ᠵᠠᠯᠠᠭᠤ ᠽᠠᠨᠳᠠᠨ ᠨᠠᠰᠣ ᠮᠢᠨᠢ
ᠨᠡᠶᠢᠲᠡᠯᠡᠭᠰᠡᠨ ᠴᠠᠭ᠄
2023/12/21
      ᠵᠣᠬᠢᠶᠠᠭᠴᠢ᠄ ᠪᠠᠯᠵᠢᠨᠢᠮ᠎ᠠ ᠶᠢᠨ ᠣᠯᠠᠭᠠᠨᠲᠣᠶᠠᠭ᠎ᠠ      ᠬᠦᠨᠳᠦᠷᠴᠦ ᠲᠠᠪᠬᠢᠬᠤ ᠠᠷᠠᠨᠵᠠᠯ ᠬᠦᠯᠦᠭ ᠰᠢᠭ       ᠬᠤᠭᠤᠴᠠᠭ᠎ᠠ ᠴᠠᠬ ᠢ ᠲᠠᠶᠢᠯᠠᠨ ᠲᠠᠭᠠᠭᠤᠯᠣᠭᠠᠳ       ᠬᠦᠴᠢᠷ ᠪᠡᠷᠬᠡᠰᠢᠶᠡᠯ ᠢ ᠦᠯᠮᠡᠢ ᠰᠦᠬᠦᠷᠡᠬᠦᠯᠦᠨ       ᠬᠦᠰᠡᠯ ᠤᠨ ᠬᠠᠷᠭᠤᠢ ᠵᠦᠭ ᠭᠠᠯᠬᠢᠭᠤᠯᠣᠨ ᠨᠢᠰᠭᠡᠭᠰᠡᠨ       ᠬᠦᠬᠡ ᠰᠠᠯᠬᠢᠨ ᠵᠢᠬᠦᠷ ᠲᠠᠢ᠂ ᠬᠤᠭᠤᠷ ᠴᠣᠭᠤᠷ ᠤᠨ ᠡᠭᠡᠰᠢᠭ ᠲᠠᠢ       ᠬᠤᠩᠭᠤᠷ ᠵᠠᠯᠠᠭᠤ ᠨᠠᠰᠣᠨ ᠳᠠᠭᠠᠨ ᠬᠡᠶᠢᠷᠭᠡᠵᠦ ᠶᠠᠪᠣᠬᠰᠠᠨ           ᠭᠡᠷᠡᠯᠲᠦᠬᠦ ᠨᠠᠪᠴᠢᠰ ᠤᠨ ᠰᠢᠷᠭᠠᠯ ᠲᠣᠶᠠᠭᠠᠨ ᠳᠤ ᠨᠡᠪᠴᠢᠵᠦ       ᠭᠡᠭᠡᠪᠴᠢ ᠶᠢᠨ ᠭᠠᠲᠠᠨᠠᠬᠢ ᠭᠡᠭᠡᠨ ᠣᠷᠣᠰᠢᠬᠤᠢ ᠶᠢ ᠬᠦᠭᠵᠢᠮᠯᠡᠨ       ᠭᠡᠭᠡᠯᠢᠭ ᠵᠢᠰᠦ᠂ ᠭᠬᠢᠷ ᠦᠭᠡᠢ ᠪᠣᠲᠣᠯ ᠳᠠᠭᠠᠨ ᠬᠦᠲᠦᠯᠦᠭᠳᠡᠭᠡᠳ       ᠴᠢᠯᠠᠭᠤᠨ ᠳᠤ ᠶᠡᠬᠦᠯᠡᠭᠰᠡᠨ ᠰᠣᠯᠣᠩᠭᠠᠨ ᠦᠩᠭᠡ ᠰᠢᠭ       ᠰᠡᠳᠬᠢᠯ ᠳᠤ ᠳᠡᠯᠭᠡᠷᠡᠭᠰᠡᠨ ᠢᠷᠭᠤᠢ ᠶᠢᠨ ᠲᠠᠯᠪᠢ ᠮᠡᠲᠦ       ᠵᠠᠯᠠᠭᠤ ᠽᠠᠨᠳᠠᠨ ᠨᠠᠰᠣ ᠮᠢᠨᠢ ᠵᠠᠭᠠᠷ ᠰᠢᠬ ᠠᠩᠬᠢᠯᠣᠭᠤᠨ       ᠨᠣᠲᠤᠬ ᠪᠣᠴᠠᠬᠤ ᠰᠢᠪᠠᠭᠤᠳ ᠢᠢᠡᠨ ᠨᠢᠳᠦᠨ ᠴᠡᠴᠡᠭᠡᠢ ᠰᠢᠭ ᠢᠢᠡᠨ ᠨᠠᠨᠳᠢᠩᠨᠠᠨ       ᠨᠠᠭᠤᠷ ᠤᠨ ᠲᠣᠯᠢ ᠪᠠᠨ ᠨᠢᠩᠵᠢᠨ ᠪᠣᠲᠣᠯ ᠳᠠᠭᠠᠨ ᠠᠮᠣᠷᠯᠢᠭᠤᠯᠣᠨ       ᠬᠠᠴᠢᠨ ᠣᠯᠠᠷᠢᠯ ᠢ ᠬᠤᠪᠢ ᠲᠠᠪᠢᠯᠠᠩ ᠢᠶᠠᠷ ᠢᠶᠠᠨ ᠠᠷᠭᠠᠲᠠᠨ       ᠬᠤᠷᠸ᠎ᠠ ᠶᠢᠨ ᠵᠢᠮ᠎ᠡ ᠶᠢ ᠵᠢᠷᠦᠭᠡ ᠪᠠᠷ ᠢᠢᠡᠨ ᠰᠢᠬᠦᠵᠦ       ᠬᠦᠷᠯᠡᠬᠦ ᠬᠠᠪᠣᠷ ᠢ ᠬᠡᠭᠦᠳᠡᠭ ᠲᠡᠭᠡᠨ ᠠᠷᠭᠠᠮᠵᠢᠬᠰᠠᠨ       ᠬᠠᠩᠬᠢᠯ ᠵᠠᠯᠠᠭᠤ ᠨᠠᠰᠣ ᠮᠢᠨᠢ ᠬᠠᠶᠢᠷ᠎ᠠ ᠶᠢᠨ ᠣᠯᠠᠷᠢᠯ ᠪᠠᠶᠢᠬᠰᠠᠨ       ᠬᠦᠭᠵᠢᠯ ᠤᠨ ᠨᠠᠷᠠ ᠶᠢ ᠵᠡᠬᠦᠳᠦᠨ ᠳᠡᠭᠡᠨ ᠲᠠᠷᠢᠵᠦ       ᠬᠤᠯᠠᠨ ᠵᠠᠭᠡᠷ᠎ᠡ ᠶᠢ ᠬᠠᠶᠢᠷ᠎ᠠ ᠪᠠᠷ ᠢᠢᠡᠨ ᠲᠠᠰᠬᠠᠨ       ᠬᠠᠷᠠᠩᠭᠤᠢ ᠶᠢᠨ ᠲᠣᠮᠲᠠ ᠠᠴᠠ ᠭᠡᠷᠡᠯ ᠣᠷᠭᠤᠭᠤᠯᠵᠦ       ᠬᠦᠬᠡ ᠲᠡᠭᠷᠢ ᠪᠠᠨ ᠴᠣᠭᠤᠴᠢᠲᠠᠯ᠎ᠠ ᠰᠢᠷᠲᠡᠨ       ᠬᠠᠷᠠᠴᠠᠨ ᠲᠣᠲᠣᠷ᠎ᠠ ᠪᠠᠨ ᠣᠲᠣᠳ ᠲᠦᠭᠡᠭᠡᠨ ᠵᠢᠷᠭᠠᠭᠠᠲᠠᠭ       ᠬᠢᠷᠠᠭᠤᠲᠣ ᠰᠦᠨᠢ ᠶᠢᠨ ᠬᠠᠶᠢᠷ᠎ᠠ ᠶᠢᠨ ᠣᠴᠢ       ᠬᠦᠢᠲᠡᠨ ᠰᠠᠷᠠᠨ ᠤ ᠭᠡᠷᠡᠯ ᠤᠨ ᠬᠦᠯᠬᠦᠭᠴᠢ       ᠬᠡᠲᠦᠷᠬᠡᠢ ᠪᠠᠷᠲᠠᠮ ᠠᠷᠠᠨᠰᠢᠨ ᠮᠢᠨᠢ ᠵᠠᠯᠠᠭᠤᠬᠠᠨ ᠪᠠᠶᠢᠬᠰᠠᠨ ᠡ      ᠲᠠᠷᠠᠰᠣᠨ ᠤ ᠠᠮᠲᠠᠨ ᠳᠤ ᠰᠣᠭᠲᠣᠭᠤᠷᠠᠨ       ᠲᠠᠩᠰᠤᠬ ᠨᠠᠶᠢᠷ ᠤᠨ ᠰᠢᠷᠡᠭᠡ ᠬᠡᠰᠦᠵᠦ       ᠲᠠᠩᠭᠠᠷᠢᠬ ᠰᠢᠬ ᠲᠠᠩᠬᠠᠢ ᠮᠦᠷ ᠪᠠᠲᠠᠬ ᠢᠶᠠᠨ ᠣᠩᠰᠢᠵᠦ       ᠲᠡᠷᠯᠢᠭ ᠤᠨ ᠬᠠᠨᠴᠣᠢ ᠲᠡᠷᠪᠡᠲᠡᠯ᠎ᠡ ᠡᠷᠬᠢᠬᠦᠯᠵᠦ       ᠲᠡᠷᠭᠡᠯ ᠬᠤᠷᠸ᠎ᠠ ᠶᠢ ᠲᠣᠷᠬᠢᠭᠤᠯᠵᠦ ᠶᠠᠪᠣᠬᠰᠠᠨ       ᠲᠠᠩᠬᠢᠯ ᠨᠠᠰᠣ ᠮᠢᠨᠢ ᠵᠠᠯᠠᠭᠤ ᠭᠠᠩᠭᠠᠩ ᠪᠠᠶᠢᠭᠰᠠᠨ ᠳ᠋ᠠ      ᠡᠪᠦᠯᠵᠢᠶ᠎ᠡ ᠵᠤᠰᠠᠯᠠᠩ ᠬᠠᠪᠣᠷᠵᠢᠶ᠎ᠠ ᠨᠠᠮᠣᠷᠵᠢᠶ᠎ᠠ ᠲᠠᠮᠵᠢᠨ       ᠦᠷᠦᠪᠴᠢᠬᠡᠨ ᠭᠤᠨᠢᠬ ᠢᠶᠠᠨ ᠰᠡᠪᠡᠷᠭᠡᠵᠦ       ᠦᠨᠢ ᠮᠦᠩᠬᠡ ᠶᠢᠨ ᠦᠯᠡᠮᠵᠢ ᠶᠢᠨ ᠴᠢᠨᠠᠷ ᠲᠤ ᠢᠲᠡᠭᠡᠨ       ᠦᠨᠡᠨ ᠤ ᠬᠠᠪᠣᠷ ᠢ ᠬᠡᠭᠡᠯᠡᠵᠦ ᠶᠠᠪᠣᠬᠰᠠᠨ       ᠣᠶᠠᠷᠠᠭᠤᠨ ᠲᠣᠬᠲᠣᠯᠣᠭᠤᠨ ᠨᠢ ᠠᠷᠭ᠎ᠠ ᠦᠭᠡᠢ       ᠣᠷᠠᠢ ᠵᠠᠯᠠᠭᠤ ᠨᠠᠰᠣᠨ ᠳᠠᠭᠠᠨ ᠡᠬᠦᠷᠢᠲᠡ ᠪᠢ ᠬᠠᠶᠢᠷᠠᠲᠠᠢ 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ