︽ᠳᠤᠮᠳᠠᠳᠤ ᠤᠯᠤᠰ ᠤᠨ ᠴᠢᠰᠤᠨ ᠤ ᠤᠭᠤᠷᠠᠭ ᠤᠨ ᠵᠢᠭᠠᠯᠲᠠ ᠳᠤᠭ᠎ᠠ ︵2023 ᠣᠨ︶︾ ᠠᠴᠠ ᠦᠵᠡᠪᠡᠯ᠂ ᠮᠠᠨ ᠤ ᠤᠯᠤᠰ ᠤᠨ ᠭᠤᠷᠪᠠᠨ ᠤ ᠨᠢᠭᠡ | ᠢᠯᠡᠬᠦᠦ ᠶᠢᠨ ᠨᠠᠰᠤᠨ ᠳᠤ ᠬᠦᠷᠦᠭᠰᠡᠳ ᠤᠨ ᠴᠢᠰᠤᠨ ᠤ ᠥᠭᠡᠬᠦ ᠪᠦᠷ ᠬᠡᠪ ᠤᠨ ᠪᠤᠰᠤ ᠪᠠᠶᠢᠳᠠᠯ ᠲᠠᠢ ᠪᠠᠶᠢᠨ᠎ᠠ᠃ | ᠴᠢᠰᠤᠨ ᠤ ᠥᠭᠡᠬᠦ ᠤᠭᠤᠷᠠᠭ ᠬᠡᠪ ᠤᠨ ᠪᠤᠰᠤ ᠪᠤᠯᠪᠠᠯ ᠡᠶᠢᠮᠦ 5 ᠵᠦᠢᠯ ᠤᠨ ᠪᠠᠶᠢᠳᠠᠯ ᠢᠯᠡᠷᠡᠨ᠎ᠡ᠃ | 1. ᠰᠢᠷᠠᠩᠭᠤᠢ ᠪᠡᠳᠡᠬᠢ ᠭᠠᠷᠬᠤ᠃ ᠨᠢᠳᠦ᠂ ᠭᠠᠷ ᠤᠨ ᠲᠣᠬᠤᠢ᠂ ᠪᠣᠷᠪᠢ ᠵᠡᠷᠭᠡ ᠳᠤ ᠲᠤᠲᠤᠷᠭ᠎ᠠ ᠶᠢᠨ ᠮᠥᠬᠦᠯᠢᠭ ᠤᠨ ᠬᠢᠷᠢ ᠲᠠᠢ ᠰᠢᠷᠠᠩᠭᠤᠢ ᠪᠡᠲᠡᠭᠢ | ᠭᠠᠷᠴᠦ᠂ ᠡᠪᠡᠳᠬᠦ ᠦᠭᠡᠢ ᠵᠠᠭᠠᠲᠤᠨᠠᠬᠤ ᠴᠤ ᠦᠭᠡᠢ ᠪᠠᠶᠢᠳᠠᠭ᠃ ᠡᠨᠡ ᠪᠡᠳᠡᠬᠢ ᠪᠣᠯ ᠥᠭᠡᠬᠦ ᠤᠭᠤᠷᠠᠭ ᠠᠷᠠᠰᠤᠨ ᠳᠣᠣᠷ᠎ᠠ ᠣᠪᠣᠭᠠᠷᠠᠵᠤ ᠪᠣᠢ ᠪᠣᠯᠤᠭᠰᠠᠨ ᠪᠥᠭᠡᠳ | ᠣᠯᠠᠩᠬᠢ ᠳᠠᠭᠠᠨ ᠴᠢᠰᠤ ᠥᠭᠡᠬᠦᠯᠡᠭᠰᠡᠨ ᠠᠴᠠ ᠪᠤᠯᠳᠠᠭ᠃ | 2. ᠰᠢᠷ᠎ᠠ ᠲᠣᠯᠪᠤ ᠠᠷᠪᠢᠳᠠᠬᠤ᠃ ᠣᠬᠤᠷ ᠬᠤᠭᠤᠴᠠᠭᠠᠨ ᠳᠤ ᠨᠢᠭᠤᠷ ᠬᠠᠴᠠᠷ᠂ ᠭᠠᠷ ᠤᠨ ᠬᠤᠷᠤᠭᠤ ᠳᠡᠭᠡᠷ᠎ᠡ ᠨᠡᠯᠢᠶᠡᠳ ᠣᠯᠠᠨ ᠵᠢᠵᠢᠭ ᠰᠢᠷ᠎ᠠ ᠲᠣᠯᠪᠤ | ᠢᠯᠡᠷᠡᠵᠦ᠂ ᠨᠠᠰᠣᠳᠠᠶᠢᠴᠤᠳ ᠤᠨ ᠲᠣᠯᠪᠤ ᠶᠢ ᠪᠣᠳᠣᠪᠠᠯ ᠠᠷᠠᠢ ᠳᠣᠮᠣ᠂ ᠥᠩᠭᠡ ᠨᠢ ᠨᠡᠯᠢᠶᠡᠳ ᠭᠦᠨ ᠪᠠᠶᠢᠳᠠᠭ᠂ ᠡᠨᠡ ᠨᠢ ᠮᠦᠨ ᠯᠠ ᠴᠢᠰᠤ ᠥᠭᠡᠬᠦᠯᠡᠭᠰᠡᠨ ᠠᠴᠠ | ᠪᠤᠯᠤᠬᠰᠠᠨ ᠶᠤᠮ᠃ | 3. ᠬᠥᠯ ᠪᠠᠳᠠᠶᠢᠷᠠᠵᠦ᠂ ᠬᠠᠶᠠ ᠳᠣᠭᠤᠯᠳᠠᠬᠤ᠃ ᠢᠳᠡᠷ ᠪᠠ ᠦᠳᠡᠯᠦᠬᠡ ᠨᠠᠰᠤᠨ ᠤ ᠬᠥᠮᠥᠰ ᠬᠥᠯ ᠤᠨ ᠰᠢᠷᠪᠦᠰᠦ ᠨᠢ ᠲᠠᠲᠠᠬᠤ᠂ ᠰᠢᠯᠪᠢ ᠨᠢ ᠵᠢᠩᠭᠢᠨᠡᠬᠦ᠂ | ᠪᠠᠳᠠᠶᠢᠷᠠᠬᠤ ᠵᠡᠷᠭᠡ ᠪᠠᠶᠢᠳᠠᠯ ᠢᠯᠡᠷᠡᠪᠡᠯ ᠺᠠᠯᠼ ᠳᠤᠲᠠᠭᠰᠠᠨ ᠠᠴᠠ ᠪᠣᠯᠣᠯ᠎ᠠ ᠭᠡᠵᠦ ᠪᠣᠳᠣᠳᠠᠭ᠃ ᠦᠨᠡᠨ ᠳᠡᠭᠡᠨ ᠡᠨᠡ ᠨᠢ ᠰᠥᠰᠥᠨ ᠤ ᠭᠤᠨᠠᠨ ᠠᠯᠺᠣᠣᠯ | ᠪᠤᠯᠴᠢᠩ ᠳᠤ ᠬᠤᠷᠠᠵᠤ᠂ ᠪᠤᠯᠴᠢᠩ ᠤᠨ ᠠᠪᠴᠢᠯᠲᠠ ᠳᠤ ᠰᠡᠳᠦᠯᠲᠡ ᠦᠭᠬᠦᠭᠰᠡᠨ ᠠᠴᠠ ᠪᠣᠯᠵᠤ ᠬᠥᠯ ᠤᠨ ᠰᠢᠷᠪᠦᠰᠦ ᠲᠠᠲᠠᠵᠤ᠂ ᠠᠯᠬᠤᠬᠤ ᠳᠤ ᠳᠣᠭᠤᠯᠵᠤ ᠪᠠᠶᠢᠵᠤ | ᠮᠡᠳᠡᠨ᠎ᠡ᠃ | 4. ᠨᠦᠢᠷ ᠬᠦᠷᠴᠦ ᠲᠣᠯᠣᠭᠠᠢ ᠡᠷᠭᠢᠬᠦ᠃ ᠡᠨᠡ ᠪᠣᠯ ᠴᠢᠰᠤ ᠶᠡᠬᠡᠪᠡᠷ ᠥᠭᠡᠬᠦᠵᠢᠬᠦ ᠳᠤ ᠦᠷᠭᠦᠯᠵᠢ ᠲᠣᠬᠢᠶᠠᠯᠳᠤᠳᠠᠭ ᠡᠬᠢᠨ ᠤ ᠦᠶ᠎ᠡ ᠶᠢᠨ ᠰᠢᠨᠵᠢ ᠳᠡᠮᠳᠡᠭ | ᠮᠥᠨ᠂ ᠢᠯᠠᠩᠭᠤᠶ᠎ᠠ ᠢᠳᠡᠷ ᠪᠠ ᠦᠳᠡᠯᠦᠬᠡ ᠨᠠᠰᠤᠨ ᠤ ᠬᠥᠮᠥᠰ ᠥᠷᠯᠥᠭᠡ ᠪᠣᠰᠬᠤ ᠦᠶ᠎ᠡ ᠳᠤ ᠲᠣᠯᠣᠭᠠᠢ ᠨᠢ ᠡᠷᠭᠢᠵᠦ᠂ ᠴᠠᠢ ᠪᠠᠨ ᠤᠤᠭᠤᠭᠰᠠᠨ ᠤ ᠳᠠᠷᠠᠭ᠎ᠠ | ᠨᠠᠮᠳᠠᠨ᠂ ᠦᠳᠡ ᠶᠢᠨ ᠬᠤᠶᠢᠨ᠎ᠠ ᠠᠮᠠᠷᠬᠠᠨ ᠨᠦᠢᠷ ᠬᠦᠷᠳᠡᠭ᠃ | 5. ᠨᠢᠳᠦ ᠡᠷᠢᠶᠡᠯᠵᠡᠬᠦ᠃ ᠥᠷᠯᠥᠭᠡ ᠪᠣᠰᠬᠤ ᠦᠶ᠎ᠡ ᠳᠤ᠂ ᠬᠠᠶᠠ ᠨᠢᠳᠦ ᠡᠷᠢᠶᠠᠯᠵᠢᠨ᠂ ᠳᠠᠷᠠᠭ᠎ᠠ ᠨᠢ ᠨᠠᠮᠳᠠᠳᠠᠭ᠃ ᠡᠨᠡ ᠨᠢ ᠴᠢᠰᠤᠨ ᠤ ᠭᠯᠢᠼᠧᠷᠢᠨ | ᠭᠤᠷᠪᠠᠴᠢ ᠡᠰᠲ᠋ᠥᠷ ᠨᠡᠮᠡᠭᠳᠡᠵᠦ᠂ ᠴᠢᠰᠦᠨ ᠤ ᠡᠷᠬᠢᠯᠳᠡ ᠤᠳᠠᠭᠠᠰᠢᠷᠠᠵᠤ᠂ ᠥᠭᠡᠬᠦ ᠤᠭᠤᠷᠠᠭ ᠬᠢᠯᠭᠠᠰᠤᠨ ᠰᠤᠳᠠᠯ ᠠᠴᠠ ᠨᠡᠪᠴᠢᠨ ᠭᠠᠷᠴᠤ ᠬᠠᠷᠠᠭ᠎ᠠ ᠶᠢ | ᠨᠥᠯᠥᠭᠡᠯᠡᠭᠰᠡᠨ ᠠᠴᠠ ᠪᠤᠯᠤᠬᠰᠠᠨ ᠶᠤᠮ᠃ |