ᠵᠦᠩᠭᠠᠷ ᠤᠨ ᠲᠦᠷᠦ ᠵᠠᠰᠠᠭ ᠤᠨ ᠦᠢᠯᠡ ᠳᠤ ᠪᠡᠶ᠎ᠡ ᠰᠡᠳᠬᠢᠯ ᠢᠶᠠᠨ ᠵᠣᠷᠢᠭᠤᠯᠣᠭᠴᠢ ᠭᠤᠸ᠎ᠠ ᠦᠵᠡᠰᠬᠦᠯᠡᠩᠳᠦ ᠡᠷᠡᠮᠡᠬᠡᠢ ᠳᠠᠶᠢᠴᠢᠨ ᠠᠨᠣᠳᠠᠷ᠎ᠠ ᠬᠠᠳᠣᠨ
ᠨᠡᠶᠢᠲᠡᠯᠡᠭᠰᠡᠨ ᠴᠠᠭ᠄
2023/12/21
      ᠵᠦᠩᠭᠠᠷ ᠤᠨ ᠲᠦᠷᠦ ᠵᠠᠰᠠᠭ ᠤᠨ ᠦᠢᠯᠡ ᠳᠤ ᠬᠦᠴᠦᠨ ᠵᠢᠳᠬᠦᠭᠴᠢ ᠠᠨᠣᠳᠠᠷ᠎ᠠ ᠬᠠᠳᠣᠨ ᠪᠣᠯ ᠪᠠᠷᠠᠭᠤᠨ ᠮᠣᠩᠭᠤᠯ ᠤᠨ ᠲᠦᠷᠪᠡᠨ ᠣᠶᠢᠷᠠᠳ ᠤᠨ ᠴᠢᠭᠤᠯᠭᠠᠨ ᠤ ᠠᠬᠠᠯᠠᠭᠴᠢ ᠪᠦᠭᠡᠳ ᠬᠤᠱᠣᠳ ᠠᠶᠢᠮᠠᠭ ᠤᠨ ᠸᠠᠴᠢᠷᠳᠣ ᠴᠡᠴᠡᠨ ᠬᠠᠨ ᠤ ᠬᠤᠶᠠᠳᠣᠭᠠᠷ ᠬᠦᠪᠡᠭᠦᠨ ᠭᠠᠯᠳᠠᠮ᠎ᠠ ᠳᠠᠶᠢᠵᠢ ᠶᠢᠨ ᠦᠬᠢᠨ ᠶᠣᠮ᠃ ᠠᠨᠣᠳᠠᠷ᠎ᠠ ᠬᠠᠳᠣᠨ ᠣᠣᠯ ᠨᠢ ᠵᠦᠩᠭᠠᠷ ᠠᠶᠢᠮᠠᠭ ᠤᠨ ᠠᠬᠠᠯᠠᠭᠴᠢ ᠪᠠᠭᠠᠳᠣᠷ ᠬᠤᠩ ᠳᠠᠶᠢᠵᠢ ᠶᠢᠨ ᠳᠠᠪᠣᠳᠣᠭᠠᠷ ᠬᠦᠪᠡᠭᠦᠨ ᠰᠡᠩᠬᠡ ᠬᠤᠩ ᠳᠠᠶᠢᠵᠢ ᠶᠢᠨ ᠬᠠᠳᠣᠨ ᠪᠠᠶᠢᠵᠠᠢ᠃ ᠰᠡᠩᠬᠡ ᠬᠤᠩ ᠳᠠᠶᠢᠵᠢ ᠳᠣᠳᠣᠭᠠᠳᠣ ᠶᠢᠨ ᠬᠢᠮᠣᠷᠠᠯ ᠳᠤ ᠡᠷᠡᠰᠳᠡᠭᠰᠡᠨ ᠤ ᠳᠠᠷᠠᠭ᠎ᠠ᠂ ᠪᠠᠭᠠᠳᠣᠷ ᠬᠤᠩ ᠳᠠᠶᠢᠵᠢ ᠶᠢᠨ ᠵᠢᠷᠭᠤᠳᠣᠭᠠᠷ ᠬᠦᠪᠡᠬᠦᠨ ᠭᠠᠯᠳᠠᠨ ᠬᠤᠩ ᠳᠠᠶᠢᠵᠢ ᠲᠠᠢ ᠵᠠᠯᠭᠠᠨ ᠰᠠᠭᠤᠭᠠᠳ᠂ ᠲᠡᠭᠦᠨ ᠤ ᠰᠢᠳᠣᠷᠭᠤ ᠳᠣᠰᠠᠯᠠᠭᠴᠢ ᠪᠦᠭᠡᠳ ᠭᠠᠷᠮᠠᠭᠠᠢ ᠵᠠᠩᠵᠣᠨ ᠪᠣᠯᠪᠠ᠃      ᠠᠨᠣᠳᠠᠷ᠎ᠠ ᠬᠠᠳᠣᠨ ᠶᠡᠭᠡ ᠲᠦᠯᠦᠪ 17 ᠳ᠋ᠣᠭᠠᠷ ᠵᠠᠭᠤᠨ ᠤ ᠳᠣᠮᠳᠠ ᠦᠶ᠎ᠡ ᠠᠴᠠ ᠬᠦᠬᠡᠭᠴᠢᠨ ᠭᠠᠭ᠋ᠠᠢ ᠵᠢᠯ᠂ ᠮᠠᠨᠵᠦ ᠴᠢᠩ ᠣᠯᠣᠰ ᠤᠨ ᠡᠩᠬᠡ ᠠᠮᠣᠭᠤᠯᠠᠩ ᠬᠠᠭᠠᠨ ᠤ ᠭᠤᠴᠢᠨ ᠲᠦᠷᠪᠡᠳᠦᠭᠡᠷ ᠣᠨ ︵1695 ᠣᠨ︶ ᠬᠦᠷᠳᠡᠯ᠎ᠡ ᠠᠮᠢᠳᠣᠷᠠᠵᠦ ᠪᠠᠶᠢᠭᠰᠠᠨ ᠠᠵᠢ᠃ ᠭᠠᠯᠳᠠᠨ ᠪᠣᠱᠣᠭᠳᠣ ᠬᠤᠩ ᠳᠠᠶᠢᠵᠢ ᠪᠣᠯᠣᠨ ᠠᠨᠣᠳᠠᠷ᠎ᠠ ᠬᠠᠳᠣᠨ ᠬᠤᠶᠠᠷ ᠠᠴᠠ ᠰᠠᠪᠳᠠᠨᠪᠠᠯᠵᠣᠣᠷ ᠬᠡᠮᠡᠬᠦ‍ ᠨᠢᠬᠡ ᠬᠦᠪᠡᠬᠦᠨ ᠪᠠ ᠵᠦᠩᠴᠢᠬᠠᠢ ᠬᠡᠮᠡᠬᠦ‍ ᠨᠢᠬᠡ ᠦᠬᠢᠨ ᠮᠡᠨᠳᠦᠯᠡᠵᠡᠢ᠃ ᠠᠨᠣᠳᠠᠷ᠎ᠠ ᠬᠠᠳᠣᠨ ᠢ ᠭᠤᠸ᠎ᠠ ᠦᠵᠡᠰᠬᠦᠯᠡᠩ ᠲᠠᠢ᠂ ᠰᠡᠴᠡᠨ ᠰᠡᠷᠬᠦᠯᠡᠩ ᠪᠦᠭᠡᠳ ᠳᠠᠶᠢᠨ ᠪᠠᠶᠢᠯᠳᠣᠭᠠᠨ ᠳᠤ ᠡᠷᠡᠮᠡᠬᠡᠢ ᠳᠠᠶᠢᠴᠢᠨ᠂ ᠮᠢᠬᠠᠯᠢᠭᠳᠠᠭᠤ ᠪᠡᠶ᠎ᠡ ᠭᠠᠯᠪᠢᠷ ᠲᠠᠢ ᠪᠦᠰᠡᠬᠦᠢ ᠪᠠᠶᠢᠭᠰᠠᠨ ᠬᠡᠵᠦ ᠬᠢᠳᠠᠳ ᠰᠣᠷᠪᠣᠯᠵᠢ ᠪᠦᠴᠢᠭ ᠲᠤ ᠳᠡᠮᠳᠡᠭᠯᠡᠭᠰᠡᠨ ᠪᠠᠶᠢᠳᠠᠭ᠃ ᠭᠠᠯᠳᠠᠨ ᠪᠣᠱᠣᠭᠳᠣ ᠬᠠᠨ ᠲᠡᠭᠦᠨ ᠢ ᠮᠠᠰᠢ ᠳᠠᠭᠠᠯᠠᠵᠦ᠂ ᠰᠢᠯᠢᠮᠡᠯ ᠳᠣᠷᠭᠠᠨ ᠴᠡᠷᠢᠭ ᠢᠶᠠᠨ ᠦᠭᠴᠦ ᠵᠠᠬᠢᠷᠣᠭᠤᠯᠵᠠᠢ᠃ ᠬᠠᠷᠠᠭᠴᠢᠨ ᠮᠣᠭᠠᠢ ᠵᠢᠯ᠂ ᠮᠠᠨᠵᠦ ᠴᠢᠩ ᠣᠯᠣᠰ ᠤᠨ ᠡᠶᠡᠪᠡᠷ ᠵᠠᠰᠠᠭᠴᠢ ᠶᠢᠨ ᠠᠷᠪᠠᠳᠣᠭᠠᠷ ᠣᠨ ︵1653 ᠣᠨ︶  ᠳᠤ ᠪᠠᠭᠠᠳᠣᠷ ᠬᠤᠩ ᠳᠠᠶᠢᠵᠢ ᠶᠢ ᠨᠠᠰᠣ ᠪᠠᠷᠠᠭᠰᠠᠨ ᠤ ᠳᠠᠷᠠᠭ᠎ᠠ᠂ ᠳᠠᠪᠣᠳᠣᠭᠠᠷ ᠬᠦᠪᠡᠬᠦᠨ ᠰᠡᠩᠬᠡ ᠨᠢ ᠬᠤᠩ ᠳᠠᠶᠢᠵᠢ ᠶᠢᠨ ᠰᠢᠷᠡᠭᠡ ᠶᠢ ᠨᠢ ᠣᠯᠠᠷᠢᠨ ᠵᠠᠯᠭᠠᠮᠵᠢᠯᠠᠭᠰᠠᠨ ᠪᠣᠯᠪᠠᠴᠣ᠂ ᠪᠣᠰᠣᠳ ᠠᠬ᠎ᠠ ᠲᠡᠭᠦᠦ ᠨᠠᠷ ᠨᠢ ᠦᠯᠦ ᠳᠠᠭᠠᠯᠠᠨ ᠵᠢᠳᠦᠭᠡᠷᠬᠡᠵᠦ᠂ ᠲᠡᠬᠦᠨ ᠯᠦᠭᠡ ᠦᠷᠢᠰᠦᠨ ᠳᠡᠮᠡᠴᠡᠯᠳᠦᠪᠡ᠃      17 ᠳ᠋ᠣᠭᠠᠷ ᠵᠠᠭᠤᠨ ᠤ ᠵᠢᠷᠠᠭᠠᠳ ᠣᠨ ᠪᠣᠯᠬᠤ ᠳᠤ᠂ ᠰᠡᠩᠬᠡ ᠬᠤᠩ ᠳᠠᠶᠢᠵᠢ ᠰᠠᠶ᠋ᠢ ᠳᠣᠳᠣᠭᠠᠳᠣ ᠶᠢᠨ ᠬᠢᠮᠣᠷᠠᠯ ᠲᠡᠮᠡᠴᠡᠯ ᠢ ᠲᠦᠪᠰᠢᠳᠬᠡᠨ ᠨᠠᠮᠵᠢᠭᠠᠵᠦ ᠴᠢᠳᠠᠭᠰᠠᠨ ᠪᠣᠯᠪᠠᠴᠣ᠂ ᠴᠠᠭᠠᠨ ᠨᠣᠬᠠᠢ ᠵᠢᠯ᠂ ᠮᠠᠨᠵᠦ ᠴᠢᠩ ᠣᠯᠣᠰ ᠤᠨ ᠡᠩᠬᠡ ᠠᠮᠣᠭᠤᠯᠠᠩ ᠤᠨ ᠶᠢᠰᠦᠳᠦᠭᠡᠷ ᠣᠨ ︵1670︶ ᠤ ᠡᠪᠦᠯ ᠡᠬᠡ ᠦᠬᠡᠷ᠎ᠡ ᠴᠡᠴᠡᠨ ᠳᠠᠶᠢᠵᠢ ᠪᠣᠯᠣᠨ ᠵᠣᠳᠪᠠᠪᠠᠭᠠᠳᠣᠷ ᠳᠠᠶᠢᠵᠢ ᠬᠤᠶᠠᠷ ᠠᠬ᠎ᠠ ᠳᠠᠭᠠᠨ ᠬᠦᠨᠦᠭᠡᠭᠳᠡᠭᠰᠡᠨ ᠪᠠᠶᠢᠯ᠎ᠠ᠃ ᠶᠦᠮ ᠠᠭᠠᠰ ᠬᠠᠳᠣᠨ ᠪᠠ ᠠᠨᠣᠳᠠᠷ᠎ᠠ ᠬᠠᠳᠣᠨ ᠬᠤᠱᠣᠳ ᠠᠶᠢᠮᠠᠭ ᠤᠨ ᠸᠠᠴᠢᠷᠳᠣ ᠴᠡᠴᠡᠨ ᠬᠠᠨ ᠤ ᠳᠡᠮᠵᠢᠯᠬᠡ ᠳᠣᠰᠠᠯᠠᠯᠴᠠᠭ᠎ᠠ ᠲᠠᠢ ᠪᠠᠷ᠂ ᠪᠠᠭᠠᠳᠣᠷ ᠬᠤᠩ ᠳᠠᠶᠢᠵᠢ ᠶᠢᠨ ᠪᠣᠷᠣᠳ ᠬᠠᠳᠣᠨ ᠪᠣᠯᠣᠨ ᠲᠡᠬᠦᠨ ᠤ ᠬᠦᠪᠡᠭᠦᠨ ᠴᠡᠴᠡᠨ ᠳᠠᠶᠢᠵᠢ ᠶᠢ ᠪᠠᠷᠢᠪᠴᠢᠯᠠᠨ ᠠᠯᠠᠭᠰᠠᠨ᠎ᠠ᠂ ᠵᠣᠳᠪᠠᠪᠠᠭᠠᠳᠣᠷ ᠳᠠᠶᠢᠵᠢ ᠬᠦᠬᠡᠨᠠᠭᠤᠷ ᠲᠤ ᠵᠢᠭᠤᠳᠠᠨ ᠶᠠᠪᠣᠭᠰᠠᠨ ᠢᠶᠠᠷ᠂ ᠵᠦᠩᠭᠠᠷ ᠤᠨ ᠲᠦᠷᠦ ᠵᠠᠰᠠᠭ ᠰᠠᠶ᠋ᠢ ᠬᠠᠷᠢᠴᠠᠩᠭᠤᠢ ᠠᠮᠣᠷ ᠳᠣᠭᠳᠠᠭᠤᠨ ᠪᠠᠶᠢᠳᠠᠯ ᠳᠤ ᠣᠷᠣᠭᠰᠠᠨ ᠪᠠᠶᠢᠪᠠ᠃      ᠳᠣᠬᠠᠢ ᠶᠢᠨ ᠦᠶ᠎ᠡ ᠳᠤ ᠰᠡᠩᠬᠡ ᠬᠤᠩ ᠳᠠᠶᠢᠵᠢ ᠶᠢᠨ ᠶᠦᠮ ᠠᠭᠠᠰ ᠬᠠᠳᠣᠨ ᠠᠴᠠ ᠲᠦᠷᠦᠭᠰᠡᠨ ᠭᠤᠷᠪᠠᠨ ᠬᠦᠪᠡᠭᠦᠨ ᠨᠢ ᠪᠦᠷ ᠨᠠᠰᠣ ᠪᠠᠭ᠎ᠠ᠂ ᠬᠤᠩ ᠳᠠᠶᠢᠵᠢ ᠶᠢᠨ ᠰᠢᠷᠡᠭᠡ ᠡᠵᠡᠨ ᠦᠬᠡᠢ ᠬᠤᠭᠤᠰᠳᠠᠵᠦ ᠪᠠᠶᠢᠭᠰᠠᠨ ᠬᠡᠰᠡᠭ ᠬᠤᠭᠤᠴᠠᠭᠠᠨ᠎ᠠ᠂ ᠵᠦᠩᠭᠠᠷ ᠠᠶᠢᠮᠠᠭ ᠤᠨ ᠳᠣᠳᠣᠭᠠᠳᠣ ᠳᠤ ᠬᠠᠭᠠᠷᠠᠨ ᠪᠣᠳᠠᠷᠠᠬᠤ ᠴᠢᠭᠯᠡᠯ ᠬᠠᠨᠳᠣᠯᠭ᠎ᠠ ᠴᠣᠬᠤᠯᠵᠠᠬᠤ ᠪᠣᠯᠵᠠᠢ᠃ ᠲᠡᠷᠡ ᠬᠦ ᠡᠬᠡᠵᠡᠭᠳᠡᠢ ᠴᠠᠭ ᠮᠦᠴᠡ ᠳᠤ ᠵᠦᠩᠭᠠᠷ ᠠᠶᠢᠮᠠᠭ ᠤᠨ ᠬᠤᠪᠢ ᠵᠠᠶᠠᠭ᠎ᠠ ᠶᠢ ᠡᠪ ᠵᠦᠢᠳᠡᠢ ᠲᠦᠷᠭᠡᠭᠡᠨ ᠰᠢᠢᠳᠬᠦ ᠶᠢᠨ ᠳᠣᠯᠠᠳᠠ᠂ ᠳᠠᠪᠣᠳᠣᠭᠠᠷ ᠲᠦᠷᠢ ᠶᠢᠨ ᠳᠠᠯᠠᠢ ᠯᠠᠮᠠ ᠠᠭᠸᠠᠩᠯᠣᠪᠰᠠᠩᠵᠠᠮᠰᠣ ᠪᠣᠯᠣᠨ ᠲᠦᠷᠪᠡᠳᠦᠬᠡᠷ ᠲᠦᠷᠢ ᠶᠢᠨ ᠪᠠᠨᠴᠢᠨ ᠡᠷᠳᠡᠨᠢ ᠯᠣᠪᠰᠠᠩᠴᠣᠶᠢᠵᠢᠵᠠᠯᠼᠠᠨ ᠤ ᠳᠡᠷᠭᠡᠳᠡ ᠱᠠᠪᠢᠯᠠᠨ ᠰᠠᠭᠤᠵᠦ ᠡᠷᠳᠡᠮ ᠨᠣᠮ ᠰᠣᠷᠴᠣ ᠪᠠᠶᠢᠭᠰᠠᠨ ᠬᠦᠪᠡᠭᠦᠨ ᠭᠠᠯᠳᠠᠨ ᠢᠶᠠᠨ ᠬᠠᠷ᠎ᠠ ᠪᠣᠯᠭᠠᠨ ᠪᠣᠴᠠᠭᠤᠯᠵᠦ᠂ ᠬᠤᠩ ᠳᠠᠶᠢᠵᠢ ᠶᠢᠨ ᠰᠢᠷᠡᠭᠡᠨ ᠳᠤ ᠰᠠᠭᠤᠯᠭᠠᠬᠤ ᠪᠠᠷ ᠲᠦᠪᠡᠳ ᠣᠷᠣᠬᠤ ᠬᠡᠰᠡᠨ ᠬᠠᠳᠠᠮ ᠡᠬᠡ ᠶᠦᠮ ᠠᠭᠠᠰ ᠬᠠᠳᠣᠨ ᠤ ᠰᠢᠢᠳ ᠵᠣᠷᠢᠭ ᠢ ᠠᠨᠣᠳᠠᠷ᠎ᠠ ᠬᠠᠳᠣᠨ ᠢᠳᠡᠪᠬᠢᠳᠡᠢ ᠳᠡᠮᠵᠢᠭᠰᠡᠨ ᠪᠠᠶᠢᠨ᠎ᠠ᠃ ᠭᠠᠯᠳᠠᠨ ᠢ ᠬᠤᠩ ᠳᠠᠶᠢᠵᠢ ᠶᠢᠨ ᠰᠢᠷᠡᠬᠡᠨ ᠳᠤ ᠰᠠᠭᠤᠭᠰᠠᠨ ᠤ ᠳᠠᠷᠠᠭ᠎ᠠ᠂ ᠠᠨᠣᠳᠠᠷ᠎ᠠ ᠬᠠᠳᠣᠨ ᠳᠡᠬᠦᠨ ᠲᠠᠢ ᠬᠡᠷᠯᠡᠵᠦ ᠬᠠᠳᠣᠨ ᠨᠢ ᠪᠣᠯᠪᠠ᠃ ᠰᠢᠷᠠᠭᠴᠢᠨ ᠬᠤᠨᠢᠨ ᠵᠢᠯ᠂ ᠡᠩᠬᠡ ᠠᠮᠣᠭᠤᠯᠠᠩ ᠤᠨ ᠠᠷᠪᠠᠨ ᠨᠠᠢᠮᠠᠳᠣᠭᠠᠷ ᠣᠨ ︵1679︶ ᠣᠨ ᠳᠤ ᠳᠠᠪᠣᠳᠣᠭᠠᠷ ᠲᠦᠷᠢ ᠶᠢᠨ ᠳᠠᠯᠠᠢ ᠯᠠᠮᠠ ᠠᠭᠸᠠᠩᠯᠣᠪᠰᠠᠩᠵᠠᠮᠰᠣ ᠠᠴᠠ ᠭᠠᠯᠳᠠᠨ ᠬᠤᠩ ᠳᠠᠶᠢᠵᠢ ᠳᠤ ᠪᠣᠱᠣᠭᠳᠣ ᠬᠠᠨ ᠬᠡᠮᠡᠬᠦ ᠴᠣᠯᠠ ᠰᠣᠶᠣᠷᠬᠠᠭᠰᠠᠨ ᠠᠴᠠ ᠬᠤᠶᠢᠰᠢ᠂ ᠭᠠᠯᠳᠠᠨ ᠬᠤᠩ ᠳᠠᠶᠢᠵᠢ ᠵᠦᠩᠭᠠᠷ ᠠᠶᠢᠮᠠᠭ ᠤᠨ ᠪᠣᠱᠣᠭᠳᠣ ᠬᠠᠨ ᠬᠡᠮᠡᠬᠦ  ᠳᠤ ᠠᠯᠳᠠᠷᠰᠢᠵᠠᠢ᠃      ᠣᠶᠢᠷᠠᠳ ᠤᠨ ᠵᠦᠩᠭᠠᠷ ᠪᠣᠯᠣᠨ ᠬᠤᠱᠣᠳ ᠬᠤᠶᠠᠷ ᠠᠶᠢᠮᠠᠭ ᠡᠷᠳᠡ ᠳᠡᠬᠡᠷ᠎ᠡ ᠦᠶ᠎ᠡ ᠠᠴᠠ ᠣᠷᠤᠭ ᠰᠠᠳᠣᠨ ᠤ ᠬᠠᠷᠢᠯᠴᠠᠭ᠎ᠠ ᠬᠤᠯᠪᠣᠭ᠎ᠠ ᠲᠠᠢ ᠪᠠᠶᠢᠭᠰᠠᠨ ᠶᠣᠮ᠃ ᠬᠤᠱᠣᠳ ᠠᠶᠢᠮᠠᠭ ᠤᠨ ᠸᠠᠴᠢᠷᠳᠣ ᠴᠡᠴᠡᠨ ᠬᠠᠨ ᠤ ᠬᠤᠶᠠᠳᠣᠭᠠᠷ ᠬᠦᠪᠡᠬᠦᠨ ᠭᠠᠯᠳᠠᠮ᠎ᠠ ᠳᠠᠶᠢᠵᠢ ᠳᠤ ᠠᠨᠣᠳᠠᠷ᠎ᠠ᠂ ᠠᠬᠠᠢ ᠬᠡᠮᠡᠬᠦ ᠬᠤᠶᠠᠷ ᠦᠬᠢᠨ ᠲᠠᠢ ᠪᠠᠶᠢᠪᠠ᠃ ᠭᠠᠯᠳᠠᠮ᠎ᠠ ᠳᠠᠶᠢᠵᠢ ᠶᠢ ᠠᠮᠢᠳᠣ ᠰᠡᠷᠡᠭᠦᠨ ᠪᠠᠶᠢᠬᠤ ᠦᠶ᠎ᠡ ᠳᠤ᠂ ᠠᠬᠠᠮᠠᠳ ᠦᠬᠢᠨ ᠠᠨᠣᠳᠠᠷ᠎ᠠ ᠶᠢ ᠰᠡᠩᠬᠡ ᠬᠤᠩ ᠳᠠᠶᠢᠵᠢ ᠲᠠᠢ ᠭᠡᠷᠯᠡᠬᠦᠯᠦᠭᠡᠳ᠂ ᠪᠠᠭ᠎ᠠ ᠦᠬᠢᠨ ᠠᠬᠠᠢ ᠪᠠᠨ ᠬᠤᠵᠢᠮ ᠤᠨ ᠡᠳᠦᠷ ᠰᠡᠩᠬᠡ ᠬᠤᠩ ᠳᠠᠶᠢᠵᠢ ᠶᠢᠨ ᠠᠬᠠᠮᠠᠳ ᠬᠦᠪᠡᠬᠦᠨ ᠴᠸᠧᠩᠷᠠᠪᠳᠠᠨ ᠳᠤ ᠬᠤᠯᠪᠣᠬᠤ ᠪᠠᠷ ᠣᠷᠤᠭ ᠳᠣᠭᠳᠠᠭᠰᠠᠨ ᠪᠠᠶᠢᠯ᠎ᠠ᠃      ᠰᠢᠷᠠᠭᠴᠢᠨ ᠬᠤᠨᠢᠨ ᠵᠢᠯ᠂ ᠡᠩᠬᠡ ᠠᠮᠣᠭᠤᠯᠠᠩ ᠤᠨ ᠠᠷᠪᠠᠨ ᠨᠠᠢᠮᠠᠳᠣᠭᠠᠷ ᠣᠨ ︵1679︶ ᠳᠤ ᠬᠤᠱᠣᠳ ᠠᠶᠢᠮᠠᠭ ᠤᠨ ᠬᠢᠨ ᠣᠷᠢᠳᠣ ᠬᠡᠯᠡᠯᠴᠡᠨ ᠳᠣᠬᠢᠷᠠᠯᠴᠠᠭᠰᠠᠨ ᠤ ᠶᠣᠰᠣᠭᠠᠷ᠂ ᠠᠬᠠᠢ ᠶᠢ ᠴᠸᠧᠩᠷᠠᠪᠳᠠᠨ ᠲᠠᠢ ᠭᠡᠷᠯᠡᠬᠦᠯᠬᠦ ᠪᠠᠷ ᠵᠦᠩᠭᠠᠷ ᠠᠶᠢᠮᠠᠭ ᠲᠤ ᠬᠦᠷᠬᠡᠵᠦ ᠣᠴᠢᠵᠠᠢ᠃ ᠭᠡᠳᠡᠯ᠎ᠡ ᠴᠸᠧᠩᠷᠠᠪᠳᠠᠨ ᠤ ᠠᠪᠠᠭ᠎ᠠ ᠭᠠᠯᠳᠠᠨ ᠪᠣᠱᠣᠭᠳᠣ ᠬᠠᠨ ᠠᠬᠠᠢ ᠶᠢ ᠴᠸᠧᠩᠷᠠᠪᠳᠠᠨ ᠳᠤ ᠦᠭᠬᠦᠭᠰᠡᠨ ᠦᠬᠡᠢ᠂ ᠬᠠᠷᠢᠨ ᠦᠪᠡᠷ ᠤᠨ ᠬᠠᠳᠣᠨ ᠢᠶᠠᠨ ᠪᠣᠯᠭᠠᠨ ᠠᠪᠣᠭᠰᠠᠨ ᠪᠠᠶᠢᠪᠠ᠃ ᠡᠨᠡ ᠣᠴᠢᠷ  ᠲᠤ ᠴᠸᠧᠩᠷᠠᠪᠳᠠᠨ ᠪᠣᠯᠣᠨ ᠲᠡᠭᠦᠨ ᠤ ᠳᠡᠭᠦᠦ ᠰᠣᠨᠣᠮᠷᠠᠪᠳᠠᠨ ᠶᠡᠬᠡᠳᠡ ᠠᠭᠤᠷᠯᠠᠨ ᠳᠣᠷ᠎ᠠ ᠦᠬᠡᠶᠢᠴᠡᠵᠡᠢ᠃ ᠢᠯᠠᠩᠭᠤᠶ᠎ᠠ ᠰᠣᠨᠣᠮᠷᠠᠪᠳᠠᠨ ᠠᠪᠠᠭ᠎ᠠ ᠭᠠᠯᠳᠠᠨ ᠪᠣᠱᠣᠭᠳᠣ ᠬᠠᠨ ᠠᠴᠠ ᠳᠣᠰᠠᠭᠠᠷᠯᠠᠨ ᠭᠠᠷᠴᠣ᠂ ᠡᠴᠢᠬᠡ ᠶᠢᠨ ᠢᠶᠠᠨ ᠬᠠᠨ ᠰᠢᠷᠡᠭᠡ ᠶᠢ ᠡᠬᠡᠬᠦᠯᠦᠨ ᠠᠪᠣᠨ᠎ᠠ ᠬᠡᠮᠡᠨ ᠬᠡᠯᠡᠵᠦ ᠪᠠᠶᠢᠪᠠ᠃ ᠠᠪᠠᠭ᠎ᠠ ᠪᠣᠯᠣᠨ ᠠᠴᠢ ᠬᠦᠪᠡᠭᠦᠳ ᠤᠨ ᠬᠤᠭᠤᠷᠣᠨᠳᠣ ᠡᠶ᠎ᠡ ᠡᠪᠳᠡᠷᠡᠨ ᠬᠢᠮᠣᠷᠠᠯ ᠳᠡᠮᠡᠴᠡᠯ ᠭᠠᠷᠬᠤ ᠠᠴᠠ ᠵᠠᠶᠢᠯᠠᠭᠤᠯᠬᠤ ᠶᠢᠨ ᠳᠣᠯᠠᠳᠠ᠂ ᠠᠨᠣᠳᠠᠷ᠎ᠠ ᠬᠠᠳᠣᠨ ᠲᠦᠪᠡᠳ ᠲᠤ ᠡᠯᠴᠢ ᠢᠯᠡᠬᠡᠨ᠂ ᠳᠡᠨᠳᠡᠬᠢ ᠶᠢ ᠳᠠᠷᠣᠩᠭᠤᠶᠢᠯᠠᠨ ᠰᠠᠭᠤᠵᠦ ᠪᠠᠶᠢᠭᠰᠠᠨ ᠬᠦᠦᠰᠢ ᠬᠠᠭᠠᠨ ᠲᠦᠷᠦᠪᠠᠶᠢᠬᠤ ᠶᠢᠨ ᠠᠴᠢ ᠫᠣᠩᠰᠤᠭ ᠳᠠᠯᠠᠢ ᠬᠠᠭᠠᠨ ᠳᠤ ᠬᠦᠨᠳᠦ ᠪᠡᠯᠡᠭ ᠰᠡᠯᠳᠡ ᠬᠦᠷᠬᠡᠵᠦ᠂ ᠦᠬᠢᠨ ᠢ ᠨᠢ ᠴᠸᠧᠩᠷᠠᠪᠳᠠᠨ ᠳᠤ ᠪᠡᠷᠢ ᠪᠣᠯᠭᠠᠨ ᠪᠠᠭᠤᠯᠭᠠᠬᠤ ᠪᠠᠷ ᠭᠤᠶᠣᠵᠦ ᠳᠣᠬᠢᠷᠠᠭᠰᠠᠨ ᠢᠶᠠᠷ᠂ ᠣᠭ ᠬᠡᠷᠡᠭ ᠶᠠᠪᠣᠳᠠᠯ ᠰᠠᠶ᠋ᠢ ᠨᠠᠮᠵᠢᠵᠦ ᠲᠦᠷ ᠲᠦᠪᠰᠢᠷᠡᠭᠰᠡᠨ ᠪᠠᠶᠢᠯ᠎ᠠ᠃      ᠣᠯᠠᠭᠠᠨ ᠪᠠᠰᠷ ᠵᠢᠯ᠂ ᠡᠩᠬᠡ ᠠᠮᠣᠭᠤᠯᠠᠩ ᠤᠨ ᠬᠤᠷᠢᠨ ᠳᠠᠪᠣᠳᠣᠭᠠᠷ ᠣᠨ ︵1686︶ ᠤ ᠶᠢᠰᠦᠳᠦᠭᠡᠷ ᠰᠠᠷ᠎ᠠ ᠳᠤ ᠫᠣᠩᠰᠤᠭ ᠳᠠᠯᠠᠢ ᠬᠠᠨ ᠤ ᠦᠬᠢᠨ ᠢ ᠪᠠᠭᠤᠯᠭᠠᠨ ᠠᠪᠴᠢᠷᠠᠬᠤ ᠪᠠᠷ ᠠᠨᠣᠳᠠᠷ᠎ᠠ ᠬᠠᠳᠣᠨ ᠦᠪᠡᠷ ᠢᠶᠠᠨ ᠮᠢᠩᠭ᠎ᠠ ᠭᠠᠷᠣᠢ ᠴᠡᠷᠢᠭ ᠳᠠᠶᠢᠴᠢᠯᠠᠨ᠂ ᠪᠣᠯᠠᠩᠬᠢᠷ ᠤᠨ ᠭᠤᠣᠯ ᠢᠶᠠᠷ ᠦᠩᠭᠡᠷᠡᠨ᠂ ᠬᠦᠬᠡᠨᠠᠭᠤᠷ ᠲᠤ ᠣᠷᠣᠵᠦ᠂ ᠳᠡᠨᠳᠡ ᠠᠴᠠ ᠳᠠᠬᠢᠨ ᠲᠦᠪᠡᠳ ᠲᠤ ᠮᠣᠷᠢᠯᠠᠨ ᠬᠦᠷᠦᠭᠡᠳ᠂ ᠣᠷᠢᠳᠠᠪᠠᠷ ᠳᠠᠪᠣᠳᠣᠭᠠᠷ ᠲᠦᠷᠢ ᠶᠢᠨ ᠳᠠᠯᠠᠢ ᠯᠠᠮᠠ‌ᠠᠭᠸᠠᠩᠯᠣᠪᠰᠠᠩᠵᠠᠮᠰᠣ ᠳᠤ ᠮᠦᠷᠬᠦᠨ ᠵᠣᠯᠭᠠᠵᠦ᠂ ᠳᠠᠷᠠᠭ᠎ᠠ ᠨᠢ ᠫᠣᠩᠰᠤᠭ ᠳᠠᠯᠠᠢ ᠬᠠᠨ ᠯᠤᠭ᠎ᠠ ᠠᠭᠤᠯᠵᠠᠯᠳᠣᠵᠦ᠂ ᠬᠦᠰᠡᠭᠰᠡᠨ ᠵᠣᠷᠢᠭᠰᠠᠨ ᠬᠡᠷᠡᠭ ᠵᠣᠷᠢᠭ ᠢᠶᠠᠨ ᠪᠦᠳᠦᠬᠡᠵᠦ᠂ ᠵᠦᠩᠭᠠᠷ ᠲᠠᠭᠠᠨ ᠪᠣᠴᠠᠨ ᠢᠷᠡᠵᠡᠢ᠃      ᠰᠢᠷ᠎ᠠ ᠯᠣᠣ ᠵᠢᠯ᠂ ᠡᠩᠬᠡ ᠠᠮᠣᠭᠤᠯᠠᠩ ᠤᠨ ᠬᠤᠷᠢᠨ ᠳᠣᠯᠣᠳᠣᠭᠠᠷ ᠣᠨ ︵1688︶ ᠳᠤ ᠭᠠᠯᠳᠠᠨ ᠪᠣᠱᠣᠭᠳᠣ ᠬᠠᠨ ᠠᠷᠣ ᠬᠠᠯᠬ᠎ᠠ ᠶᠢ ᠳᠠᠶᠢᠯᠠᠬᠤ ᠪᠠᠷ ᠮᠣᠷᠳᠠᠬᠤ ᠳᠠᠭᠠᠨ᠂ ᠴᠸᠧᠩᠷᠠᠪᠳᠠᠨ ᠢ ᠬᠤᠪᠳᠣ ᠳᠤ ᠦᠯᠡᠳᠡᠬᠡᠨ ᠳᠡᠨᠳᠡᠬᠢ ᠶᠢ ᠰᠠᠬᠢᠭᠤᠯᠵᠦ ᠰᠠᠭᠤᠯᠭᠠᠪᠠ᠃ ᠴᠸᠧᠩᠷᠠᠪᠳᠠᠨ ᠡᠨᠡ ᠳᠣᠬᠢᠶᠠᠯ ᠢ ᠠᠰᠢᠭᠯᠠᠨ᠂ ᠳᠡᠬᠦᠦ ᠰᠣᠨᠣᠪᠷᠠᠪᠳᠠᠨ ᠵᠡᠷᠭᠡ ᠬᠦᠮᠦᠰ ᠯᠦᠭᠡ ᠵᠦᠪᠯᠡᠯᠳᠦᠨ ᠣᠷᠪᠠᠭ᠋ᠣ ᠪᠡᠯᠡᠳᠭᠡᠯ ᠬᠢᠵᠦ ᠪᠠᠶᠢᠭᠰᠠᠨ ᠦᠶ᠎ᠡ ᠳᠤ᠂ ᠴᠸᠧᠩᠷᠠᠪᠳᠠᠨ ᠤ ᠳᠡᠭᠦᠦ ᠳᠡᠨᠵᠢᠨ ᠣᠮᠪᠤ ᠲᠡᠷᠡ ᠰᠣᠷᠠᠭ ᠢ ᠳᠣᠭᠤᠯᠵᠦ᠂ ᠭᠠᠯᠳᠠᠨ ᠪᠣᠱᠣᠭᠳᠣ ᠬᠠᠨ ᠳᠤ ᠮᠡᠳᠡᠭᠦᠯᠦᠭᠰᠡᠨ ᠠᠵᠢ᠃ ᠳᠠᠷᠠᠭ᠎ᠠ ᠵᠢᠯ ᠤᠨ ᠬᠢᠨᠢ ᠬᠠᠪᠣᠷ ᠭᠠᠯᠳᠠᠨ ᠪᠣᠱᠣᠭᠳᠣ ᠬᠠᠨ ᠰᠣᠨᠣᠪᠷᠠᠪᠳᠠᠨ ᠢ ᠳᠠᠭᠤᠳᠠᠨ ᠣᠴᠢᠷ ᠢ ᠠᠰᠠᠭᠤᠭᠠᠳ᠂ ᠳᠡᠬᠦᠨ ᠳᠤ ᠶᠠᠯ᠎ᠠ ᠣᠨᠣᠭᠠᠨ ᠴᠠᠭᠠᠵᠠ ᠪᠠᠷ ᠠᠪᠣᠭᠰᠠᠨ ᠳᠤ᠂ ᠴᠸᠧᠩᠷᠠᠪᠳᠠᠨ ᠶᠡᠬᠡᠳᠡ ᠬᠡᠯᠮᠡᠵᠦ᠂ ᠳᠠᠪᠣᠨ ᠮᠢᠩᠭᠠᠨ ᠴᠡᠷᠢᠭ ᠢᠶᠠᠨ ᠠᠪᠣᠨ ᠪᠠᠷᠠᠭᠤᠨᠰᠢ ᠵᠢᠭᠤᠳᠠᠵᠦ᠂ ᠪᠣᠷᠣ ᠳᠠᠯ᠎ᠠ ᠳᠤ ᠬᠦᠷᠴᠦ ᠬᠦᠯ ᠳᠣᠭᠳᠠᠨ᠂ ᠡᠷᠡᠰᠳᠡᠯ ᠵᠣᠪᠠᠯᠠᠩ ᠠᠴᠠ ᠵᠠᠶᠢᠯᠠᠨ ᠰᠠᠭᠤᠪᠠ᠃      ᠰᠢᠷ᠎ᠠ ᠯᠣᠣ ᠵᠢᠯ᠃ ᠡᠩᠬᠡ ᠠᠮᠣᠭᠤᠯᠠᠩ ᠤᠨ ᠬᠤᠷᠢᠨ ᠳᠣᠯᠣᠳᠣᠭᠠᠷ ᠣᠨ ︵1688︶ ᠤ ᠳᠠᠪᠣᠳᠣᠭᠠᠷ ᠰᠠᠷ᠎ᠠ ᠶᠢᠨ ᠳᠣᠮᠳᠠ ᠦᠶ᠎ᠡ ᠪᠠᠷ᠂ ᠠᠨᠣᠳᠠᠷ᠎ᠠ ᠬᠠᠳᠣᠨ ᠭᠠᠯᠳᠠᠨ ᠪᠣᠱᠣᠭᠳᠣ ᠬᠠᠨ ᠢ ᠳᠠᠭᠠᠯᠳᠣᠨ ᠭᠤᠷᠪᠠᠨ ᠲᠦᠮᠡᠨ ᠴᠡᠷᠢᠭ ᠳᠠᠶᠢᠴᠢᠯᠠᠵᠦ᠂ ᠬᠤᠪᠳᠣ ᠶᠢᠨ ᠣᠮᠠᠷᠠᠳᠣ ᠨᠣᠳᠤᠭ ᠠᠴᠠ ᠵᠡᠬᠦᠨ ᠬᠤᠶᠢᠰᠢ ᠠᠶᠠᠯᠠᠨ᠂ ᠠᠷᠣ ᠬᠠᠯᠬ᠎ᠠ ᠶᠢᠨ ᠨᠣᠳᠤᠭ ᠲᠤ ᠴᠦᠮᠦᠷᠡᠨ ᠣᠷᠣᠵᠠᠢ᠃ ᠵᠦᠩᠭᠠᠷ ᠠᠶᠢᠮᠠᠭ ᠤᠨ ᠴᠡᠷᠢᠭ ᠠᠷᠣ ᠬᠠᠯᠬ᠎ᠠ ᠶᠢᠨ ᠪᠠᠷᠠᠭᠤᠨ ᠭᠠᠷ ᠤᠨ ᠠᠶᠢᠮᠠᠭ ᠤᠳ ᠢ ᠪᠠᠶᠢᠯᠳᠣᠨ ᠢᠯᠠᠭᠠᠳ᠂ ᠵᠡᠬᠦᠨ ᠭᠠᠷ ᠤᠨ ᠲᠦᠰᠢᠶᠡᠳᠦ ᠬᠠᠨ ᠠᠶᠢᠮᠠᠭ ᠤᠨ ᠴᠡᠷᠢᠭ ᠲᠠᠢ ᠲᠡᠮᠦᠷ᠂ ᠣᠯᠭᠤᠢ ᠨᠠᠭᠤᠷ ᠬᠡᠮᠡᠬᠦ ᠭᠠᠵᠠᠷ ᠤᠳ ᠲᠤ ᠳᠣᠰ ᠳᠣᠰ ᠳᠠᠶᠢᠳᠣᠨ ᠳᠣᠯᠣᠯᠳᠣᠵᠦ᠂ ᠲᠦᠰᠢᠶᠡᠳᠦ ᠬᠠᠨ ᠴᠠᠬᠤᠨᠳᠣᠷᠵᠢ ᠪᠣᠯᠣᠨ ᠲᠡᠭᠦᠨ ᠤ ᠬᠦᠪᠡᠭᠦᠨ ᠭᠠᠯᠳᠠᠨᠳᠣᠷᠵᠢ ᠶᠢᠨ ᠳᠠᠭᠠᠭᠤᠯᠣᠭᠰᠠᠨ ᠴᠡᠷᠢᠭ ᠢ ᠶᠡᠭᠡ ᠪᠠᠷ ᠢᠯᠠᠵᠦ᠂ ᠠᠷᠣ ᠬᠠᠯᠬ᠎ᠠ ᠶᠢᠨ ᠣᠯᠠᠨ ᠠᠶᠢᠮᠠᠭ ᠢ ᠡᠵᠡᠯᠡᠨ ᠠᠪᠣᠭᠠᠳ᠂ ᠠᠷᠪᠠᠳᠣᠭᠠᠷ ᠰᠠᠷ᠎ᠠ ᠳᠤ ᠴᠷᠢᠭ ᠤᠨ ᠬᠠᠩᠭᠠᠮᠵᠢ ᠪᠠᠨ ᠨᠦᠬᠦᠪᠦᠷᠢᠯᠡᠬᠦ ᠪᠠᠷ ᠬᠤᠪᠳᠣ ᠣᠷᠣᠭᠤ ᠪᠠᠨ ᠪᠣᠴᠠᠪᠠ᠃ ᠳᠠᠷᠠᠭ᠎ᠠ ᠵᠢᠯ ᠤᠨ ᠬᠢᠨᠢ ᠨᠠᠢᠮᠠᠳᠣᠭᠠᠷ ᠰᠠᠷ᠎ᠠ ᠳᠤ ᠭᠠᠯᠳᠠᠨ ᠪᠣᠱᠣᠭᠳᠣ ᠬᠠᠨ ᠠᠷᠣ ᠬᠠᠯᠬ᠎ᠠ ᠶᠢ ᠳᠠᠶᠢᠯᠠᠬᠤ ᠪᠠᠷ ᠳᠠᠬᠢᠨ ᠴᠡᠷᠢᠭ ᠮᠣᠷᠳᠠᠬᠤ ᠳᠠᠭᠠᠨ᠂ ᠴᠸᠧᠩᠷᠠᠪᠳᠠᠨ  ᠤ ᠳᠣᠪᠳᠣᠯᠣᠯ ᠬᠠᠯᠳᠣᠯᠭ᠎ᠠ ᠠᠴᠠ ᠰᠡᠷᠭᠡᠶᠢᠯᠡᠬᠦ ᠶᠢᠨ ᠲᠦᠯᠦᠬᠡ᠂ ᠠᠷᠣ ᠳᠠᠯ᠎ᠠ ᠶᠢᠨ ᠰᠠᠭᠤᠷᠢᠨ ᠭᠠᠵᠠᠷ ᠢᠶᠠᠨ ᠬᠠᠮᠠᠭᠠᠯᠠᠭᠤᠯᠬᠤ ᠪᠠᠷ ᠠᠨᠣᠳᠠᠷ᠎ᠠ ᠬᠠᠳᠣᠨ ᠢ ᠳᠡᠨᠵᠢᠨ ᠣᠮᠪᠤ ᠨᠠᠷ ᠤᠨ ᠵᠡᠷᠭᠡ ᠬᠦᠮᠦᠰ ᠯᠦᠭᠡ ᠬᠤᠪᠳᠣ ᠲᠤ ᠦᠯᠡᠳᠡᠭᠡᠨ ᠰᠠᠭᠤᠯᠭᠠᠭᠰᠠᠨ ᠪᠠᠶᠢᠯ᠎ᠠ᠃      ᠴᠠᠭᠠᠨ ᠮᠣᠷᠢᠨ ᠵᠢᠯ᠂ ᠡᠩᠬᠡ ᠠᠮᠣᠭᠤᠯᠠᠩ ᠤᠨ ᠬᠤᠷᠢ ᠶᠢᠰᠦᠳᠦᠭᠡᠷ ᠣᠨ ︵1689︶ ᠤ ᠶᠢᠰᠦᠳᠦᠭᠡᠷ ᠰᠠᠷ᠎ᠠ ᠳᠤ ᠭᠠᠯᠳᠠᠨ ᠪᠣᠱᠣᠭᠳᠣ ᠬᠠᠨ ᠤ ᠶᠡᠭᠡ ᠴᠡᠷᠭ ᠳᠠᠶᠢᠴᠢᠯᠠᠨ ᠰᠡᠯᠡᠩᠬᠡ ᠮᠦᠷᠡᠨ ᠤ ᠵᠦᠭ ᠣᠳᠣᠭᠰᠠᠨ ᠢ ᠴᠸᠧᠩᠷᠠᠪᠳᠠᠨ ᠳᠣᠷᠰᠢᠵᠦ ᠮᠡᠳᠡᠭᠡᠳ᠂ ᠬᠠᠷ᠎ᠠ ᠡᠷᠴᠢᠰ ᠢᠶᠠᠷ ᠳᠠᠮᠵᠢᠨ᠂ ᠴᠢᠨᠠᠭᠰᠢ ᠠᠯᠳᠠᠢ ᠨᠢᠷᠣᠭᠤ  ᠶᠢ ᠳᠠᠪᠠᠵᠦ᠂ ᠬᠤᠪᠳᠣ ᠲᠤ ᠴᠦᠮᠦᠷᠡᠨ ᠣᠷᠣᠭᠠᠳ᠂ ᠭᠠᠯᠳᠠᠨ ᠪᠣᠱᠣᠭᠳᠣ ᠬᠠᠨ ᠤ ᠬᠠᠷᠢᠶᠠᠳᠣ ᠠᠶᠢᠮᠠᠭ ᠢ ᠰᠠᠨᠠᠭᠠᠨ ᠳᠤ ᠦᠬᠡᠢ ᠪᠠᠶᠢᠬᠤ ᠳᠤᠨᠢ ᠬᠡᠨᠡᠳᠡᠬᠦᠯᠦᠨ ᠳᠣᠪᠳᠣᠯᠵᠦ᠂ ᠠᠨᠣᠳᠠᠷ᠎ᠠ ᠬᠠᠳᠣᠨ ᠪᠣᠯᠣᠨ ᠳᠡᠨᠵᠢᠨ ᠣᠮᠪᠤ ᠲᠡᠷᠢᠬᠦᠳᠡᠢ ᠬᠠᠷᠢᠶᠠᠳᠣ ᠢᠷᠭᠡᠳ ᠢ ᠨᠢ ᠴᠦᠯᠪᠡᠨ ᠣᠯᠵᠠᠯᠠᠵᠦ᠂ ᠠᠯᠳᠠᠢ ᠨᠢᠷᠣᠭᠤ ᠶᠢ ᠳᠠᠪᠠᠨ ᠪᠠᠷᠠᠭᠤᠨᠰᠢ ᠪᠣᠷᠣ ᠳᠠᠯ᠎ᠠ ᠶᠢ ᠴᠢᠭᠯᠡᠨ ᠣᠳᠴᠠᠢ᠃ ᠲᠡᠷᠡ ᠴᠢᠮᠡᠭᠡ ᠶᠢ ᠭᠠᠯᠳᠠᠨ ᠪᠣᠱᠣᠭᠳᠣ ᠬᠠᠨ ᠳᠣᠭᠤᠯᠣᠭᠠᠳ ᠶᠡᠬᠡᠳᠡ ᠴᠣᠴᠢᠷᠳᠠᠨ᠂ ᠰᠡᠯᠡᠩᠬᠡ ᠳᠤ ᠬᠡᠰᠡᠭ ᠴᠡᠷᠢᠭ ᠢᠶᠠᠨ ᠦᠯᠡᠳᠡᠬᠡᠨ ᠰᠠᠭᠤᠯᠭᠠᠭᠠᠳ᠂ ᠠᠷᠪᠠᠨ ᠨᠢᠬᠡᠳᠦᠭᠡᠷ ᠰᠠᠷ᠎ᠠ ᠳᠤ ᠬᠤᠪᠳᠣ ᠣᠷᠣᠭᠤ ᠪᠠᠨ ᠶᠠᠭᠠᠷᠠᠩᠬᠠᠨ ᠡᠬᠡᠵᠦ ᠬᠠᠷᠢᠪ᠊᠃ ᠬᠠᠷ᠎ᠠ ᠪᠡᠴᠢᠨ ᠵᠢᠯ᠂ ᠡᠩᠬᠡ ᠠᠮᠣᠭᠤᠯᠠᠩ ᠤᠨ ᠭᠤᠴᠢᠨ ᠨᠢᠬᠡᠳᠦᠭᠡᠷ ᠣᠨ ︵1692︶ ᠤ ᠪᠠᠷᠤᠭ ᠢᠶᠠᠷ᠂ ᠭᠠᠯᠳᠠᠨ ᠪᠣᠱᠣᠭᠳᠣ ᠬᠠᠨ ᠪᠣᠷᠣ ᠳᠠᠯ᠎ᠠ ᠣᠷᠣᠭᠤ ᠰᠡᠮ ᠢᠶᠠᠷ ᠬᠦᠮᠦᠨ ᠢᠯᠡᠬᠡᠨ᠂ ᠠᠨᠣᠳᠠᠷ᠎ᠠ ᠬᠠᠳᠣᠨ ᠪᠣᠯᠣᠨ ᠳᠡᠨᠵᠢᠨ ᠣᠮᠪᠤ ᠳᠤ ᠬᠡᠯᠡ ᠬᠦᠷᠬᠡᠵᠦ᠂ ᠳᠡᠳᠡᠨ ᠲᠠᠢ ᠠᠭᠤᠯᠵᠠᠬᠤ ᠴᠠᠭ ᠭᠠᠵᠠᠷ ᠢᠶᠠᠨ ᠪᠣᠯᠵᠣᠨ ᠳᠣᠬᠢᠷᠠᠭᠠᠳ᠂ ᠪᠣᠯᠵᠣᠭᠰᠠᠨ ᠤ ᠶᠣᠰᠣᠭᠠᠷ ᠣᠷᠵᠢᠨᠵᠠᠪ ᠳᠠᠶᠢᠵᠢ ᠨᠠᠷ ᠤᠨ ᠵᠡᠷᠬᠡ ᠬᠦᠮᠦᠰ ᠢ ᠢᠯᠡᠬᠡᠵᠦ᠂ ᠳᠡᠳᠡᠨ ᠢ ᠴᠸᠧᠩᠷᠠᠪᠳᠠᠨ ᠤ ᠬᠢᠨᠠᠯᠳᠠ ᠠᠴᠠ ᠴᠢᠯᠦᠬᠡᠯᠡᠨ ᠬᠤᠪᠳᠣ ᠠᠴᠠ ᠳᠣᠰᠴᠣ ᠠᠪᠴᠢᠷᠠᠵᠠᠢ᠃      ᠬᠦᠬᠡᠭᠴᠢᠨ ᠭᠠᠭ᠋ᠠᠢ ᠵᠢᠯ᠂ ᠡᠩᠬᠡ ᠠᠮᠣᠭᠤᠯᠠᠩ ᠤᠨ ᠭᠤᠴᠢᠨ ᠲᠦᠷᠪᠡᠳᠦᠭᠡᠷ ᠣᠨ ︵1695︶ ᠤ ᠳᠠᠪᠣᠳᠣᠭᠠᠷ ᠰᠠᠷ᠎ᠠ ᠳᠤ ᠠᠨᠣᠳᠠᠷ᠎ᠠ ᠬᠠᠳᠣᠨ ᠭᠠᠯᠳᠠᠨ ᠪᠣᠱᠣᠭᠳᠣ ᠬᠠᠨ ᠢ ᠳᠠᠭᠠᠯᠳᠣᠨ᠂ ᠠᠷᠣ ᠬᠠᠯᠬ᠎ᠠ ᠶᠢ ᠳᠠᠶᠢᠯᠠᠬᠤ ᠪᠠᠷ ᠬᠤᠪᠳᠣ ᠠᠴᠠ ᠳᠠᠬᠢᠵᠦ ᠮᠣᠷᠳᠠᠭᠠᠳ᠂ ᠳᠠᠷᠠᠭ᠎ᠠ ᠵᠢᠯ ᠤᠨ ᠬᠢᠨᠢ ᠳᠠᠪᠣᠳᠣᠭᠠᠷ ᠰᠠᠷ᠎ᠠ ᠳᠤ ᠵᠠᠭᠤᠨ ᠮᠣᠳᠣ ᠬᠡᠮᠡᠬᠦ ᠭᠠᠵᠠᠷ ᠲᠤ ᠮᠠᠨᠵᠦ ᠴᠢᠩ ᠣᠯᠣᠰ ᠤᠨ ᠶᠡᠭᠡ ᠴᠡᠷᠢᠭ ᠲᠠᠢ ᠣᠴᠠᠷᠠᠭᠰᠠᠨ᠎ᠠ᠂ ᠭᠠᠯᠳᠠᠨ ᠪᠣᠱᠣᠭᠳᠣ ᠬᠠᠨ ᠯᠤᠭ᠎ᠠ ᠬᠠᠮᠳᠣ ᠪᠠᠷ ᠣᠶᠢᠷᠠᠳ ᠴᠡᠷᠢᠭ ᠢᠶᠠᠨ ᠣᠳᠣᠷᠢᠳᠣᠨ ᠵᠢᠭᠰᠠᠭᠠᠯ ᠵᠢᠭᠰᠠᠵᠦ ᠣᠭᠳᠣᠨ ᠪᠠᠶᠢᠯᠳᠣᠪᠠ᠃ ᠠᠨᠣᠳᠠᠷ᠎ᠠ ᠬᠠᠳᠣᠨ ᠲᠡᠷᠢᠬᠦᠨ ᠳᠡᠭᠡᠨ ᠬᠠᠷ᠎ᠠ ᠦᠨᠡᠬᠡᠨ ᠮᠠᠯᠠᠭᠠᠢ ᠡᠮᠦᠰᠦᠨ᠂ ᠵᠡᠰ ᠭᠠᠷᠠᠬᠠᠨ ᠬᠤᠶᠠᠭ ᠤᠨ  ᠢᠶᠠᠨ ᠳᠣᠳᠣᠷ᠎ᠠ ᠰᠢᠷ᠎ᠠ ᠲᠡᠷᠯᠢᠭ ᠳᠠᠪᠬᠤᠷᠯᠠᠵᠦ᠂ ᠨᠣᠭᠤᠭᠠᠨ ᠦᠩᠬᠡ ᠶᠢᠨ ᠳᠣᠷᠭᠠᠨ ᠦᠮᠦᠳᠦ ᠬᠡᠳᠦᠷᠦᠭᠡᠳ᠂ ᠣᠷᠳᠣ ᠵᠢᠳᠠ ᠪᠠᠷᠢᠨ ᠰᠠᠭᠠᠳᠠᠭ ᠬᠤᠷᠣᠮᠰᠠᠭ᠎ᠠ ᠠᠭᠰᠠᠵᠦ᠂ ᠳᠡᠮᠡᠭᠡ ᠬᠡᠬᠦ ᠳᠤ ᠳᠡᠮᠡᠭᠡ ᠪᠢᠰᠢ ᠰᠣᠨᠢᠨ ᠬᠦᠯᠬᠡ ᠬᠦᠯᠬᠡᠯᠡᠭᠡᠳ ᠭᠠᠯᠳᠠᠨ ᠪᠣᠱᠣᠭᠳᠣ ᠬᠠᠨ ᠤ ᠬᠠᠮᠳᠣ ᠮᠠᠨᠵᠦ ᠴᠢᠩ ᠣᠯᠣᠰ ᠤᠨ ᠴᠡᠷᠢᠭ ᠲᠠᠢ ᠪᠠᠭᠠᠳᠣᠷᠯᠠᠨ ᠪᠠᠶᠢᠯᠳᠣᠵᠦ ᠪᠠᠶᠢᠭᠰᠠᠨ ᠢ ᠬᠢᠳᠠᠳ ᠲᠡᠦᠬᠡᠴᠢ ᠸᠧᠢ ᠶᠣᠸᠠᠨ ᠤ ᠪᠢᠴᠢᠭᠰᠡᠨ ︽ᠪᠣᠭᠳᠠ ᠪᠠᠭᠠᠳᠣᠷ ᠤᠨ ᠳᠡᠮᠳᠡᠭᠯᠡᠯ︾ ᠪᠠ ᠰᠦᠩ ᠪᠦᠸᠧ ᠯᠦ᠂ ᠯᠢ ᠳ᠋ᠧ ᠢ ᠨᠠᠷ ᠤᠨ ᠪᠢᠴᠢᠭᠰᠡᠨ ︽ᠣᠮᠠᠷᠠᠰᠢ ᠳᠠᠶᠢᠯᠠᠭᠰᠠᠨ ᠡᠳᠦᠷ ᠤᠨ ᠳᠡᠮᠳᠡᠭᠯᠡᠯ︾ ᠳᠤ ᠳᠣᠰ ᠳᠣᠰ ᠳᠡᠮᠳᠡᠭᠯᠡᠭᠰᠡᠨ ᠪᠠᠶᠢᠳᠠᠭ᠃ ᠳᠠᠶᠢᠳᠣᠭᠴᠢ ᠬᠤᠶᠠᠷ ᠳᠠᠯ᠎ᠠ ᠭᠠᠯᠳᠣ ᠵᠡᠪᠰᠡᠭ᠂ ᠨᠣᠮᠣ ᠰᠣᠮᠣ ᠪᠠᠷ ᠬᠠᠷᠪᠣᠯᠴᠠᠨ ᠳᠣᠯᠣᠯᠳᠣᠵᠦ᠂ ᠨᠦᠬᠦᠬᠡ ᠳᠠᠯ᠎ᠠ ᠶᠢᠨ ᠢᠶᠠᠨ ᠵᠢᠭᠰᠠᠭᠠᠯ ᠣᠷᠣᠭᠤ ᠳᠠᠭᠠᠷᠢᠵᠦ ᠪᠠᠶᠢᠭᠰᠠᠨ ᠢᠶᠠᠨ᠂ ᠣᠯᠠᠮ ᠢᠶᠠᠷ ᠪᠡᠶ᠎ᠡ ᠪᠡᠶ᠎ᠡ  ᠶᠢᠨ ᠵᠦᠭ ᠣᠶᠢᠷᠠᠳᠣᠨ ᠲᠦᠬᠦᠵᠦ᠂ ᠰᠢᠷᠦᠬᠦᠨ ᠢᠶᠠᠷ ᠬᠠᠳᠬᠤᠯᠳᠣᠨ ᠳᠠᠶᠢᠳᠣᠵᠦ ᠡᠬᠢᠯᠡᠬᠦ ᠳᠤ᠂ ᠠᠨᠣᠳᠠᠷ᠎ᠠ ᠬᠠᠳᠣᠨ ᠭᠠᠯᠳᠠᠨ ᠪᠣᠱᠣᠭᠳᠣ ᠬᠠᠨ ᠯᠤᠭ᠎ᠠ ᠬᠦᠯᠦᠭ  ᠠᠴᠠ ᠪᠠᠨ ᠪᠠᠭᠤᠨ᠂ ᠶᠠᠪᠠᠭᠠᠨ ᠢᠶᠠᠷ ᠬᠤᠰᠢᠭᠤᠴᠢᠯᠠᠨ ᠪᠠᠶᠢᠯᠳᠣᠵᠦ ᠪᠠᠶᠢᠭᠠᠳ᠂ ᠦᠬᠡᠷ ᠫᠣᠣ ᠶᠢᠨ ᠰᠣᠮᠣᠨ ᠳᠤ ᠵᠠᠪᠰᠢᠶᠠᠨ ᠪᠣᠰᠣ ᠪᠠᠷ ᠣᠨᠣᠭᠳᠠᠨ ᠨᠠᠰᠣ ᠪᠠᠷᠠᠪᠠ᠃ ᠮᠠᠨᠵᠦ ᠴᠢᠩ ᠣᠯᠣᠰ ᠤᠨ ᠴᠡᠷᠢᠭ ᠠᠷᠭ᠎ᠠ ᠮᠡᠭᠡ ᠬᠡᠷᠡᠭᠯᠡᠵᠦ᠂ ᠰᠡᠮ ᠢᠶᠠᠷ ᠴᠡᠷᠢᠭ ᠢᠯᠡᠬᠡᠨ᠂ ᠣᠶᠢᠷᠠᠳ ᠴᠡᠷᠢᠭ ᠤᠨ ᠠᠷᠣ ᠳᠠᠯ᠎ᠠ ᠶᠢᠨ ᠠᠭᠤᠷᠤᠭ ᠢ ᠳᠣᠪᠳᠣᠯᠣᠨ ᠳᠠᠭᠠᠷᠢᠭᠰᠠᠨ ᠳᠤ᠂ ᠣᠶᠢᠷᠠᠳ ᠴᠡᠷᠢᠭ ᠤᠳ ᠶᠡᠬᠡᠳᠡ ᠬᠡᠯᠮᠡᠨ ᠨᠦᠷᠢᠨ ᠪᠠᠶᠢᠯᠳᠣᠬᠤ ᠰᠡᠳᠬᠢᠯ ᠦᠬᠡᠢ ᠪᠣᠯᠵᠦ᠂ ᠬᠤᠶᠢᠨ᠎ᠠ ᠬᠤᠶᠢᠨ᠎ᠠ ᠠᠴᠠ ᠪᠠᠨ ᠪᠠᠶᠢᠯᠳᠣᠭᠠᠨ ᠤ ᠪᠠᠶᠢᠷᠢ ᠠᠴᠠ ᠣᠬᠤᠷᠢᠨ ᠭᠠᠷᠴᠠᠢ᠃ ᠴᠡᠷᠢᠭ ᠮᠣᠷᠢ ᠶᠡᠬᠡᠪᠡᠷ ᠬᠤᠬᠢᠷᠠᠵᠦ᠂ ᠵᠢᠭᠰᠠᠭᠠᠯ ᠤᠨ ᠬᠦᠯ ᠠᠯᠳᠠᠭᠳᠠᠭᠰᠠᠨ᠎ᠠ᠂ ᠭᠠᠯᠳᠠᠨ ᠪᠣᠱᠣᠭᠳᠣ ᠬᠠᠨ ᠴᠦᠬᠡᠨ ᠳᠣᠭᠠᠨ ᠤ ᠴᠡᠷᠢᠭ ᠢᠶᠠᠨ ᠠᠪᠣᠨ᠂ ᠲᠡᠷᠡᠯᠵᠢ ᠶᠢᠨ ᠠᠮᠠ ᠪᠠᠷ ᠵᠢᠭᠤᠳᠠᠨ ᠭᠠᠷᠣᠭᠠᠳ᠂ ᠳᠠᠮᠢᠷ ᠤᠨ ᠭᠤᠣᠯ ᠢ ᠴᠢᠭᠯᠡᠨ ᠶᠠᠪᠣᠵᠠᠢ᠃ ᠳᠡᠭᠡᠭᠡᠳ ᠣᠳᠠᠯ ᠦᠬᠡᠢ ᠡᠪᠡᠳᠴᠢᠨ ᠤ ᠣᠯᠠᠮ  ᠢᠶᠠᠷ ᠨᠠᠰᠣ ᠪᠠᠷᠠᠭᠰᠠᠨ ᠪᠠᠶᠢᠯ᠎ᠠ᠃
ᠢᠷᠡᠯᠲᠡ᠄ ︽ᠮᠣᠩᠭᠤᠯ ᠦᠨᠳᠦᠰᠦᠳᠡᠨ ᠤ ᠳᠡᠦᠬᠡᠨ ᠳᠠᠬᠢ ᠰᠣᠳᠣᠨ ᠪᠦᠰᠡᠭᠦᠶᠢᠴᠣᠳ ᠤᠨ ᠴᠠᠳᠢᠭ ᠤᠨ ᠳᠣᠪᠴᠢᠶᠠᠨ︾ ᠠᠴᠠ