ᠲᠡᠭᠡᠳᠤᠰ ᠤᠨ ᠦᠪ ᠢ ᠰᠠᠭᠢᠨ᠂ ᠲᠠᠯ᠎ᠠ ᠨᠤᠲᠤᠭ ᠢ ᠡᠵᠡᠩᠨᠡᠭᠴᠢ ᠬᠠᠶᠢᠲᠦ ᠬᠠᠭᠠᠨ
ᠨᠡᠶᠢᠲᠡᠯᠡᠭᠰᠡᠨ ᠴᠠᠭ᠄
2023/12/21
      ᠮᠤᠩᠭᠤᠯ ᠤᠨ ᠲᠡᠥᠬᠡᠨ᠎ᠡ 13 ᠳ᠋ᠤᠭᠠᠷ ᠵᠠᠭᠤᠨ ᠤ ᠰᠡᠭᠦᠯ ᠤᠨ ᠬᠠᠭᠠᠰ ᠲᠤ ᠨᠡᠷ᠎ᠡ ᠨᠢ ᠦᠯᠡᠳᠡᠭᠰᠡᠨ ᠲᠡᠥᠬᠡᠨ ᠲᠤᠮᠦᠬᠠᠨ ᠬᠤᠪᠢ ᠬᠦᠮᠦᠰ ᠤᠨ ᠨᠢᠭᠡ ᠪᠣᠯ ᠬᠠᠨ ᠬᠦᠥ ᠬᠠᠶᠢᠳᠦ ᠶᠤᠮ᠃ ᠴᠤᠬᠤᠮ ᠳᠠᠭᠠᠨ ᠦᠭᠡᠳᠠᠢ ᠬᠠᠭᠠᠨ ᠤ ᠶᠡᠭᠡ ᠬᠠᠲᠤᠨ ᠲᠦᠷᠬᠡᠨ᠎ᠡ ᠶᠢᠨ ᠲᠠᠪᠤᠲᠤᠭᠠᠷ ᠬᠥᠥ ᠬᠠᠰ ᠤᠨ ᠭᠠᠭᠴᠠ ᠭᠥᠥ ᠨᠢ ᠬᠠᠶᠢᠳᠤ ᠪᠦᠯᠦᠭᠡ᠃ ᠬᠠᠶᠢᠳᠦ 1235 ᠤᠨ ᠳᠤ ᠲᠦᠷᠦᠵᠦ᠂ ᠴᠢᠩᠭᠢᠰ ᠬᠠᠭᠠᠨ ᠤ ᠤᠷᠳᠦ ᠦᠷᠭᠦᠭᠡᠨ ᠳᠤ ᠦᠰᠴᠦ ᠲᠤᠷᠨᠢᠭᠠᠳ᠂ ᠦᠭᠡᠳᠠᠢ ᠬᠠᠭᠠᠨ ᠢ ᠨᠠᠰᠦ ᠪᠠᠷᠠᠭᠰᠠᠨ ᠎ ᠤ ᠳᠠᠷᠠᠭ᠎ᠠ ᠮᠥᠡᠭᠬᠡ ᠬᠠᠭᠠᠨ ᠤ ᠲᠡᠷᠭᠡᠲᠡ ᠠᠯᠪᠠ ᠬᠠᠰᠢᠵᠦ ᠪᠠᠶᠢᠬᠤ ᠳᠠᠭᠠᠨ ᠡᠷ᠎ᠡ ᠴᠡᠷᠢᠭ ᠪᠤᠯᠤᠨ ᠲᠦᠯᠤᠪᠰᠢᠵᠦ᠂ ᠪᠠᠲᠦ ᠬᠠᠭᠠᠨ ᠤ ᠤᠳᠤᠷᠢᠳᠴᠦ ᠶᠠᠪᠤᠭᠤᠯᠤᠭᠰᠠᠨ ᠠᠶᠠᠨ ᠳᠠᠶᠢᠨ ᠳᠤ ᠤᠷᠤᠯᠴᠠᠬᠤ ᠪᠤᠯᠵᠠᠢ᠃ ᠤᠷᠤᠰ ᠨᠤᠲᠤᠭ ᠲᠤ ᠲᠡᠷᠡ ᠪᠠᠷ ᠰᠦᠪᠡᠭᠡᠳᠠᠢ ᠪᠠᠭᠠᠲᠦᠷ᠂ ᠪᠤᠷᠤᠨᠳᠠᠢ ᠵᠠᠩᠵᠤᠨ ᠨᠠᠷ ᠤᠨ  ᠴᠡᠷᠢᠭ ᠲᠠᠶᠢᠨ ᠤ ᠭᠠᠷᠮᠠᠭᠠᠢ ᠦᠢᠯᠡ ᠬᠡᠷᠡᠭ ᠲᠤ ᠭᠠᠵᠠᠷ ᠲᠡᠭᠡᠷ᠎ᠡ ᠠᠴᠠ ᠨᠢ ᠰᠤᠷᠤᠯᠴᠠᠨ ᠤᠯᠠᠮ ᠢᠶᠠᠷ ᠤᠷᠤᠰ ᠤᠷᠤᠨ ᠢ ᠡᠪᠤᠳᠦᠭ ᠰᠦᠭᠦᠳᠭᠡᠭᠰᠡᠨ ᠮᠤᠩᠭᠤᠯ ᠤᠨ ᠮᠤᠷᠢᠨ ᠴᠡᠷᠢᠭ ᠵᠡᠭᠦᠨ ᠪᠤᠯᠤᠨ ᠲᠥᠪ ᠡᠸᠦ᠋ᠷᠦᠫᠡ ᠳᠤ ᠨᠡᠪᠲᠡᠷᠡᠨ ᠤᠷᠤᠬᠤ ᠳᠤ ᠪᠠᠶᠢᠳᠠᠷ ᠬᠠᠨ ᠤ ᠬᠠᠮᠲᠦ ᠮᠤᠩᠭᠤᠯ ᠤᠨ ᠨᠢᠭᠡ ᠵᠠᠮ ᠤᠨ ᠴᠡᠷᠢᠭ ᠢ ᠠᠬᠠᠯᠠᠨ ᠫᠤᠯᠱᠠ ᠳᠤ ᠳᠠᠭᠠᠷᠢᠨ ᠤᠷᠤᠭᠰᠠᠨ ᠪᠠᠶᠢᠨ᠎ᠠ᠃ ᠲᠡᠲᠡᠨ ᠤ ᠦᠭᠡᠳᠡ ᠠᠴᠠ ᠫᠤᠯᠱᠠ ᠶᠢᠨ ᠭᠤᠷᠪᠠᠨ ᠠᠷᠮᠢ ᠰᠦᠷᠦᠨ ᠪᠠᠶᠢᠯᠳᠤᠭᠰᠠᠨ ᠴᠦ ᠭᠤᠷᠪᠠᠭᠤᠯᠠ ᠪᠠᠨ ᠬᠢᠶᠠᠷᠠᠵᠦ ᠰᠤᠶᠢᠷᠡᠲᠡᠯ᠎ᠡ ᠪᠠᠨ ᠴᠤᠬᠢᠭᠤᠯᠪᠠ᠃ 1241 ᠤᠨ ᠤ ᠭᠤᠷᠪᠠᠳᠤᠭᠠᠷ ᠰᠠᠷ᠎ᠠ ᠶᠢᠨ 24᠎ ᠳᠤ ᠪᠤᠭᠤᠷᠤᠯ ᠡᠷᠲᠡᠨ ᠤ ᠲᠡᠥᠬᠡᠲᠦ ᠫᠤᠯᠱᠠ ᠶᠢᠨ ᠺᠷᠠᠺᠥᠸ᠋ ᠬᠤᠲᠠ ᠶᠢ ᠡᠵᠡᠯᠡᠨ ᠲᠤᠶᠢᠪᠡᠭᠡᠭᠡᠳ᠂ ᠲᠦᠷᠪᠡᠲᠤᠭᠡᠷ ᠰᠠᠷ᠎ᠠ ᠶᠢᠨ 8᠎ ᠤ ᠡᠳᠦᠷ ᠪᠠᠶᠢᠳᠠᠷ᠂ ᠬᠠᠶᠢᠲᠦ ᠨᠠᠷ ᠴᠡᠷᠢᠭ ᠢᠶᠠᠨ ᠯᠢᠭᠨᠢᠽ ᠤᠨ ᠳᠡᠷᠭᠡᠳᠡ ᠲᠦᠪᠯᠡᠷᠡᠭᠦᠯᠦᠨ ᠭᠧᠷᠮᠠᠨ᠂ ᠫᠤᠯᠱᠠ ᠶᠢᠨ ᠴᠤᠥᠲᠠᠢ ᠷᠢᠼᠠᠷᠢ ᠤᠳ ᠢ ᠲᠤᠰᠪᠠ᠃      ᠬᠦᠨᠳᠦ ᠵᠡᠪᠰᠡᠭ ᠢᠶᠠᠷ ᠦᠪᠴᠢ ᠳᠣᠨᠣᠭᠯᠠᠭᠳᠠᠭᠰᠠᠨ ᠷᠢᠼᠠᠷᠢ ᠤᠳ ᠡᠬᠢᠯᠡᠭᠡᠳ ᠲᠠᠺᠲ᠋ᠢᠺ ᠤᠨ ᠠᠮᠵᠢᠯᠳᠠ ᠳᠤ ᠬᠦᠷᠴᠦ ᠳᠣᠯᠣᠯᠳᠣᠭᠠᠨ ᠳᠤ ᠲᠦᠷᠦᠬᠦᠯᠡᠨ ᠣᠷᠣᠭᠰᠠᠨ ᠪᠠᠶᠢᠳᠠᠷ ᠬᠠᠨ ᠤ ᠴᠡᠷᠢᠭ ᠢ ᠶᠡᠬᠡᠳᠡ ᠰᠢᠬᠠᠨ ᠣᠬᠤᠷᠢᠭᠠᠭᠰᠠᠨ ᠪᠣᠯᠪᠠᠴᠣ ᠡᠨᠡ ᠦᠶ᠎ᠡ ᠳᠤ ᠣᠳᠣᠯᠳᠠᠨ ᠳᠤ ᠬᠦᠯᠢᠶᠡᠵᠦ ᠪᠠᠶᠢᠭᠰᠠᠨ ᠬᠠᠶᠢᠳᠣ ᠶᠢᠨ ᠲᠦᠮᠡᠳᠦ ᠳᠡᠳᠡᠨ ᠤ ᠬᠠᠵᠠᠭᠤ ᠪᠦᠭᠡᠷᠡᠨ ᠠᠴᠠ ᠬᠠᠮᠣᠨ ᠴᠣᠬᠢᠵᠦ᠂ ᠪᠦᠷᠢᠮᠦᠰᠦᠨ ᠰᠦᠢᠷᠡᠭᠦᠯᠦᠭᠰᠡᠨ ᠪᠠᠶᠢᠨ᠎ᠠ᠃ ᠠᠳᠡ ᠠᠴᠠ ᠬᠠᠶᠢᠳᠣ ᠦᠪᠡᠷ ᠤᠨ ᠣᠳᠣᠷᠢᠳᠣᠭᠰᠠᠨ ᠴᠡᠷᠢᠭ ᠤᠨ ᠨᠢᠬᠡ ᠬᠡᠰᠡᠭ ᠢ ᠣᠮᠠᠷ᠎ᠠ ᠵᠦᠭ ᠢᠯᠡᠬᠡᠬᠦ ᠳᠤ ᠯᠢᠲ᠋ᠣᠸ᠋ ᠤᠨ ᠨᠣᠳᠤᠭ ᠲᠤ ᠴᠦᠮᠦᠷᠡᠨ ᠣᠷᠣᠵᠦ᠂ ᠦᠬᠡᠳᠡ ᠠᠴᠠ ᠨᠢ ᠰᠦᠷᠴᠦ ᠪᠠᠶᠢᠯᠳᠣᠭᠰᠠᠨ ᠯᠢᠲ᠋ᠣᠸ᠋ ᠎ ᠤᠨ ᠴᠡᠷᠢᠭ ᠢ ᠪᠣᠳᠠ ᠴᠣᠬᠢᠵᠦ᠂ ᠣᠯᠠᠮ ᠢᠶᠠᠷ ᠳᠣᠷᠣᠨᠠᠳᠣ ᠫᠷᠦ᠋ᠰ ᠤᠨ ᠡᠰᠡᠷᠬᠦᠴᠡᠯ ᠢ ᠨᠣᠭᠤ ᠳᠠᠷᠣᠨ ᠫᠣᠮᠧᠷᠠᠨ᠂ ᠦᠷᠦᠨ᠎ᠡ ᠫᠣᠯᠱᠠ ᠪᠠᠷ ᠳᠠᠮᠵᠢᠨ ᠯᠢᠭᠨᠢᠼ ᠣᠷᠣᠭᠤ ᠪᠣᠴᠠᠵᠦ ᠢᠷᠡᠪᠡ᠃ ᠲᠡᠳᠡ ᠡᠬᠦᠷᠬᠡ ᠪᠠᠨ ᠪᠡᠶᠡᠯᠡᠬᠦᠯᠵᠡᠢ᠃ ᠣᠮᠠᠷ᠎ᠠ ᠵᠦᠭ ᠪᠠᠯᠲ ᠤᠨ ᠳᠠᠯᠠᠢ ᠬᠦᠷᠳᠡᠯᠡᠬᠢ ᠨᠣᠳᠤᠭ ᠲᠤ ᠮᠣᠩᠭᠤᠯ ᠴᠡᠷᠢᠭ ᠤᠨ ᠬᠤᠶᠠᠷ ᠵᠢᠬᠦᠷ ᠲᠤ ᠵᠠᠨᠣᠯᠬᠢᠯᠠᠬᠤ ᠭᠠᠭᠴᠠ ᠴᠦ ᠳᠠᠶᠢᠰᠣᠨ ᠡᠳᠡᠭᠡᠳ ᠦᠯᠡᠳᠡᠭᠰᠡᠨ ᠦᠬᠡᠢ᠃ ᠡᠨᠡ ᠦᠶ᠎ᠡ ᠳᠤ ᠪᠠᠶᠢᠯᠳᠣᠬᠤ ᠴᠢᠳᠠᠪᠣᠷᠢ ᠲᠠᠢ ᠴᠣᠷᠢ ᠶᠢᠨ ᠭᠠᠭᠴᠠ ᠴᠡᠷᠢᠭ ᠨᠢ ᠰᠠᠺᠰᠣᠨ᠂ ᠲᠶᠦ᠋ᠷᠢᠨᠬᠢ ᠳᠤ ᠲᠦᠪᠯᠡᠷᠡᠵᠦ ᠪᠠᠶᠢᠭᠰᠠᠨ ᠪᠣᠯᠪᠠᠴᠣ ᠬᠠᠶᠢᠳᠣ ᠳᠠᠶᠢᠰᠣᠨ ᠡᠳᠡᠭᠡᠳ ᠦᠪᠡᠷᠰᠡᠳ ᠢ ᠨᠢ ᠠᠮᠠᠳᠠᠵᠦ ᠪᠣᠢ ᠦᠷᠦᠨ᠎ᠡ ᠵᠦᠭ ᠳᠠᠪᠰᠢᠯ ᠦᠬᠡᠢ ᠪᠠᠷ ᠡᠮᠦᠨ᠎ᠡ ᠡᠳᠡᠭᠡᠳ ᠣᠷᠣᠭᠤ ᠣᠭᠵᠣᠮ ᠡᠷᠬᠢᠵᠦ᠂ ᠮᠣᠷᠠᠸᠢ ᠳᠤ ᠴᠦᠮᠦᠷᠡᠨ ᠣᠷᠣᠪᠠ᠃ ᠭᠡᠨᠡᠳᠡᠬᠦᠯᠬᠦ ᠡᠨᠡ ᠠᠷᠭ᠎ᠠ ᠪᠦᠷᠢᠨ ᠵᠦᠪᠳᠡᠵᠦ ᠭᠠᠷ ᠬᠤᠭᠤᠰᠣᠨ ᠮᠣᠷᠠᠸᠢ ᠳᠡᠳᠡᠨ ᠤ ᠬᠢᠯᠪᠠᠷ ᠣᠯᠵᠠ ᠪᠣᠯᠣᠭᠰᠠᠨ ᠠᠭᠠᠳ ᠬᠠᠷᠢᠨ ᠰᠠᠺᠠᠰᠣᠨ ᠠᠴᠠ ᠸᠧᠨᠼᠧᠯ ᠸᠠᠩ ᠤᠨ ᠣᠳᠣᠷᠢᠳᠣᠭᠰᠠᠨ ᠴᠡᠷᠢᠭ ᠮᠣᠷᠠᠸᠢ ᠬᠦᠷᠬᠦ ᠬᠡᠭᠰᠡᠭᠡᠷ ᠪᠠᠶᠢᠳᠠᠯ᠎ᠠ ᠲᠡᠷᠡᠬᠦ ᠪᠠᠶᠠᠨ ᠴᠢᠨᠡᠬᠡᠯᠢᠭ ᠣᠷᠣᠨ ᠪᠦᠷᠢᠨ ᠲᠦᠢᠪᠡᠭᠡᠭᠳᠡᠵᠦ ᠴᠡᠴᠡᠭᠯᠡᠨ ᠬᠦᠭᠵᠢᠵᠦ ᠪᠠᠶᠢᠭᠰᠠᠨ ᠲᠷᠣᠫᠠᠣ᠋᠂ ᠨᠣᠶᠢᠰᠲ᠋ᠠᠳ᠋ᠲ᠂ ᠪᠷᠣᠶᠢᠳ᠋ᠸᠠᠲ᠋ᠠᠯ ᠵᠡᠷᠭᠡ ᠬᠤᠳᠠ ᠤᠳ ᠡᠵᠡᠯᠡᠨ ᠳᠣᠨᠣᠭᠳᠠᠪᠠ᠃ ᠠᠳᠡ ᠠᠴᠠ ᠬᠠᠶᠢᠳᠣ ᠶᠢᠨ ᠮᠣᠩᠭᠤᠯ ᠴᠡᠷᠢᠭ ᠣᠩᠭᠠᠷ ᠲᠤ ᠬᠦᠷᠦᠯᠴᠡᠨ ᠣᠴᠢᠵᠦ᠂ ᠪᠠᠳᠣ ᠲᠠᠢ ᠨᠡᠶᠢᠯᠡᠵᠡᠢ᠃ ᠡᠨᠡ ᠦᠶ᠎ᠡ ᠳᠤ ᠦᠬᠡᠳᠡᠢ ᠬᠠᠭᠠᠨ ᠨᠠᠰᠣ ᠪᠠᠷᠠᠭᠰᠠᠨ ᠮᠡᠳᠡᠭᠡ ᠢᠷᠡᠭᠰᠡᠨ ᠳᠣᠯᠠ ᠶᠡᠭᠡ ᠴᠡᠷᠢᠭ ᠢ ᠬᠡᠳᠡᠷᠬᠦ ᠪᠣᠴᠠᠭᠠᠬᠤ ᠰᠢᠢᠳᠪᠦᠷᠢ ᠭᠠᠷᠭᠠᠭᠰᠠᠨ ᠪᠢᠯᠡ᠃      ᠡᠸᠦ᠋ᠷᠦᠫᠡ ᠳᠤ ᠬᠢᠭᠰᠡᠨ ᠳᠠᠶᠢᠨ ᠤ ᠳᠠᠷᠠᠭ᠎ᠠ ᠶᠡᠭᠡ ᠬᠠᠭᠠᠨ ᠢ ᠰᠠᠭᠤᠷᠢ ᠳᠤ ᠵᠠᠯᠠᠬᠤ ᠶᠣᠰᠣᠯᠠᠯ ᠣᠯᠠᠨ ᠵᠢᠯ ᠣᠵᠢᠭᠷᠠᠨ ᠰᠠᠭᠠᠳᠠᠬᠤ ᠪᠣᠯᠵᠦ ᠬᠦᠶᠦᠭ ᠬᠠᠭᠠᠨ ᠤ ᠪᠣᠭᠤᠨᠢ ᠬᠤᠭᠤᠴᠠᠭᠠᠨ ᠳᠤ ᠲᠦᠷᠦ ᠪᠠᠷᠢᠭᠰᠠᠨ ᠤ ᠳᠠᠷᠠᠭ᠎ᠠ ᠦᠬᠡᠳᠡᠢ᠂ ᠴᠠᠭᠠᠳᠠᠢ ᠶᠢᠨ ᠣᠳᠣᠮ ᠤᠨ ᠬᠢᠨ ᠮᠦᠩᠬᠡ ᠬᠠᠭᠠᠨ ᠤ ᠡᠰᠡᠷᠬᠦ ᠪᠣᠰᠣᠯᠭ᠎ᠠ ᠭᠠᠷᠭᠠᠵᠦ ᠦᠢ ᠣᠯᠠᠨ ᠢᠶᠠᠷ ᠢᠶᠠᠨ ᠪᠠᠷᠢᠭᠳᠠᠨ ᠴᠠᠭᠠᠵᠠᠯᠠᠭᠳᠠᠨ ᠬᠤᠷᠣᠭᠠᠭᠳᠠᠬᠤ ᠳᠤ ᠬᠠᠶᠢᠳᠣ ᠡᠸᠦ᠋ᠷᠦᠫᠡ ᠳᠤ ᠬᠢᠭᠰᠡᠨ ᠳᠠᠶᠢᠨ ᠳᠤ ᠣᠷᠣᠯᠴᠠᠵᠦ᠂ ᠯᠢᠭᠨᠢᠼ ᠤᠨ ᠳᠣᠯᠣᠯᠳᠣᠭᠠᠨ ᠤ ᠪᠠᠭᠠᠳᠣᠷ ᠬᠡᠮᠡᠨ ᠦᠷᠦᠰᠢᠶᠡᠭᠳᠡᠵᠦ᠂ ᠲᠠᠷᠪᠠᠭᠠᠳᠠᠢ ᠶᠢᠨ ᠨᠢᠷᠣᠭᠤ ᠬᠠᠪᠢ ᠪᠠᠷ ᠨᠣᠳᠣᠭᠯᠠᠬᠤ ᠪᠣᠯᠵᠦ᠂ ᠨᠢᠬᠡ ᠶᠣᠰᠣᠨ ᠳᠠᠭᠠᠨ ᠨᠣᠳᠤᠭ ᠵᠢᠭᠠᠭᠳᠠᠭᠰᠠᠨ ᠬᠡᠳᠡᠭ᠃ ᠬᠠᠶᠢᠳᠣ ᠡᠬᠢᠯᠡᠭᠡᠳ ᠣᠯᠠᠨ ᠴᠡᠷᠢᠭ᠂ ᠠᠯᠪᠠᠳᠣ ᠢᠷᠭᠡᠨ ᠦᠬᠡᠢ ᠪᠠᠶᠢᠪᠠ᠃ ᠬᠡᠬᠦ ᠳᠡᠭᠡᠨ ᠣᠬᠠᠭᠠᠯᠢᠭ᠂ ᠠᠪᠢᠶᠠᠰᠣᠯᠢᠭ ᠪᠠᠰᠠ ᠵᠠᠯᠢᠵᠢᠨ ᠬᠦᠮᠦᠨ ᠪᠠᠶᠢᠭᠰᠠᠨ ᠳᠣᠯᠠ ᠪᠦᠬᠦᠨ ᠢ ᠠᠮᠵᠢᠭᠤᠯᠵᠦ ᠠᠳᠡ ᠳᠡᠨᠳᠡ ᠠᠴᠠ ᠬᠡᠳᠦᠨ ᠵᠠᠭᠤ ᠪᠠᠷ ᠴᠡᠷᠢᠭ ᠴᠣᠭᠯᠠᠭᠤᠯᠣᠭᠰᠠᠭᠠᠷ ᠡᠴᠦᠰ ᠲᠡᠭᠡᠨ ᠶᠡᠬᠡᠬᠡᠨ ᠬᠦᠴᠦ ᠲᠠᠢ ᠪᠣᠯᠵᠠᠢ᠃ ᠬᠤᠪᠢᠯᠠᠢ ᠬᠠᠭᠠᠨ ᠬᠢᠳᠠᠳ ᠲᠤ ᠠᠵᠦ ᠲᠦᠷᠦᠨ ᠡᠮᠦᠨᠡᠳᠦ ᠬᠢᠳᠠᠳ ᠢ ᠡᠵᠡᠯᠡᠬᠦ ᠬᠡᠵᠦ ᠳᠠᠶᠢᠳᠣᠭᠰᠠᠨ᠂ ᠨᠣᠳᠤᠭ ᠠᠯᠣᠰᠳᠠᠭᠰᠠᠨ ᠵᠡᠷᠭᠡ ᠨᠢ ᠬᠠᠶᠢᠳᠣ ᠳᠤ ᠪᠡᠶ᠎ᠡ ᠳᠠᠭᠠᠭᠠᠨ ᠦᠢᠯᠡ ᠠᠵᠢᠯ ᠢᠶᠠᠨ ᠬᠡᠨ ᠳᠤ ᠴᠦ ᠵᠠᠬᠢᠷᠣᠭᠳᠠᠬᠤ ᠦᠬᠡᠢ ᠶᠠᠪᠣᠭᠤᠯᠬᠤ ᠳᠠᠭᠠᠳᠠᠢ ᠪᠣᠯᠣᠮᠵᠢ ᠶᠢ ᠣᠯᠭᠤᠵᠠᠢ᠃ ᠬᠠᠶᠢᠳᠣ ᠦᠪᠡᠷ ᠢᠶᠠᠨ ᠬᠦᠴᠦᠷᠬᠡᠭ ᠴᠡᠷᠢᠭ ᠲᠠᠢ ᠪᠣᠯᠣᠭᠠᠳ ᠵᠣᠭᠰᠣᠬᠤ ᠦᠬᠡᠢ ᠠᠯᠳᠠᠨ ᠣᠷᠳᠣᠨ ᠤ ᠣᠯᠣᠰ ᠤᠨ ᠡᠵᠡᠨ ᠨᠣᠶᠠᠳ ᠲᠠᠢ ᠬᠤᠯᠪᠣᠭ᠎ᠠ ᠳᠣᠭᠳᠠᠭᠠᠨ᠂ ᠳᠡᠳᠡᠨ ᠤ ᠳᠡᠮᠵᠢᠯᠬᠡ ᠪᠠᠷ ᠴᠠᠭᠠᠳᠠᠢ ᠎ ᠶᠢᠨ ᠣᠯᠣᠰ ᠤᠨ ᠵᠠᠷᠢᠮ ᠬᠡᠰᠡᠭ ᠢ ᠡᠷᠬᠡᠰᠢᠶᠡᠯ ᠳᠡᠭᠡᠨ ᠣᠷᠣᠭᠤᠯᠵᠠᠢ᠃ ᠳᠡᠭᠡᠭᠡᠳ ᠬᠠᠥᠯᠢ ᠪᠣᠰᠣ ᠪᠠᠷ ᠬᠠᠭᠠᠨ ᠰᠢᠷᠡᠭᠡ ᠶᠢ ᠡᠵᠡᠯᠡᠭᠰᠡᠨ᠂ ᠨᠡᠶᠢᠰᠯᠡᠯ ᠢᠶᠠᠨ ᠬᠠᠷ᠎ᠠ ᠬᠤᠷᠣᠮ ᠠᠴᠠ ᠰᠢᠯᠵᠢᠬᠦᠯᠵᠦ᠂ ᠬᠢᠳᠠᠳ ᠤᠨ ᠬᠤᠳᠠ ᠳᠤ ᠦᠷᠭᠦᠭᠡᠯᠡᠬᠦ ᠪᠣᠯᠣᠭᠰᠠᠨ᠂ ᠣᠯᠣᠰ ᠤᠨ ᠨᠡᠷ᠎ᠡ ᠶᠢ ᠬᠢᠳᠠᠳ ᠦᠬᠡ ᠪᠠᠷ ᠦᠭᠡᠷᠡᠴᠢᠯᠡᠭᠰᠡᠨ ᠵᠡᠷᠭᠡ ᠳᠤ ᠬᠤᠪᠢᠯᠠᠢ ᠶᠢᠨ ᠦᠢᠯᠡ ᠠᠵᠢᠯᠯᠠᠭ᠎ᠠ ᠶᠢ ᠡᠬᠢᠨ ᠠᠴᠠ ᠨᠢ ᠡᠰᠡᠷᠬᠦᠴᠡᠨ ᠳᠡᠮᠡᠴᠡᠵᠡᠢ᠃ ᠵᠦᠴᠢ᠂ ᠴᠠᠭᠠᠳᠠᠢ᠂ ᠦᠬᠡᠳᠡᠢ ᠶᠢᠨ ᠣᠳᠣᠮ ᠤᠨ ᠣᠯᠠᠨ ᠬᠠᠨ ᠬᠦᠪᠡᠭᠦᠳ ᠡᠨᠡᠬᠦ ᠳᠡᠮᠡᠴᠡᠯ ᠳᠤ ᠪᠡᠶ᠎ᠡ ᠪᠠᠷ ᠢᠶᠠᠨ᠂ ᠰᠡᠳᠬᠢᠯ ᠢᠶᠠᠷ ᠢᠶᠠᠨ᠂ ᠴᠡᠷᠢᠭ ᠵᠡᠪᠰᠡᠭ ᠢᠶᠠᠷ ᠳᠡᠮᠵᠢᠨ ᠳᠣᠰᠠᠯᠠᠵᠦ ᠪᠠᠶᠢᠭᠰᠠᠨ ᠣᠴᠢᠷ ᠬᠠᠶᠢᠳᠣ ᠬᠦᠴᠦ ᠶᠢ ᠣᠯᠣᠨ᠂ ᠬᠢᠳᠠᠳ ᠎ ᠤᠨ ᠣᠯᠠᠨ ᠰᠠᠶ᠎ᠠ ᠬᠦᠮᠦᠨ ᠠᠮᠠ ᠲᠠᠢ᠂ ᠬᠦᠴᠦᠷᠭᠡᠭ ᠡᠳ᠋ ᠤᠨ ᠵᠠᠰᠠᠭ ᠢ ᠭᠠᠷ ᠳᠠᠭᠠᠨ ᠣᠷᠣᠭᠤᠯᠣᠭᠰᠠᠨ ᠶᠡᠭᠡ ᠬᠦᠷᠦᠨ ᠤ ᠡᠵᠡᠨ ᠬᠤᠪᠢᠯᠠᠢ ᠶᠢᠨ ᠡᠰᠡᠷᠬᠦ 30 ᠭᠠᠷᠣᠢ ᠵᠢᠯ ᠳᠡᠮᠡᠴᠡᠨ ᠳᠡᠰᠴᠦ ᠴᠢᠳᠠᠭᠰᠠᠨ ᠪᠢᠯᠡ᠃      ᠬᠠᠶᠢᠳᠣ ᠣᠬᠠᠭᠠᠯᠢᠭ ᠬᠦᠮᠦᠨ ᠣᠴᠢᠷ ᠬᠦᠴᠦᠷᠬᠡᠭ ᠬᠠᠭᠠᠨ ᠬᠤᠪᠢᠯᠠᠢ ᠲᠠᠢ ᠳᠡᠮᠡᠴᠡᠬᠦ ᠶᠢᠨ ᠳᠣᠯᠠᠳᠠ ᠪᠠᠰᠠ ᠬᠦᠴᠦᠷᠬᠡᠭ ᠣᠯᠣᠰ ᠵᠦᠴᠢ ᠶᠢᠨ ᠣᠳᠣᠮ ᠤᠨ ᠡᠵᠡᠨ ᠪᠡᠷᠭᠡ ᠶᠢ ᠲᠦᠰᠢᠵᠡᠢ᠃ ᠪᠡᠷᠬᠡ᠂ ᠬᠠᠶᠢᠳᠣ ᠨᠠᠷ ᠴᠠᠭᠠᠳᠠᠢ ᠶᠢᠨ ᠣᠯᠣᠰ ᠤᠨ ᠡᠵᠡᠨ ᠠᠯᠬᠤᠢ ᠶᠢ ᠶᠠᠭᠤᠨ ᠲᠦᠷᠦᠬᠦᠨ ᠳᠠᠷᠣᠵᠦ ᠠᠪᠬᠤ ᠶᠢ ᠡᠷᠡᠮᠡᠯᠵᠡᠪᠡ᠃ ᠦᠨᠡᠨ ᠳᠡᠭᠡᠨ ᠪᠣᠯ ᠬᠠᠶᠢᠳᠣ ᠠᠯᠬᠤᠢ ᠲᠠᠢ ᠳᠡᠮᠡᠴᠡᠬᠦ ᠠᠴᠠ ᠠᠷᠭ᠎ᠠ ᠦᠬᠡᠢ ᠪᠠᠶᠢᠪᠠ᠃ ᠣᠴᠢᠷ ᠨᠢ ᠶᠡᠭᠡ ᠮᠣᠩᠭᠤᠯ ᠬᠦᠷᠦᠨ ᠤ ᠬᠠᠭᠠᠨ ᠢᠶᠠᠷ ᠠᠯᠪᠠᠨ ᠶᠣᠰᠣᠭᠠᠷ ᠡᠷᠬᠦᠮᠵᠢᠯᠡᠭᠳᠡᠵᠦ ᠭᠠᠷᠣᠭᠰᠠᠨ ᠠᠷᠢᠭᠪᠦ᠋ᠬᠡ ᠶᠢᠨ ᠬᠤᠪᠢᠯᠠᠢ ᠲᠠᠢ ᠳᠡᠮᠡᠴᠡᠵᠦ ᠢᠯᠠᠭᠳᠠᠬᠤ ᠳᠤ ᠭᠤᠣᠯᠯᠠᠨ ᠨᠦᠯᠦᠭᠡᠯᠡᠭᠰᠡᠨ ᠬᠦᠮᠦᠨ ᠪᠣᠯ ᠠᠯᠬᠤᠢ ᠶᠣᠮ᠃ ᠠᠯᠬᠤᠢ ᠨᠢᠬᠡ ᠨᠣᠶᠠᠨ ᠢᠶᠠᠷ ᠢᠶᠠᠨ ᠴᠡᠷᠢᠭ ᠢᠶᠠᠨ ᠳᠣᠯᠣᠭᠠᠶᠢᠯᠠᠭᠤᠯᠣᠨ ᠬᠠᠶᠢᠳᠣ ᠲᠠᠢ ᠳᠣᠯᠣᠯᠳᠣᠭᠤᠯᠬᠤ ᠪᠠᠷ ᠶᠠᠪᠣᠭᠤᠯᠣᠭᠰᠠᠨ ᠳᠤ ᠢᠯᠠᠭᠳᠠᠨ ᠵᠠᠩᠵᠣᠨ ᠨᠢ ᠦᠷᠡᠭᠳᠡᠵᠡᠢ᠃ ᠳᠠᠷᠠᠭ᠎ᠠ ᠨᠢ ᠠᠯᠬᠤᠢ ᠶᠡᠬᠡᠬᠡᠨ ᠬᠡᠮᠵᠢᠶᠡᠨ ᠤ ᠴᠡᠷᠢᠭ ᠣᠳᠣᠷᠢᠳᠣᠨ ᠪᠠᠶᠢᠯᠳᠣᠭᠠᠳ ᠢᠯᠠᠵᠦ ᠴᠢᠳᠠᠭ᠎ᠠ ᠦᠬᠡᠢ ᠴᠦ ᠬᠠᠶᠢᠳᠣ ᠶᠢᠨ ᠬᠦᠴᠦ ᠶᠢ ᠨᠡᠯᠢᠶᠡᠳ ᠰᠣᠯᠠᠷᠠᠭᠤᠯᠣᠭᠰᠠᠨ ᠪᠣᠯᠪᠠᠴᠣ 1264 ᠣᠨ ᠳᠤ ᠦᠪᠡᠷ ᠢᠶᠠᠨ ᠨᠠᠰᠣ ᠪᠠᠷᠠᠪᠠ᠃ ᠪᠡᠷᠬᠡ ᠶᠢᠨ ᠳᠠᠷᠠᠭ᠎ᠠ ᠠᠯᠳᠠᠨ ᠣᠷᠳᠣᠨ ᠤ ᠬᠠᠭᠠᠨ ᠰᠢᠷᠡᠭᠡᠨ ᠳᠤ ᠰᠠᠭᠤᠭᠰᠠᠨ ᠮᠦᠩᠬᠡᠲᠡᠮᠦᠷ ᠤᠨ ᠦᠶ᠎ᠡ ᠳᠤ ᠬᠠᠶᠢᠳᠣ ᠶᠡᠬᠡᠬᠡᠨ ᠬᠦᠴᠦᠷᠭᠡᠭᠵᠢᠭᠰᠡᠨ ᠪᠦᠭᠡᠳ ᠲᠡᠬᠦᠨ ᠤ ᠠᠮᠢᠳᠣᠷᠠᠯ ᠲᠠᠢ ᠬᠤᠯᠪᠣᠭ᠎ᠠ ᠲᠠᠢ ᠬᠡᠳᠦ ᠬᠡᠳᠦᠨ ᠴᠢᠬᠤᠯᠠ ᠦᠢᠯᠡ ᠶᠠᠪᠣᠳᠠᠯ ᠪᠣᠯᠵᠠᠢ᠃ ᠶᠠᠭᠤᠨ ᠤ ᠡᠮᠦᠨ᠎ᠡ ᠴᠠᠭᠠᠳᠠᠢ ᠶᠢᠨ ᠣᠯᠣᠰ ᠤᠨ ᠡᠵᠡᠮᠰᠢᠯ ᠳᠤ ᠪᠠᠶᠢᠭᠰᠠᠨ ᠳᠣᠯᠣᠭᠠᠨ ᠭᠤᠣᠯ ᠣᠷᠴᠢᠮ ᠤᠨ ᠨᠣᠳᠤᠭ ᠢ ᠬᠠᠶᠢᠳᠣ 1266 ᠣᠨ ᠳᠤ ᠡᠵᠡᠯᠡᠨ ᠠᠪᠣᠭᠰᠠᠨ ᠶᠣᠮ᠃      ᠬᠤᠪᠢᠯᠠᠢ ᠬᠠᠭᠠᠨ ᠠᠴᠠ ᠬᠠᠶᠢᠳᠣ ᠶᠢ ᠳᠠᠷᠣᠬᠤ ᠵᠠᠷᠯᠢᠭ ᠠᠪᠣᠭᠰᠠᠨ ᠪᠣᠷᠠᠺ ᠴᠠᠭᠠᠳᠠᠢ ᠶᠢᠨ ᠣᠯᠣᠰ ᠤᠨ ᠬᠠᠭᠠᠨ ᠪᠣᠯᠣᠮᠠᠭᠴᠠ ᠪᠠᠨ ᠬᠠᠶᠢᠳᠣ ᠶᠢᠨ ᠡᠰᠡᠷᠬᠦ ᠴᠡᠷᠢᠭ ᠢᠶᠠᠨ ᠬᠦᠳᠡᠯᠬᠡᠨ ᠪᠠᠶᠢᠯᠳᠣᠵᠦ ᠡᠬᠢᠯᠡᠭᠡᠳ ᠨᠡᠯᠢᠶᠡᠳ ᠠᠮᠵᠢᠯᠳᠠ ᠣᠯᠣᠭᠰᠠᠨ ᠪᠣᠯᠪᠠᠴᠣ ᠰᠡᠬᠦᠯ ᠳᠤᠨᠢ ᠠᠯᠳᠠᠨ ᠣᠷᠳᠣᠨ ᠤ ᠬᠠᠭᠠᠨ ᠮᠦᠩᠬᠡᠳᠡᠮᠦᠷ ᠤᠨ ᠢᠯᠡᠭᠡᠭᠰᠡᠨ ᠴᠡᠷᠢᠭ ᠢᠶᠠᠷ ᠬᠦᠴᠦ ᠪᠠᠨ ᠰᠡᠯᠪᠢᠭᠰᠡᠨ ᠬᠠᠶᠢᠳᠣ ᠳᠤ ᠴᠣᠭᠢᠭᠳᠠᠨ ᠣᠬᠤᠷᠢᠵᠠᠢ᠃ ᠡᠴᠦᠰ ᠲᠡᠭᠡᠨ ᠪᠣᠷᠠᠺ᠂ ᠬᠠᠶᠢᠳᠣ᠂ ᠮᠦᠩᠬᠡᠳᠡᠮᠦᠷ ᠨᠠᠷ ᠤᠨ ᠳᠠᠯᠪᠢᠭᠰᠠᠨ ᠨᠠᠶᠢᠷᠠᠮᠳᠠᠯ ᠤᠨ ᠪᠣᠯᠵᠣᠯ ᠢ ᠬᠦᠯᠢᠶᠡᠨ ᠠᠪᠴᠣ ᠬᠤᠪᠢᠯᠠᠢ ᠶᠢᠨ ᠡᠰᠡᠷᠬᠦ ᠴᠢᠭᠯᠡᠭᠰᠡᠨ ᠳᠠᠯᠠᠰ ᠤᠨ ᠬᠤᠷᠠᠯᠳᠠᠢ ᠬᠡᠵᠦ ᠲᠡᠦᠬᠡᠨ ᠳᠤ ᠨᠡᠷᠡᠯᠡᠬᠦ ᠪᠣᠯᠣᠭᠰᠠᠨ ᠦᠢᠯᠡ ᠶᠠᠪᠣᠳᠠᠯ ᠢ ᠵᠣᠬᠢᠶᠠᠬᠤ ᠡᠬᠢᠯᠡᠯ ᠢ ᠳᠠᠯᠪᠢᠵᠦ ᠴᠢᠳᠠᠭᠰᠠᠨ ᠪᠠᠶᠢᠨ᠎ᠠ᠃ ᠣᠯᠠᠮ ᠢᠶᠠᠷ ᠪᠣᠷᠠᠺ ᠨᠠᠰᠣ ᠪᠠᠷᠠᠭᠰᠠᠨ ᠤ ᠳᠠᠷᠠᠭ᠎ᠠ ᠴᠠᠭᠠᠳᠠᠢ ᠶᠢᠨ ᠣᠯᠣᠰ ᠢ ᠪᠦᠷᠢᠨ ᠡᠵᠡᠨ ᠢᠶᠠᠷ ᠬᠠᠶᠢᠳᠣ ᠦᠪᠡᠷ ᠤᠨ ᠲᠦᠯᠦᠬᠡᠨ ᠤ ᠬᠦᠮᠦᠨ ᠪᠣᠯᠬᠤ ᠳ᠋ᠣᠸᠠ ᠶᠢ ᠰᠠᠭᠤᠯᠭᠠᠭᠠᠳ ᠬᠤᠪᠢᠯᠠᠢ ᠶᠢᠨ ᠡᠰᠡᠷᠬᠦ ᠶᠠᠪᠣᠭᠤᠯᠣᠭᠰᠠᠨ ᠪᠠᠶᠢᠯᠳᠣᠭᠠᠨ ᠤ ᠠᠷᠭ᠎ᠠ ᠲᠠᠺᠲ᠋ᠢᠺ ᠢ ᠣᠷᠢᠳᠣ ᠶᠢᠨ ᠮᠣᠩᠭᠤᠯ ᠠᠶᠢᠮᠠᠭ ᠤᠳ ᠤᠨ ᠳᠣᠯᠣᠭᠠᠶᠢᠯᠠᠭᠴᠢᠳ ᠤᠨ ᠠᠯᠳᠠᠨ ᠣᠯᠣᠰ ᠤᠨ ᠡᠰᠡᠷᠬᠦ ᠬᠢᠭᠰᠡᠨ ᠠᠶᠠᠨ ᠳᠠᠶᠢᠨ ᠤ ᠦᠶ᠎ᠡ ᠶᠢᠨ ᠬᠢ ᠲᠠᠢ ᠶᠠᠭ ᠠᠳᠠᠯᠢ ᠪᠣᠯᠭᠠᠵᠠᠢ᠃ ᠲᠡᠷᠡ ᠪᠠᠷ ᠦᠪᠡᠷ ᠤᠨ ᠬᠢᠨᠢ ᠬᠠᠨᠢ ᠬᠠᠮᠰᠠᠭᠠᠳᠠᠨ ᠤ ᠬᠢᠨᠢ ᠣᠯᠣᠰ ᠵᠠᠯᠭᠠᠬᠤ ᠲᠦᠷᠺᠧᠰᠲ᠋ᠠᠨ ᠤ ᠠᠭᠤᠳᠠᠮ ᠳᠠᠯ᠎ᠠ᠂ ᠠᠯᠳᠠᠢ ᠶᠢᠨ ᠶᠡᠭᠡ ᠠᠭᠤᠯᠠᠰ ᠤᠨ ᠠᠮᠠ᠂ ᠰᠠᠯᠠᠭ᠎ᠠ ᠪᠦᠷᠢ ᠠᠴᠠ ᠴᠡᠷᠢᠭ ᠴᠣᠤᠬ᠎ᠠ ᠴᠣᠭᠯᠠᠭᠤᠯᠵᠦ ᠬᠤᠪᠢᠯᠠᠢ ᠶᠢᠨ ᠬᠦᠷᠦᠨ ᠳᠤ ᠳᠣᠪᠳᠣᠯᠣᠨ ᠢᠷᠡᠵᠡᠢ᠃ ᠡᠨᠡ ᠦᠶ᠎ᠡ ᠳᠤ ᠲᠡᠷᠡ ᠪᠠᠷ ᠦᠪᠡᠷ ᠢ ᠨᠢ ᠳᠠᠷᠣᠭᠤᠯᠬᠤ ᠪᠠᠷ ᠶᠠᠪᠣᠭᠤᠯᠣᠭᠰᠠᠨ ᠬᠠᠨ ᠬᠦᠦ ᠨᠣᠮᠣᠭᠠᠨ ᠢ ᠣᠯᠵᠠᠯᠠᠨ᠂ ᠯᠢᠶᠣᠣᠳᠦ᠋ᠩ ᠤᠨ ᠵᠠᠬᠢᠷᠣᠭᠴᠢ ᠨᠠᠶᠠᠨ ᠨᠣᠶᠠᠨ ᠢ ᠬᠤᠯᠪᠣᠭᠠᠳᠠᠨ ᠪᠣᠯᠭᠠᠵᠦ ᠬᠤᠪᠢᠯᠠᠢ ᠶᠢᠨ ᠡᠰᠡᠷᠬᠦ ᠪᠣᠰᠣᠯᠭ᠎ᠠ ᠭᠠᠷᠭᠠᠭᠤᠯᠵᠦ ᠲᠦᠩᠭᠡᠭᠰᠡᠨ ᠨᠢ ᠲᠡᠬᠦᠨ ᠤ ᠦᠢᠯᠡ ᠬᠡᠷᠡᠭ ᠢ ᠠᠮᠵᠢᠯᠳᠠ ᠲᠠᠢ ᠬᠦᠷᠭᠡᠵᠦ ᠴᠦ ᠪᠣᠯᠬᠤ ᠪᠠᠷ ᠪᠠᠶᠢᠳᠠᠯ ᠡᠭᠦᠰᠪᠡ᠃      ᠳᠡᠭᠡᠬᠦ ᠳᠤᠨᠢ ᠬᠤᠪᠢᠯᠠᠢ ᠮᠦᠨᠦᠬᠡᠨ ᠳᠡᠭᠡᠷ᠎ᠡ ᠦᠶ᠎ᠡ ᠶᠢᠨ ᠠᠯᠳᠠᠨ ᠣᠯᠣᠰ ᠤᠨ ᠬᠠᠭᠠᠳ ᠮᠣᠩᠭᠤᠯ ᠤᠨ ᠠᠶᠢᠮᠠᠭ ᠤᠳ ᠤᠨ ᠡᠰᠡᠷᠬᠦ ᠬᠡᠷᠡᠭᠯᠡᠵᠦ ᠪᠠᠶᠢᠭᠰᠠᠨ ᠠᠷᠭ᠎ᠠ ᠶᠢ ᠠᠰᠢᠭᠯᠠᠵᠦ ᠣᠷᠢᠳᠣ ᠵᠦᠪᠬᠡᠨ ᠰᠡᠷᠭᠡᠶᠢᠯᠡᠬᠦ ᠠᠩᠬᠢ ᠤᠳ ᠢ ᠶᠡᠭᠡ ᠬᠡᠷᠡᠮ ᠤᠨ ᠳᠠᠭᠠᠣ ᠶᠠᠪᠣᠭᠤᠯᠣᠨ ᠳᠠᠶᠢᠳᠣᠭᠤᠯᠵᠦ ᠨᠡᠭᠦᠳᠡᠯᠴᠢᠨ ᠠᠶᠢᠮᠠᠭ ᠤᠳ ᠢ ᠪᠦᠰᠡᠯᠡᠨ ᠪᠠᠶᠢᠯᠳᠣᠳᠠᠭ ᠪᠠᠶᠢᠭᠰᠠᠨ ᠪᠣᠯ ᠬᠤᠪᠢᠯᠠᠢ ᠴᠡᠷᠢᠭ ᠢᠶᠠᠨ ᠠᠯᠳᠠᠢ ᠶᠢᠨ ᠣᠩᠭᠤᠨ ᠵᠡᠯᠢᠭᠦᠳ ᠠᠭᠤᠯᠠᠰ ᠳᠡᠶᠢᠰᠢ ᠬᠦᠳᠡᠯᠭᠡᠭᠰᠡᠨ ᠦᠬᠡᠢ᠃ ᠬᠠᠷᠢᠨ ᠬᠠᠶᠢᠳᠣ ᠎ ᠶᠢᠨ ᠣᠯᠣᠰ ᠣᠷᠣᠨ ᠢ ᠴᠡᠷᠢᠭ ᠤᠨ ᠠᠩᠬᠢ ᠤᠳ ᠢᠶᠠᠷ ᠪᠦᠰᠡᠯᠡᠨ ᠬᠠᠭᠠᠬᠤ ᠳᠤ ᠬᠠᠶᠢᠳᠣ ᠪᠦᠰᠡᠯᠡᠯᠳᠡ ᠶᠢ ᠳᠠᠰᠣ ᠴᠣᠬᠢᠨ ᠭᠠᠷᠴᠣ ᠢᠷᠡᠬᠦ ᠲᠡᠷᠡ ᠴᠠᠭ ᠲᠤ ᠯᠡ ᠶᠡᠭᠡ ᠴᠡᠷᠢᠭ ᠢᠶᠠᠨ ᠬᠦᠳᠡᠯᠬᠡᠵᠡᠢ᠃ ᠢᠩᠬᠢᠬᠡᠳ ᠬᠢᠳᠠᠳ ᠪᠣᠯᠣᠨ ᠲᠡᠭᠦᠨ ᠤ ᠣᠮᠣᠭᠯᠠᠩ ᠳᠣᠭᠰᠢᠨ ᠨᠡᠭᠦᠳᠡᠯᠴᠢ ᠬᠦᠷᠰᠢ ᠬᠤᠶᠠᠷ ᠤᠨ ᠬᠤᠭᠤᠷᠣᠨᠳᠣ ᠡᠷᠳᠡᠨ ᠠᠴᠠ ᠳᠣᠭᠳᠠᠭᠰᠠᠨ ᠨᠦᠬᠦᠬᠡ ᠯᠡ ᠬᠠᠭᠤᠴᠢᠨ ᠬᠠᠷᠢᠯᠴᠠᠭ᠎ᠠ ᠳᠠᠬᠢᠨ ᠰᠡᠷᠬᠦᠵᠦ᠂ ᠬᠢᠳᠠᠳ ᠤᠨ ᠬᠢᠯᠢ ᠬᠢᠵᠠᠭᠠᠷ ᠠᠯᠳᠠᠢ ᠬᠦᠷᠳᠡᠯ᠎ᠡ ᠳᠡᠯᠡᠨ᠂ ᠨᠡᠭᠦᠳᠡᠯᠴᠢᠳ ᠤᠨ ᠳᠣᠪᠳᠣᠯᠭ᠎ᠠ ᠣᠳᠣ ᠡᠵᠡᠨᠳᠦ ᠬᠦᠷᠦᠨ ᠤ ᠴᠢᠬᠤᠯᠠ ᠲᠦᠪ ᠤᠳ ᠢ ᠬᠦᠷᠴᠦ ᠴᠢᠳᠠᠬᠤ ᠪᠠᠨ ᠨᠢᠬᠡᠨᠳᠡ ᠪᠣᠯᠢᠭᠰᠠᠨ ᠮᠡᠳᠦ ᠪᠣᠯᠵᠠᠢ᠃ ᠮᠣᠩᠭᠤᠯᠴᠣᠳ ᠰᠣᠯᠠᠷᠠᠭᠰᠠᠨ ᠦᠬᠡᠢ ᠬᠠᠷᠢᠨ ᠮᠣᠩᠭᠤᠯᠴᠣᠳ ᠤᠨ ᠵᠠᠬᠢᠷᠴᠣ ᠪᠠᠶᠢᠭᠰᠠᠨ ᠬᠢᠳᠠᠳ ᠣᠷᠣᠨ ᠬᠦᠴᠦᠷᠬᠡᠭᠵᠢᠵᠦ ᠢᠷᠡᠯ᠎ᠡ᠃ ᠬᠠᠶᠢᠳᠣ ᠨᠢᠬᠡᠨ ᠣᠳᠠᠭ᠎ᠠ ᠪᠣᠮᠠᠨ ᠮᠣᠷᠢᠳᠣ ᠴᠡᠷᠢᠭ ᠭᠠᠷᠭᠠᠨ ᠪᠠᠶᠢᠯᠳᠣᠭᠰᠠ ᠴᠦ ᠮᠣᠩᠭᠤᠯ ᠨᠣᠳᠤᠭ ᠲᠠᠭᠠᠨ ᠪᠦᠰᠡᠯᠡᠭᠳᠡᠨ ᠴᠣᠬᠢᠭᠳᠠᠭᠰᠠᠨ ᠨᠢ ᠳᠠᠶᠢᠰᠣᠨ ᠡᠳᠡᠭᠡᠳ ᠨᠢ ᠣᠷᠢᠳᠣ ᠶᠢᠨ ᠬᠢᠳᠠᠳ ᠤᠨ ᠨᠦᠬᠦᠬᠡ ᠬᠢ ᠯᠡ ᠬᠦᠳᠡᠯᠵᠦ ᠶᠠᠳᠠᠭᠰᠠᠨ ᠳᠣᠷᠣᠢ ᠴᠡᠷᠢᠭ ᠪᠣᠰᠣ᠂ ᠬᠠᠷᠢᠨ ᠦᠪᠡᠷ ᠤᠨ ᠬᠢᠨᠢ ᠴᠡᠷᠢᠭ ᠤᠨ ᠨᠢᠬᠡᠨ ᠠᠳᠠᠯᠢ ᠬᠦᠴᠦᠳᠡᠢ᠂ ᠬᠡᠬᠦ ᠳᠡᠭᠡᠨ ᠢᠯᠡᠬᠦᠦ ᠰᠠᠬᠢᠯᠭ᠎ᠠ ᠲᠠᠢ᠂ ᠢᠯᠡᠬᠦᠦ ᠵᠡᠷ ᠵᠡᠪᠰᠡᠭ ᠲᠠᠢ ᠶᠠᠪᠠᠭᠠᠨ ᠴᠡᠷᠢᠭ ᠲᠠᠢ ᠪᠠᠨ ᠪᠠᠶᠢᠯᠳᠣᠭᠠᠨ ᠤ ᠦᠢᠯᠡ ᠠᠵᠢᠯᠯᠠᠭ᠎ᠠ ᠪᠠᠨ ᠳᠣᠩ ᠣᠬᠠᠭᠠᠯᠢᠭ ᠢᠶᠠᠷ ᠬᠤᠣᠰᠯᠠᠭᠤᠯᠣᠭᠰᠠᠨ ᠡᠷᠡᠮᠡᠬᠡᠢ ᠮᠣᠩᠭᠤᠯ ᠮᠣᠷᠢᠨ ᠴᠡᠷᠢᠭ ᠪᠠᠶᠢᠭᠰᠠᠨ ᠲᠠᠢ ᠬᠤᠯᠪᠣᠭ᠎ᠠ ᠲᠠᠢ ᠶᠣᠮ᠃      ᠣᠷᠣᠭᠰᠢ ᠳᠣᠪᠳᠣᠯᠣᠨ ᠣᠷᠣᠬᠤ᠂ ᠠᠷᠣᠭᠰᠢ ᠣᠬᠤᠷᠢᠬᠤ ᠳᠤ ᠴᠦ ᠪᠣᠭᠤᠨᠢ ᠶᠢᠨ ᠢᠯᠳᠦ ᠪᠠᠷ ᠵᠡᠪᠰᠡᠭᠯᠡᠭᠰᠡᠨ ᠶᠠᠪᠠᠭᠠᠨ ᠴᠡᠷᠢᠭ ᠮᠣᠷᠢᠳᠠᠨ ᠤᠨ ᠠᠷᠣ ᠳᠤ ᠶᠠᠪᠣᠵᠦ ᠳᠣᠯᠣᠯᠳᠣᠭᠠᠨ ᠤ ᠡᠮᠦᠨ᠎ᠡ ᠠᠮᠣᠰᠬᠢᠵᠦ ᠬᠠᠳᠬᠤᠯᠳᠣᠭᠠᠨ ᠤ ᠦᠶ᠎ᠡ ᠳᠤ ᠳᠠᠶᠢᠰᠣᠨ ᠤ ᠮᠣᠷᠢᠳ ᠢ ᠣᠰᠠᠳᠬᠠᠬᠤ ᠪᠣᠯᠵᠠᠢ᠃ ᠬᠡᠳᠦᠶᠢᠪᠡᠷ ᠡᠶᠢᠨᠬᠦ ᠣᠯᠠᠨ ᠣᠳᠠᠭ᠎ᠠ ᠳᠣᠯᠭᠠᠷᠠᠨ ᠪᠠᠶᠢᠯᠳᠣᠵᠦ ᠵᠠᠷᠢᠮ ᠳᠠᠭᠠᠨ ᠨᠠᠶᠢᠷᠠᠮᠳᠠᠯ ᠳᠣᠭᠳᠠᠭᠠᠨ ᠲᠦᠷ ᠡᠪᠯᠡᠷᠡᠬᠦ ᠵᠡᠷᠭᠡ ᠶᠠᠩᠵᠦ ᠪᠦᠷᠢ ᠶᠢᠨ ᠠᠷᠭ᠎ᠠ ᠮᠡᠭᠡ ᠬᠡᠷᠡᠭᠯᠡᠭᠰᠡᠨ ᠴᠦ ᠶᠡᠭᠡ ᠬᠠᠭᠠᠨ ᠬᠤᠪᠢᠯᠠᠢ ᠠᠮᠢᠳᠣ ᠰᠡᠷᠡᠭᠦᠨ ᠦᠶ᠎ᠡ ᠳᠡᠭᠡᠨ ᠬᠠᠶᠢᠳᠣ ᠶᠢ ᠳᠠᠷᠣᠵᠦ ᠳᠡᠶᠢᠯᠦᠯ ᠦᠬᠡᠢ᠂ ᠦᠪᠡᠷ ᠢᠶᠠᠨ ᠶᠢᠷᠳᠢᠨᠴᠦ ᠶᠢᠨ ᠮᠦᠩᠬᠡ ᠪᠣᠰᠣ ᠶᠢ ᠦᠵᠡᠭᠰᠡᠨ ᠪᠠᠶᠢᠨ᠎ᠠ᠃ ᠬᠠᠷᠢᠨ ᠲᠡᠭᠦᠨ ᠤ ᠳᠠᠷᠠᠭ᠎ᠠ ᠭᠠᠷᠴᠣ ᠢᠷᠡᠭᠰᠡᠨ ᠶᠣᠸᠠᠨ ᠣᠯᠣᠰ ᠤᠨ ᠶᠡᠭᠡ ᠬᠠᠭᠠᠨ ᠲᠡᠮᠦᠷ ᠣᠳᠠᠭᠠᠨ ᠬᠤᠭᠤᠴᠠᠭᠠᠨ ᠳᠤ ᠪᠡᠯᠡᠳᠬᠡᠵᠦ ᠪᠠᠶᠢᠭᠠᠳ ᠶᠡᠭᠡ ᠴᠡᠷᠢᠭ ᠬᠤᠷᠠᠮᠳᠣᠭᠤᠯᠣᠨ᠂ ᠬᠠᠶᠢᠳᠣ ᠶᠢ ᠳᠣᠪᠳᠣᠯᠵᠠᠢ᠃ ᠴᠠᠭᠠᠳᠠᠢ ᠶᠢᠨ ᠣᠯᠣᠰ ᠤᠨ ᠡᠵᠡᠨ ᠳ᠋ᠣᠸᠠ ᠬᠠᠶᠢᠳᠣ ᠳᠤ ᠳᠣᠰᠠᠯᠠᠬᠤ ᠪᠠᠷ ᠡᠷᠡᠮᠡᠯᠵᠡᠭᠰᠡᠨ ᠪᠣᠯᠪᠠᠴᠣ ᠬᠤᠴᠣᠷᠣᠭᠰᠠᠨ ᠪᠠᠶᠢᠨ᠎ᠠ᠃ ᠳᠡᠳᠡ ᠳᠣᠯᠣᠯᠳᠣᠭᠠᠳ ᠬᠠᠶᠢᠳᠣ ᠶᠢ ᠳᠠᠶᠢᠯᠣᠨ ᠣᠬᠤᠷᠢᠭᠠᠭᠰᠠᠨ ᠪᠠᠶᠢᠨ᠎ᠠ᠃ ᠬᠡᠪᠡᠴᠦ ᠬᠤᠶᠠᠷ ᠲᠠᠬᠢ ᠡᠳᠦᠷ ᠬᠠᠷᠠᠯᠳᠤᠭ ᠤᠨ ᠣᠷᠴᠢᠮ ᠳᠣᠯᠣᠯᠳᠣᠭᠠᠨ ᠳᠤ ᠬᠠᠶᠢᠳᠣ ᠬᠡᠨᠡᠳᠳᠡ ᠡᠪᠡᠳᠦᠭᠰᠡᠨ ᠣᠴᠢᠷ ᠴᠡᠷᠢᠭ ᠢᠶᠠᠨ ᠠᠪᠣᠨ ᠣᠬᠤᠷᠢᠵᠦ᠂ ᠨᠢᠬᠡ ᠰᠠᠷ᠎ᠠ ᠶᠢᠨ ᠳᠠᠷᠠᠭ᠎ᠠ ᠳᠠᠶᠢᠬᠠᠨ ᠨᠠᠭᠤᠷ ᠭᠡᠳᠡᠭ ᠭᠠᠵᠠᠷ ᠨᠠᠰᠣ ᠪᠠᠷᠠᠵᠠᠢ᠃ᠳᠡᠯᠡᠬᠡᠢ ᠶᠢᠨ ᠳᠠᠯ᠎ᠠ ᠶᠢ ᠡᠵᠡᠯᠡᠭᠰᠡᠨ ᠮᠣᠩᠭᠤᠯ ᠡᠵᠡᠳ ᠰᠡᠬᠦᠯ ᠳᠡᠭᠡᠨ ᠬᠢᠳᠠᠳ ᠲᠤ ᠲᠦᠪᠯᠡᠷᠡᠭᠰᠡᠨ ᠶᠡᠭᠡ ᠬᠦᠷᠦᠨ ᠪᠠᠶᠢᠭᠤᠯᠣᠭᠰᠠᠨ ᠤ ᠡᠰᠡᠷᠬᠦ ᠲᠡᠮᠡᠴᠡᠭᠴᠢ᠂ ᠳᠣᠭᠤᠰᠢᠳᠠᠢ ᠡᠬᠡ ᠣᠷᠣᠨᠴᠢ᠂ ᠬᠦᠴᠦᠷᠭᠡᠭ ᠡᠵᠡᠨ ᠬᠠᠭᠠᠨ ᠬᠠᠶᠢᠳᠣ ᠡᠶᠢᠨᠬᠦ 14 ᠳ᠋ᠣᠭᠡᠷ ᠵᠠᠭᠤᠨ ᠤ ᠡᠬᠢᠨ ᠳᠤ ᠨᠠᠰᠣ ᠪᠠᠷᠠᠵᠠᠢ᠃ ᠬᠠᠶᠢᠳᠣ ᠶᠢ ᠬᠠᠯᠠᠭᠤᠨ ᠡᠬᠡ ᠣᠷᠣᠨᠴᠢ ᠡᠪᠦᠭᠡ ᠳᠡᠭᠡᠳᠦᠰ ᠤᠨ ᠨᠢᠬᠡ ᠭᠡᠵᠦ ᠳᠣᠷᠠᠰᠣᠨ ᠰᠠᠨᠠᠬᠤ ᠣᠴᠢᠷᠳᠠᠢ ᠪᠣᠢ ‍ᠶ᠎ᠠ᠃ 
ᠢᠷᠡᠯᠲᠡ᠄ ︽ᠮᠣᠩᠭᠤᠯ ᠬᠠᠭᠠᠨᠲᠤ ᠤᠯᠤᠰ ᠤᠨ ᠲᠣᠪᠴᠢ ᠲᠡᠦᠬᠡ︾ ᠨᠣᠮ