ᠣᠷᠴᠢᠮ ᠤᠨ ᠬᠤᠭᠤᠴᠠᠭᠠᠨ ᠳᠤ᠂ ᠵᠠᠬ᠎ᠠ ᠳᠡᠯᠭᠡᠭᠦᠷ ᠳᠡᠭᠡᠷ᠎ᠡ ᠨᠢᠭᠡ ᠵᠦᠢᠯ ᠤᠨ ︽ᠬᠠᠭᠤᠷᠮᠠᠭ ᠤᠰᠤ︾ ᠭᠡᠳᠡᠭ ᠲᠣᠭᠯᠠᠭᠠᠮ ᠭᠠᠷᠴᠤ ᠢᠷᠡᠪᠡ᠃ ᠭᠠᠳᠠᠷ | ᠬᠡᠯᠪᠡᠷᠢ ᠨᠢ ᠵᠢᠵᠢᠭᠭᠡᠨ ᠯᠤᠩᠬᠤ ᠲᠠᠢ ᠤᠮᠳᠠᠭᠠᠨ ᠰᠢᠭ᠋ ᠬᠠᠷᠠᠬᠳᠠᠨ᠎ᠠ᠂ ᠡᠭᠦᠨ ᠢ ᠤᠤᠭᠤᠵᠤ ᠪᠣᠯᠬᠤ ᠦᠭᠡᠢ︕ ᠠᠶᠤᠯ ᠲᠠᠢ︕ ︽ᠡᠨᠡ ᠲᠣᠭᠯᠠᠭᠠᠮ ᠲᠡᠭᠡᠷ᠎ᠡ | ᠬᠡᠳᠦ᠋ᠢᠪᠡᠷ ᠭᠤᠣᠯ ᠪᠦᠷᠢᠯᠳᠦᠬᠦᠨ ᠨᠢ ᠤᠰᠤ ᠪᠠᠷ ᠭᠤᠤᠯᠯᠠᠵᠤ᠂ ᠮᠧᠲ᠋ᠢᠯ ᠪᠥᠭᠡᠭᠡᠨᠡᠷᠡᠯ ᠡᠲ᠋ᠧᠨ ᠠᠯᠺᠣᠣᠯ ︵PVA︶᠂ ᠥᠩᠭᠡᠯᠡᠭᠴᠢ ᠵᠡᠷᠭᠡ ᠪᠠᠶᠢᠨ᠎ᠠ ᠬᠡᠰᠡᠨ | ᠲᠠᠶᠢᠯᠪᠤᠷᠢ ᠬᠠᠳᠠᠵᠤ ᠪᠠᠶᠢᠪᠠᠴᠤ ᠡᠭᠦᠨ ᠠᠴᠠ ᠡᠮᠦᠨ᠎ᠡ ᠰᠢᠯᠭᠠᠨ ᠪᠠᠶᠢᠴᠠᠭᠠᠯᠲᠠ ᠬᠢᠭᠰᠡᠨ ᠳᠤ ᠬᠠᠭᠤᠷᠮᠠᠭ ᠤᠰᠤᠨ ᠤ ᠲᠣᠭᠯᠠᠭᠠᠮ ᠳᠤ ᠪᠤᠷ ᠡᠯᠧᠮᠧᠨ᠋ᠲ ᠤᠨ | ᠠᠭᠤᠯᠤᠭᠳᠠᠴᠠ ᠨᠡᠯᠢᠶᠡᠳ ᠥᠨᠳᠥᠷ ᠠᠭᠤᠯᠤᠬᠳᠠᠵᠤ᠂ ᠵᠠᠷᠢᠮ ᠳᠤᠨᠢ ᠪᠠᠰᠠ ᠣᠨᠳᠣᠣ ᠲᠢᠶᠠᠽᠤᠯᠢᠨ ᠺᠧᠲ᠋ᠤᠨ ᠤ ᠲᠦᠷᠦᠯ ᠤᠨ ᠢᠯᠵᠢᠷᠡᠬᠦ ᠶᠢ ᠰᠡᠷᠭᠡᠶᠢᠯᠡᠬᠦ ᠡᠳ᠋ | ᠠᠭᠤᠯᠤᠬᠳᠠᠵᠤ ᠪᠠᠶᠢᠪᠠ᠂ ᠡᠭᠦᠨ ᠢ ᠠᠳᠡᠬᠦᠷᠡᠨ ᠤᠤᠭᠤᠬᠤ ᠦᠭᠡᠢ ᠴᠦ ᠭᠡᠰᠡᠨ ᠬᠡᠦᠬᠡᠳ ᠤᠨ ᠡᠷᠡᠭᠦᠯ ᠮᠡᠨᠳᠦ ᠳᠤ ᠨᠡᠯᠢᠶᠡᠳ ᠶᠡᠭᠡ ᠠᠶᠤᠯ ᠲᠠᠢ ᠪᠠᠶᠢᠳᠠᠭ᠃ | ᠡᠭᠦᠨ ᠠᠴᠠ ᠡᠮᠦᠨ᠎ᠡ᠂ ᠰᠤᠷᠪᠤᠯᠵᠢᠯᠠᠭᠴᠢ 9 ᠵᠦᠢᠯ ᠤᠨ 14 ᠪᠦᠯᠦᠭ ᠤᠳᠠᠭ᠎ᠠ ᠶᠢᠨ ︽ᠬᠠᠭᠤᠷᠮᠠᠭ ᠤᠰᠤ︾ ᠶᠢᠨ ᠥᠯᠢᠭᠡᠷ ᠡᠳ᠋ ᠢ ᠬᠤᠳᠠᠯᠳᠤᠨ ᠠᠪᠴᠤ᠂ | ᠰᠢᠯᠭᠠᠨ ᠪᠠᠶᠢᠴᠠᠭᠠᠬᠤ ᠪᠠᠶᠢᠭᠤᠯᠤᠮᠵᠢ ᠳᠤ ᠬᠦᠷᠭᠡᠵᠦ ᠬᠢᠮᠢ ᠶᠢᠨ ᠰᠢᠯᠭᠠᠨ ᠪᠠᠶᠢᠴᠠᠭᠠᠯᠲᠠ ᠬᠢᠯᠭᠡᠭᠰᠡᠨ ᠳᠤ᠂ ᠥᠯᠢᠭᠡᠷ ᠡᠳ᠋ ᠢ ᠰᠢᠯᠭᠠᠨ ᠪᠠᠶᠢᠴᠠᠭᠠᠭᠰᠠᠨ ᠲᠤᠭ᠎ᠠ | ᠪᠠᠷᠢᠮᠲᠠ ᠠᠴᠠ ᠦᠵᠡᠪᠡᠯ᠂ ᠡᠨᠡ 14 ᠪᠦᠯᠦᠭ ᠤᠳᠠᠭ᠎ᠠ ᠶᠢᠨ ︽ᠬᠠᠭᠤᠷᠮᠠᠭ ᠤᠰᠤ︾ ᠶᠢᠨ ᠦᠯᠢᠭᠡᠷ ᠡᠳ᠋ ᠲᠤ ᠧᠦ᠋ᠷᠣᠫᠠ ᠶᠢᠨ ᠬᠤᠯᠪᠣᠭᠠᠨ ᠤ ᠲᠣᠭᠯᠠᠭᠠᠮ ᠤᠨ | ᠠᠮᠤᠷ ᠲᠦᠪᠰᠢᠨ ᠤ ᠬᠢᠵᠠᠭᠠᠷ ᠬᠡᠮᠵᠢᠭᠳᠡᠯ ᠠᠴᠠ ᠳᠠᠪᠠᠭᠰᠠᠨ ᠪᠤᠷ ᠡᠯᠧᠮᠧᠨ᠋ᠲ ᠠᠭᠤᠯᠤᠬᠳᠠᠵᠤ᠂ ᠬᠠᠮᠤᠭ ᠠᠷᠪᠢᠨ ᠨᠢ ᠪᠠᠷᠤᠭ ᠪᠠᠷᠢᠮᠵᠢᠶ᠎ᠠ ᠠᠴᠠ 6 ᠳᠠᠬᠢᠨ ᠢᠯᠡᠭᠦᠦ | ᠬᠡᠲᠦᠷᠡᠵᠡᠶ᠃ | ᠰᠢᠯᠭᠠᠨ ᠪᠠᠶᠢᠴᠠᠭᠠᠯᠲᠠ ᠬᠢᠭᠰᠡᠨ ᠢᠨᠵᠧᠨᠧᠷ ᠰᠤᠷᠪᠤᠯᠵᠢᠯᠠᠭᠴᠢ ᠳᠤ ᠬᠡᠯᠡᠬᠦ ᠳᠡᠭᠡᠨ᠄ ᠳᠤᠮᠳᠠᠳᠤ ᠪᠠᠭ᠎ᠠ ᠰᠤᠷᠭᠠᠭᠤᠯᠢ ᠶᠢᠨ ᠰᠣᠷᠣᠭᠴᠢ ᠪᠤᠶᠤ ᠬᠡᠦᠬᠡᠳ ︽ | ᠬᠠᠭᠤᠷᠮᠠᠭ ᠤᠰᠤ︾ ᠨᠠᠭᠠᠳᠬᠤ ᠶᠠᠪᠤᠴᠠ ᠳᠤ᠂ ᠬᠡᠭᠵᠢᠷᠡᠵᠦ ᠰᠢᠯᠪᠠᠷᠠᠬᠰᠠᠨ ᠠᠷᠠᠰᠤ ᠮᠢᠬ᠎ᠠ ᠵᠢᠴᠢ ᠠᠮᠠ ᠬᠠᠮᠠᠷ ᠲᠠᠭᠠᠨ ᠬᠢᠴᠢᠶᠡᠮᠵᠢ ᠥᠬᠡᠶ ᠪᠠᠷ ᠰᠢᠭᠤᠳ ᠪᠤᠶᠤ | ᠳᠠᠮ ᠢᠶᠠᠷ ᠬᠦᠷᠦᠯᠴᠡᠬᠦᠯᠬᠦ ᠳᠤ ᠬᠦᠷᠪᠡᠯ ᠦᠯᠡᠮᠵᠢ ᠠᠷᠪᠢᠨ ᠪᠣᠷ ᠨᠢ ᠬᠥᠮᠦᠨ ᠤ ᠪᠡᠶ᠎ᠡ ᠳᠤ ᠣᠷᠣᠵᠤ᠂ ᠤᠳᠠᠭᠠᠨ ᠳᠠᠭᠠᠨ ᠲᠠᠰᠤᠷᠠᠯᠲᠠ ᠥᠬᠡᠶ ᠬᠤᠷᠠᠮᠳᠤᠬᠰᠠᠭᠠᠷ | ᠪᠠᠶᠢᠵᠤ᠂ ᠡᠷᠡᠭᠦᠯ ᠮᠡᠨᠳᠦ ᠶᠢᠨ ᠳᠠᠯᠳᠠ ᠬᠡᠮ ᠢ ᠪᠤᠢ ᠪᠤᠯᠭᠠᠳᠠᠭ ᠭᠡᠪᠡ᠃ |