ᠡᠷᠡᠯᠬᠡᠭ ᠳᠠᠶᠢᠴᠢᠨ ᠢᠳᠡ ᠬᠦᠴᠦᠳᠦ ᠠᠶᠠᠷᠤᠭ ᠬᠦᠩᠵᠦ
ᠨᠡᠶᠢᠲᠡᠯᠡᠭᠰᠡᠨ ᠴᠠᠭ᠄
2023/12/21
      ᠠᠶᠠᠷᠤᠭ ᠭᠦᠩᠵᠦ ᠪᠣᠯ ᠲᠠᠶᠢᠽᠦ᠋ᠩ ᠦᠬᠡᠳᠡᠢ ᠬᠠᠭᠠᠨ ᠤ ᠠᠴᠢ᠂ ᠬᠠᠰᠢ ᠶᠢᠨ ᠬᠦᠪᠡᠭᠦᠨ ᠬᠠᠶᠢᠳᠣ ᠬᠠᠨ ᠤ ᠭᠤᠣᠯ ᠣᠷᠳᠣᠨ ᠤ ᠲᠦᠷᠪᠡᠵᠢᠨ ᠬᠠᠳᠣᠨ  ᠠᠴᠠ ᠲᠦᠷᠦᠭᠰᠡᠨ ᠦᠬᠢᠨ ᠶᠣᠮ᠃ ᠲᠠᠲ᠋ᠠᠷ ᠬᠡᠯᠡᠨ ᠳᠤ ︽ᠠᠶᠠᠷᠤᠭ︾ ᠭᠡᠳᠡᠭ ᠨᠢ ᠳᠣᠩᠭᠠᠯᠠᠭ ᠰᠠᠷᠠ ᠬᠡᠰᠡᠨ ᠣᠳᠬ᠎ᠠ ᠲᠠᠢ ᠦᠬᠡ ᠬᠡᠵᠦ ᠢᠲ᠋ᠠᠯᠢ ᠶᠢᠨ ᠨᠡᠷᠡᠳᠦ ᠵᠢᠭᠤᠯᠴᠢᠨ ᠮᠠᠷᠺᠦ · ᠫᠣᠯᠣ᠋ ᠳᠡᠮᠳᠡᠭᠯᠡᠵᠡᠢ᠃ ᠠᠶᠠᠷᠤᠭ ᠬᠦᠩᠵᠦ ᠶᠡᠭᠡ ᠲᠦᠯᠦᠪ 13 ᠳ᠋ᠣᠭᠠᠷ ᠵᠠᠭᠤᠨ ᠤ ᠳᠣᠮᠳᠠ ᠦᠶ᠎ᠡ ᠠᠴᠠ 14 ᠳ᠋ᠣᠭᠡᠷ ᠵᠠᠭᠤᠨ ᠤ ᠡᠬᠢ ᠬᠦᠷᠳᠡᠯ᠎ᠡ ᠠᠮᠢᠳᠣᠷᠠᠵᠦ ᠪᠠᠶᠢᠵᠠᠢ᠃      ᠠᠶᠠᠷᠤᠭ ᠭᠦᠩᠵᠦ ᠪᠣᠯ ᠡᠴᠢᠬᠡ ᠬᠠᠶᠢᠳᠣ ᠬᠠᠨ ᠰᠢᠭ᠋ ᠢᠶᠠᠨ ᠣᠳᠣᠷ ᠨᠡᠭᠦᠳᠡᠯ ᠤᠨ ᠠᠮᠢᠳᠣᠷᠠᠯ ᠠᠬᠤᠢ ᠳᠤ ᠪᠠᠬ᠎ᠠ ᠰᠣᠨᠢᠷᠬᠠᠯ ᠲᠠᠢ᠂ ᠳᠠᠶᠢᠨ ᠪᠠᠶᠢᠯᠳᠣᠭᠠᠨ  ᠳᠤ ᠡᠷᠡᠯᠬᠡᠭ ᠭᠠᠪᠰᠢᠭᠠᠢ ᠪᠠᠭᠠᠳᠣᠷ ᠪᠦᠰᠡᠬᠦᠢ ᠪᠠᠶᠢᠵᠠᠢ᠃ ᠮᠠᠷᠺᠤ · ᠫᠣᠯᠣ᠋ ᠶᠢᠨ ᠵᠢᠭᠤᠯᠴᠢᠯᠠᠯ ᠤᠨ ᠳᠡᠮᠳᠡᠭᠯᠡᠯ ᠳᠡᠭᠡᠨ ᠪᠢᠴᠢᠭᠰᠡᠨ ᠠᠴᠠ ᠦᠵᠡᠪᠡᠯ᠂ ᠠᠶᠠᠷᠤᠭ ᠭᠦᠩᠵᠦ ᠪᠣᠯ ︽ᠭᠤᠸ᠎ᠠ ᠦᠵᠡᠰᠬᠦᠯᠡᠩ ᠲᠠᠢ ᠮᠦᠷᠳᠡᠭᠡᠨ ᠪᠡᠶ᠎ᠡ ᠪᠢᠯᠳᠠᠷ ᠲᠠᠢ᠂ ᠮᠠᠰᠢ ᠡᠷᠡᠯᠬᠡᠭ ᠳᠠᠶᠢᠴᠢᠨ ᠬᠦᠮᠦᠨ ᠪᠠᠶᠢᠭᠰᠠᠨ ᠪᠠ ᠲᠡᠭᠦᠨ ᠤ ᠡᠴᠢᠬᠡ ᠬᠠᠨ ᠤ ᠬᠠᠷᠢᠶ᠎ᠠ ᠨᠣᠳᠤᠭ ᠲᠤ ᠲᠡᠭᠦᠨ ᠲᠠᠢ ᠬᠦᠴᠦ ᠰᠣᠷᠢᠵᠦ᠂ ᠲᠡᠭᠦᠨ ᠢ ᠣᠶᠢᠴᠢᠭᠤᠯᠵᠦ ᠰᠢᠷᠣᠶᠢᠳᠠᠭᠤᠯᠵᠦ ᠴᠢᠳᠠᠭᠰᠠᠨ ᠬᠦᠮᠦᠨ ᠬᠡᠵᠦ ᠨᠢᠬᠡ ᠴᠦ ᠪᠠᠶᠢᠭᠰᠠᠨ ᠦᠬᠡᠢ ᠠᠵᠢ︾᠃ ᠳᠣᠬᠠᠢ ᠶᠢᠨ ᠦᠶ᠎ᠡ ᠳᠤ ᠪᠣᠰᠣᠳ ᠣᠯᠣᠰ ᠦᠨᠳᠦᠰᠦᠳᠡᠨ ᠤ ᠦᠬᠢᠳ ᠪᠦᠰᠡᠬᠦᠶᠢᠴᠣᠳ ᠤᠨ ᠵᠣᠩᠬᠢᠯᠠᠬᠤ ᠨᠢ ᠪᠦᠷ ᠠᠪᠤ ᠡᠵᠢ᠂ ᠠᠬᠠᠰ ᠵᠠᠬᠠᠰ ᠪᠣᠶᠣ ᠡᠷᠡᠭᠳᠡᠶᠢᠴᠣᠳ ᠤᠨ ᠡᠷᠬᠡ ᠮᠡᠳᠡᠯ ᠳᠤ ᠪᠠᠶᠢᠭᠰᠠᠨ ᠪᠣᠯᠪᠠᠴᠣ᠂ ᠮᠣᠩᠭᠤᠯ ᠦᠨᠳᠦᠰᠦᠳᠡᠨ ᠤ ᠦᠭᠢᠳ ᠪᠦᠰᠡᠭᠦᠶᠢᠴᠣᠳ ᠬᠠᠷᠢᠨ ᠬᠠᠷᠢᠴᠠᠩᠭᠤᠢ ᠡᠷᠬᠡ ᠴᠢᠯᠦᠬᠡ ᠡᠳ᠋ᠯᠡᠵᠦ᠂ ᠦᠵᠡᠯ ᠪᠣᠳᠣᠯ ᠢᠶᠠᠨ ᠰᠢᠭᠤᠳ ᠰᠢᠭᠤᠷᠬᠠᠢ ᠢᠯᠡᠷᠬᠡᠶᠢᠯᠡᠨ᠂ ᠲᠡᠭᠦᠨ ᠢᠶᠠᠨ ᠡᠷᠡᠭᠡᠯᠵᠡᠭᠡ ᠦᠬᠡᠢ ᠪᠠᠷ ᠬᠠᠳᠠᠭᠤ ᠪᠠᠷᠢᠮᠳᠠᠯᠠᠵᠦ ᠪᠣᠯᠳᠠᠭ ᠪᠠᠶᠢᠭᠰᠠᠨ ᠠᠵᠢ᠃ ᠢᠯᠠᠩᠭᠤᠶ᠎ᠠ ᠠᠶᠠᠷᠤᠭ ᠭᠦᠩᠵᠦ ᠶᠢᠨ ᠬᠤᠪᠢ ᠳᠤ᠂ ᠡᠨᠡ ᠨᠢ ᠨᠡᠩ ᠣᠨᠴᠠᠯᠢᠭ᠂ ᠨᠡᠩ ᠳᠣᠳᠣ ᠢᠯᠡᠷᠡᠵᠦ ᠪᠠᠶᠢᠪᠠ᠃ ᠠᠶᠠᠷᠤᠭ ᠬᠦᠩᠵᠦ ᠶᠢ ᠨᠠᠰᠣᠨ ᠳᠤ ᠬᠦᠷᠦᠭᠰᠡᠨ ᠤ ᠳᠠᠷᠠᠭ᠎ᠠ᠂ ᠬᠠᠨ ᠡᠴᠢᠬᠡ ᠪᠠ ᠬᠠᠳᠣᠨ ᠡᠬᠡ ᠬᠤᠶᠠᠷ ᠨᠢ ᠨᠦᠬᠦᠷ ᠰᠣᠩᠭᠤᠵᠦ᠂ ᠲᠡᠭᠦᠨ ᠢ ᠬᠠᠷᠢ ᠳᠤ ᠮᠣᠷᠳᠠᠭᠤᠯᠬᠤ ᠶᠢ ᠬᠦᠰᠡᠵᠦ ᠪᠠᠶᠢᠭᠰᠠᠨ ᠪᠣᠯᠪᠠᠴᠣ᠂ ᠠᠶᠠᠷᠤᠭ ᠬᠦᠩᠵᠦ ᠣᠭᠳᠣᠪᠣᠷᠢ ᠨᠦᠬᠦᠴᠡᠯ ᠳᠣᠷᠠᠳᠴᠣ᠂ ᠦᠪᠡᠷ ᠲᠠᠢ ᠨᠢ ᠬᠡᠷᠯᠡᠬᠦ ᠵᠠᠯᠠᠭᠤ ᠡᠷᠬᠡᠪᠰᠢ ᠢᠳᠡ ᠬᠦᠴᠦ᠂ ᠳᠡᠰᠪᠦᠷᠢ ᠳᠠᠭᠠᠭᠠᠴᠠ ᠪᠣᠯᠣᠨ ᠴᠡᠷᠢᠭ ᠤᠨ ᠡᠷᠳᠡᠮ ᠤᠨ ᠳᠠᠯ᠎ᠠ ᠪᠠᠷ ᠦᠪᠡᠷ ᠠᠴᠠ ᠨᠢ ᠳᠠᠪᠠᠭᠰᠠᠨ ᠪᠠᠶᠢᠬᠤ ᠬᠡᠷᠡᠭᠳᠡᠢ ᠬᠡᠵᠦ ᠬᠠᠳᠠᠭᠤ ᠱᠠᠭᠠᠷᠳᠠᠯᠭ᠎ᠠ ᠳᠠᠯᠪᠢᠵᠦ ᠪᠠᠶᠢᠭᠰᠠᠨ ᠪᠣᠯᠬᠤᠷ᠂ ᠡᠴᠢᠬᠡ ᠬᠠᠨ  ᠨᠢ ᠲᠡᠬᠦᠨ ᠤ ᠦᠪᠡᠷ ᠤᠨ ᠳᠣᠷ᠎ᠠ ᠪᠠᠷ ᠨᠦᠬᠦᠷ ᠰᠣᠩᠭᠤᠬᠤ ᠶᠢ ᠨᠢ ᠵᠦᠪᠰᠢᠶᠡᠷᠡᠭᠰᠡᠨ ᠪᠠᠶᠢᠯ᠎ᠠ᠃ ᠢᠩᠬᠢᠬᠡᠳ ᠠᠶᠠᠷᠤᠭ ᠬᠦᠩᠵᠦ ︽ᠬᠦᠴᠦ ᠰᠣᠷᠢᠵᠦ ᠨᠦᠬᠦᠷ ᠰᠣᠩᠭᠤᠬᠤ ᠪᠦᠬᠡᠳ ᠬᠤᠵᠢᠭᠰᠠᠨ ᠬᠦᠮᠦᠨ ᠳᠤ ᠬᠡᠷᠬᠡᠢ ᠨᠢ ᠪᠣᠯᠣᠨ᠎ᠠ᠃ ᠬᠤᠵᠢᠭᠳᠠᠭᠰᠠᠨ ᠵᠠᠯᠠᠭᠤ ᠡᠷ᠎ᠡ ᠲᠡᠬᠦᠨ ᠳᠤ ᠵᠠᠭᠤᠨ ᠠᠭᠳᠠ ᠶᠢᠨ ᠲᠦᠯᠦᠪᠦᠷᠢ ᠲᠦᠯᠦᠨ᠎ᠡ ︾ ᠭᠡᠵᠦ ᠵᠠᠷ ᠳᠠᠷᠬᠠᠭᠠᠵᠦ᠂ ᠣᠯᠠᠨ ᠳᠠᠶᠠᠭᠠᠷ ᠲᠤ ᠳᠣᠩᠬᠠᠭᠯᠠᠨ ᠮᠡᠳᠡᠭᠳᠡᠵᠡᠢ᠃ ᠲᠡᠬᠦᠨ ᠠᠴᠠ ᠬᠤᠶᠢᠰᠢ᠂ ᠶᠠᠮᠠᠷ ᠨᠢᠬᠡᠨ ᠵᠠᠯᠠᠭᠤ ᠬᠠᠷ᠎ᠠ ᠬᠦᠮᠦᠨ ᠵᠠᠭᠤᠨ ᠠᠭᠳᠠ  ᠪᠠᠷ ᠮᠦᠷᠦᠢ ᠳᠠᠯᠪᠢᠵᠦ᠂ ᠲᠡᠬᠦᠨ ᠲᠠᠢ ᠬᠦᠴᠦ ᠰᠣᠷᠢᠬᠤ ᠬᠦᠰᠡᠯᠳᠡ ᠳᠣᠷᠠᠳᠣᠭᠰᠠᠨ ᠳᠣᠬᠢᠶᠠᠯᠳᠣᠯ ᠳᠤ᠂ ᠠᠶᠠᠷᠤᠭ ᠬᠦᠩᠵᠦ ᠪᠠᠷᠢᠯᠳᠣᠭᠠᠨ ᠲᠡᠮᠡᠴᠡᠭᠡᠨ ᠬᠢᠬᠦ ᠶᠢ ᠪᠠᠶᠠᠷᠳᠠᠢ ᠬᠦᠯᠢᠶᠡᠨ ᠠᠪᠳᠠᠭ ᠪᠠᠶᠢᠯ᠎ᠠ᠃ ᠣᠯᠠᠨ ᠭᠠᠵᠠᠷ ᠠᠴᠠ ᠸᠠᠩ ᠨᠣᠶᠠᠳ᠂ ᠢᠵᠠᠭᠤᠷᠳᠠᠨ ᠪᠠᠶᠠᠳ ᠤᠨ ᠬᠦᠪᠡᠭᠦᠳ ᠡᠨᠡ ᠴᠢᠮᠡᠭᠡ ᠶᠢ ᠳᠣᠭᠤᠯᠣᠭᠠᠳ᠂ ᠮᠦᠷ ᠮᠦᠷ ᠢᠶᠠᠨ ᠳᠠᠷᠣᠨ ᠴᠣᠪᠣᠷᠠᠯᠳᠣᠨ ᠢᠷᠡᠴᠡᠭᠡᠵᠦ᠂ ᠠᠶᠠᠷᠤᠭ ᠬᠦᠩᠵᠦ ᠲᠠᠢ ᠪᠢᠷ᠎ᠠ ᠴᠢᠳᠠᠯ᠂ ᠮᠡᠭᠡ ᠰᠠᠮᠪᠠᠭ᠎ᠠ ᠪᠠᠨ ᠰᠣᠷᠢᠨ ᠪᠠᠷᠢᠯᠳᠣᠭᠰᠠᠨ ᠪᠣᠯᠪᠠᠴᠣ᠂ ᠴᠦᠮ ᠢᠯᠠᠭᠳᠠᠵᠦ ᠰᠢᠷᠣᠶᠢᠳᠠᠭᠰᠠᠨ ᠳᠣᠯᠠ᠂ ᠠᠶᠠᠷᠤᠭ ᠬᠦᠩᠵᠦ ᠨᠡᠶᠢᠳᠡ ᠲᠦᠮᠡ ᠭᠠᠷᠣᠢ ᠠᠳᠣᠭᠤ ᠬᠤᠵᠢᠭᠰᠠᠨ ᠪᠠᠶᠢᠪᠠ᠃      ᠴᠠᠭᠠᠨ ᠪᠠᠷᠰ ᠵᠢᠯ᠂ ᠶᠡᠭᠡ ᠶᠣᠸᠠᠨ ᠣᠯᠣᠰ ᠤᠨ ᠱᠢᠽᠦ ᠬᠤᠪᠢᠯᠠᠢ ᠰᠡᠴᠡᠨ ᠬᠠᠭᠠᠨ ᠤ ᡁᠢ ᠶᠣᠸᠠᠨ ᠤ ᠬᠤᠷᠢᠨ ᠳᠣᠯᠣᠳᠣᠭᠠᠷ ᠣᠨ ︵1290 ᠣᠨ︶  ᠳᠤ ᠨᠢᠬᠡ ᠬᠠᠨᠯᠢᠭ ᠣᠯᠣᠰ ᠠᠴᠠ ᠦᠩᠬᠡ ᠵᠢᠰᠣ ᠠᠷᠣᠣᠬᠠᠨ ᠬᠡᠬᠡᠨᠴᠢᠷ᠂ ᠦᠢᠯᠡ ᠬᠦᠳᠡᠯᠦᠯ ᠬᠦᠩᠬᠡᠨ ᠱᠠᠯᠠᠮᠠᠭᠠᠢ᠂ ᠪᠡᠶ᠎ᠡ ᠪᠢᠯᠳᠠᠷ ᠬᠦᠳᠡᠷ ᠴᠢᠬᠢᠷᠠᠭ ᠨᠢᠬᠡ ᠬᠠᠨ ᠬᠦᠪᠡᠭᠦᠨ ᠰᠢᠳᠠᠷ ᠳᠠᠭᠠᠭᠰᠠᠳ ᠢᠶᠠᠨ ᠳᠠᠭᠠᠭᠤᠯᠣᠨ᠂ ᠠᠶᠠᠷᠤᠭ ᠭᠦᠩᠵᠦ ᠲᠠᠢ ᠬᠦᠴᠦ ᠰᠣᠷᠢᠬᠤ ᠪᠠᠷ ᠬᠠᠶᠢᠳᠣ ᠬᠠᠨ ᠤ ᠣᠷᠳᠣᠨ ᠳᠤ ᠰᠦᠷ ᠵᠢᠪᠬᠤᠭ᠎ᠠ ᠲᠠᠢ ᠬᠦᠷᠦᠯᠴᠡᠨ ᠣᠴᠢᠵᠠᠢ᠃ ᠲᠡᠷᠡ ᠬᠠᠨ ᠬᠦᠪᠡᠬᠦᠨ ᠪᠠᠷᠢᠯᠳᠣᠨ ᠳᠡᠮᠡᠴᠡᠪᠡᠯ᠂ ᠠᠶᠠᠷᠤᠭ ᠬᠦᠩᠵᠦ ᠶᠢ ᠯᠠᠪᠳᠠᠢ ᠣᠶᠢᠴᠢᠭᠤᠯᠵᠦ ᠴᠢᠳᠠᠨ᠎ᠠ ᠬᠡᠵᠦ ᠦᠪᠡᠷ ᠲᠡᠭᠡᠨ ᠪᠠᠳᠣ ᠢᠳᠡᠬᠡᠯ ᠲᠠᠢ ᠪᠠᠶᠢᠭᠰᠠᠨ ᠪᠣᠯᠬᠤᠷ᠂ ᠮᠢᠩᠭᠠᠨ ᠠᠭᠳᠠ ᠶᠢ ᠮᠦᠷᠦᠢ ᠳᠤ ᠳᠠᠯᠪᠢᠬᠤ ᠪᠠᠷ ᠳᠠᠭᠤᠵᠦ ᠢᠷᠡᠭᠰᠡᠨ ᠪᠠᠶᠢᠯ᠎ᠠ᠃ ᠠᠶᠠᠷᠤᠭ ᠬᠦᠩᠵᠦ ᠶᠢᠨ ᠬᠠᠨ ᠡᠴᠢᠬᠡ ᠪᠠ ᠬᠠᠳᠣᠨ ᠡᠬᠡ ᠨᠢ ᠲᠡᠷᠡ ᠬᠠᠨ ᠬᠦᠪᠡᠬᠦᠨ ᠢ ᠦᠵᠡᠬᠡᠳ᠂ ᠰᠡᠳᠬᠢᠯ ᠳᠤᠨᠢ ᠮᠠᠰᠢ ᠶᠡᠭᠡ ᠳᠠᠭᠠᠯᠠᠭᠳᠠᠭᠰᠠᠨ ᠣᠴᠢᠷ᠂ ᠲᠡᠭᠦᠨ ᠳᠤ ᠵᠣᠷᠢᠭᠤᠳᠠ ᠪᠠᠭᠤᠵᠦ ᠦᠭᠬᠦᠨ᠂ ᠪᠠᠷᠢᠯᠳᠣᠭᠠᠨ ᠲᠡᠮᠡᠴᠡᠬᠡᠨ ᠳᠤ ᠬᠤᠵᠢᠭᠳᠠᠬᠤ ᠶᠢ ᠦᠬᠢᠨ ᠳᠡᠭᠡᠨ ᠰᠡᠮ ᠢᠶᠠᠷ ᠳᠠᠬᠢᠨ ᠳᠠᠪᠳᠠᠨ ᠬᠦᠰᠡᠭᠰᠡᠨ ᠪᠠᠶᠢᠪᠠ᠃ ᠭᠡᠪᠡᠴᠦ ᠠᠶᠠᠷᠤᠭ ᠬᠦᠩᠵᠦ ᠲᠡᠷᠡ ᠬᠠᠨ ᠬᠦᠪᠡᠬᠦᠨ ᠲᠠᠢ ᠪᠠᠷᠢᠯᠳᠣᠭᠠᠨ ᠳᠡᠮᠡᠴᠡᠭᠡᠨ ᠳᠤ ᠦᠷᠢᠰᠦᠯᠳᠦᠬᠦ ᠠᠴᠠ ᠪᠣᠴᠠᠬᠤ ᠦᠬᠡᠢ ᠪᠠᠶᠢᠭᠰᠠᠨ ᠪᠦᠬᠡᠳ ᠲᠡᠬᠦᠨ ᠤ ᠬᠡᠷᠬᠡᠢ ᠪᠣᠯᠬᠤ ᠳᠤ᠂ ᠬᠠᠨ ᠬᠦᠪᠡᠬᠦᠨ ᠡᠷᠬᠡᠪᠰᠢ ᠡᠷᠬᠡ ᠳᠡᠭᠰᠢ᠂ ᠭᠤᠣᠯᠴᠢ ᠰᠢᠳᠣᠷᠭᠤ ᠪᠠᠶᠢᠳᠠᠯ ᠳᠤ ᠲᠡᠬᠦᠨ ᠢ ᠢᠯᠠᠭᠰᠠᠨ ᠪᠠᠶᠢᠬᠤ ᠬᠡᠷᠡᠭᠳᠡᠢ ᠬᠡᠵᠦ ᠬᠠᠳᠠᠭᠤ ᠪᠠᠷᠢᠮᠳᠠᠯᠠᠵᠦ ᠪᠠᠶᠢᠵᠠᠢ᠃ ᠲᠡᠭᠡᠭᠡᠳ ᠠᠶᠠᠷᠤᠭ ᠭᠦᠩᠵᠦ ᠬᠠᠨ ᠡᠴᠢᠬᠡ᠂ ᠬᠠᠳᠣᠨ ᠡᠬᠡ ᠳᠡᠭᠡᠨ᠄ ︽ᠬᠡᠷᠪᠡ ᠪᠣᠯᠣᠮᠵᠢ ᠲᠠᠢ ᠯᠡ ᠪᠠᠶᠢᠳᠠᠭ ᠶᠣᠮ ᠪᠣᠯ᠂ ᠪᠢ ᠳᠡᠬᠦᠨ ᠳᠤ ᠶᠠᠭᠠᠬᠢᠭᠰᠠᠨ ᠴᠦ ᠬᠢᠯᠪᠠᠷ ᠢᠶᠠᠷ ᠣᠶᠢᠴᠢᠵᠦ ᠦᠭᠬᠦ ᠦᠬᠡᠢ᠂ ᠬᠡᠷᠪᠡ ᠲᠡᠭᠦᠨ ᠤ ᠢᠳᠡ ᠬᠦᠴᠦ ᠨᠠᠳᠠ ᠠᠴᠠ ᠦᠨᠡᠨ ᠳᠠᠪᠠᠳᠠᠭ ᠲᠤ ᠬᠦᠷᠪᠡᠯ᠂ ᠪᠢ ᠳᠣᠷᠠᠳᠠᠶᠢᠶ᠎ᠠ ᠲᠡᠬᠦᠨ ᠤ ᠬᠡᠷᠬᠡᠢ ᠪᠣᠯᠣᠨ᠎ᠠ︾ ᠬᠡᠵᠦ ᠰᠢᠢᠳᠮᠡᠬᠡᠢ ᠬᠠᠷᠢᠭᠤᠯᠪᠠ᠃ ᠠᠶᠠᠷᠤᠭ ᠭᠦᠩᠵᠦ ᠡᠨᠡ ᠮᠡᠳᠦᠴᠢᠯᠡᠨ ᠦᠪᠡᠷ ᠤᠨ ᠬᠦᠰᠡᠯ ᠵᠣᠷᠢᠭ ᠢᠶᠠᠷ ᠠᠯᠢᠪᠠ ᠶᠢ ᠰᠢᠢᠳᠦᠳᠡᠭ ᠪᠦᠰᠡᠬᠦᠢ ᠪᠠᠶᠢᠵᠠᠢ᠃ ᠬᠤᠯᠠ ᠣᠶᠢᠷ᠎ᠠ ᠶᠢᠨ ᠬᠦᠮᠦᠰ ᠡᠨᠡ ᠴᠢᠮᠡᠭᠡ ᠶᠢ ᠰᠣᠨᠣᠰᠴᠣ᠂ ᠠᠶᠠᠷᠤᠭ ᠭᠦᠩᠵᠦ ᠪᠣᠯᠣᠨ ᠬᠠᠨ ᠬᠦᠪᠡᠬᠦᠨ ᠬᠤᠶᠠᠷ ᠤᠨ ᠪᠠᠷᠢᠯᠳᠣᠭᠠᠨ ᠳᠡᠮᠡᠴᠡᠬᠡᠨ ᠢ ᠰᠣᠨᠢᠷᠬᠠᠨ᠂ ᠨᠢᠳᠣ ᠬᠤᠵᠢᠷᠯᠠᠵᠦ ᠰᠣᠨᠣᠷ ᠮᠢᠯᠢᠶᠠᠬᠤ ᠪᠠᠷ ᠬᠠᠶᠢᠳᠣ ᠬᠠᠨ ᠤ ᠣᠷᠳᠣᠨ ᠳᠤ ᠬᠦᠷᠦᠯᠴᠡᠨ ᠣᠴᠢᠭᠰᠠᠨ ᠪᠠᠶᠢᠯ᠎ᠠ᠃ ᠠᠶᠠᠷᠤᠭ ᠭᠦᠩᠵᠦ ᠨᠣᠣᠰᠣᠨ ᠣᠣᠵᠢ ᠡᠮᠦᠰᠦᠨ᠂ ᠲᠡᠮᠡᠴᠡᠭᠡᠨ ᠤ ᠳᠠᠪᠴᠠᠩ ᠳᠤ ᠣᠷᠢᠳᠠᠪᠠᠷ ᠭᠠᠷᠴᠣ᠂ ᠳᠠᠷᠠᠭ᠎ᠠ ᠨᠢ ᠬᠠᠨ ᠬᠦᠪᠡᠬᠦᠨ ᠬᠦᠪᠦᠩ ᠣᠣᠵᠢ ᠡᠮᠦᠰᠴᠦ ᠭᠠᠷᠴᠣ ᠢᠷᠡᠭᠰᠡᠨ᠎ᠡ᠂ ᠵᠠᠯᠠᠭᠤ ᠬᠤᠣᠰ ᠢ ᠦᠵᠡᠭᠰᠡᠨ ᠬᠠᠷᠠᠭᠰᠠᠨ ᠪᠦᠬᠦᠨ ᠲᠡᠳᠡᠨ ᠤ ᠭᠤᠸ᠎ᠠ ᠦᠵᠡᠰᠬᠦᠯᠡᠩ᠂ ᠬᠡᠬᠡᠨᠴᠢᠷ ᠠᠷᠣᠣᠬᠠᠨ᠂ ᠰᠦᠷ ᠵᠢᠪᠬᠤᠭ᠎ᠠ ᠶᠢ ᠨᠢ ᠪᠠᠭ᠋ᠠᠳᠣᠨ ᠭᠠᠶᠢᠬᠠᠯᠳᠣᠵᠦ᠂ ᠬᠤᠪᠢ ᠪᠠᠷᠢᠯᠳᠣᠯᠭ᠎ᠠ ᠲᠠᠢ ᠵᠠᠶᠠᠭᠠᠨ ᠤ ᠬᠤᠣᠰ ᠪᠠᠶᠢᠨ᠎ᠠ ᠬᠡᠮᠡᠨ ᠦᠪᠡᠷ ᠵᠠᠭᠤᠷ᠎ᠠ ᠪᠠᠨ ᠬᠡᠯᠡᠯᠳᠦᠵᠦ ᠪᠠᠶᠢᠵᠠᠢ᠃ ᠲᠡᠳᠡ ᠬᠤᠶᠠᠭᠤᠯᠠ ᠳᠠᠪᠴᠠᠩ ᠤᠨ ᠲᠦᠪ ᠬᠡᠰᠡᠭ ᠲᠤ ᠪᠠᠷᠢᠯᠳᠣᠨ ᠡᠬᠢᠯᠡᠵᠦ᠂ ᠨᠢᠬᠡ ᠨᠢᠬᠡ ᠪᠠᠨ ᠣᠶᠢᠴᠢᠭᠤᠯᠬᠤ ᠬᠡᠵᠦ ᠮᠡᠭᠡ ᠰᠠᠮᠪᠠᠭ᠎ᠠ ᠭᠠᠷᠭᠠᠨ ᠬᠡᠴᠢᠨᠡᠨ ᠴᠢᠷᠮᠠᠶᠢᠭᠰᠠᠨ ᠪᠣᠯᠪᠠᠴᠣ᠂ ᠪᠢᠷ᠎ᠠ ᠴᠢᠳᠠᠯ᠂ ᠠᠷᠭ᠎ᠠ ᠮᠡᠭᠡ ᠨᠢ ᠲᠡᠩᠴᠡᠭᠦᠪᠳᠦᠷ ᠪᠠᠶᠢᠭᠰᠠᠨ ᠪᠣᠯᠬᠤᠷ᠂ ᠬᠡᠨ ᠠᠯᠢᠨ ᠢᠶᠠᠨ ᠢᠯᠠᠵᠦ ᠴᠢᠳᠠᠬᠤ ᠦᠬᠡᠢ ᠨᠡᠯᠢᠶᠡᠳ ᠣᠳᠠᠭᠰᠠᠨ ᠪᠠᠶᠢᠪᠠ᠃ ᠬᠡᠪᠡᠴᠦ ᠠᠶᠠᠷᠤᠭ ᠭᠦᠩᠵᠦ ᠡᠴᠦᠰ ᠲᠤᠨᠢ ᠬᠠᠨ ᠬᠦᠪᠡᠬᠦᠨ ᠢ ᠬᠡᠨᠡᠳᠡᠭᠦᠯᠦᠨ ᠣᠶᠢᠴᠢᠭᠤᠯᠣᠭᠠᠳ᠂ ᠳᠡᠮᠡᠴᠡᠬᠡᠨ ᠳᠤ ᠬᠤᠵᠢᠵᠠᠢ᠃ ᠦᠪᠡᠷ ᠤᠨ ᠣᠯᠣᠰ ᠲᠠᠭᠠᠨ ᠬᠦᠴᠦᠳᠦ ᠪᠦᠬᠡ ᠶᠢᠨ ᠪᠠᠷᠢᠯᠳᠣᠭᠠᠨ ᠲᠡᠮᠡᠴᠡᠭᠡᠨ ᠳᠤ ᠶᠡᠷᠦ ᠠᠴᠠ ᠣᠶᠢᠴᠢᠵᠦ ᠦᠵᠡᠭᠡ ᠦᠬᠡᠢ ᠲᠡᠷᠡ ᠬᠠᠨ ᠬᠦᠪᠡᠬᠦᠨ ᠡᠨᠡ ᠣᠳᠠᠭ᠎ᠠ ᠬᠠᠷᠢᠨ ᠪᠦᠰᠡᠬᠦᠢ ᠬᠦᠮᠦᠨ ᠳᠤ ᠬᠤᠨᠵᠢᠭᠳᠠᠵᠦ ᠰᠢᠷᠣᠶᠢᠳᠠᠭᠰᠠᠨ  ᠳᠠᠭᠠᠨ ᠮᠠᠰᠢ ᠢᠴᠢᠩᠬᠦᠶᠢᠷᠡᠨ᠂ ᠮᠦᠷᠦᠢ ᠳᠤ ᠳᠠᠯᠪᠢᠭᠰᠠᠨ ᠮᠢᠩᠭᠠᠨ ᠠᠭᠳᠠ ᠪᠠᠨ ᠦᠯᠡᠳᠡᠬᠡᠵᠦ ᠦᠭᠬᠦᠮᠡᠭᠴᠡ᠂ ᠬᠠᠶᠢᠳᠣ ᠬᠠᠨ ᠤ ᠣᠷᠳᠣᠨ ᠠᠴᠠ ᠲᠦᠷᠭᠡᠭᠡᠨ ᠭᠠᠷᠴᠣ᠂ ᠮᠣᠷᠢᠨ ᠳᠠᠭᠠᠨ ᠱᠠᠯᠠᠪᠬᠠᠨ ᠮᠣᠷᠳᠠᠨ ᠳᠡᠨᠳᠡ ᠠᠴᠠ ᠰᠡᠩᠳᠡ ᠮᠡᠩᠳᠡ ᠰᠠᠯᠵᠦ ᠣᠳᠣᠭᠰᠠᠨ ᠪᠠᠶᠢᠯ᠎ᠠ᠃ ᠡᠷᠬᠢᠮ ᠢᠵᠠᠭᠤᠷᠳᠣ᠂ ᠢᠳᠡ ᠬᠦᠴᠦᠳᠦ᠂ ᠠᠷᠣᠣᠬᠠᠨ ᠬᠡᠬᠡᠨᠴᠢᠷ ᠲᠡᠷᠡ ᠬᠠᠨ ᠬᠦᠪᠡᠬᠦᠨ ᠢ ᠬᠦᠷᠬᠡᠨ ᠢᠶᠠᠨ ᠪᠣᠯᠭᠠᠬᠤ ᠶᠢ ᠬᠦᠰᠡᠵᠦ ᠪᠣᠢ ᠠᠳᠠᠯ᠎ᠠ᠂ ᠰᠠᠨᠠᠭᠰᠠᠨ ᠰᠠᠨᠠᠭ᠎ᠠ ᠶᠢ ᠨᠢ ᠦᠬᠢᠨ ᠦᠷ᠎ᠡ ᠨᠢ ᠬᠦᠰᠡᠷᠳᠡᠬᠦᠯᠦᠭᠰᠡᠨ ᠶᠠᠪᠣᠳᠠᠯ ᠳᠤ ᠬᠠᠨ ᠡᠴᠢᠬᠡ ᠪᠠ ᠬᠠᠳᠣᠨ ᠡᠬᠡ ᠬᠤᠶᠠᠷ ᠨᠢ ᠮᠠᠰᠢ ᠶᠡᠭᠡ ᠠᠭᠤᠷᠰᠠᠭᠰᠠᠨ ᠳᠡᠳᠦᠢ ᠴᠦ ᠠᠷᠭ᠎ᠠ ᠦᠬᠡᠢ ᠬᠡᠮᠰᠢᠨ ᠬᠤᠴᠣᠷᠴᠠᠢ᠃      ᠲᠡᠬᠦᠨ ᠠᠴᠠ ᠬᠤᠶᠢᠰᠢ᠂ ᠬᠠᠶᠢᠳᠣ ᠬᠠᠨ ᠠᠶᠠᠨ ᠳᠠᠶᠢᠨ ᠳᠤ ᠮᠣᠷᠳᠠᠬᠤ ᠳᠠᠭᠠᠨ᠂ ᠦᠬᠢᠨ ᠠᠶᠠᠷᠤᠭ ᠬᠦᠩᠵᠦ ᠪᠠᠨ ᠪᠠᠶᠢᠩᠭᠤ ᠪᠡᠶ᠎ᠡ ᠶᠢᠨ ᠰᠢᠳᠠᠷ ᠳᠠᠭᠠᠭᠤᠯᠣᠨ ᠶᠠᠪᠣᠳᠠᠭ ᠪᠣᠯᠪᠠ᠃ ᠠᠶᠠᠷᠤᠭ ᠬᠦᠩᠵᠦ ᠶᠢᠨ ᠴᠡᠷᠢᠭ ᠳᠠᠶᠢᠨ ᠳᠤ ᠭᠠᠷᠮᠠᠭᠠᠢ᠂ ᠣᠬᠠᠭᠠᠨ ᠰᠠᠨᠠᠭ᠎ᠠ ᠰᠡᠷᠬᠦᠯᠡᠩ᠂ ᠠᠪᠢᠶᠠᠰ ᠴᠢᠳᠠᠪᠣᠷᠢ ᠳᠡᠬᠦᠰ ᠪᠠᠶᠢᠳᠠᠭ ᠢ ᠡᠴᠢᠬᠡ ᠬᠠᠶᠢᠳᠣ ᠬᠠᠨ ᠦᠵᠡᠵᠦ ᠶᠡᠬᠡᠳᠡ ᠪᠠᠶᠠᠷᠯᠠᠵᠠᠢ᠃ ᠠᠶᠠᠷᠤᠭ ᠬᠦᠩᠵᠦ ᠦᠪᠡᠷ ᠲᠡᠭᠡᠨ ᠢᠳᠡᠬᠡᠯ ᠳᠡᠬᠦᠯᠳᠡᠷ᠂ ᠡᠷᠡᠯᠬᠡᠭ ᠪᠠᠭᠠᠳᠣᠷᠯᠢᠭ ᠵᠠᠩ ᠠᠷᠠᠨᠰᠢᠨ ᠲᠠᠢ ᠮᠦᠷᠳᠡᠬᠡᠨ ᠪᠢᠷ᠎ᠠ ᠴᠢᠳᠠᠯ᠂ ᠳᠡᠰᠪᠦᠷᠢ ᠳᠠᠭᠠᠭᠠᠴᠠ ᠶᠢᠨ ᠳᠠᠰᠬᠠᠯ ᠰᠣᠷᠭᠠᠭᠤᠯᠢᠯᠠᠯᠳᠠ ᠶᠢ ᠴᠢᠬᠤᠯᠠ ᠳᠤ ᠦᠵᠡᠳᠡᠭ ᠪᠠᠶᠢᠪᠠ᠃ ᠠᠶᠠᠷᠤᠭ ᠬᠦᠩᠵᠦ ᠴᠡᠷᠢᠭ ᠳᠠᠶᠢᠴᠢᠳ ᠤᠨ ᠠᠮᠢᠳᠣᠷᠠᠯ ᠳᠤ ᠰᠣᠨᠢᠷᠬᠠᠯ ᠲᠠᠢ᠂ ᠬᠠᠷᠢᠨ ᠨᠣᠶᠠᠯᠠᠨ ᠵᠠᠰᠠᠭᠯᠠᠭᠴᠢ ᠶᠢᠨ ᠠᠮᠢᠳᠣᠷᠠᠯ ᠢ ᠳᠡᠳᠦᠶᠢᠯᠡ ᠱᠣᠬᠤᠭᠤᠷᠬᠠᠳᠠᠭ ᠦᠬᠡᠢ ᠪᠠᠶᠢᠪᠠ᠃ ᠲᠡᠷᠡ ᠪᠠᠷ ᠬᠠᠨ ᠡᠴᠢᠬᠡ ᠪᠠᠨ ᠳᠠᠭᠠᠯᠳᠣᠨ ᠳᠠᠶᠢᠨ ᠪᠠᠶᠢᠯᠳᠣᠭᠠᠨ ᠳᠤ ᠣᠯᠠᠨ ᠣᠳᠠᠭ᠎ᠠ ᠣᠷᠣᠯᠴᠠᠵᠦ᠂ ᠦᠯᠡᠮᠵᠢ ᠶᠡᠭᠡ ᠭᠠᠪᠢᠶ᠎ᠠ ᠪᠠᠶᠢᠭᠤᠯᠵᠠᠢ᠃ ︽ᠬᠠᠶᠢᠳᠣ ᠬᠠᠨ  ᠤ ᠴᠡᠷᠢᠭ ᠳᠠᠶᠢᠴᠢᠳ ᠤᠨ ᠳᠣᠳᠣᠷ᠎ᠠ᠂ ᠴᠡᠷᠢᠭ ᠤᠨ ᠵᠡᠪᠰᠡᠭ ᠢ ᠴᠢᠳᠠᠮᠠᠭᠠᠢ ᠰᠠᠶᠢᠨ ᠬᠡᠷᠡᠭᠯᠡᠵᠦ ᠴᠢᠳᠠᠳᠠᠭ ᠪᠠᠭᠠᠳᠣᠷ ᠬᠡᠵᠦ ᠠᠶᠠᠷᠤᠭ ᠭᠦᠩᠵᠦ ᠠᠴᠠ ᠦᠬᠡᠷ᠎ᠡ ᠬᠦᠮᠦᠨ ᠪᠠᠶᠢᠭᠰᠠᠨ ᠦᠬᠡᠢ᠃ ᠵᠠᠷᠢᠮ ᠳᠠᠭᠠᠨ ᠠᠶᠠᠷᠤᠭ ᠬᠦᠩᠵᠦ ᠬᠠᠨ ᠡᠴᠢᠬᠡ ᠶᠢᠨ ᠢᠶᠠᠨ ᠴᠡᠷᠢᠭ ᠤᠨ ᠵᠢᠭᠰᠠᠭᠠᠯ ᠳᠤ ᠳᠠᠭᠠᠷᠢᠨ ᠣᠷᠣᠵᠦ᠂ ᠪᠦᠷᠭᠦᠳ ᠱᠣᠩᠬᠤᠷ ᠪᠢᠴᠢᠬᠠᠨ ᠪᠣᠯᠵᠣᠮᠣᠷ ᠢ ᠰᠢᠬᠦᠷᠡᠬᠦ ᠮᠡᠳᠦ ᠪᠠᠷ ᠡᠰᠡᠷᠬᠦ ᠡᠳᠡᠭᠡᠳ ᠤᠨ ᠲᠡᠷᠢᠬᠦᠨ ᠵᠠᠩᠵᠣᠨ ᠢ ᠨᠢ ᠪᠠᠷᠢᠪᠴᠢᠯᠠᠵᠦ᠂ ᠴᠡᠷᠢᠭ ᠤᠨ ᠬᠦᠷᠢᠶᠡᠨ ᠳᠡᠭᠡᠨ ᠠᠪᠴᠣ ᠢᠷᠡᠳᠡᠭ ᠪᠠᠶᠢᠵᠠᠢ︾ ᠭᠡᠵᠦ ᠮᠠᠷᠺᠤ · ᠫᠣᠯᠣ᠋ ᠳᠡᠮᠳᠡᠭᠯᠡᠭᠰᠡᠨ ᠪᠠᠶᠢᠳᠠᠭ᠃ ᠲᠡᠭᠦᠨ ᠤ ᠣᠷᠣᠰᠢᠨ ᠰᠠᠭᠤᠵᠦ ᠪᠠᠶᠢᠭᠰᠠᠨ ᠭᠠᠵᠠᠷ ᠨᠢ ᠬᠦᠮᠦᠨ ᠠᠮᠠ ᠶᠢᠨ ᠨᠢᠭᠳᠠᠴᠠ ᠶᠡᠬᠡᠳᠡᠢ ᠬᠤᠳᠠ ᠰᠠᠭᠤᠷᠢᠨ ᠤ ᠠᠤᠭ᠎ᠠ ᠰᠦᠷᠯᠢᠭ ᠣᠷᠳᠣ ᠬᠠᠷᠰᠢ ᠪᠢᠰᠢ᠂ ᠬᠠᠷᠢᠨ ᠬᠦᠪᠡᠭᠡ ᠬᠢᠵᠠᠭᠠᠷ ᠨᠢ ᠬᠠᠷᠠᠭᠳᠠᠮ᠎ᠠ ᠦᠬᠡᠢ ᠨᠡᠯᠡᠶᠢᠮ᠎ᠡ ᠴᠡᠯᠡᠶᠢᠮ᠎ᠡ ᠬᠦᠳᠡᠭᠡ ᠨᠣᠳᠤᠭ ᠪᠠᠶᠢᠪᠠ᠃ ᠲᠡᠭᠦᠨ ᠳᠤ ᠨᠠᠰᠣᠨ ᠤ ᠬᠠᠨᠢ ᠪᠣᠯᠬᠤ ᠬᠦᠮᠦᠨ ᠨᠢ ᠪᠢᠴᠢᠭ ᠡᠷᠳᠡᠮ ᠳᠤ ᠪᠢᠰᠢ᠂ ᠬᠠᠷᠢᠨ ᠳᠠᠶᠢᠨ ᠪᠠᠶᠢᠯᠳᠣᠭᠠᠨ ᠳᠤ ᠭᠠᠷᠮᠠᠭᠠᠢ ᠪᠠᠶᠢᠬᠤ ᠶᠢ ᠠᠶᠠᠷᠤᠭ ᠭᠦᠩᠵᠦ ᠬᠦᠰᠡᠳᠡᠭ ᠪᠠᠶᠢᠵᠠᠢ᠃ ᠳᠣᠪᠴᠢᠯᠠᠵᠦ ᠬᠡᠯᠡᠪᠡᠯ᠂ ᠠᠶᠠᠷᠤᠭ ᠬᠦᠩᠵᠦ ᠣᠳᠣᠷ ᠨᠡᠬᠦᠳᠡᠯ ᠤᠨ ᠮᠠᠯ ᠠᠵᠣ ᠠᠬᠤᠢ ᠶᠢᠨ ᠨᠡᠶᠢᠬᠡᠮ ᠣᠷᠴᠢᠨ ᠢ ᠮᠠᠰᠢ ᠶᠡᠭᠡ ᠳᠠᠭᠠᠰᠢᠶᠠᠳᠠᠭ ᠠᠴᠠ ᠪᠢᠰᠢ᠂ ᠬᠠᠷᠢᠨ ᠳᠣᠭᠳᠠᠮᠠᠯ ᠰᠠᠭᠤᠷᠢᠰᠢᠯ ᠤᠨ ᠨᠡᠶᠢᠬᠡᠮ ᠣᠷᠴᠢᠨ ᠢ ᠳᠡᠳᠦᠶᠢᠯᠡ ᠳᠠᠭᠠᠰᠢᠶᠠᠳᠠᠭ ᠦᠬᠡᠢ ᠪᠠᠶᠢᠵᠠᠢ᠃      ᠬᠠᠶᠢᠳᠣ ᠬᠠᠨ ᠬᠤᠵᠢᠮ ᠨᠢ ᠠᠶᠠᠷᠤᠭ ᠬᠦᠩᠵᠦ ᠶᠢ ᠬᠤᠷᠯᠠᠳ ᠠᠶᠢᠮᠠᠭ ᠤᠨ ᠠᠪᠳᠠᠬᠤᠯ ᠬᠡᠮᠡᠬᠦ ᠬᠤᠷᠴᠠ ᠱᠠᠯᠠᠮᠠᠭᠠᠢ᠂ ᠪᠡᠶ᠎ᠡ ᠪᠢᠯᠳᠠᠷ ᠲᠠᠢ ᠬᠦᠮᠦᠨ ᠳᠤ ᠬᠡᠷᠬᠡᠢ ᠪᠣᠯᠭᠠᠨ ᠦᠭᠬᠦᠭᠰᠡᠨ ᠪᠠᠶᠢᠪᠠ᠃ ᠠᠪᠳᠠᠬᠤᠯ ᠪᠣᠯ ᠠᠶᠠᠷᠤᠭ ᠭᠦᠩᠵᠦ ᠶᠢᠨ ᠦᠪᠡᠷ ᠢᠶᠠᠨ ᠰᠣᠩᠭᠤᠭᠰᠠᠨ ᠨᠦᠬᠦᠷ ᠨᠢ ᠪᠠᠶᠢᠵᠠᠢ᠃ ᠳᠡᠳᠡᠨ ᠠᠴᠠ ᠬᠤᠶᠠᠷ ᠬᠦᠪᠡᠬᠦᠨ ᠲᠦᠷᠦᠭᠰᠡᠨ ᠬᠡᠳᠡᠭ᠃      ᠴᠠᠭᠠᠭᠴᠢᠨ ᠦᠬᠡᠷ ᠵᠢᠯ᠂ ᠶᠡᠭᠡ ᠶᠣᠸᠠᠨ ᠣᠯᠣᠰ ᠤᠨ ᠳ᠋ᠠ ᠳ᠋ᠧ ᠶᠢᠨ ᠳᠠᠪᠣᠳᠣᠭᠠᠷ ᠣᠨ ︵1301 ᠣᠨ︶ ᠳᠤ ᠬᠠᠶᠢᠳᠣ ᠬᠠᠨ ᠢ ᠨᠠᠰᠣ ᠪᠠᠷᠠᠭᠰᠠᠨ ᠤ ᠳᠠᠷᠠᠭ᠎ᠠ᠂ ᠲᠡᠭᠦᠨ ᠢ ᠢᠯᠢ ᠭᠤᠣᠯ ᠪᠣᠯᠣᠨ ᠴᠦᠢ ᠭᠤᠣᠯ ᠤᠨ ᠬᠤᠭᠤᠷᠣᠨᠳᠣᠬᠢ ᠱᠣᠩᠬᠤᠷᠯᠢᠭ ᠬᠡᠮᠡᠬᠦ ᠠᠭᠤᠯᠠᠨ ᠳᠤ ᠣᠷᠣᠰᠢᠭᠤᠯᠣᠭᠰᠠᠨ ᠪᠠᠶᠢᠪᠠ᠃ ᠴᠦᠢ ᠭᠤᠣᠯ  ᠤᠨ ᠰᠠᠪᠠ ᠭᠠᠵᠠᠷ ᠨᠢ ᠠᠶᠢᠯ ᠳᠣᠰᠬ᠎ᠠ ᠣᠯᠠᠨ ᠲᠠᠢ ᠨᠣᠳᠤᠭ ᠪᠠᠶᠢᠭᠰᠠᠨ ᠪᠦᠬᠡᠳ ᠳᠡᠨᠳᠡ ᠠᠴᠠ ᠰᠠᠮᠠᠷᠺᠠᠨ᠋ᠳ᠋ ᠬᠦᠷᠬᠦ ᠳᠤ ᠬᠤᠶᠠᠷ ᠳᠣᠯᠤᠭ᠎ᠠ ᠬᠤᠨᠤᠭ ᠤᠨ ᠠᠶᠠᠨ ᠤ ᠵᠠᠶᠢᠳᠠᠢ ᠪᠠᠶᠢᠵᠠᠢ᠃ ᠳᠡᠷᠡ ᠨᠣᠳᠤᠭ ᠲᠤ ᠲᠠᠷᠰᠠᠺᠧᠨ᠋ᠲ ᠪᠠ ᠬᠠᠷ᠎ᠠ ᠶᠠᠯᠢᠭ ᠬᠡᠮᠡᠬᠦ ᠬᠤᠶᠠᠷ ᠳᠣᠮᠣ ᠠᠶᠢᠯ ᠳᠣᠰᠬ᠎ᠠ ᠪᠠᠶᠢᠭᠰᠠᠨ ᠪᠠ ᠠᠶᠠᠷᠤᠭ ᠬᠦᠩᠵᠦ ᠲᠡᠷᠡ ᠬᠤᠶᠠᠷ ᠠᠶᠢᠯ ᠳᠣᠰᠬ᠎ᠠ ᠳᠤ ᠰᠠᠭᠤᠨ᠂ ᠬᠠᠨ ᠡᠴᠢᠬᠡ ᠪᠠᠨ ᠣᠷᠣᠰᠢᠭᠤᠯᠣᠭᠰᠠᠨ ᠲᠡᠷᠡ ᠳᠠᠷᠬᠠᠨ ᠴᠠᠭᠠᠵᠠᠳᠣ ᠭᠠᠵᠠᠷ ᠢ ᠰᠠᠬᠢᠨ ᠬᠠᠮᠠᠭᠠᠯᠠᠵᠦ᠂ ᠪᠠᠰᠠ ᠵᠠᠰᠠᠭ ᠲᠦᠷᠦ ᠶᠢᠨ ᠦᠢᠯᠡ ᠬᠡᠷᠡᠭ ᠪᠠ ᠴᠡᠷᠢᠭ ᠠᠩᠬᠢ ᠶᠢ ᠣᠳᠣᠷᠢᠳᠣᠨ ᠵᠠᠬᠢᠷᠴᠣ᠂ ᠦᠪᠡᠷ ᠤᠨ ᠳᠡᠬᠦᠦ ᠣᠷᠣᠰ ᠢᠶᠠᠷ ᠬᠠᠨ ᠰᠢᠷᠡᠭᠡ ᠶᠢ ᠵᠠᠯᠭᠠᠮᠵᠢᠯᠠᠭᠤᠯᠬᠤ ᠶᠢ ᠵᠣᠷᠢᠵᠦ ᠪᠠᠶᠢᠵᠠᠢ᠃ ᠴᠠᠭᠠᠳᠠᠢ ᠬᠠᠨ ᠤ ᠲᠦᠷᠪᠡᠳᠦᠭᠡᠷ ᠦᠶ᠎ᠡ ᠶᠢᠨ ᠠᠴᠢ ᠪᠠᠷᠠᠭ ᠤᠨ ᠬᠦᠪᠡᠭᠦᠨ ᠲᠣᠸ᠎ᠠ ᠪᠣᠯᠣᠨ ᠬᠠᠶᠢᠳᠣ ᠬᠠᠨ ᠤ ᠠᠬᠠᠮᠠᠳ ᠬᠦᠪᠡᠬᠦᠨ ᠴᠡᠪᠡᠷ ᠨᠠᠷ ᠤᠨ ᠵᠡᠷᠬᠡ ᠬᠦᠮᠦᠰ ᠲᠡᠬᠦᠨ ᠢ ᠪᠣᠷᠣᠭᠤᠳᠬᠠᠨ᠄ ︽ᠴᠢ ᠵᠡᠬᠦᠦ ᠣᠳᠠᠰᠣᠨ ᠤ ᠣᠶᠣᠳᠠᠯ ᠬᠢᠳᠠᠯ ᠤᠨ ᠦᠢᠯᠡ ᠶᠢ ᠰᠣᠨᠢᠷᠬᠠᠬᠤ ᠶᠣᠰᠣᠳᠠᠢ ᠪᠣᠢ᠂ ᠣᠯᠣᠰ ᠬᠦᠷᠦᠨ ᠤ ᠦᠢᠯᠡ ᠬᠡᠷᠡᠭ ᠢ ᠴᠢ ᠬᠡᠷᠬᠢᠨ ᠮᠡᠳᠡᠬᠦ ᠪᠣᠢ︖︾ ᠭᠡᠵᠦ ᠵᠢᠮᠡᠯᠡᠭᠰᠡᠨ ᠳᠤ᠂ ᠠᠶᠠᠷᠤᠭ ᠭᠦᠩᠵᠦ ᠶᠡᠬᠡᠳᠡ ᠠᠭᠤᠷᠯᠠᠨ᠂ ᠳᠡᠳᠡᠨ ᠠᠴᠠ ᠰᠠᠯᠵᠦ ᠶᠠᠪᠣᠭᠠᠳ᠂ ᠳᠡᠬᠦᠦ ᠣᠷᠣᠰ ᠲᠠᠢ ᠪᠠᠨ ᠬᠠᠮᠳᠣ ᠪᠠᠷ ᠲᠠᠶᠢᠽᠦ᠋ᠩ ᠦᠬᠡᠳᠡᠢ ᠬᠠᠭᠠᠨ ᠤ ᠣᠭᠰᠠᠭᠠᠨ ᠤ ᠬᠤᠬᠤ ᠶᠢᠨ ᠠᠴᠢ᠂ ᠲᠣᠭᠮᠠ ᠨᠠᠷ ᠤᠨ ᠵᠡᠷᠬᠡ ᠬᠦᠮᠦᠰ ᠯᠦᠭᠡ ᠬᠤᠯᠪᠣᠭᠠᠯᠠᠨ᠂ ᠲᠣᠸ᠎ᠠ ᠪᠣᠯᠣᠨ ᠴᠡᠪᠡᠷ ᠲᠠᠢ ᠰᠦᠷᠬᠡᠯᠴᠡᠨ ᠲᠡᠮᠡᠴᠡᠯᠳᠦᠭᠰᠡᠨ ᠪᠠᠶᠢᠯ᠎ᠠ᠃ ᠬᠠᠶᠢᠳᠣ ᠬᠠᠨ ᠠᠮᠢᠳᠣ ᠰᠡᠷᠡᠬᠦᠨ ᠪᠠᠶᠢᠬᠤ ᠳᠠᠭᠠᠨ᠂ ᠶᠡᠭᠡ ᠬᠠᠭᠠᠨ ᠤ ᠬᠠᠷᠢᠶ᠎ᠠ ᠨᠣᠳᠤᠭ ᠲᠠᠢ ᠬᠠᠶᠠᠭ᠎ᠠ ᠳᠠᠷᠣᠨ ᠣᠷᠣᠰᠢᠳᠠᠭ ᠨᠢᠬᠡ ᠬᠡᠰᠡᠭ ᠭᠠᠵᠠᠷ ᠢ ᠣᠷᠣᠰ ᠲᠤ ᠰᠣᠶᠣᠷᠬᠠᠨ ᠦᠭᠴᠦ᠂ ᠨᠡᠯᠢᠶᠡᠳ ᠶᠡᠭᠡ ᠬᠡᠮᠵᠢᠶᠡᠨ ᠤ ᠬᠦᠴᠦᠷᠬᠡᠭ ᠴᠡᠷᠢᠭ ᠢ ᠰᠣᠶᠣᠷᠬᠠᠵᠦ ᠵᠠᠬᠢᠷᠣᠭᠤᠯᠣᠭᠰᠠᠨ ᠪᠠᠶᠢᠪᠠ᠃ ᠠᠶᠠᠷᠤᠭ ᠬᠦᠩᠵᠦ ᠪᠣᠯᠣᠨ ᠴᠡᠪᠡᠷ ᠨᠠᠷ ᠤᠨ ᠵᠡᠷᠬᠡ ᠨᠣᠶᠠᠯᠠᠭᠴᠢᠳ ᠤᠨ ᠳᠣᠳᠣᠷ᠎ᠠ ᠵᠠᠭᠤᠷ᠎ᠠ ᠶᠢᠨ ᠬᠢᠮᠣᠷᠠᠯ ᠳᠡᠮᠡᠴᠡᠯ ᠨᠢ ᠶᠠᠪᠣᠭᠠᠨ  ᠳᠠᠭᠠᠨ ᠣᠯᠠᠨ ᠳᠠᠭᠠᠭᠠᠮᠵᠢᠷᠠᠵᠦ᠂ ᠬᠠᠮᠤᠭ ᠤᠨ ᠡᠴᠦᠰ ᠲᠤ ᠵᠡᠪᠰᠡᠭ ᠵᠦᠷᠢᠭᠦᠯᠬᠦ ᠬᠡᠮᠵᠢᠶᠡᠨ ᠳᠤ ᠬᠦᠷᠦᠭᠰᠡᠨ ᠪᠣᠯᠪᠠᠴᠣ᠂ ᠠᠶᠠᠷᠤᠭ ᠭᠦᠩᠵᠦ ᠶᠢᠨ ᠳᠠᠯ᠎ᠠ ᠶᠢᠨ ᠬᠢᠨ ᠶᠠᠮᠠᠷ ᠴᠦ ᠢᠳᠡᠪᠬᠢᠳᠡᠢ ᠦᠷ᠎ᠡ ᠳ᠋ᠦᠩ ᠳᠤ ᠬᠦᠷᠴᠦ ᠴᠢᠳᠠᠭᠰᠠᠨ ᠦᠬᠡᠢ ᠪᠠᠶᠢᠵᠠᠢ᠃ 
ᠢᠷᠡᠯᠲᠡ᠄ ︽ᠮᠣᠩᠭᠤᠯ ᠦᠨᠳᠦᠰᠦᠳᠡᠨ ᠤ ᠳᠡᠦᠬᠡᠨ ᠳᠠᠬᠢ ᠰᠣᠳᠣᠨ ᠪᠦᠰᠡᠭᠦᠶᠢᠴᠣᠳ ᠤᠨ ᠴᠠᠳᠢᠭ ᠤᠨ ᠳᠣᠪᠴᠢᠶᠠᠨ︾ ᠠᠴᠠ