ᠢᠨᠢᠶᠡᠮᠰᠦᠭᠯᠡᠯ ᠤᠨ ᠬᠦᠴᠦᠨ
ᠨᠡᠶᠢᠲᠡᠯᠡᠭᠰᠡᠨ ᠴᠠᠭ᠄
2023/12/21
      ᠤᠷᠭᠤᠬᠤ ᠨᠠᠷᠠ ᠶᠢ ᠢᠨᠢᠶᠡᠮᠰᠦᠭᠯᠡᠯ ᠢᠶᠠᠷ ᠤᠭᠲᠤᠪᠠ ᠪᠢ᠃ ᠲᠡᠭᠡᠭᠦ ᠳᠤ ᠨᠠᠷᠠ ᠮᠢᠨᠤ ᠥᠭᠡᠳᠡ ᠠᠴᠠ ᠮᠦᠰᠢᠶᠡᠵᠦ ᠪᠠᠶᠢᠯ᠎ᠠ᠃       ᠥᠷᠯᠥᠭᠡ ᠭᠡᠭᠴᠢ ᠡᠶᠢᠮᠦ ᠨᠠᠶᠢᠷᠠᠮᠳᠠᠭᠤ᠂ ᠥᠩᠭᠡᠷᠡᠭᠰᠡᠨ ᠢ ᠤᠮᠠᠷᠲᠠᠭᠤᠯᠤᠭᠠᠳ᠂ ᠢᠷᠡᠭᠡᠳᠦᠢ ᠶᠢ ᠬᠦᠰᠡᠭᠦᠯᠦᠭᠡᠳ ᠰᠢᠨ᠎ᠡ ᠰᠣᠷᠭᠤᠭ᠂ ᠲᠠᠭᠠᠯᠠᠮᠵᠢᠲᠠᠢ᠃       ᠢᠨᠢᠶᠡᠮᠰᠦᠭᠯᠡᠯ ᠪᠣᠯ ᠬᠥᠮᠥᠨ ᠤ ᠬᠤᠭᠤᠷᠤᠨᠳᠦᠭᠢ ᠬᠠᠮᠤᠭ ᠣᠶᠢᠷ᠎ᠠ ᠵᠠᠢ᠃       ᠡᠷᠢᠶᠡᠨ ᠪᠠᠷᠠᠭᠠᠨ ᠠᠮᠢᠳᠤᠷᠠᠯ ᠢ ᠢᠨᠢᠶᠡᠮᠰᠦᠭᠯᠡᠯ ᠢᠶᠠᠷ ᠪᠠᠯ ᠪᠤᠷᠠᠮ ᠮᠡᠲᠦ ᠪᠤᠯᠭᠠᠬᠤ ᠶᠤᠮ ᠰᠢᠤ᠃       ᠢᠲᠡᠭᠡᠯ᠂ ᠡᠷᠡᠮᠡᠯᠵᠡᠯ᠂ ᠬᠠᠶᠢᠷ᠎ᠠ ᠭᠤᠷᠪᠠ ᠴᠢᠨᠢ᠃       ᠡᠷ᠎ᠡ ᠬᠥᠮᠥᠨ ᠢᠲᠡᠭᠡᠯ ᠰᠡᠳᠬᠢᠯ ᠢᠶᠠᠷ ᠢᠶᠠᠨ ᠢᠨᠢᠶᠡᠮᠰᠦᠭᠯᠡᠵᠦ ᠰᠤᠷ᠂ ︽ᠮᠣᠩᠭᠤᠯ ᠡᠷ᠎ᠡ ᠬᠥᠮᠥᠨ ᠲᠠ᠂ ᠲᠡᠭᠷᠢ ᠰᠢᠭ ᠪᠠᠢ︾ ᠭᠡᠰᠡᠨ ᠪᠢᠰᠢᠦ᠃ ᠬᠠᠳᠠ ᠰᠢᠭ᠋ ᠵᠣᠭᠰᠣᠴᠠ ᠲᠠᠢ ᠪᠠᠢ᠂ ᠬᠠᠨᠠᠭᠠᠷ ᠲᠠᠯ᠎ᠠ ᠰᠢᠭ᠋ ᠠᠭᠤᠳᠠᠮᠴᠢ ᠪᠠᠢ᠃ ᠥᠭᠡᠳᠡ ᠲᠠᠢ ᠤᠴᠠᠷᠠᠯ ᠳᠠᠭᠠᠨ ᠢᠨᠢᠶᠡᠮᠰᠦᠭᠯᠡᠵᠦ ᠵᠥᠭᠡᠯᠡᠷᠡ᠃ ᠤᠷᠤᠭᠤ ᠲᠠᠢ ᠶᠠᠪᠤᠳᠠᠯ ᠳᠤ ᠠᠭᠤᠷ ᠢᠶᠠᠨ ᠳᠠᠷᠤᠵᠤ ᠬᠠᠲᠠᠭᠤᠵᠢ︕ ᠤᠬᠠᠭᠠᠨ ᠬᠦᠷᠬᠦ ᠦᠭᠡᠢ ᠦᠶ᠎ᠡ ᠳᠤ ᠯᠠ ᠰᠠᠶ᠋ᠢ ᠠᠭᠤᠷ ᠭᠦᠷᠳᠡᠭ ᠰᠢᠤ᠃       ᠡᠭᠡᠳᠡᠷᠡᠭᠡᠨ ᠪᠤᠳᠤᠯᠢᠶᠠᠨ ᠲᠠᠢ ᠬᠥᠮᠥᠨ ᠵᠤᠨ ᠤ ᠬᠠᠷᠢᠯᠴᠠᠭᠠᠨ ᠳᠤ ᠶᠡᠷᠦ ᠨᠢ ᠠᠭᠤᠷᠯᠠᠵᠤ ᠬᠢᠯᠢᠩᠨᠡᠮᠡᠷ ᠮᠠᠭᠤ ᠠᠷᠠᠨᠰᠢᠨ ᠨᠢᠭᠤᠭᠳᠠᠨ ᠣᠷᠣᠰᠢᠳᠠᠭ᠃ ︽ᠠᠭᠤᠷᠯᠠᠪᠠᠴᠤ ᠨᠢᠭᠦᠯ ᠪᠤᠤ ᠦᠢᠯᠡᠳ᠂ ᠠᠭᠤᠷ ᠲᠠᠢ ᠪᠠᠷ ᠨᠠᠷᠠ ᠪᠤᠤ ᠵᠢᠷᠭᠠᠭ᠎ᠠ︾ ᠭᠡᠰᠡᠨ ᠴᠢᠩᠭ᠎ᠠ ᠰᠤᠷᠭᠠᠯ ᠪᠤᠢ᠃ ᠠᠭᠤᠷ ᠪᠣᠯ ᠴᠢᠳᠬᠦᠷ᠂ ᠬᠡᠷᠡᠭ ᠭᠠᠷᠭᠠᠵᠤ ᠮᠡᠳᠡᠨ᠎ᠡ᠂ ᠬᠥᠮᠥᠨ ᠠᠯᠠᠵᠤ ᠴᠦ ᠮᠡᠳᠡᠨ᠎ᠡ᠃ ᠠᠭᠤᠷ ᠲᠤ ᠳᠥᠷᠥᠯᠡᠭᠳᠡᠬᠦ ᠪᠠᠨ ᠪᠤᠯᠢ᠃ ᠠᠭᠤᠷ ᠢ ᠠᠭᠤᠷᠰᠢᠭᠤᠯᠵᠤ ᠴᠢᠳᠠᠬᠤ ᠨᠢ ᠬᠦᠯᠢᠴᠡᠩᠭᠦᠢ᠂ ᠤᠬᠠᠭᠠᠷᠠᠬᠤᠢ᠂ ᠪᠠᠳᠠᠷᠠᠩᠭᠤᠢ ᠶᠢᠨ ᠢᠯᠡᠷᠡᠯ᠃ ︽ᠡᠷ᠎ᠡ ᠬᠥᠮᠥᠨ ᠤ ᠴᠡᠭᠡᠵᠢᠨ ᠳᠤ ᠡᠮᠡᠭᠡᠯ ᠬᠠᠵᠠᠭᠠᠷ ᠲᠠᠢ ᠮᠣᠷᠢ ᠪᠠᠭᠲᠠᠳᠠᠭ︾ ᠶᠤᠮ᠃       ᠪᠡᠶ᠎ᠡ ᠪᠠᠨ ᠪᠠᠷᠢᠵᠤ ᠰᠤᠷᠬᠤ᠂ ᠪᠡᠶ᠎ᠡ ᠪᠠᠨ ᠪᠠᠷᠢᠵᠤ ᠴᠢᠳᠠᠬᠤ ᠭᠡᠭᠴᠢ ᠮᠠᠰᠢ ᠭᠠᠶᠢᠬᠠᠯᠲᠠᠢ ᠪᠣᠯᠪᠠᠰᠤᠷᠠᠯ᠃ ᠡᠨᠡ ᠬᠦ ᠪᠣᠯᠪᠠᠰᠤᠷᠠᠯ ᠳᠤ ᠲᠣᠮᠣ ᠱᠠᠩᠨᠠᠯ ᠳᠠᠭᠠᠯᠳᠤᠳᠠᠭ᠃ ᠳᠤᠷ᠎ᠠ ᠪᠠᠬ᠎ᠠ ᠪᠠᠨ ᠰᠢᠨᠤᠯ ᠲᠠᠴᠢᠶᠠᠯ ᠪᠤᠯᠭᠠᠬᠤ ᠦᠭᠡᠢ᠂ ᠢᠯᠠᠭᠳᠠᠯ ᠴᠥᠬᠦᠷᠡᠯ ᠢᠶᠠᠨ ᠠᠭᠤᠷ ᠬᠢᠯᠢᠩ ᠪᠤᠯᠭᠠᠬᠤ ᠦᠭᠡᠢ᠂ ᠠᠮᠵᠢᠯᠲᠠ ᠢᠯᠠᠯᠲᠠ ᠪᠠᠨ ᠣᠮᠣᠷᠬᠠᠭ ᠪᠠᠷᠳᠠᠮ ᠪᠤᠯᠭᠠᠬᠤ ᠦᠭᠡᠢ᠂ ᠭᠤᠮᠣᠳᠠᠯ ᠭᠤᠨᠢᠭ ᠢ ᠪᠠᠨ ᠥᠰᠢᠶ᠎ᠡ ᠬᠤᠷᠣᠰᠤᠯ ᠪᠤᠯᠭᠠᠬᠤ ᠦᠭᠡᠢ᠃ ᠠᠮᠢᠳᠤᠷᠠᠯ ᠤᠨ ᠠᠯᠢᠪᠠ ᠳᠤ ᠲᠠᠯᠠᠷᠬᠠᠯ ᠲᠠᠢ ᠬᠠᠨᠳᠤᠵᠤ ᠴᠢᠳᠠᠬᠤ ᠪᠠᠷ ᠦᠯᠦ ᠪᠠᠷᠠᠨ᠂ ᠢᠲᠡᠭᠡᠯ ᠡᠷᠡᠮᠡᠯᠵᠡᠯ ᠲᠠᠢ ᠤᠷᠤᠭᠰᠢ ᠲᠡᠮᠡᠦᠯᠬᠦ ᠪᠣᠯ ᠠᠮᠢ ᠨᠠᠰᠤ ᠠᠮᠢ ᠠᠮᠢᠵᠢᠷᠠᠯ ᠤᠨ ᠰᠦᠭ ᠰᠦᠨᠡᠰᠦ ᠶᠤᠮ᠃ ᠠᠭᠤᠷ ᠲᠤ ᠬᠠᠨᠳᠤᠵᠤ ᠨᠢᠭᠡ ᠢᠨᠢᠶᠡᠮᠰᠦᠭᠯᠡᠪᠡᠯ᠂ ︽ᠬᠡ ᠬᠡ ᠁︾ ᠠᠭᠤᠷ ᠢᠨᠢᠶᠡᠴᠢᠬᠡᠬᠦ ᠨᠢ ᠲᠡᠷᠡ᠃       ᠢᠨᠢᠶᠡᠮᠰᠦᠭᠯᠡᠯ ᠳᠤ ᠪᠤᠰᠤᠳ ᠢ ᠬᠦᠨᠳᠦᠳᠬᠡᠬᠦ ᠶᠢᠨ ᠡᠷᠬᠢᠮᠰᠦᠭ ᠰᠤᠷᠲᠠᠯ ᠪᠤᠢ᠂ ᠪᠤᠰᠤᠳ ᠢ ᠪᠠᠭᠲᠠᠭᠠᠬᠤ ᠠᠭᠤᠴᠢᠯᠠᠯ ᠪᠤᠢ᠃ ᠡᠷᠲᠡᠨ ᠤ ᠨᠣᠮ ᠳᠤ᠄ ︽ᠲᠠ ᠨᠠᠷ ᠬᠥᠮᠥᠨ ᠢ ᠠᠭᠤᠴᠢᠯᠠᠬᠤ ᠦᠭᠡᠢ ᠪᠣᠯ ᠲᠠ ᠨᠠᠷ ᠤᠨ ᠲᠡᠭᠷᠢᠯᠢᠭ ᠡᠴᠢᠭᠡ ᠴᠤ ᠲᠠ ᠨᠠᠷ ᠢ ᠠᠭᠤᠴᠢᠯᠠᠬᠤ ᠦᠭᠡᠢ︾ ᠭᠡᠰᠡᠨ ᠶᠤᠮ᠃       ᠤᠷᠢᠳ ᠢᠶᠠᠷ ᠠᠭᠤᠴᠢᠯᠠᠵᠤ ᠲᠠᠷᠠᠭ᠎ᠠ ᠨᠢ ᠠᠭᠤᠴᠢᠯᠠᠭᠳᠠᠬᠤ ᠵᠢᠮ᠎ᠡ ᠲᠠᠢ᠃       ᠠᠭᠤᠷᠯᠠᠬᠤ ᠤᠴᠢᠷ ᠲᠣᠬᠢᠶᠠᠯᠳᠤᠭᠰᠠᠨ ᠶᠤᠮ ᠪᠣᠯ ᠠᠭᠤᠴᠢᠯᠠᠵᠤ ᠰᠤᠷ᠂ ᠠᠭᠤᠴᠢᠯᠠᠬᠤ ᠭᠡᠭᠴᠢ ᠥᠪᠡᠷ ᠢ ᠪᠠᠨ ᠲᠣᠮᠣᠷᠠᠭᠤᠯᠬᠤ ᠶᠢ ᠬᠡᠯᠡᠨ᠎ᠡ᠃ ᠲᠤᠮᠤᠷᠠᠬᠤ ᠦᠶ᠎ᠡ ᠳᠤ ᠵᠣᠪᠠᠭᠤᠷᠢᠲᠠᠢ ᠪᠠᠶᠢᠳᠠᠭ ᠪᠤᠯᠪᠠᠴᠤ ᠲᠣᠮᠣᠷᠠᠭᠠᠳ ᠲᠡᠶᠢᠯᠪᠡᠯ ᠽᠠᠨᠳᠠᠨ ᠮᠣᠳᠣᠨ ᠤ ᠳᠣᠣᠷ᠎ᠠ ᠰᠠᠷᠠᠨ ᠠᠪᠠᠭ᠋ᠠᠢ ᠲᠠᠢ ᠬᠤᠨᠳᠠᠭ᠎ᠠ ᠡᠷᠭᠦᠨ ᠰᠢᠯᠦᠭ ᠰᠢᠯᠦᠭᠯᠡᠵᠦ ᠪᠠᠶᠢᠨ᠎ᠠ ᠭᠡᠵᠦ ᠵᠡᠭᠦᠳᠦᠯᠡᠴᠢᠬᠡᠬᠦ ᠨᠢ ᠰᠠᠶᠢᠬᠠᠨ ᠶᠤᠮᠰᠠᠨ᠃       ︽ᠠᠭᠤᠯᠠ ᠮᠣᠷᠢ ᠶᠢ ᠵᠣᠪᠠᠭᠠᠨ᠎ᠠ᠂ ᠠᠭᠤᠷ ᠪᠡᠶ᠎ᠡ ᠶᠢ ᠵᠣᠪᠠᠭᠠᠨ᠎ᠠ︾᠃       ᠰᠡᠳᠬᠢᠯ ᠢᠶᠠᠨ ᠡᠮᠬᠢᠯᠡᠵᠦ ᠰᠠᠨᠠᠭ᠎ᠠ ᠪᠠᠨ ᠵᠠᠰᠠᠨ ᠪᠠᠶᠠᠷ ᠪᠠᠶᠠᠰᠬᠤᠯᠠᠩ ᠢ ᠤᠷᠢᠵᠤ᠂ ᠪᠠᠶᠠᠰᠴᠤ ᠶᠠᠪᠤᠭᠠᠷᠠᠢ᠂ ᠠᠯᠲᠠ ᠪᠡᠶ᠎ᠡ ᠶᠢ ᠵᠣᠪᠠᠭᠠᠬᠤ ᠶᠠᠭᠤᠨ᠃ ᠠᠭᠤᠷ ᠬᠤᠷᠠᠵᠤ ᠡᠮᠵᠡᠭ ᠪᠤᠯᠬᠤ ᠠᠴᠠ ᠵᠠᠶᠢᠯᠠ᠃ ︽ᠡᠭᠦᠯᠡ ᠦᠭᠡᠢ ᠡᠳᠦᠷ ᠰᠠᠶᠢᠬᠠᠨ ᠡᠪᠡᠳᠴᠢᠨ ᠦᠭᠡᠢ ᠪᠡᠶ᠎ᠡ ᠵᠢᠷᠭᠠᠯ ᠲᠠᠢ︾᠃       ᠠᠭᠤᠷ ᠰᠠᠯᠬᠢᠨ ᠰᠢᠭ᠋ ᠬᠤᠶᠢᠯᠠᠷᠠᠭᠠᠳ ᠥᠩᠭᠡᠷᠡᠭ᠂ ᠢᠨᠢᠶᠡᠮᠰᠦᠭᠯᠡᠯ ᠬᠠᠷᠢᠨ ᠰᠣᠯᠣᠩᠭ᠎ᠠ ᠮᠡᠲᠦ ᠰᠡᠳᠬᠢᠯ ᠤᠨ ᠥᠨᠳᠥᠷ ᠲᠤ ᠥᠩᠭᠡ ᠢᠯᠭᠠᠷᠠᠭ᠃       ︽ᠬᠠᠷᠢᠶᠠᠯ ᠢ ᠢᠨᠢᠶᠡᠮᠰᠦᠭᠯᠡᠯ ᠢᠶᠠᠷ ᠬᠠᠷᠢᠭᠤᠯᠵᠤ᠂ ᠠᠭᠤᠵᠢᠭᠤ ᠰᠡᠳᠬᠢᠯ ᠢᠶᠠᠷ ᠡᠮᠴᠢᠯᠡᠨ᠎ᠡ︾ ᠭᠡᠬᠦ ᠳ᠋᠊ · ᠪᠠᠶᠠᠨᠳᠠᠯᠠᠢ ᠶᠢᠨ ᠠᠨᠠᠭᠠᠬᠤ ᠤᠬᠠᠭᠠᠨ ᠤ ᠡᠨᠡ ᠬᠦ ᠵᠣᠷ ᠪᠢᠳᠡᠨ ᠳᠤ ᠶᠡᠭᠡ ᠲᠤᠰᠠ ᠲᠠᠢ᠃       ᠬᠠᠷᠢᠶᠠᠯ ᠬᠠᠨᠲᠠᠭᠠᠰᠤᠨ ᠳᠤ ᠨᠠᠭᠠᠯᠳᠤᠳᠠᠭ ᠦᠭᠡᠢ ᠶᠤᠮ ᠭᠡᠵᠦ ᠪᠠᠲᠤᠲᠠᠢ ᠪᠤᠳᠤ᠂ ᠢᠲᠡᠭᠡᠯ ᠴᠢᠨᠢ ᠴᠢᠮᠠᠶᠢ ᠠᠭᠤᠳᠠᠮᠬᠠᠨ ᠪᠤᠯᠭᠠᠵᠤ᠂ ᠠᠭᠤᠳᠠᠮ ᠠᠴᠠ ᠠᠭᠤᠳᠠᠮ ᠤᠨ ᠳᠤᠮᠳᠠ ᠠᠯᠢᠶ᠎ᠠ ᠵᠡᠷᠭᠡᠯᠭᠡᠨ ᠮᠡᠲᠦ ᠴᠢᠯᠦᠭᠡ ᠲᠠᠢ ᠵᠢᠷᠭᠢᠬᠦ ᠪᠣᠯᠣᠨ᠎ᠠ᠃ ᠪᠠᠰᠠ ᠤᠰᠤᠨ ᠤ ᠰᠢᠪᠠᠭᠤᠳ ᠰᠢᠭ᠋᠂ ᠠᠭᠤᠯᠠᠨ ᠤ ᠰᠤᠭᠤ ᠠᠳᠠᠯᠢ ᠁ ᠰᠠᠶᠢᠬᠠᠨ ᠪᠦᠭᠦᠨ ᠢ ᠢᠯᠡᠷᠬᠡᠶᠢᠯᠡᠵᠦ᠂ ᠰᠠᠶᠢᠬᠠᠨ ᠪᠦᠭᠦᠨ ᠳᠤ ᠠᠭᠤᠰᠬᠤ ᠮᠡᠲᠦ᠂ ᠥᠪᠡᠷ ᠢ ᠪᠠᠨ ᠵᠢᠵᠢᠭᠷᠡᠭᠦᠯᠵᠦ᠂ ᠳᠠᠷᠤᠤ ᠪᠠᠶᠢᠬᠤ ᠨᠢ ᠬᠢᠵᠠᠭᠠᠯᠠᠰᠢ ᠦᠭᠡᠢ ᠲᠠᠶᠢᠪᠤᠩ ᠢ ᠠᠪᠴᠢᠷᠠᠨ᠎ᠠ᠃       ᠢᠨᠢᠶᠡᠮᠰᠦᠭᠯᠡᠯ ᠨᠢ ᠤᠯᠠᠨ ᠶᠠᠪᠤᠳᠠᠯ ᠢ ᠵᠥᠪ ᠢᠶᠠᠷ ᠰᠢᠢᠳᠪᠦᠷᠢᠯᠡᠵᠦ ᠴᠢᠳᠠᠳᠠᠭ᠃       ᠢᠲᠡᠭᠡᠯ ᠬᠦᠰᠡᠯ ᠤᠨ ᠢᠨᠢᠶᠡᠮᠰᠦᠭᠯᠡᠯ ᠢᠶᠠᠷ ᠨᠠᠶᠢᠵᠠ ᠨᠥᠬᠦᠳ ᠲᠠᠢ ᠪᠠᠨ ᠬᠠᠷᠢᠯᠴᠠᠬᠤ ᠳᠤ ᠦᠭᠡ ᠬᠡᠯᠡᠨ ᠳᠤ ᠶᠠᠭᠤᠲᠠᠢ ᠠᠷᠪᠢᠲᠠᠢ ᠪᠠᠶᠢᠳᠠᠭ ᠪᠤᠢ᠃ ᠢᠲᠡᠭᠡᠯ ᠨᠠᠶᠢᠳᠠᠪᠤᠷᠢ ᠳᠤ ᠲᠠᠶᠢᠯᠪᠤᠷᠢᠯᠠᠯ ᠬᠡᠷᠡᠭ ᠦᠭᠡᠢ᠃ ᠨᠢᠭᠡ ᠯᠠ ᠢᠨᠢᠶᠡᠮᠰᠦᠭᠯᠡᠬᠦ ᠭᠤᠸ᠎ᠠ ᠲᠥᠷᠬᠦ ᠠᠯᠢᠪᠠ ᠡᠷᠡᠭᠡᠯᠵᠡᠯ ᠳᠤ ᠵᠥᠪ ᠬᠠᠷᠢᠭᠤᠯᠲᠠ ᠦᠭᠳᠡᠭ ᠰᠣᠨᠢᠬᠠᠨ ᠠᠷᠠᠨᠰᠢᠨ ᠰᠠᠶᠢᠬᠠᠨ ᠵᠠᠩ ᠶᠤᠮ ᠠ᠋᠃       ᠬᠥᠳᠡᠯᠦᠯ ᠪᠠᠶᠢᠳᠠᠯ ᠢᠶᠠᠷ ᠦᠭᠡ ᠭᠡᠯᠡ ᠶᠢ ᠣᠷᠣᠯᠠᠭᠤᠯᠬᠤ ᠦᠶ᠎ᠡ ᠳᠤ ᠢᠨᠢᠶᠡᠮᠰᠦᠭᠯᠡᠯ ᠬᠠᠮᠤᠭ ᠤᠨ ᠲᠡᠷᠢᠭᠦᠨ ᠳᠤ ᠢᠯᠡᠷᠡᠳᠡᠭ᠃ ᠨᠢᠰᠬᠡᠯ ᠳᠡᠭᠡᠷᠡᠬᠢ ᠦᠢᠯᠡᠴᠢᠯᠡᠭᠴᠢ ᠠᠪᠠᠭ᠋ᠠᠢ ᠨᠠᠷ ᠶᠡᠷᠦ ᠨᠢ ᠢᠨᠢᠶᠡᠭᠰᠡᠨ ᠨᠢᠳᠦ ᠲᠠᠢ ᠮᠦᠰᠢᠶᠡᠭᠰᠡᠨ ᠴᠢᠷᠠᠢ ᠲᠠᠢ ᠠᠶᠠᠨᠴᠢᠳ ᠲᠠᠢ ᠪᠠᠨ ᠮᠡᠨᠳᠦᠴᠢᠯᠡᠳᠡᠭ ᠪᠢᠰᠢᠦ᠂ ᠲᠡᠷᠡ ᠬᠦ ᠬᠠᠯᠠᠭᠤᠬᠠᠨ ᠳᠣᠲᠣᠨᠣᠬᠠᠨ ᠦᠢᠯᠡᠴᠢᠯᠡᠭᠡ ᠨᠢ ᠮᠠᠰᠢ ᠲᠠᠨᠢᠯ ᠲᠠᠰᠤᠯ ᠪᠠᠶᠢᠵᠤ᠂ ᠠᠶᠠᠨ ᠵᠠᠮ ᠳᠤ ᠪᠢᠳᠡ ᠬᠠᠮᠲᠤ ᠳᠠᠭᠠᠨ ᠰᠢᠤ ᠭᠡᠵᠦ ᠬᠡᠯᠡᠭᠡ ᠦᠭᠡᠢ ᠴᠤ ᠬᠡᠯᠡᠭᠰᠡᠨ ᠠᠴᠠ ᠢᠷᠠᠭᠤᠬᠠᠨ ᠰᠠᠨᠠᠭᠳᠠᠳᠠᠭ ᠪᠢᠯᠡ᠃       ᠢᠨᠢᠶᠡᠮᠰᠦᠭᠯᠡᠯ ᠳᠤ ᠬᠠᠶᠢᠷ᠎ᠠ ᠶᠢᠨ ᠠᠭᠤᠯᠤᠭᠳᠠᠴᠠ ᠭᠦᠨᠳᠦᠴᠡᠳᠡᠢ ᠪᠠᠶᠢᠬᠤ ᠨᠢ᠃ ︽ᠬᠠᠶᠢᠷ᠎ᠠ ᠲᠡᠪᠴᠢᠶᠡᠷᠢ ᠲᠠᠢ᠂ ᠬᠠᠯᠠᠭᠤᠮᠰᠤᠭ ᠡᠨᠡᠷᠢᠩᠭᠦᠢ᠂ ᠠᠲᠠᠭᠠᠷᠬᠠᠯ ᠦᠭᠡᠢ᠂ ᠣᠩᠭᠢᠷᠠᠬᠤ ᠦᠭᠡᠢ᠂ ᠶᠡᠬᠡᠷᠬᠡᠬᠦ ᠦᠭᠡᠢ᠂ ᠶᠣᠰᠣ ᠠᠯᠳᠠᠬᠤ ᠦᠭᠡᠢ᠂ ᠬᠤᠪᠢ ᠪᠠᠨ ᠪᠤᠳᠤᠬᠤ ᠦᠭᠡᠢ᠂ ᠠᠮᠠᠷᠬᠠᠨ ᠠᠭᠤᠷᠯᠠᠬᠤ ᠦᠭᠡᠢ᠂ ᠥᠰ ᠪᠤᠳᠤᠬᠤ ᠦᠭᠡᠢ᠂ ᠵᠥᠪ ᠪᠤᠰᠤ ᠳᠤ ᠪᠠᠶᠠᠷᠯᠠᠬᠤ ᠦᠭᠡᠢ᠂ ᠬᠠᠷᠢᠨ ᠦᠨᠡᠨ ᠳᠤ ᠪᠠᠶᠠᠷᠯᠠᠵᠤ᠂ ᠠᠯᠢᠪᠠ ᠶᠢ ᠪᠠᠭᠲᠠᠭᠠᠵᠤ᠂ ᠠᠯᠢᠪᠠ ᠶᠢ ᠢᠲᠡᠭᠡᠵᠦ᠂ ᠠᠯᠢᠪᠠ ᠶᠢ ᠡᠷᠡᠮᠡᠯᠵᠡᠵᠦ᠂ ᠠᠯᠢᠪᠠ ᠶᠢ ᠲᠡᠰᠪᠦᠷᠢᠯᠡᠳᠡᠭ︾᠃ ︽ᠬᠠᠶᠢᠷ᠎ᠠ ᠮᠥᠬᠦᠰᠢ ᠦᠭᠡᠢ︾ ᠭᠡᠬᠦ ᠰᠣᠳᠣᠨ ᠰᠤᠷᠭᠠᠯ ᠪᠠᠶᠢᠳᠠᠭ᠃ ᠲᠡᠶᠢᠮᠦ ᠠᠴᠠ ᠬᠠᠮᠤᠭ ᠠᠭᠤᠤ ᠨᠢ ᠬᠠᠶᠢᠷ᠎ᠠ ᠭᠡᠳᠡᠭ ᠪᠣᠯ ᠢᠯᠡᠭᠦᠳᠡᠮᠡᠷ ᠦᠭᠡᠢ ᠶᠠᠭ ᠲᠠᠭᠠᠷᠠᠳᠠᠭ ᠤᠴᠢᠷ᠃ ᠶᠠᠭᠤ ᠪᠦᠭᠦᠨ ᠢ ᠬᠠᠶᠢᠷ᠎ᠠ ᠶᠢᠨ ᠨᠢᠳᠦ ᠪᠠᠷ ᠬᠠᠷᠠᠵᠤ᠂ ᠶᠠᠭᠤ ᠪᠦᠭᠦᠨ ᠳᠤ ᠢᠨᠢᠶᠡᠮᠰᠦᠩᠭᠦᠢ ᠬᠠᠨᠳᠤᠪᠠᠯ ᠠᠮᠢ ᠨᠠᠰᠤ ᠦᠨ᠎ᠡ ᠴᠠᠨ᠎ᠠ ᠲᠠᠢ ᠠᠮᠢᠳᠤᠷᠠᠯ ᠭᠡᠷᠡᠯ ᠭᠡᠭᠡ ᠲᠠᠢ ᠪᠤᠯᠳᠠᠭ ᠭᠡᠰᠡᠨ ᠳᠤ ᠢᠲᠡᠭᠡᠬᠦ ᠶᠤᠮ ᠰᠢᠤ᠃       ᠰᠢᠨᠵᠢᠯᠡᠬᠦ ᠤᠬᠠᠭᠠᠨᠲᠠᠨ ᠡᠸ᠋ᠳᠢᠰᠦᠨ ᠵᠦᠪᠭᠡᠨ ᠲᠡᠭᠦᠨ ᠤ ᠭᠡᠰᠡᠨ ᠣᠨᠣᠯᠵᠢᠭᠰᠠᠨ ᠰᠢᠨᠵᠢᠯᠡᠬᠦ ᠤᠬᠠᠭᠠᠨᠲᠤ ᠢᠨᠢᠶᠡᠮᠰᠦᠭᠯᠡᠯ ᠢᠶᠠᠷ ᠵᠠᠭᠤᠨ ᠮᠡᠷᠭᠡᠳ ᠢ ᠮᠣᠬᠤᠭᠠᠭᠰᠠᠨ ᠶᠤᠮ ᠪᠣᠯ᠂ ᠮᠧᠩᠨᠠᠯᠢᠱᠠ ᠮᠢᠩᠭᠠᠨ ᠣᠨ ᠢᠶᠠᠷ ᠲᠠᠶᠢᠪᠤᠩᠬᠠᠨ ᠭᠤᠸ᠎ᠠ ᠢᠨᠢᠶᠡᠮᠰᠦᠭᠯᠡᠭᠰᠡᠭᠡᠷ ᠁       ᠠᠭᠤᠯᠠ ᠶᠢ ᠪᠠᠶᠠᠰᠬᠠᠵᠤ ᠢᠨᠢᠶᠡᠮᠰᠦᠭᠯᠡᠶ᠎ᠡ᠂ ᠤᠰᠤ ᠶᠢ ᠤᠶᠠᠷᠠᠭᠠᠨ ᠢᠨᠢᠶᠡᠮᠰᠦᠭᠯᠡᠶ᠎ᠡ᠃ ᠠᠭᠤᠴᠢᠯᠠᠯ ᠣᠶᠢᠯᠠᠭᠠᠯᠴᠠᠯ ᠤᠨ ᠬᠦᠴᠦᠨ ᠳᠤ ᠦᠷᠭᠦᠯᠵᠢ ᠢᠨᠢᠶᠡᠮᠰᠦᠭᠯᠡᠵᠦ ᠠᠮᠢᠳᠤᠷᠠᠵᠠᠭᠠᠶ᠎ᠠ᠃ ᠢᠲᠡᠭᠡᠯ ᠬᠠᠶᠢᠷ᠎ᠠ ᠶᠢᠨ ᠡᠷᠡᠮᠡᠯᠵᠡᠯ ᠳᠤ ᠦᠯᠡᠮᠵᠢ ᠲᠡᠪᠴᠢᠶᠡᠷᠢ ᠲᠠᠢ ᠢᠨᠢᠶᠡᠮᠰᠦᠭᠯᠡᠵᠦ ᠠᠮᠢᠳᠤᠷᠠᠶ᠎ᠠ᠃       ᠢᠨᠢᠶᠡᠮᠰᠦᠭᠯᠡᠵᠦ ᠴᠢᠳᠠᠬᠤ ᠳᠤ ᠤᠬᠠᠭᠠᠨ ᠣᠷᠣᠳᠠᠭ᠃       ᠢᠨᠢᠶᠡᠮᠰᠦᠭᠯᠡᠵᠦ ᠠᠮᠢᠳᠤᠷᠠᠨ᠎ᠠ ᠭᠡᠳᠡᠭ ᠴᠢᠨᠢ ᠨᠡᠩ ᠶᠡᠭᠡ ᠤᠬᠠᠭᠠᠨ ᠣᠷᠣᠳᠠᠭ ᠯᠠ ᠴᠢᠷᠠᠢ᠃       ᠢᠨᠢᠶᠡᠮᠰᠦᠭᠯᠡᠯ ᠤᠨ ᠬᠦᠴᠦᠨ ᠲᠡᠷᠡ ᠪᠤᠶᠤ︕
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ