᠠᠭᠤᠯᠵᠤ᠂ ᠦᠨᠳᠦᠰᠦᠲᠡᠨ ᠤ ᠪᠦᠯᠬᠦᠮᠳᠡᠯ ᠤᠨ ᠬᠥᠮᠦᠵᠢᠯ ᠢ ᠠᠮᠢᠳᠤᠯᠢᠭ᠂ ᠰᠡᠳᠬᠢᠯᠭᠡ ᠲᠠᠢ᠂ ᠪᠦᠲᠦᠮᠵᠢᠲᠡᠶ ᠶᠠᠪᠤᠭᠳᠠᠭᠤᠯᠵᠤ ᠪᠠᠶᠢᠨ᠎ᠠ᠃ 
ᠢᠷᠡᠯᠲᠡ᠄ ᠬᠦᠯᠦᠨ ᠪᠤᠶᠢᠷ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ