ᠮᠤᠩᠭᠤᠯ ᠤᠨ ᠲᠡᠥᠬᠡᠨᠡ 13 ᠳ᠋ᠤᠭᠠᠷ ᠵᠠᠭᠤᠨ ᠤ ᠰᠡᠭᠦᠯ ᠤᠨ ᠬᠠᠭᠠᠰ ᠲᠤ ᠨᠡᠷ᠎ᠡ ᠨᠢ ᠦᠯᠡᠳᠡᠭᠰᠡᠨ ᠲᠡᠥᠬᠡᠨ ᠲᠤᠮᠦᠬᠠᠨ ᠬᠤᠪᠢ ᠬᠦᠮᠦᠰ ᠤᠨ ᠨᠢᠭᠡ ᠪᠣᠯ | ᠬᠠᠨ ᠬᠦᠥ ᠬᠠᠶᠢᠳᠦ ᠶᠤᠮ᠃ ᠴᠤᠬᠤᠮ ᠳᠠᠭᠠᠨ ᠦᠭᠡᠳᠠᠢ ᠬᠠᠭᠠᠨ ᠤ ᠶᠡᠭᠡ ᠬᠠᠲᠤᠨ ᠲᠦᠷᠬᠡᠨ᠎ᠡ ᠶᠢᠨ ᠲᠠᠪᠤᠲᠤᠭᠠᠷ ᠬᠥᠥ ᠬᠠᠰ ᠤᠨ ᠭᠠᠭᠴᠠ ᠭᠥᠥ ᠨᠢ ᠬᠠᠶᠢᠳᠤ | ᠪᠦᠯᠦᠭᠡ᠃ ᠬᠠᠶᠢᠳᠦ 1235 ᠤᠨ ᠳᠤ ᠲᠦᠷᠦᠵᠦ᠂ ᠴᠢᠩᠭᠢᠰ ᠬᠠᠭᠠᠨ ᠤ ᠤᠷᠳᠦ ᠦᠷᠭᠦᠭᠡᠨ ᠳᠤ ᠦᠰᠴᠦ ᠲᠤᠷᠨᠢᠭᠠᠳ᠂ ᠦᠭᠡᠳᠠᠢ ᠬᠠᠭᠠᠨ ᠢ ᠨᠠᠰᠦ ᠪᠠᠷᠠᠭᠰᠠᠨ | ᠤ ᠳᠠᠷᠠᠭ᠎ᠠ ᠮᠥᠡᠭᠬᠡ ᠬᠠᠭᠠᠨ ᠤ ᠲᠡᠷᠭᠡᠲᠡ ᠠᠯᠪᠠ ᠬᠠᠰᠢᠵᠦ ᠪᠠᠶᠢᠬᠤ ᠳᠠᠭᠠᠨ ᠡᠷ᠎ᠡ ᠴᠡᠷᠢᠭ ᠪᠤᠯᠤᠨ ᠲᠦᠯᠤᠪᠰᠢᠵᠦ᠂ ᠪᠠᠲᠦ ᠬᠠᠭᠠᠨ ᠤ ᠤᠳᠤᠷᠢᠳᠴᠦ | ᠶᠠᠪᠤᠭᠤᠯᠤᠭᠰᠠᠨ ᠠᠶᠠᠨ ᠳᠠᠶᠢᠨ ᠳᠤ ᠤᠷᠤᠯᠴᠠᠬᠤ ᠪᠤᠯᠵᠠᠢ᠃ ᠤᠷᠤᠰ ᠨᠤᠲᠤᠭ ᠲᠤ ᠲᠡᠷᠡ ᠪᠠᠷ ᠰᠦᠪᠡᠭᠡᠳᠠᠢ ᠪᠠᠭᠠᠲᠦᠷ᠂ ᠪᠤᠷᠤᠨᠳᠠᠢ ᠵᠠᠩᠵᠤᠨ ᠨᠠᠷ ᠤᠨ ᠴᠡᠷᠢᠭ | ᠲᠠᠶᠢᠨ ᠤ ᠭᠠᠷᠮᠠᠭᠠᠢ ᠦᠢᠯᠡ ᠬᠡᠷᠡᠭ ᠲᠤ ᠭᠠᠵᠠᠷ ᠲᠡᠭᠡᠷ᠎ᠡ ᠠᠴᠠ ᠨᠢ ᠰᠤᠷᠤᠯᠴᠠᠨ ᠤᠯᠠᠮ ᠢᠶᠠᠷ ᠤᠷᠤᠰ ᠤᠷᠤᠨ ᠢ ᠡᠪᠤᠳᠦᠭ ᠰᠦᠭᠦᠳᠭᠡᠭᠰᠡᠨ ᠮᠤᠩᠭᠤᠯ ᠤᠨ ᠮᠤᠷᠢᠨ | ᠴᠡᠷᠢᠭ ᠵᠡᠭᠦᠨ ᠪᠤᠯᠤᠨ ᠲᠥᠪ ᠡᠸᠦ᠋ᠷᠦᠫᠡ ᠳᠤ ᠨᠡᠪᠲᠡᠷᠡᠨ ᠤᠷᠤᠬᠤ ᠳᠤ ᠪᠠᠶᠢᠳᠠᠷ ᠬᠠᠨ ᠤ ᠬᠠᠮᠲᠦ ᠮᠤᠩᠭᠤᠯ ᠤᠨ ᠨᠢᠭᠡ ᠵᠠᠮ ᠤᠨ ᠴᠡᠷᠢᠭ ᠢ ᠠᠬᠠᠯᠠᠨ ᠫᠤᠯᠱᠠ ᠳᠤ | ᠳᠠᠭᠠᠷᠢᠨ ᠤᠷᠤᠭᠰᠠᠨ ᠪᠠᠶᠢᠨ᠎ᠠ᠃ ᠲᠡᠲᠡᠨ ᠤ ᠦᠭᠡᠳᠡ ᠠᠴᠠ ᠫᠤᠯᠱᠠ ᠶᠢᠨ ᠭᠤᠷᠪᠠᠨ ᠠᠷᠮᠢ ᠰᠦᠷᠦᠨ ᠪᠠᠶᠢᠯᠳᠤᠭᠰᠠᠨ ᠴᠦ ᠭᠤᠷᠪᠠᠭᠤᠯᠠ ᠪᠠᠨ ᠬᠢᠶᠠᠷᠠᠵᠦ | ᠰᠤᠶᠢᠷᠡᠲᠡᠯᠡ ᠪᠠᠨ ᠴᠤᠬᠢᠭᠤᠯᠪᠠ᠃ 1241 ᠤᠨ ᠤ ᠭᠤᠷᠪᠠᠳᠤᠭᠠᠷ ᠰᠠᠷ᠎ᠠ ᠶᠢᠨ 24 ᠳᠤ ᠪᠤᠭᠤᠷᠤᠯ ᠡᠷᠲᠡᠨ ᠤ ᠲᠡᠥᠬᠡᠲᠦ ᠫᠤᠯᠱᠠ ᠶᠢᠨ ᠺᠷᠠᠺᠥᠸ᠋ ᠬᠤᠲᠠ ᠶᠢ | ᠡᠵᠡᠯᠡᠨ ᠲᠤᠶᠢᠪᠡᠭᠡᠭᠡᠳ᠂ ᠲᠦᠷᠪᠡᠲᠤᠭᠡᠷ ᠰᠠᠷ᠎ᠠ ᠶᠢᠨ 8 ᠤ ᠡᠳᠦᠷ ᠪᠠᠶᠢᠳᠠᠷ᠂ ᠬᠠᠶᠢᠲᠦ ᠨᠠᠷ ᠴᠡᠷᠢᠭ ᠢᠶᠠᠨ ᠯᠢᠭᠨᠢᠽ ᠤᠨ ᠳᠡᠷᠭᠡᠳᠡ ᠲᠦᠪᠯᠡᠷᠡᠭᠦᠯᠦᠨ ᠭᠧᠷᠮᠠᠨ᠂ | ᠫᠤᠯᠱᠠ ᠶᠢᠨ ᠴᠤᠥᠲᠠᠢ ᠷᠢᠼᠠᠷᠢ ᠤᠳ ᠢ ᠲᠤᠰᠪᠠ᠃ | ᠬᠦᠨᠳᠦ ᠵᠡᠪᠰᠡᠭ ᠢᠶᠠᠷ ᠦᠪᠴᠢ ᠳᠣᠨᠣᠭᠯᠠᠭᠳᠠᠭᠰᠠᠨ ᠷᠢᠼᠠᠷᠢ ᠤᠳ ᠡᠬᠢᠯᠡᠭᠡᠳ ᠲᠠᠺᠲ᠋ᠢᠺ ᠤᠨ ᠠᠮᠵᠢᠯᠳᠠ ᠳᠤ ᠬᠦᠷᠴᠦ ᠳᠣᠯᠣᠯᠳᠣᠭᠠᠨ ᠳᠤ ᠲᠦᠷᠦᠬᠦᠯᠡᠨ | ᠣᠷᠣᠭᠰᠠᠨ ᠪᠠᠶᠢᠳᠠᠷ ᠬᠠᠨ ᠤ ᠴᠡᠷᠢᠭ ᠢ ᠶᠡᠬᠡᠳᠡ ᠰᠢᠬᠠᠨ ᠣᠬᠤᠷᠢᠭᠠᠭᠰᠠᠨ ᠪᠣᠯᠪᠠᠴᠣ ᠡᠨᠡ ᠦᠶ᠎ᠡ ᠳᠤ ᠣᠳᠣᠯᠳᠠᠨ ᠳᠤ ᠬᠦᠯᠢᠶᠡᠵᠦ ᠪᠠᠶᠢᠭᠰᠠᠨ ᠬᠠᠶᠢᠳᠣ ᠶᠢᠨ | ᠲᠦᠮᠡᠳᠦ ᠳᠡᠳᠡᠨ ᠤ ᠬᠠᠵᠠᠭᠤ ᠪᠦᠭᠡᠷᠡᠨ ᠠᠴᠠ ᠬᠠᠮᠣᠨ ᠴᠣᠬᠢᠵᠦ᠂ ᠪᠦᠷᠢᠮᠦᠰᠦᠨ ᠰᠦᠢᠷᠡᠭᠦᠯᠦᠭᠰᠡᠨ ᠪᠠᠶᠢᠨ᠎ᠠ᠃ ᠠᠳᠡ ᠠᠴᠠ ᠬᠠᠶᠢᠳᠣ ᠦᠪᠡᠷ ᠤᠨ ᠣᠳᠣᠷᠢᠳᠣᠭᠰᠠᠨ | ᠴᠡᠷᠢᠭ ᠤᠨ ᠨᠢᠬᠡ ᠬᠡᠰᠡᠭ ᠢ ᠣᠮᠠᠷ᠎ᠠ ᠵᠦᠭ ᠢᠯᠡᠬᠡᠬᠦ ᠳᠤ ᠯᠢᠲ᠋ᠣᠸ᠋ ᠤᠨ ᠨᠣᠳᠤᠭ ᠲᠤ ᠴᠦᠮᠦᠷᠡᠨ ᠣᠷᠣᠵᠦ᠂ ᠦᠬᠡᠳᠡ ᠠᠴᠠ ᠨᠢ ᠰᠦᠷᠴᠦ ᠪᠠᠶᠢᠯᠳᠣᠭᠰᠠᠨ ᠯᠢᠲ᠋ᠣᠸ᠋ | ᠤᠨ ᠴᠡᠷᠢᠭ ᠢ ᠪᠣᠳᠠ ᠴᠣᠬᠢᠵᠦ᠂ ᠣᠯᠠᠮ ᠢᠶᠠᠷ ᠳᠣᠷᠣᠨᠠᠳᠣ ᠫᠷᠦ᠋ᠰ ᠤᠨ ᠡᠰᠡᠷᠬᠦᠴᠡᠯ ᠢ ᠨᠣᠭᠤ ᠳᠠᠷᠣᠨ ᠫᠣᠮᠧᠷᠠᠨ᠂ ᠦᠷᠦᠨ᠎ᠡ ᠫᠣᠯᠱᠠ ᠪᠠᠷ ᠳᠠᠮᠵᠢᠨ ᠯᠢᠭᠨᠢᠼ ᠣᠷᠣᠭᠤ | ᠪᠣᠴᠠᠵᠦ ᠢᠷᠡᠪᠡ᠃ ᠲᠡᠳᠡ ᠡᠬᠦᠷᠬᠡ ᠪᠠᠨ ᠪᠡᠶᠡᠯᠡᠬᠦᠯᠵᠡᠢ᠃ ᠣᠮᠠᠷ᠎ᠠ ᠵᠦᠭ ᠪᠠᠯᠲ ᠤᠨ ᠳᠠᠯᠠᠢ ᠬᠦᠷᠳᠡᠯᠡᠬᠢ ᠨᠣᠳᠤᠭ ᠲᠤ ᠮᠣᠩᠭᠤᠯ ᠴᠡᠷᠢᠭ ᠤᠨ ᠬᠤᠶᠠᠷ ᠵᠢᠬᠦᠷ ᠲᠤ | ᠵᠠᠨᠣᠯᠬᠢᠯᠠᠬᠤ ᠭᠠᠭᠴᠠ ᠴᠦ ᠳᠠᠶᠢᠰᠣᠨ ᠡᠳᠡᠭᠡᠳ ᠦᠯᠡᠳᠡᠭᠰᠡᠨ ᠦᠬᠡᠢ᠃ ᠡᠨᠡ ᠦᠶ᠎ᠡ ᠳᠤ ᠪᠠᠶᠢᠯᠳᠣᠬᠤ ᠴᠢᠳᠠᠪᠣᠷᠢ ᠲᠠᠢ ᠴᠣᠷᠢ ᠶᠢᠨ ᠭᠠᠭᠴᠠ ᠴᠡᠷᠢᠭ ᠨᠢ ᠰᠠᠺᠰᠣᠨ᠂ | ᠲᠶᠦ᠋ᠷᠢᠨᠬᠢ ᠳᠤ ᠲᠦᠪᠯᠡᠷᠡᠵᠦ ᠪᠠᠶᠢᠭᠰᠠᠨ ᠪᠣᠯᠪᠠᠴᠣ ᠬᠠᠶᠢᠳᠣ ᠳᠠᠶᠢᠰᠣᠨ ᠡᠳᠡᠭᠡᠳ ᠦᠪᠡᠷᠰᠡᠳ ᠢ ᠨᠢ ᠠᠮᠠᠳᠠᠵᠦ ᠪᠣᠢ ᠦᠷᠦᠨ᠎ᠡ ᠵᠦᠭ ᠳᠠᠪᠰᠢᠯ ᠦᠬᠡᠢ ᠪᠠᠷ | ᠡᠮᠦᠨ᠎ᠡ ᠡᠳᠡᠭᠡᠳ ᠣᠷᠣᠭᠤ ᠣᠭᠵᠣᠮ ᠡᠷᠬᠢᠵᠦ᠂ ᠮᠣᠷᠠᠸᠢ ᠳᠤ ᠴᠦᠮᠦᠷᠡᠨ ᠣᠷᠣᠪᠠ᠃ ᠭᠡᠨᠡᠳᠡᠬᠦᠯᠬᠦ ᠡᠨᠡ ᠠᠷᠭ᠎ᠠ ᠪᠦᠷᠢᠨ ᠵᠦᠪᠳᠡᠵᠦ ᠭᠠᠷ ᠬᠤᠭᠤᠰᠣᠨ ᠮᠣᠷᠠᠸᠢ | ᠳᠡᠳᠡᠨ ᠤ ᠬᠢᠯᠪᠠᠷ ᠣᠯᠵᠠ ᠪᠣᠯᠣᠭᠰᠠᠨ ᠠᠭᠠᠳ ᠬᠠᠷᠢᠨ ᠰᠠᠺᠠᠰᠣᠨ ᠠᠴᠠ ᠸᠧᠨᠼᠧᠯ ᠸᠠᠩ ᠤᠨ ᠣᠳᠣᠷᠢᠳᠣᠭᠰᠠᠨ ᠴᠡᠷᠢᠭ ᠮᠣᠷᠠᠸᠢ ᠬᠦᠷᠬᠦ ᠬᠡᠭᠰᠡᠭᠡᠷ ᠪᠠᠶᠢᠳᠠᠯ᠎ᠠ | ᠲᠡᠷᠡᠬᠦ ᠪᠠᠶᠠᠨ ᠴᠢᠨᠡᠬᠡᠯᠢᠭ ᠣᠷᠣᠨ ᠪᠦᠷᠢᠨ ᠲᠦᠢᠪᠡᠭᠡᠭᠳᠡᠵᠦ ᠴᠡᠴᠡᠭᠯᠡᠨ ᠬᠦᠭᠵᠢᠵᠦ ᠪᠠᠶᠢᠭᠰᠠᠨ ᠲᠷᠣᠫᠠᠣ᠋᠂ ᠨᠣᠶᠢᠰᠲ᠋ᠠᠳ᠋ᠲ᠂ ᠪᠷᠣᠶᠢᠳ᠋ᠸᠠᠲ᠋ᠠᠯ ᠵᠡᠷᠭᠡ ᠬᠤᠳᠠ ᠤᠳ | ᠡᠵᠡᠯᠡᠨ ᠳᠣᠨᠣᠭᠳᠠᠪᠠ᠃ ᠠᠳᠡ ᠠᠴᠠ ᠬᠠᠶᠢᠳᠣ ᠶᠢᠨ ᠮᠣᠩᠭᠤᠯ ᠴᠡᠷᠢᠭ ᠣᠩᠭᠠᠷ ᠲᠤ ᠬᠦᠷᠦᠯᠴᠡᠨ ᠣᠴᠢᠵᠦ᠂ ᠪᠠᠳᠣ ᠲᠠᠢ ᠨᠡᠶᠢᠯᠡᠵᠡᠢ᠃ ᠡᠨᠡ ᠦᠶ᠎ᠡ ᠳᠤ ᠦᠬᠡᠳᠡᠢ | ᠬᠠᠭᠠᠨ ᠨᠠᠰᠣ ᠪᠠᠷᠠᠭᠰᠠᠨ ᠮᠡᠳᠡᠭᠡ ᠢᠷᠡᠭᠰᠡᠨ ᠳᠣᠯᠠ ᠶᠡᠭᠡ ᠴᠡᠷᠢᠭ ᠢ ᠬᠡᠳᠡᠷᠬᠦ ᠪᠣᠴᠠᠭᠠᠬᠤ ᠰᠢᠢᠳᠪᠦᠷᠢ ᠭᠠᠷᠭᠠᠭᠰᠠᠨ ᠪᠢᠯᠡ᠃ | ᠡᠸᠦ᠋ᠷᠦᠫᠡ ᠳᠤ ᠬᠢᠭᠰᠡᠨ ᠳᠠᠶᠢᠨ ᠤ ᠳᠠᠷᠠᠭ᠎ᠠ ᠶᠡᠭᠡ ᠬᠠᠭᠠᠨ ᠢ ᠰᠠᠭᠤᠷᠢ ᠳᠤ ᠵᠠᠯᠠᠬᠤ ᠶᠣᠰᠣᠯᠠᠯ ᠣᠯᠠᠨ ᠵᠢᠯ ᠣᠵᠢᠭᠷᠠᠨ ᠰᠠᠭᠠᠳᠠᠬᠤ ᠪᠣᠯᠵᠦ ᠬᠦᠶᠦᠭ | ᠬᠠᠭᠠᠨ ᠤ ᠪᠣᠭᠤᠨᠢ ᠬᠤᠭᠤᠴᠠᠭᠠᠨ ᠳᠤ ᠲᠦᠷᠦ ᠪᠠᠷᠢᠭᠰᠠᠨ ᠤ ᠳᠠᠷᠠᠭ᠎ᠠ ᠦᠬᠡᠳᠡᠢ᠂ ᠴᠠᠭᠠᠳᠠᠢ ᠶᠢᠨ ᠣᠳᠣᠮ ᠤᠨ ᠬᠢᠨ ᠮᠦᠩᠬᠡ ᠬᠠᠭᠠᠨ ᠤ ᠡᠰᠡᠷᠬᠦ ᠪᠣᠰᠣᠯᠭ᠎ᠠ | ᠭᠠᠷᠭᠠᠵᠦ ᠦᠢ ᠣᠯᠠᠨ ᠢᠶᠠᠷ ᠢᠶᠠᠨ ᠪᠠᠷᠢᠭᠳᠠᠨ ᠴᠠᠭᠠᠵᠠᠯᠠᠭᠳᠠᠨ ᠬᠤᠷᠣᠭᠠᠭᠳᠠᠬᠤ ᠳᠤ ᠬᠠᠶᠢᠳᠣ ᠡᠸᠦ᠋ᠷᠦᠫᠡ ᠳᠤ ᠬᠢᠭᠰᠡᠨ ᠳᠠᠶᠢᠨ ᠳᠤ ᠣᠷᠣᠯᠴᠠᠵᠦ᠂ ᠯᠢᠭᠨᠢᠼ ᠤᠨ | ᠳᠣᠯᠣᠯᠳᠣᠭᠠᠨ ᠤ ᠪᠠᠭᠠᠳᠣᠷ ᠬᠡᠮᠡᠨ ᠦᠷᠦᠰᠢᠶᠡᠭᠳᠡᠵᠦ᠂ ᠲᠠᠷᠪᠠᠭᠠᠳᠠᠢ ᠶᠢᠨ ᠨᠢᠷᠣᠭᠤ ᠬᠠᠪᠢ ᠪᠠᠷ ᠨᠣᠳᠣᠭᠯᠠᠬᠤ ᠪᠣᠯᠵᠦ᠂ ᠨᠢᠬᠡ ᠶᠣᠰᠣᠨ ᠳᠠᠭᠠᠨ ᠨᠣᠳᠤᠭ | ᠵᠢᠭᠠᠭᠳᠠᠭᠰᠠᠨ ᠬᠡᠳᠡᠭ᠃ ᠬᠠᠶᠢᠳᠣ ᠡᠬᠢᠯᠡᠭᠡᠳ ᠣᠯᠠᠨ ᠴᠡᠷᠢᠭ᠂ ᠠᠯᠪᠠᠳᠣ ᠢᠷᠭᠡᠨ ᠦᠬᠡᠢ ᠪᠠᠶᠢᠪᠠ᠃ ᠬᠡᠬᠦ ᠳᠡᠭᠡᠨ ᠣᠬᠠᠭᠠᠯᠢᠭ᠂ ᠠᠪᠢᠶᠠᠰᠣᠯᠢᠭ ᠪᠠᠰᠠ ᠵᠠᠯᠢᠵᠢᠨ | ᠬᠦᠮᠦᠨ ᠪᠠᠶᠢᠭᠰᠠᠨ ᠳᠣᠯᠠ ᠪᠦᠬᠦᠨ ᠢ ᠠᠮᠵᠢᠭᠤᠯᠵᠦ ᠠᠳᠡ ᠳᠡᠨᠳᠡ ᠠᠴᠠ ᠬᠡᠳᠦᠨ ᠵᠠᠭᠤ ᠪᠠᠷ ᠴᠡᠷᠢᠭ ᠴᠣᠭᠯᠠᠭᠤᠯᠣᠭᠰᠠᠭᠠᠷ ᠡᠴᠦᠰ ᠲᠡᠭᠡᠨ ᠶᠡᠬᠡᠬᠡᠨ ᠬᠦᠴᠦ ᠲᠠᠢ | ᠪᠣᠯᠵᠠᠢ᠃ ᠬᠤᠪᠢᠯᠠᠢ ᠬᠠᠭᠠᠨ ᠬᠢᠳᠠᠳ ᠲᠤ ᠠᠵᠦ ᠲᠦᠷᠦᠨ ᠡᠮᠦᠨᠡᠳᠦ ᠬᠢᠳᠠᠳ ᠢ ᠡᠵᠡᠯᠡᠬᠦ ᠬᠡᠵᠦ ᠳᠠᠶᠢᠳᠣᠭᠰᠠᠨ᠂ ᠨᠣᠳᠤᠭ ᠠᠯᠣᠰᠳᠠᠭᠰᠠᠨ ᠵᠡᠷᠭᠡ ᠨᠢ ᠬᠠᠶᠢᠳᠣ ᠳᠤ | ᠪᠡᠶ᠎ᠡ ᠳᠠᠭᠠᠭᠠᠨ ᠦᠢᠯᠡ ᠠᠵᠢᠯ ᠢᠶᠠᠨ ᠬᠡᠨ ᠳᠤ ᠴᠦ ᠵᠠᠬᠢᠷᠣᠭᠳᠠᠬᠤ ᠦᠬᠡᠢ ᠶᠠᠪᠣᠭᠤᠯᠬᠤ ᠳᠠᠭᠠᠳᠠᠢ ᠪᠣᠯᠣᠮᠵᠢ ᠶᠢ ᠣᠯᠭᠤᠵᠠᠢ᠃ ᠬᠠᠶᠢᠳᠣ ᠦᠪᠡᠷ ᠢᠶᠠᠨ ᠬᠦᠴᠦᠷᠬᠡᠭ | ᠴᠡᠷᠢᠭ ᠲᠠᠢ ᠪᠣᠯᠣᠭᠠᠳ ᠵᠣᠭᠰᠣᠬᠤ ᠦᠬᠡᠢ ᠠᠯᠳᠠᠨ ᠣᠷᠳᠣᠨ ᠤ ᠣᠯᠣᠰ ᠤᠨ ᠡᠵᠡᠨ ᠨᠣᠶᠠᠳ ᠲᠠᠢ ᠬᠤᠯᠪᠣᠭ᠎ᠠ ᠳᠣᠭᠳᠠᠭᠠᠨ᠂ ᠳᠡᠳᠡᠨ ᠤ ᠳᠡᠮᠵᠢᠯᠬᠡ ᠪᠠᠷ ᠴᠠᠭᠠᠳᠠᠢ | ᠶᠢᠨ ᠣᠯᠣᠰ ᠤᠨ ᠵᠠᠷᠢᠮ ᠬᠡᠰᠡᠭ ᠢ ᠡᠷᠬᠡᠰᠢᠶᠡᠯ ᠳᠡᠭᠡᠨ ᠣᠷᠣᠭᠤᠯᠵᠠᠢ᠃ ᠳᠡᠭᠡᠭᠡᠳ ᠬᠠᠥᠯᠢ ᠪᠣᠰᠣ ᠪᠠᠷ ᠬᠠᠭᠠᠨ ᠰᠢᠷᠡᠭᠡ ᠶᠢ ᠡᠵᠡᠯᠡᠭᠰᠡᠨ᠂ ᠨᠡᠶᠢᠰᠯᠡᠯ ᠢᠶᠠᠨ ᠬᠠᠷ᠎ᠠ | ᠬᠤᠷᠣᠮ ᠠᠴᠠ ᠰᠢᠯᠵᠢᠬᠦᠯᠵᠦ᠂ ᠬᠢᠳᠠᠳ ᠤᠨ ᠬᠤᠳᠠ ᠳᠤ ᠦᠷᠭᠦᠭᠡᠯᠡᠬᠦ ᠪᠣᠯᠣᠭᠰᠠᠨ᠂ ᠣᠯᠣᠰ ᠤᠨ ᠨᠡᠷ᠎ᠡ ᠶᠢ ᠬᠢᠳᠠᠳ ᠦᠬᠡ ᠪᠠᠷ ᠦᠭᠡᠷᠡᠴᠢᠯᠡᠭᠰᠡᠨ ᠵᠡᠷᠭᠡ ᠳᠤ | ᠬᠤᠪᠢᠯᠠᠢ ᠶᠢᠨ ᠦᠢᠯᠡ ᠠᠵᠢᠯᠯᠠᠭ᠎ᠠ ᠶᠢ ᠡᠬᠢᠨ ᠠᠴᠠ ᠨᠢ ᠡᠰᠡᠷᠬᠦᠴᠡᠨ ᠳᠡᠮᠡᠴᠡᠵᠡᠢ᠃ ᠵᠦᠴᠢ᠂ ᠴᠠᠭᠠᠳᠠᠢ᠂ ᠦᠬᠡᠳᠡᠢ ᠶᠢᠨ ᠣᠳᠣᠮ ᠤᠨ ᠣᠯᠠᠨ ᠬᠠᠨ ᠬᠦᠪᠡᠭᠦᠳ | ᠡᠨᠡᠬᠦ ᠳᠡᠮᠡᠴᠡᠯ ᠳᠤ ᠪᠡᠶ᠎ᠡ ᠪᠠᠷ ᠢᠶᠠᠨ᠂ ᠰᠡᠳᠬᠢᠯ ᠢᠶᠠᠷ ᠢᠶᠠᠨ᠂ ᠴᠡᠷᠢᠭ ᠵᠡᠪᠰᠡᠭ ᠢᠶᠠᠷ ᠳᠡᠮᠵᠢᠨ ᠳᠣᠰᠠᠯᠠᠵᠦ ᠪᠠᠶᠢᠭᠰᠠᠨ ᠣᠴᠢᠷ ᠬᠠᠶᠢᠳᠣ ᠬᠦᠴᠦ ᠶᠢ ᠣᠯᠣᠨ᠂ ᠬᠢᠳᠠᠳ | ᠤᠨ ᠣᠯᠠᠨ ᠰᠠᠶ᠎ᠠ ᠬᠦᠮᠦᠨ ᠠᠮᠠ ᠲᠠᠢ᠂ ᠬᠦᠴᠦᠷᠭᠡᠭ ᠡᠳ᠋ ᠤᠨ ᠵᠠᠰᠠᠭ ᠢ ᠭᠠᠷ ᠳᠠᠭᠠᠨ ᠣᠷᠣᠭᠤᠯᠣᠭᠰᠠᠨ ᠶᠡᠭᠡ ᠬᠦᠷᠦᠨ ᠤ ᠡᠵᠡᠨ ᠬᠤᠪᠢᠯᠠᠢ ᠶᠢᠨ ᠡᠰᠡᠷᠬᠦ 30 | ᠭᠠᠷᠣᠢ ᠵᠢᠯ ᠳᠡᠮᠡᠴᠡᠨ ᠳᠡᠰᠴᠦ ᠴᠢᠳᠠᠭᠰᠠᠨ ᠪᠢᠯᠡ᠃ | ᠬᠠᠶᠢᠳᠣ ᠣᠬᠠᠭᠠᠯᠢᠭ ᠬᠦᠮᠦᠨ ᠣᠴᠢᠷ ᠬᠦᠴᠦᠷᠬᠡᠭ ᠬᠠᠭᠠᠨ ᠬᠤᠪᠢᠯᠠᠢ ᠲᠠᠢ ᠳᠡᠮᠡᠴᠡᠬᠦ ᠶᠢᠨ ᠳᠣᠯᠠᠳᠠ ᠪᠠᠰᠠ ᠬᠦᠴᠦᠷᠬᠡᠭ ᠣᠯᠣᠰ ᠵᠦᠴᠢ ᠶᠢᠨ ᠣᠳᠣᠮ ᠤᠨ | ᠡᠵᠡᠨ ᠪᠡᠷᠭᠡ ᠶᠢ ᠲᠦᠰᠢᠵᠡᠢ᠃ ᠪᠡᠷᠬᠡ᠂ ᠬᠠᠶᠢᠳᠣ ᠨᠠᠷ ᠴᠠᠭᠠᠳᠠᠢ ᠶᠢᠨ ᠣᠯᠣᠰ ᠤᠨ ᠡᠵᠡᠨ ᠠᠯᠬᠤᠢ ᠶᠢ ᠶᠠᠭᠤᠨ ᠲᠦᠷᠦᠬᠦᠨ ᠳᠠᠷᠣᠵᠦ ᠠᠪᠬᠤ ᠶᠢ ᠡᠷᠡᠮᠡᠯᠵᠡᠪᠡ᠃ | ᠦᠨᠡᠨ ᠳᠡᠭᠡᠨ ᠪᠣᠯ ᠬᠠᠶᠢᠳᠣ ᠠᠯᠬᠤᠢ ᠲᠠᠢ ᠳᠡᠮᠡᠴᠡᠬᠦ ᠠᠴᠠ ᠠᠷᠭ᠎ᠠ ᠦᠬᠡᠢ ᠪᠠᠶᠢᠪᠠ᠃ ᠣᠴᠢᠷ ᠨᠢ ᠶᠡᠭᠡ ᠮᠣᠩᠭᠤᠯ ᠬᠦᠷᠦᠨ ᠤ ᠬᠠᠭᠠᠨ ᠢᠶᠠᠷ ᠠᠯᠪᠠᠨ ᠶᠣᠰᠣᠭᠠᠷ | ᠡᠷᠬᠦᠮᠵᠢᠯᠡᠭᠳᠡᠵᠦ ᠭᠠᠷᠣᠭᠰᠠᠨ ᠠᠷᠢᠭᠪᠦ᠋ᠬᠡ ᠶᠢᠨ ᠬᠤᠪᠢᠯᠠᠢ ᠲᠠᠢ ᠳᠡᠮᠡᠴᠡᠵᠦ ᠢᠯᠠᠭᠳᠠᠬᠤ ᠳᠤ ᠭᠤᠣᠯᠯᠠᠨ ᠨᠦᠯᠦᠭᠡᠯᠡᠭᠰᠡᠨ ᠬᠦᠮᠦᠨ ᠪᠣᠯ ᠠᠯᠬᠤᠢ ᠶᠣᠮ᠃ ᠠᠯᠬᠤᠢ | ᠨᠢᠬᠡ ᠨᠣᠶᠠᠨ ᠢᠶᠠᠷ ᠢᠶᠠᠨ ᠴᠡᠷᠢᠭ ᠢᠶᠠᠨ ᠳᠣᠯᠣᠭᠠᠶᠢᠯᠠᠭᠤᠯᠣᠨ ᠬᠠᠶᠢᠳᠣ ᠲᠠᠢ ᠳᠣᠯᠣᠯᠳᠣᠭᠤᠯᠬᠤ ᠪᠠᠷ ᠶᠠᠪᠣᠭᠤᠯᠣᠭᠰᠠᠨ ᠳᠤ ᠢᠯᠠᠭᠳᠠᠨ ᠵᠠᠩᠵᠣᠨ ᠨᠢ ᠦᠷᠡᠭᠳᠡᠵᠡᠢ᠃ | ᠳᠠᠷᠠᠭ᠎ᠠ ᠨᠢ ᠠᠯᠬᠤᠢ ᠶᠡᠬᠡᠬᠡᠨ ᠬᠡᠮᠵᠢᠶᠡᠨ ᠤ ᠴᠡᠷᠢᠭ ᠣᠳᠣᠷᠢᠳᠣᠨ ᠪᠠᠶᠢᠯᠳᠣᠭᠠᠳ ᠢᠯᠠᠵᠦ ᠴᠢᠳᠠᠭ᠎ᠠ ᠦᠬᠡᠢ ᠴᠦ ᠬᠠᠶᠢᠳᠣ ᠶᠢᠨ ᠬᠦᠴᠦ ᠶᠢ ᠨᠡᠯᠢᠶᠡᠳ | ᠰᠣᠯᠠᠷᠠᠭᠤᠯᠣᠭᠰᠠᠨ ᠪᠣᠯᠪᠠᠴᠣ 1264 ᠣᠨ ᠳᠤ ᠦᠪᠡᠷ ᠢᠶᠠᠨ ᠨᠠᠰᠣ ᠪᠠᠷᠠᠪᠠ᠃ ᠪᠡᠷᠬᠡ ᠶᠢᠨ ᠳᠠᠷᠠᠭ᠎ᠠ ᠠᠯᠳᠠᠨ ᠣᠷᠳᠣᠨ ᠤ ᠬᠠᠭᠠᠨ ᠰᠢᠷᠡᠭᠡᠨ ᠳᠤ ᠰᠠᠭᠤᠭᠰᠠᠨ | ᠮᠦᠩᠬᠡᠲᠡᠮᠦᠷ ᠤᠨ ᠦᠶ᠎ᠡ ᠳᠤ ᠬᠠᠶᠢᠳᠣ ᠶᠡᠬᠡᠬᠡᠨ ᠬᠦᠴᠦᠷᠭᠡᠭᠵᠢᠭᠰᠡᠨ ᠪᠦᠭᠡᠳ ᠲᠡᠬᠦᠨ ᠤ ᠠᠮᠢᠳᠣᠷᠠᠯ ᠲᠠᠢ ᠬᠤᠯᠪᠣᠭ᠎ᠠ ᠲᠠᠢ ᠬᠡᠳᠦ ᠬᠡᠳᠦᠨ ᠴᠢᠬᠤᠯᠠ ᠦᠢᠯᠡ | ᠶᠠᠪᠣᠳᠠᠯ ᠪᠣᠯᠵᠠᠢ᠃ ᠶᠠᠭᠤᠨ ᠤ ᠡᠮᠦᠨ᠎ᠡ ᠴᠠᠭᠠᠳᠠᠢ ᠶᠢᠨ ᠣᠯᠣᠰ ᠤᠨ ᠡᠵᠡᠮᠰᠢᠯ ᠳᠤ ᠪᠠᠶᠢᠭᠰᠠᠨ ᠳᠣᠯᠣᠭᠠᠨ ᠭᠤᠣᠯ ᠣᠷᠴᠢᠮ ᠤᠨ ᠨᠣᠳᠤᠭ ᠢ ᠬᠠᠶᠢᠳᠣ 1266 ᠣᠨ | ᠳᠤ ᠡᠵᠡᠯᠡᠨ ᠠᠪᠣᠭᠰᠠᠨ ᠶᠣᠮ᠃ | ᠬᠤᠪᠢᠯᠠᠢ ᠬᠠᠭᠠᠨ ᠠᠴᠠ ᠬᠠᠶᠢᠳᠣ ᠶᠢ ᠳᠠᠷᠣᠬᠤ ᠵᠠᠷᠯᠢᠭ ᠠᠪᠣᠭᠰᠠᠨ ᠪᠣᠷᠠᠺ ᠴᠠᠭᠠᠳᠠᠢ ᠶᠢᠨ ᠣᠯᠣᠰ ᠤᠨ ᠬᠠᠭᠠᠨ ᠪᠣᠯᠣᠮᠠᠭᠴᠠ ᠪᠠᠨ ᠬᠠᠶᠢᠳᠣ ᠶᠢᠨ ᠡᠰᠡᠷᠬᠦ | ᠴᠡᠷᠢᠭ ᠢᠶᠠᠨ ᠬᠦᠳᠡᠯᠬᠡᠨ ᠪᠠᠶᠢᠯᠳᠣᠵᠦ ᠡᠬᠢᠯᠡᠭᠡᠳ ᠨᠡᠯᠢᠶᠡᠳ ᠠᠮᠵᠢᠯᠳᠠ ᠣᠯᠣᠭᠰᠠᠨ ᠪᠣᠯᠪᠠᠴᠣ ᠰᠡᠬᠦᠯ ᠳᠤᠨᠢ ᠠᠯᠳᠠᠨ ᠣᠷᠳᠣᠨ ᠤ ᠬᠠᠭᠠᠨ ᠮᠦᠩᠬᠡᠳᠡᠮᠦᠷ ᠤᠨ | ᠢᠯᠡᠭᠡᠭᠰᠡᠨ ᠴᠡᠷᠢᠭ ᠢᠶᠠᠷ ᠬᠦᠴᠦ ᠪᠠᠨ ᠰᠡᠯᠪᠢᠭᠰᠡᠨ ᠬᠠᠶᠢᠳᠣ ᠳᠤ ᠴᠣᠭᠢᠭᠳᠠᠨ ᠣᠬᠤᠷᠢᠵᠠᠢ᠃ ᠡᠴᠦᠰ ᠲᠡᠭᠡᠨ ᠪᠣᠷᠠᠺ᠂ ᠬᠠᠶᠢᠳᠣ᠂ ᠮᠦᠩᠬᠡᠳᠡᠮᠦᠷ ᠨᠠᠷ ᠤᠨ | ᠳᠠᠯᠪᠢᠭᠰᠠᠨ ᠨᠠᠶᠢᠷᠠᠮᠳᠠᠯ ᠤᠨ ᠪᠣᠯᠵᠣᠯ ᠢ ᠬᠦᠯᠢᠶᠡᠨ ᠠᠪᠴᠣ ᠬᠤᠪᠢᠯᠠᠢ ᠶᠢᠨ ᠡᠰᠡᠷᠬᠦ ᠴᠢᠭᠯᠡᠭᠰᠡᠨ ᠳᠠᠯᠠᠰ ᠤᠨ ᠬᠤᠷᠠᠯᠳᠠᠢ ᠬᠡᠵᠦ ᠲᠡᠦᠬᠡᠨ ᠳᠤ ᠨᠡᠷᠡᠯᠡᠬᠦ ᠪᠣᠯᠣᠭᠰᠠᠨ | ᠦᠢᠯᠡ ᠶᠠᠪᠣᠳᠠᠯ ᠢ ᠵᠣᠬᠢᠶᠠᠬᠤ ᠡᠬᠢᠯᠡᠯ ᠢ ᠳᠠᠯᠪᠢᠵᠦ ᠴᠢᠳᠠᠭᠰᠠᠨ ᠪᠠᠶᠢᠨ᠎ᠠ᠃ ᠣᠯᠠᠮ ᠢᠶᠠᠷ ᠪᠣᠷᠠᠺ ᠨᠠᠰᠣ ᠪᠠᠷᠠᠭᠰᠠᠨ ᠤ ᠳᠠᠷᠠᠭ᠎ᠠ ᠴᠠᠭᠠᠳᠠᠢ ᠶᠢᠨ ᠣᠯᠣᠰ ᠢ ᠪᠦᠷᠢᠨ | ᠡᠵᠡᠨ ᠢᠶᠠᠷ ᠬᠠᠶᠢᠳᠣ ᠦᠪᠡᠷ ᠤᠨ ᠲᠦᠯᠦᠬᠡᠨ ᠤ ᠬᠦᠮᠦᠨ ᠪᠣᠯᠬᠤ ᠳ᠋ᠣᠸᠠ ᠶᠢ ᠰᠠᠭᠤᠯᠭᠠᠭᠠᠳ ᠬᠤᠪᠢᠯᠠᠢ ᠶᠢᠨ ᠡᠰᠡᠷᠬᠦ ᠶᠠᠪᠣᠭᠤᠯᠣᠭᠰᠠᠨ ᠪᠠᠶᠢᠯᠳᠣᠭᠠᠨ ᠤ ᠠᠷᠭ᠎ᠠ | ᠲᠠᠺᠲ᠋ᠢᠺ ᠢ ᠣᠷᠢᠳᠣ ᠶᠢᠨ ᠮᠣᠩᠭᠤᠯ ᠠᠶᠢᠮᠠᠭ ᠤᠳ ᠤᠨ ᠳᠣᠯᠣᠭᠠᠶᠢᠯᠠᠭᠴᠢᠳ ᠤᠨ ᠠᠯᠳᠠᠨ ᠣᠯᠣᠰ ᠤᠨ ᠡᠰᠡᠷᠬᠦ ᠬᠢᠭᠰᠡᠨ ᠠᠶᠠᠨ ᠳᠠᠶᠢᠨ ᠤ ᠦᠶ᠎ᠡ ᠶᠢᠨ ᠬᠢ ᠲᠠᠢ | ᠶᠠᠭ ᠠᠳᠠᠯᠢ ᠪᠣᠯᠭᠠᠵᠠᠢ᠃ ᠲᠡᠷᠡ ᠪᠠᠷ ᠦᠪᠡᠷ ᠤᠨ ᠬᠢᠨᠢ ᠬᠠᠨᠢ ᠬᠠᠮᠰᠠᠭᠠᠳᠠᠨ ᠤ ᠬᠢᠨᠢ ᠣᠯᠣᠰ ᠵᠠᠯᠭᠠᠬᠤ ᠲᠦᠷᠺᠧᠰᠲ᠋ᠠᠨ ᠤ ᠠᠭᠤᠳᠠᠮ ᠳᠠᠯ᠎ᠠ᠂ ᠠᠯᠳᠠᠢ ᠶᠢᠨ ᠶᠡᠭᠡ | ᠠᠭᠤᠯᠠᠰ ᠤᠨ ᠠᠮᠠ᠂ ᠰᠠᠯᠠᠭ᠎ᠠ ᠪᠦᠷᠢ ᠠᠴᠠ ᠴᠡᠷᠢᠭ ᠴᠣᠤᠬᠠ ᠴᠣᠭᠯᠠᠭᠤᠯᠵᠦ ᠬᠤᠪᠢᠯᠠᠢ ᠶᠢᠨ ᠬᠦᠷᠦᠨ ᠳᠤ ᠳᠣᠪᠳᠣᠯᠣᠨ ᠢᠷᠡᠵᠡᠢ᠃ ᠡᠨᠡ ᠦᠶ᠎ᠡ ᠳᠤ ᠲᠡᠷᠡ ᠪᠠᠷ | ᠦᠪᠡᠷ ᠢ ᠨᠢ ᠳᠠᠷᠣᠭᠤᠯᠬᠤ ᠪᠠᠷ ᠶᠠᠪᠣᠭᠤᠯᠣᠭᠰᠠᠨ ᠬᠠᠨ ᠬᠦᠦ ᠨᠣᠮᠣᠭᠠᠨ ᠢ ᠣᠯᠵᠠᠯᠠᠨ᠂ ᠯᠢᠶᠣᠣᠳᠦ᠋ᠩ ᠤᠨ ᠵᠠᠬᠢᠷᠣᠭᠴᠢ ᠨᠠᠶᠠᠨ ᠨᠣᠶᠠᠨ ᠢ ᠬᠤᠯᠪᠣᠭᠠᠳᠠᠨ ᠪᠣᠯᠭᠠᠵᠦ | ᠬᠤᠪᠢᠯᠠᠢ ᠶᠢᠨ ᠡᠰᠡᠷᠬᠦ ᠪᠣᠰᠣᠯᠭ᠎ᠠ ᠭᠠᠷᠭᠠᠭᠤᠯᠵᠦ ᠲᠦᠩᠭᠡᠭᠰᠡᠨ ᠨᠢ ᠲᠡᠬᠦᠨ ᠤ ᠦᠢᠯᠡ ᠬᠡᠷᠡᠭ ᠢ ᠠᠮᠵᠢᠯᠳᠠ ᠲᠠᠢ ᠬᠦᠷᠭᠡᠵᠦ ᠴᠦ ᠪᠣᠯᠬᠤ ᠪᠠᠷ ᠪᠠᠶᠢᠳᠠᠯ ᠡᠭᠦᠰᠪᠡ᠃ | ᠳᠡᠭᠡᠬᠦ ᠳᠤᠨᠢ ᠬᠤᠪᠢᠯᠠᠢ ᠮᠦᠨᠦᠬᠡᠨ ᠳᠡᠭᠡᠷ᠎ᠡ ᠦᠶ᠎ᠡ ᠶᠢᠨ ᠠᠯᠳᠠᠨ ᠣᠯᠣᠰ ᠤᠨ ᠬᠠᠭᠠᠳ ᠮᠣᠩᠭᠤᠯ ᠤᠨ ᠠᠶᠢᠮᠠᠭ ᠤᠳ ᠤᠨ ᠡᠰᠡᠷᠬᠦ ᠬᠡᠷᠡᠭᠯᠡᠵᠦ ᠪᠠᠶᠢᠭᠰᠠᠨ | ᠠᠷᠭ᠎ᠠ ᠶᠢ ᠠᠰᠢᠭᠯᠠᠵᠦ ᠣᠷᠢᠳᠣ ᠵᠦᠪᠬᠡᠨ ᠰᠡᠷᠭᠡᠶᠢᠯᠡᠬᠦ ᠠᠩᠬᠢ ᠤᠳ ᠢ ᠶᠡᠭᠡ ᠬᠡᠷᠡᠮ ᠤᠨ ᠳᠠᠭᠠᠣ ᠶᠠᠪᠣᠭᠤᠯᠣᠨ ᠳᠠᠶᠢᠳᠣᠭᠤᠯᠵᠦ ᠨᠡᠭᠦᠳᠡᠯᠴᠢᠨ ᠠᠶᠢᠮᠠᠭ ᠤᠳ ᠢ | ᠪᠦᠰᠡᠯᠡᠨ ᠪᠠᠶᠢᠯᠳᠣᠳᠠᠭ ᠪᠠᠶᠢᠭᠰᠠᠨ ᠪᠣᠯ ᠬᠤᠪᠢᠯᠠᠢ ᠴᠡᠷᠢᠭ ᠢᠶᠠᠨ ᠠᠯᠳᠠᠢ ᠶᠢᠨ ᠣᠩᠭᠤᠨ ᠵᠡᠯᠢᠭᠦᠳ ᠠᠭᠤᠯᠠᠰ ᠳᠡᠶᠢᠰᠢ ᠬᠦᠳᠡᠯᠭᠡᠭᠰᠡᠨ ᠦᠬᠡᠢ᠃ ᠬᠠᠷᠢᠨ ᠬᠠᠶᠢᠳᠣ | ᠶᠢᠨ ᠣᠯᠣᠰ ᠣᠷᠣᠨ ᠢ ᠴᠡᠷᠢᠭ ᠤᠨ ᠠᠩᠬᠢ ᠤᠳ ᠢᠶᠠᠷ ᠪᠦᠰᠡᠯᠡᠨ ᠬᠠᠭᠠᠬᠤ ᠳᠤ ᠬᠠᠶᠢᠳᠣ ᠪᠦᠰᠡᠯᠡᠯᠳᠡ ᠶᠢ ᠳᠠᠰᠣ ᠴᠣᠬᠢᠨ ᠭᠠᠷᠴᠣ ᠢᠷᠡᠬᠦ ᠲᠡᠷᠡ ᠴᠠᠭ ᠲᠤ ᠯᠡ | ᠶᠡᠭᠡ ᠴᠡᠷᠢᠭ ᠢᠶᠠᠨ ᠬᠦᠳᠡᠯᠬᠡᠵᠡᠢ᠃ ᠢᠩᠬᠢᠬᠡᠳ ᠬᠢᠳᠠᠳ ᠪᠣᠯᠣᠨ ᠲᠡᠭᠦᠨ ᠤ ᠣᠮᠣᠭᠯᠠᠩ ᠳᠣᠭᠰᠢᠨ ᠨᠡᠭᠦᠳᠡᠯᠴᠢ ᠬᠦᠷᠰᠢ ᠬᠤᠶᠠᠷ ᠤᠨ ᠬᠤᠭᠤᠷᠣᠨᠳᠣ ᠡᠷᠳᠡᠨ ᠠᠴᠠ | ᠳᠣᠭᠳᠠᠭᠰᠠᠨ ᠨᠦᠬᠦᠬᠡ ᠯᠡ ᠬᠠᠭᠤᠴᠢᠨ ᠬᠠᠷᠢᠯᠴᠠᠭ᠎ᠠ ᠳᠠᠬᠢᠨ ᠰᠡᠷᠬᠦᠵᠦ᠂ ᠬᠢᠳᠠᠳ ᠤᠨ ᠬᠢᠯᠢ ᠬᠢᠵᠠᠭᠠᠷ ᠠᠯᠳᠠᠢ ᠬᠦᠷᠳᠡᠯ᠎ᠡ ᠳᠡᠯᠡᠨ᠂ ᠨᠡᠭᠦᠳᠡᠯᠴᠢᠳ ᠤᠨ | ᠳᠣᠪᠳᠣᠯᠭᠠ ᠣᠳᠣ ᠡᠵᠡᠨᠳᠦ ᠬᠦᠷᠦᠨ ᠤ ᠴᠢᠬᠤᠯᠠ ᠲᠦᠪ ᠤᠳ ᠢ ᠬᠦᠷᠴᠦ ᠴᠢᠳᠠᠬᠤ ᠪᠠᠨ ᠨᠢᠬᠡᠨᠳᠡ ᠪᠣᠯᠢᠭᠰᠠᠨ ᠮᠡᠳᠦ ᠪᠣᠯᠵᠠᠢ᠃ ᠮᠣᠩᠭᠤᠯᠴᠣᠳ ᠰᠣᠯᠠᠷᠠᠭᠰᠠᠨ | ᠦᠬᠡᠢ ᠬᠠᠷᠢᠨ ᠮᠣᠩᠭᠤᠯᠴᠣᠳ ᠤᠨ ᠵᠠᠬᠢᠷᠴᠣ ᠪᠠᠶᠢᠭᠰᠠᠨ ᠬᠢᠳᠠᠳ ᠣᠷᠣᠨ ᠬᠦᠴᠦᠷᠬᠡᠭᠵᠢᠵᠦ ᠢᠷᠡᠯ᠎ᠡ᠃ ᠬᠠᠶᠢᠳᠣ ᠨᠢᠬᠡᠨ ᠣᠳᠠᠭ᠎ᠠ ᠪᠣᠮᠠᠨ ᠮᠣᠷᠢᠳᠣ ᠴᠡᠷᠢᠭ | ᠭᠠᠷᠭᠠᠨ ᠪᠠᠶᠢᠯᠳᠣᠭᠰᠠ ᠴᠦ ᠮᠣᠩᠭᠤᠯ ᠨᠣᠳᠤᠭ ᠲᠠᠭᠠᠨ ᠪᠦᠰᠡᠯᠡᠭᠳᠡᠨ ᠴᠣᠬᠢᠭᠳᠠᠭᠰᠠᠨ ᠨᠢ ᠳᠠᠶᠢᠰᠣᠨ ᠡᠳᠡᠭᠡᠳ ᠨᠢ ᠣᠷᠢᠳᠣ ᠶᠢᠨ ᠬᠢᠳᠠᠳ ᠤᠨ ᠨᠦᠬᠦᠬᠡ ᠬᠢ ᠯᠡ | ᠬᠦᠳᠡᠯᠵᠦ ᠶᠠᠳᠠᠭᠰᠠᠨ ᠳᠣᠷᠣᠢ ᠴᠡᠷᠢᠭ ᠪᠣᠰᠣ᠂ ᠬᠠᠷᠢᠨ ᠦᠪᠡᠷ ᠤᠨ ᠬᠢᠨᠢ ᠴᠡᠷᠢᠭ ᠤᠨ ᠨᠢᠬᠡᠨ ᠠᠳᠠᠯᠢ ᠬᠦᠴᠦᠳᠡᠢ᠂ ᠬᠡᠬᠦ ᠳᠡᠭᠡᠨ ᠢᠯᠡᠬᠦᠦ ᠰᠠᠬᠢᠯᠭ᠎ᠠ ᠲᠠᠢ᠂ | ᠢᠯᠡᠬᠦᠦ ᠵᠡᠷ ᠵᠡᠪᠰᠡᠭ ᠲᠠᠢ ᠶᠠᠪᠠᠭᠠᠨ ᠴᠡᠷᠢᠭ ᠲᠠᠢ ᠪᠠᠨ ᠪᠠᠶᠢᠯᠳᠣᠭᠠᠨ ᠤ ᠦᠢᠯᠡ ᠠᠵᠢᠯᠯᠠᠭ᠎ᠠ ᠪᠠᠨ ᠳᠣᠩ ᠣᠬᠠᠭᠠᠯᠢᠭ ᠢᠶᠠᠷ ᠬᠤᠣᠰᠯᠠᠭᠤᠯᠣᠭᠰᠠᠨ ᠡᠷᠡᠮᠡᠬᠡᠢ | ᠮᠣᠩᠭᠤᠯ ᠮᠣᠷᠢᠨ ᠴᠡᠷᠢᠭ ᠪᠠᠶᠢᠭᠰᠠᠨ ᠲᠠᠢ ᠬᠤᠯᠪᠣᠭ᠎ᠠ ᠲᠠᠢ ᠶᠣᠮ᠃ | ᠣᠷᠣᠭᠰᠢ ᠳᠣᠪᠳᠣᠯᠣᠨ ᠣᠷᠣᠬᠤ᠂ ᠠᠷᠣᠭᠰᠢ ᠣᠬᠤᠷᠢᠬᠤ ᠳᠤ ᠴᠦ ᠪᠣᠭᠤᠨᠢ ᠶᠢᠨ ᠢᠯᠳᠦ ᠪᠠᠷ ᠵᠡᠪᠰᠡᠭᠯᠡᠭᠰᠡᠨ ᠶᠠᠪᠠᠭᠠᠨ ᠴᠡᠷᠢᠭ ᠮᠣᠷᠢᠳᠠᠨ ᠤᠨ ᠠᠷᠣ ᠳᠤ | ᠶᠠᠪᠣᠵᠦ ᠳᠣᠯᠣᠯᠳᠣᠭᠠᠨ ᠤ ᠡᠮᠦᠨ᠎ᠡ ᠠᠮᠣᠰᠬᠢᠵᠦ ᠬᠠᠳᠬᠤᠯᠳᠣᠭᠠᠨ ᠤ ᠦᠶ᠎ᠡ ᠳᠤ ᠳᠠᠶᠢᠰᠣᠨ ᠤ ᠮᠣᠷᠢᠳ ᠢ ᠣᠰᠠᠳᠬᠠᠬᠤ ᠪᠣᠯᠵᠠᠢ᠃ ᠬᠡᠳᠦᠶᠢᠪᠡᠷ ᠡᠶᠢᠨᠬᠦ ᠣᠯᠠᠨ | ᠣᠳᠠᠭ᠎ᠠ ᠳᠣᠯᠭᠠᠷᠠᠨ ᠪᠠᠶᠢᠯᠳᠣᠵᠦ ᠵᠠᠷᠢᠮ ᠳᠠᠭᠠᠨ ᠨᠠᠶᠢᠷᠠᠮᠳᠠᠯ ᠳᠣᠭᠳᠠᠭᠠᠨ ᠲᠦᠷ ᠡᠪᠯᠡᠷᠡᠬᠦ ᠵᠡᠷᠭᠡ ᠶᠠᠩᠵᠦ ᠪᠦᠷᠢ ᠶᠢᠨ ᠠᠷᠭ᠎ᠠ ᠮᠡᠭᠡ ᠬᠡᠷᠡᠭᠯᠡᠭᠰᠡᠨ ᠴᠦ ᠶᠡᠭᠡ ᠬᠠᠭᠠᠨ | ᠬᠤᠪᠢᠯᠠᠢ ᠠᠮᠢᠳᠣ ᠰᠡᠷᠡᠭᠦᠨ ᠦᠶ᠎ᠡ ᠳᠡᠭᠡᠨ ᠬᠠᠶᠢᠳᠣ ᠶᠢ ᠳᠠᠷᠣᠵᠦ ᠳᠡᠶᠢᠯᠦᠯ ᠦᠬᠡᠢ᠂ ᠦᠪᠡᠷ ᠢᠶᠠᠨ ᠶᠢᠷᠳᠢᠨᠴᠦ ᠶᠢᠨ ᠮᠦᠩᠬᠡ ᠪᠣᠰᠣ ᠶᠢ ᠦᠵᠡᠭᠰᠡᠨ ᠪᠠᠶᠢᠨ᠎ᠠ᠃ | ᠬᠠᠷᠢᠨ ᠲᠡᠭᠦᠨ ᠤ ᠳᠠᠷᠠᠭ᠎ᠠ ᠭᠠᠷᠴᠣ ᠢᠷᠡᠭᠰᠡᠨ ᠶᠣᠸᠠᠨ ᠣᠯᠣᠰ ᠤᠨ ᠶᠡᠭᠡ ᠬᠠᠭᠠᠨ ᠲᠡᠮᠦᠷ ᠣᠳᠠᠭᠠᠨ ᠬᠤᠭᠤᠴᠠᠭᠠᠨ ᠳᠤ ᠪᠡᠯᠡᠳᠬᠡᠵᠦ ᠪᠠᠶᠢᠭᠠᠳ ᠶᠡᠭᠡ ᠴᠡᠷᠢᠭ | ᠬᠤᠷᠠᠮᠳᠣᠭᠤᠯᠣᠨ᠂ ᠬᠠᠶᠢᠳᠣ ᠶᠢ ᠳᠣᠪᠳᠣᠯᠵᠠᠢ᠃ ᠴᠠᠭᠠᠳᠠᠢ ᠶᠢᠨ ᠣᠯᠣᠰ ᠤᠨ ᠡᠵᠡᠨ ᠳ᠋ᠣᠸᠠ ᠬᠠᠶᠢᠳᠣ ᠳᠤ ᠳᠣᠰᠠᠯᠠᠬᠤ ᠪᠠᠷ ᠡᠷᠡᠮᠡᠯᠵᠡᠭᠰᠡᠨ ᠪᠣᠯᠪᠠᠴᠣ | ᠬᠤᠴᠣᠷᠣᠭᠰᠠᠨ ᠪᠠᠶᠢᠨ᠎ᠠ᠃ ᠳᠡᠳᠡ ᠳᠣᠯᠣᠯᠳᠣᠭᠠᠳ ᠬᠠᠶᠢᠳᠣ ᠶᠢ ᠳᠠᠶᠢᠯᠣᠨ ᠣᠬᠤᠷᠢᠭᠠᠭᠰᠠᠨ ᠪᠠᠶᠢᠨ᠎ᠠ᠃ ᠬᠡᠪᠡᠴᠦ ᠬᠤᠶᠠᠷ ᠲᠠᠬᠢ ᠡᠳᠦᠷ ᠬᠠᠷᠠᠯᠳᠤᠭ ᠤᠨ ᠣᠷᠴᠢᠮ | ᠳᠣᠯᠣᠯᠳᠣᠭᠠᠨ ᠳᠤ ᠬᠠᠶᠢᠳᠣ ᠬᠡᠨᠡᠳᠳᠡ ᠡᠪᠡᠳᠦᠭᠰᠡᠨ ᠣᠴᠢᠷ ᠴᠡᠷᠢᠭ ᠢᠶᠠᠨ ᠠᠪᠣᠨ ᠣᠬᠤᠷᠢᠵᠦ᠂ ᠨᠢᠬᠡ ᠰᠠᠷ᠎ᠠ ᠶᠢᠨ ᠳᠠᠷᠠᠭ᠎ᠠ ᠳᠠᠶᠢᠬᠠᠨ ᠨᠠᠭᠤᠷ ᠭᠡᠳᠡᠭ ᠭᠠᠵᠠᠷ | ᠨᠠᠰᠣ ᠪᠠᠷᠠᠵᠠᠢ᠃ | ᠳᠡᠯᠡᠬᠡᠢ ᠶᠢᠨ ᠳᠠᠯ᠎ᠠ ᠶᠢ ᠡᠵᠡᠯᠡᠭᠰᠡᠨ ᠮᠣᠩᠭᠤᠯ ᠡᠵᠡᠳ ᠰᠡᠬᠦᠯ ᠳᠡᠭᠡᠨ ᠬᠢᠳᠠᠳ ᠲᠤ ᠲᠦᠪᠯᠡᠷᠡᠭᠰᠡᠨ ᠶᠡᠭᠡ ᠬᠦᠷᠦᠨ ᠪᠠᠶᠢᠭᠤᠯᠣᠭᠰᠠᠨ ᠤ ᠡᠰᠡᠷᠬᠦ ᠲᠡᠮᠡᠴᠡᠭᠴᠢ᠂ | ᠳᠣᠭᠤᠰᠢᠳᠠᠢ ᠡᠬᠡ ᠣᠷᠣᠨᠴᠢ᠂ ᠬᠦᠴᠦᠷᠭᠡᠭ ᠡᠵᠡᠨ ᠬᠠᠭᠠᠨ ᠬᠠᠶᠢᠳᠣ ᠡᠶᠢᠨᠬᠦ 14 ᠳ᠋ᠣᠭᠡᠷ ᠵᠠᠭᠤᠨ ᠤ ᠡᠬᠢᠨ ᠳᠤ ᠨᠠᠰᠣ ᠪᠠᠷᠠᠵᠠᠢ᠃ ᠬᠠᠶᠢᠳᠣ ᠶᠢ ᠬᠠᠯᠠᠭᠤᠨ ᠡᠬᠡ | ᠣᠷᠣᠨᠴᠢ ᠡᠪᠦᠭᠡ ᠳᠡᠭᠡᠳᠦᠰ ᠤᠨ ᠨᠢᠬᠡ ᠭᠡᠵᠦ ᠳᠣᠷᠠᠰᠣᠨ ᠰᠠᠨᠠᠬᠤ ᠣᠴᠢᠷᠳᠠᠢ ᠪᠣᠢ ᠶᠠ᠃ | |