ᠰᠦᠨ ᠴᠠᠭᠠᠨ ᠴᠠᠰᠤ
ᠨᠡᠶᠢᠲᠡᠯᠡᠭᠰᠡᠨ ᠴᠠᠭ᠄
2023/12/21
      ᠵᠣᠬᠢᠶᠠᠭᠴᠢ᠄ ᠰ᠊ · ᠪᠦᠬᠡᠴᠢᠯᠠᠭᠤ      ᠴᠠᠰᠤ᠂ ᠡᠪᠦᠯ ᠢ ᠮᠡᠳᠡᠭᠡᠯᠡᠭᠰᠡᠨ ᠴᠠᠭ ᠤᠨ ᠰᠢᠪᠠᠭᠤ᠃ ᠴᠠᠶᠢᠷᠠᠵᠦ ᠪᠠᠭᠤᠬᠤ ᠴᠡᠩᠭᠡᠷ ᠲᠡᠭᠷᠢ ᠶᠢᠨ ᠭᠠᠵᠠᠷ ᠲᠠᠭᠠᠨ ᠰᠢᠪᠡᠨᠡᠭᠰᠡᠨ ᠬᠠᠶᠢᠷ᠎ᠠ ᠶᠢᠨ ᠵᠠᠬᠢᠶ᠎ᠠ᠂ ᠬᠤᠩᠭᠤᠷ ᠤᠨ ᠮᠢᠨᠢ ᠦᠭᠡᠳᠡ ᠠᠴᠠ ᠮᠦᠰᠢᠶᠡᠭᠰᠡᠨ ᠭᠠᠯᠪᠢᠷ ᠲᠦᠷᠬᠦ᠃       ᠴᠠᠰᠣ᠂ ᠨᠢᠴᠦᠬᠦᠨ ᠮᠤᠳᠤᠳ ᠤᠨ ᠤᠶᠢᠳᠬᠠᠷ ᠢ ᠠᠷᠭᠠᠳᠠᠨ ᠨᠠᠪᠴᠢ ᠶᠢ ᠨᠢ ᠤᠷᠤᠯᠠᠨ ᠲᠡᠯᠭᠡᠷᠡᠵᠦ᠂ ᠬᠦᠷᠦᠰᠦᠨ ᠳᠤ ᠬᠤᠷᠠᠵᠦ ᠬᠦᠭᠡ ᠡᠪᠡᠰᠦᠨ ᠤ ᠦᠨᠳᠦᠰᠦ ᠶᠢ ᠪᠦᠪᠠᠶᠢᠯᠡᠨ ᠬᠦᠭᠡᠮᠳᠦᠭ ᠠᠭᠤᠯᠠᠰ ᠤᠨ ᠰᠦᠷ ᠭᠡᠷᠡᠯ ᠢ ᠨᠡᠮᠡᠳᠡᠭ᠃       ᠴᠠᠰᠤ᠂ ᠢᠷᠠᠭᠤ ᠨᠠᠶᠢᠷᠠᠭᠴᠢ ᠶᠢᠨ ᠰᠢᠯᠦᠭ ᠤᠨ ᠭᠢᠨᠢ ᠤᠩᠭᠤᠳ ᠪᠤᠯᠵᠦ ᠤᠢ ᠰᠡᠷᠡᠯ ᠳᠤᠨᠢ ᠴᠠᠭᠢᠯᠣᠨ ᠪᠠᠭᠤᠲᠠᠬ᠃       ᠨᠡᠬᠦᠳᠡᠯ ᠤᠨ ᠭᠠᠯᠠᠭᠤᠳ ᠨᠠᠭᠤᠷ ᠢᠶᠠᠨ ᠴᠠᠯᠭᠢᠯᠠᠳᠠᠯ᠎ᠠ ᠨᠤᠷᠭᠢᠯᠳᠤᠨ ᠪᠠᠭᠤᠬᠤ ᠰᠢᠭ ᠴᠠᠰᠤ ᠯᠠᠪᠰᠠᠯᠠᠵᠦ ᠡᠭᠡ ᠪᠠᠶᠢᠭᠠᠯᠢ ᠶᠢᠨ ᠢᠶᠠᠨ ᠡᠯᠢᠭᠡᠨ ᠳᠤ ᠡᠷᠭᠡᠯᠡᠨ ᠰᠠᠭᠠᠳᠠᠬᠤ ᠨᠢ ᠡᠵᠢ ᠲᠠᠢ ᠪᠠᠨ ᠠᠭᠤᠯᠵᠠᠬᠤ ᠪᠠᠷ ᠲᠡᠮᠡᠦᠯᠦᠭᠰᠡᠨ ᠦᠷ᠎ᠡ ᠶᠢᠨ ᠬᠢᠨᠢ ᠡᠯᠪᠡᠷᠢᠯ ᠤᠨ ᠰᠡᠳᠭᠢᠯ ᠮᠡᠳᠦ᠂ ᠨᠤᠲᠤᠭ ᠵᠦᠭ ᠢᠶᠠᠨ ᠬᠦᠶᠦᠯᠳᠦᠭᠰᠡᠨ ᠭᠤᠪᠢ ᠶᠢᠨ ᠴᠡᠩᠭᠡᠷ ᠴᠢᠯᠠᠭᠤᠳ ᠤᠨ ᠵᠡᠬᠦᠳᠦᠨ ᠮᠡᠳᠦ᠃       ᠴᠠᠰᠤᠨ ᠠᠴᠠ ᠰᠦᠨ ᠭᠡᠷᠡᠯ ᠰᠠᠴᠤᠷᠠᠨ᠎ᠠ᠂ ᠴᠠᠰᠤᠨ ᠠᠴᠠ ᠨᠠᠷᠠᠨ ᠤ ᠢᠯᠴᠢ ᠪᠠᠳᠠᠷᠠᠨ᠎ᠠ᠃ ᠭᠡᠭᠡᠷ᠎ᠡ ᠶᠢᠨ ᠲᠠᠤᠯᠠᠢ ᠬᠤᠷᠠᠭᠰᠠᠨ ᠴᠠᠰᠤᠨ ᠤ ᠨᠦᠮᠦᠷᠢ ᠳᠤ ᠨᠢᠳᠦ ᠪᠠᠨ ᠠᠨᠢᠭᠠᠳ ᠬᠠᠯᠠᠭᠤᠬᠠᠨ ᠨᠦᠢᠷᠰᠤᠬᠤ ᠳᠤ ᠮᠦᠰᠦ ᠴᠠᠰᠤᠨ ᠳᠤ ᠬᠤᠴᠢᠭᠳᠠᠭᠰᠠᠨ ᠨᠠᠭᠤᠷ ᠤᠨ ᠵᠢᠭᠠᠰᠤ ᠡᠶᠢᠰᠢ ᠲᠡᠶᠢᠰᠢ ᠰᠦᠯᠵᠢᠯᠳᠤᠨ ᠲᠡᠩᠳᠡ ᠡᠷᠭᠡ ᠴᠢᠯᠦᠭᠡᠳᠡᠢ᠃ ᠰᠠᠷᠠᠪᠴᠢᠨ ᠳᠤ ᠡᠬᠦᠷᠯᠡᠭᠰᠡᠨ ᠪᠤᠯᠵᠤᠮᠤᠷ ᠢᠳᠡᠰᠢ ᠡᠷᠢᠵᠦ ᠬᠤᠷᠠᠭᠰᠠᠨ ᠴᠠᠰᠤᠨ ᠲᠡᠭᠡᠷ᠎ᠡ ᠨᠢᠰᠦᠨ ᠪᠠᠭᠤᠬᠤ ᠳᠤ ᠠᠯᠬᠤᠬᠰᠠᠨ ᠮᠦᠷ ᠨᠢ ᠲᠡᠷᠡ ᠭᠡᠪ ᠢᠶᠠᠷ ᠢᠶᠠᠨ ᠲᠤᠷᠠᠶᠢᠭᠠᠳ ᠤᠷᠠᠨ ᠵᠢᠷᠤᠭ ᠭᠡᠮᠡᠷ ᠦᠰᠪᠦᠷᠢ ᠶᠢᠨ ᠭᠡᠦᠭᠡᠳ ᠤᠨ ᠠᠩᠬᠠᠷᠤᠯ ᠢ ᠲᠠᠳᠠᠵᠦ ᠤᠷᠮ᠎ᠠ ᠶᠢ ᠬᠦᠭᠵᠢᠭᠡᠨ᠎ᠡ᠃ ᠬᠡᠦᠬᠡᠳ ᠭᠡᠷ ᠠᠴᠠ ᠪᠠᠨ ᠭᠠᠷᠴᠦ ᠴᠠᠰᠤᠨ ᠬᠦᠮᠦᠨ ᠪᠠᠷᠢᠵᠦ ᠪᠤᠰᠬᠠᠬᠤ ᠳᠠᠭᠠᠨ ᠠᠮᠢᠳᠤᠷᠠᠯ ᠤᠨ ᠭᠤᠸ᠎ᠠ ᠰᠠᠶᠢᠬᠠᠨ ᠤ ᠨᠢᠭᠡᠨ ᠵᠢᠷᠳᠢᠨᠴᠦ ᠶᠢ ᠡᠬᠦᠳᠦᠨ ᠪᠦᠳᠦᠭᠡᠭᠰᠡᠨ ᠰᠢᠭ ᠪᠠᠶᠠᠰᠤᠨ ᠲᠡᠪᠭᠡᠷᠤᠨ᠎ᠡ᠃ ᠲᠠᠶᠢᠮᠦ ᠡ᠂ ᠬᠦᠳᠡᠭᠡ ᠶᠢᠨ ᠭᠡᠦᠭᠡᠳ ᠤᠨ ᠰᠢᠨ᠎ᠡ ᠶᠢ ᠡᠬᠦᠳᠦᠨ ᠪᠦᠳᠦᠭᠡᠬᠦ᠂ ᠵᠢᠷᠤᠵᠦ ᠲᠦᠰᠦᠪᠯᠡᠬᠦ ᠤᠷᠠᠨ ᠮᠡᠷᠭᠡᠵᠢᠯ ᠰᠠᠨᠠᠮᠰᠠᠷ ᠦᠭᠡᠢ ᠢᠩᠭᠢᠵᠦ ᠯᠡ ᠡᠭᠢᠯᠡᠳᠡᠭ ᠢᠶᠠᠷ ᠪᠠᠷᠠᠬᠤ ᠦᠭᠡᠢ ᠭᠡᠨ ᠠᠯᠢᠨ ᠢᠢᠡᠨ ᠬᠠᠪᠰᠤᠷᠴᠦ ᠲᠡᠮᠵᠢᠬᠦ ᠳᠤ ᠦᠢᠯᠡᠰ ᠨᠢ ᠪᠠᠳᠠᠷᠠᠬᠤ ᠶᠤᠰᠤ ᠤᠴᠢᠷ ᠢ ᠠᠩᠬ᠎ᠠ ᠠᠯᠬᠤᠮ ᠲᠠᠨᠢᠳᠠᠭ ᠠᠵᠢ᠃       ᠪᠠᠭ᠎ᠠ ᠳᠠᠭᠠᠨ ᠪᠢ ᠲᠡᠩᠳᠡ ᠴᠠᠰᠤᠨ ᠬᠦᠮᠦᠨ ᠱᠤᠭᠤᠵᠦ ᠪᠦᠳᠦᠭᠡᠬᠦ ᠲᠤᠷᠠᠳᠠᠢ ᠭᠡᠦᠭᠡᠳ ᠪᠠᠶᠢᠭᠰᠠᠨ ᠶᠤᠮ᠃ ᠴᠠᠰᠤ ᠤᠷᠤᠬᠤ ᠪᠤᠯᠭᠠᠨ ᠬᠦᠷᠰᠢ ᠶᠢᠨ ᠭᠡᠳᠦᠨ ᠨᠠᠶᠢᠵᠠ ᠪᠠᠨ ᠲᠠᠭᠤᠳᠠᠵᠦ ᠬᠠᠰᠢᠶ᠎ᠠ ᠬᠦᠷᠢᠶᠡᠨ ᠤ ᠴᠠᠰᠤ ᠶᠢ ᠤᠪᠤᠭᠠᠯᠠᠵᠦ ᠴᠠᠰᠣᠨ ᠬᠦᠮᠦᠨ ᠪᠠᠷᠢᠵᠦ ᠪᠦᠳᠦᠭᠡᠬᠦ ᠨᠢ ᠨᠢᠭᠡᠨ ᠶᠤᠰᠤᠨ ᠤ ᠵᠢᠷᠭᠠᠯ ᠪᠠᠶᠢᠪᠠ᠃ ᠴᠠᠰᠤᠨ ᠬᠦᠮᠦᠨ ᠤ ᠪᠠᠨ ᠲᠦᠷᠢ ᠲᠦᠷᠬᠦ᠂ ᠵᠢᠰᠦ ᠦᠩᠭᠡ ᠶᠢ ᠬᠦᠷᠳᠡᠯ᠎ᠡ ᠠᠳᠠᠯᠢᠳᠬᠠᠨ ᠦᠪᠡᠷ ᠦᠪᠡᠷ ᠤᠨ ᠢᠶᠠᠨ ᠲᠠᠪᠠᠭᠤᠯᠢᠭ ᠢ ᠮᠠᠭᠳᠠᠨ ᠶᠠᠷᠢᠭᠠᠳ ᠭᠡᠨ ᠠᠯᠢᠨ ᠢᠢᠡᠨ ᠪᠢᠰᠢᠷᠡᠬᠦ ᠦᠭᠡᠢ ᠮᠦᠴᠡᠭᠡᠷᠭᠡᠵᠦ ᠪᠠᠶᠢᠭᠰᠠᠨ ᠢᠶᠠᠨ ᠤᠳᠤ ᠪᠤᠳᠤᠬᠤ ᠳᠤ ᠢᠨᠢᠶᠡᠳᠦ ᠬᠦᠷᠦᠮᠡᠷ᠃ ᠶᠠᠩᠵᠦ ᠶᠢᠨ ᠲᠦᠷᠰᠦ ᠲᠠᠢ ᠴᠠᠰᠤᠨ ᠬᠦᠮᠦᠨ ᠢᠶᠠᠨ ᠬᠠᠷᠠᠭᠠᠳ ᠪᠢᠳᠡ ᠭᠡᠳᠦᠬᠦᠯᠡ ᠬᠤᠶᠢᠭᠤᠷ ᠤᠷᠢᠳᠠᠭᠤᠷ ᠨᠢ ᠡᠷᠭᠢᠴᠡᠭᠡᠳ ᠰᠠᠯᠵᠦ ᠶᠠᠳᠠᠳᠠᠭ ᠢ ᠪᠤᠤ ᠭᠡᠯᠡ᠂ ᠬᠦᠭᠡᠷᠴᠦ ᠲᠠᠭᠤᠯᠠᠭᠠᠳ ᠬᠦᠭᠵᠢᠶᠡᠨ ᠨᠠᠷᠭᠢᠶᠠᠨ ᠪᠢᠯᠬᠠᠭᠤᠯᠤᠨ᠎ᠠ᠃       ᠲᠡᠷᠡ ᠦᠶ᠎ᠡ ᠳᠤ᠂ ᠡᠮᠡᠭᠡ ᠮᠢᠨᠢ ᠲᠠᠶᠠᠭ ᠢᠶᠠᠨ ᠲᠤᠯᠵᠦ ᠪᠢᠳᠡ ᠭᠡᠳᠦᠬᠦᠯᠡ ᠶᠢᠨ ᠲᠡᠷᠭᠡᠳᠡ ᠢᠷᠡᠵᠦ ᠴᠠᠰᠤᠨ ᠬᠦᠮᠦᠨ ᠢ ᠤᠳᠠᠳᠠᠯ᠎ᠠ ᠰᠢᠨᠵᠢᠵᠦ ᠪᠠᠶᠢᠴᠠᠭᠠᠭᠰᠠᠨ ᠢᠶᠠᠨ᠄ ︽ᠮᠢᠨᠦ ᠮᠠᠭᠤ ᠰᠢᠷ᠎ᠠ ᠶᠢᠨ ᠪᠣᠰᠬᠠᠬᠰᠠᠨ ᠴᠠᠰᠤᠨ ᠬᠦᠮᠦᠨ ᠨᠡᠯᠢᠶᠡᠳ ᠲᠡᠭᠵᠢᠨ ᠴᠤᠪᠤᠭᠤᠯᠢᠭ ᠬᠠᠷᠠᠭᠳᠠᠭᠰᠠᠨ ᠴᠦ ᠲᠠᠭᠠᠷᠠᠬᠤ ᠪᠠᠷ ᠤᠭᠢᠯᠠᠬᠤ ᠨᠢ ᠠᠶᠢᠯᠦᠦ ᠠᠶᠢᠯᠤᠤ︕︾ ᠭᠡᠵᠦ ᠲᠤᠯᠤᠪᠤᠷ ᠬᠤᠷᠤᠭᠤ ᠪᠠᠷ ᠢᠶᠠᠨ ᠬᠠᠴᠠᠷ ᠢᠶᠠᠨ ᠬᠦᠩᠭᠡᠭᠡᠨ ᠲᠤᠶ᠋ᠢᠭᠠᠳ ᠴᠢᠨᠠᠭᠰᠢ ᠮᠠᠶᠢᠵᠢᠭᠴᠢᠨ ᠠᠯᠬᠤᠵᠦ᠂ ᠵᠡᠬᠦᠨ ᠭᠡᠷ ᠤᠨ ᠲᠡᠮᠦᠷᠯᠤᠤ ᠶᠢᠨ ᠲᠡᠷᠭᠡᠳᠡ ᠬᠦᠷᠴᠦ ︽ᠨᠢᠳᠦ ᠦᠭᠡᠢ ᠬᠦᠮᠦᠨ ᠪᠠᠶᠢᠳᠠᠭ ᠶᠣᠮ ᠤᠤ︖ ᠰᠤᠷᠮᠤᠤᠰᠤ ᠶᠢ ᠨᠢ ᠡᠪᠡᠰᠦ ᠪᠠᠷ ᠤᠷᠤᠯᠠᠨ ᠭᠢᠭᠡᠳ ᠨᠢᠳᠦ ᠶᠢ ᠨᠢ ᠵᠢᠷᠤᠵᠦ ᠪᠦᠳᠦᠭᠡᠭᠰᠡᠨ ᠦᠭᠡᠢ ᠭᠡᠳᠡᠭ ᠴᠢᠨᠢ ᠁ ᠬᠦᠭᠡᠷᠦᠬᠦᠢ᠂ ᠶᠠᠮᠠᠷ ᠠᠵᠢᠯ ᠳᠤ ᠴᠦ ᠭᠢᠨᠠᠮᠠᠭᠠᠢ ᠬᠠᠨᠳᠤᠬᠤ ᠭᠡᠷᠡᠭᠳᠡᠢ ᠶᠤᠮ ᠰᠢᠦ︕︾ ᠭᠡᠵᠦ ᠦᠯᠦ ᠲᠤᠭᠤᠮᠰᠠᠷᠯᠠᠭᠰᠠᠨ ᠬᠠᠷᠠᠴᠠ ᠪᠠᠷ ᠰᠢᠷᠳᠡᠭᠡᠳ ᠪᠠᠷᠠᠭᠤᠨ ᠭᠡᠷ ᠤᠨ ᠲᠤᠶᠠᠭ᠎ᠠ ᠶᠢᠨ ᠵᠠᠬ᠎ᠠ ᠳᠤ ᠣᠴᠢᠵᠦ᠄ ︽ᠴᠢᠨᠦ ᠪᠠᠷᠢᠵᠦ ᠪᠤᠰᠬᠠᠭᠰᠠᠨ ᠴᠠᠰᠤᠨ ᠬᠦᠮᠦᠨ ᠪᠤᠯᠵᠦ ᠪᠠᠶᠢᠨ᠎ᠠ᠃ ᠭᠡᠳᠡᠯ᠎ᠡ ᠨᠢᠭᠡ ᠴᠢᠭᠢ ᠨᠢ ᠭᠡᠳᠦᠷᠭᠡᠢ ᠲᠤᠤᠷ᠎ᠠ ᠪᠤᠯᠵᠠᠢ᠃ ᠵᠠᠰᠠᠬᠤ ᠴᠢᠬᠤᠯᠡ ᠲᠠᠢ᠃ ᠬᠦᠳᠡᠯᠮᠦᠷᠢ ᠭᠡᠵᠦ ᠬᠦᠯᠦᠰᠦ ᠶᠢ ᠠᠰᠬᠠᠷᠠᠭᠤᠯᠤᠭᠰᠠᠨ ᠴᠦ ᠬᠦᠮᠦᠨ ᠵᠤᠨ ᠤ ᠬᠦᠰᠡᠯ ᠢ ᠬᠠᠩᠭᠠᠳᠠᠭ ᠨᠢ ᠦᠨᠡᠨ︕︾ ᠭᠡᠵᠦ ᠵᠠᠬ᠎ᠠ ᠲᠠᠷᠠᠭᠠᠯᠠᠨ ᠰᠤᠷᠭᠠᠳᠠᠭ᠃       ᠬᠦᠲᠡᠭᠡ ᠶᠢᠨ ᠪᠣᠭᠤᠷᠣᠯᠴᠣᠳ ᠤᠨ ᠭᠡᠦᠭᠡᠳ ᠢᠶᠠᠨ ᠰᠤᠷᠭᠠᠨ ᠬᠦᠮᠦᠵᠢᠬᠦᠯᠬᠦ ᠠᠷᠭ᠎ᠠ ᠤᠬᠠᠭᠠᠨ ᠭᠡᠵᠦ ᠲᠠᠷᠡ᠃       ᠡᠪᠦᠯ ᠤᠨ ᠴᠠᠰᠤᠨ ᠵᠤᠨ ᠤ ᠴᠡᠴᠡᠭ ᠠᠴᠠ ᠴᠦ ᠲᠤᠤᠷᠠᠳᠠᠬᠤ ᠦᠭᠡᠢ ᠴᠡᠪᠡᠷ ᠡᠷᠬᠢᠮᠰᠦᠭ᠃ ᠭᠠᠷ ᠤᠨ ᠠᠯᠠᠭᠠᠨ ᠲᠡᠭᠡᠷ᠎ᠡ ᠠᠶᠠᠷᠬᠠᠨ ᠪᠠᠭᠤᠬᠤ ᠬᠤᠷᠤᠮ ᠳᠤ ᠬᠠᠶᠢᠯᠵᠦ ᠤᠰᠤ ᠪᠤᠯᠬᠤ ᠪᠠᠷ ᠰᠡᠳᠭᠢᠯ ᠨᠢ ᠲᠤᠩ ᠵᠦᠭᠡᠯᠡᠨ ᠪᠤᠶᠤ ᠭᠡᠪᠡᠷᠡᠭ ᠭᠡᠳᠡᠭ ᠲᠦᠷᠦᠭᠳᠡᠯ ᠦᠭᠬᠦᠨ᠎ᠡ᠃ ᠭᠡᠬᠦ ᠳᠡᠭᠡᠨ ︽ᠬᠦᠯᠳᠡᠬᠦ ᠪᠠᠷ ᠬᠠᠳᠠᠭᠤᠷᠠᠳᠠᠭ ᠨᠢ ᠴᠢᠯᠠᠭᠤ ᠰᠢᠭ ᠴᠢᠨᠠᠷ ᠲᠠᠢ᠂ ᠬᠠᠶᠢᠯᠬᠤ ᠪᠠᠷ ᠵᠦᠭᠡᠯᠡᠷᠡᠳᠡᠭ ᠨᠢ ᠲᠤᠷᠠᠯᠠᠯ ᠰᠢᠭ ᠭᠡᠪᠡᠷᠡᠭ︾ ᠭᠡᠳᠡᠭ ᠦᠭᠡ ᠪᠤᠢ ᠪᠤᠯᠤᠭᠰᠠᠨ ᠮᠠᠭᠠᠳ ᠡ︕       ᠴᠠᠰᠤ᠂ ᠲᠤᠭᠳᠤᠯᠬᠤ ᠳᠠᠭᠠᠨ ᠤᠶᠠᠷᠠᠵᠦ ᠲᠤᠭᠰᠢᠷᠠᠬᠤ ᠳᠠᠭᠠᠨ ᠰᠢᠭᠤᠷᠳᠠᠭ ᠨᠢ ᠦᠨᠡᠨ ᠬᠤᠳᠠᠯ ᠬᠤᠶᠠᠷ ᠲᠤ ᠬᠠᠨᠳᠤᠭᠰᠠᠨ ᠢᠯᠡ ᠲᠤᠳᠤ ᠤᠪᠤᠷ ᠭᠡᠵᠦ ᠪᠢ ᠦᠵᠡᠨ᠎ᠡ᠃ ᠬᠦᠮᠦᠨ ᠲᠦᠷᠦᠯᠭᠢᠳᠡᠨ ᠤ ᠤᠶᠤᠨ ᠰᠠᠨᠠᠭᠠᠨ ᠳᠤ ᠬᠠᠷ᠎ᠠ ᠬᠦ᠋ ᠬᠦᠷᠭᠡᠬᠦ ᠦᠭᠡᠢ ᠭᠡᠮᠡᠨ ᠰᠦᠨ ᠦᠩᠭᠡ ᠪᠠᠷ ᠴᠠᠶᠢᠷᠠᠳᠠᠯ᠎ᠠ ᠬᠠᠶᠠᠯᠠᠳᠠᠭ ᠨᠢ ᠴᠠᠰᠣ ᠪᠢᠯᠡ᠃ ᠭᠡᠷᠡᠯ ᠭᠡᠭᠡ ᠲᠠᠢ ᠠᠮᠢᠳᠤᠷᠠᠯ ᠪᠠᠯ ᠪᠤᠷᠠᠮ ᠰᠢᠬ ᠠᠮᠳᠠᠳᠠᠢ ᠪᠦᠭᠡᠳ ᠠᠵᠠ ᠵᠢᠷᠭᠠᠯ ᠢᠢᠡᠷ ᠪᠢᠯᠬᠠᠮ᠎ᠠ ᠪᠠᠶᠢᠳᠠᠭ ᠭᠡᠮᠡᠨ ᠦᠪᠡᠷ ᠤᠨ ᠢᠶᠠᠨ ᠭᠡᠷᠡᠯ ᠢᠯᠴᠢ ᠶᠢ ᠬᠦᠮᠦᠨ ᠵᠤᠨ᠂ ᠠᠮᠢᠳᠠᠨ ᠭᠤᠤᠯᠳᠠᠨ ᠳᠤ ᠬᠠᠷᠠᠮ ᠦᠭᠡᠢ ᠶᠠᠬᠦᠯᠡᠬᠦ ᠴᠠᠰᠤᠨ ᠤ ᠶᠤᠰᠤ ᠶᠢ ᠤᠬᠠᠭᠠᠷᠠᠢ︕ ᠬᠦᠮᠦᠰ ᠮᠢᠨᠢ᠃       ᠲᠡᠰᠭᠢᠮ᠎ᠡ ᠬᠦᠢᠳᠡᠨ ᠡᠪᠦᠯ ᠢ ᠲᠡᠰᠪᠦᠷᠢᠳᠡᠢ ᠦᠩᠭᠡᠷᠡᠬᠦᠯᠵᠦ ᠤᠷᠢᠨ ᠲᠤᠯᠠᠭᠠᠨ ᠬᠠᠪᠤᠷ ᠢ ᠤᠭᠳᠤᠬᠤ ᠪᠠᠷ ᠬᠠᠶᠢᠯᠵᠦ ᠤᠷᠤᠰᠤᠭᠠᠳ ᠴᠡᠴᠡᠭ ᠬᠤᠸᠠᠷ ᠤᠨ ᠦᠨᠳᠦᠰᠦᠨ ᠳᠤ ᠠᠭᠤᠰᠤᠨ ᠰᠢᠩᠭᠡᠬᠦ ᠨᠢ ᠴᠠᠰᠤᠨ ᠤ ᠮᠦᠬᠦᠯ ᠪᠢᠰᠢ᠂ ᠬᠠᠷᠢᠨ ᠠᠮᠢ ᠨᠠᠰᠤᠨ ᠤ ᠭᠢᠨᠢ ᠰᠢᠨ᠎ᠡ ᠡᠭᠢᠯᠡᠯᠳᠡ᠂ ᠨᠤᠭᠤᠭᠠᠷᠠᠵᠦ ᠤᠷᠭᠤᠬᠤ ᠶᠢᠨ ᠬᠦᠰᠡᠯ ᠶᠣᠮ᠃       ᠴᠠᠰᠤ ᠤᠷᠤᠬᠤ ᠪᠣᠯᠭᠠᠨ ᠪᠢ ᠮᠦᠷ ᠭᠠᠷᠭᠠᠶ᠎ᠠ ᠭᠡᠵᠦ ᠪᠤᠳᠤᠳᠠᠭ ᠪᠦᠭᠡᠳ ᠮᠦᠩᠬᠦ‍ ᠰᠢᠭ ᠭᠢᠯᠠᠯᠵᠠᠨ ᠰᠠᠴᠤᠷᠠᠬᠤ ᠳᠤᠨᠢ ᠠᠭᠤᠰᠤᠨ ᠰᠢᠩᠭᠡᠭᠡᠳ ᠰᠢᠷᠭᠡᠭ ᠴᠠᠰᠤ ᠪᠤᠯᠬᠤ ᠶᠢ ᠲᠤᠷᠠᠯᠠᠨᠠᠮ︕       ᠴᠠᠰᠤ᠂ ᠰᠦ ᠰᠢᠭ ᠠᠷᠢᠭᠤᠨ᠂ ᠰᠡᠳᠭᠢᠯ ᠰᠢᠭ ᠭᠡᠭᠡᠨᠴᠢᠷ᠃ ᠦᠴᠦᠭᠡᠨ ᠴᠦ ᠬᠤᠯᠢᠮᠠᠭ ᠦᠭᠡᠢ ᠲᠤᠩ ᠴᠠᠭᠠᠨ ᠪᠣᠯᠬᠤᠷ ᠪᠢ ᠴᠠᠰᠣᠨ ᠤ ᠦᠩᠭᠡᠨ ᠳᠤ ᠬᠠᠮᠤᠭ ᠠᠴᠠ ᠲᠤᠷᠠᠳᠠᠢ᠃ ᠦᠨᠡᠨ ᠤ ᠭᠡᠭᠡᠨ ᠰᠦᠭ᠂ ᠦᠵᠡᠰᠭᠦᠯᠡᠩ ᠤᠨ ᠭᠠᠳᠠᠨᠠᠭᠢ ᠦᠵᠡᠰᠭᠦᠯᠡᠩ ᠪᠤᠯ ᠴᠠᠰᠤ ᠶᠣᠮ᠃ ᠠᠭᠤᠯᠠ ᠭᠤᠤ᠂ ᠮᠠᠩᠬ᠎ᠠ ᠵᠣ ᠶᠢ ᠮᠦᠩᠬᠦᠨ ᠦᠩᠭᠡ ᠪᠠᠷ ᠭᠤᠶᠤᠯᠠᠵᠦ ᠴᠢᠮᠡᠨ᠎ᠡ ᠭᠡᠳᠡᠭ ᠭᠠᠭᠴᠠ ᠬᠦᠰᠡᠯ ᠲᠠᠢ ᠴᠠᠰᠤᠨ ᠤ ᠮᠡᠳᠡᠷᠡᠮᠵᠢ ᠶᠢ ᠤᠬᠠᠭᠠᠷᠡᠵᠦ ᠰᠡᠷᠡᠬᠦ ᠳᠤ ᠲᠡᠭᠷᠢ ᠠᠴᠠ ᠲᠤᠮᠢᠯᠠᠭᠰᠠᠨ ᠡᠯᠴᠢ ᠭᠡᠵᠦ ᠪᠢ ᠦᠷᠬᠦᠯᠵᠢ ᠪᠤᠳᠤᠲᠠᠬ᠃ ᠬᠠᠶᠠ ᠳᠠᠭᠠᠨ ︽ᠴᠠᠰᠤ ᠪᠤᠯ ᠵᠡᠬᠦᠳᠦᠨ ᠳᠤ ᠵᠢᠷᠭᠢᠭᠰᠡᠨ ᠦᠷ ᠤᠨ ᠪᠤᠯᠵᠤᠮᠤᠷ᠂ ᠵᠢᠷᠭᠠᠯ ᠬᠤᠷᠦ᠋ᠢᠯᠠᠭᠰᠠᠨ ᠵᠦᠩ ᠰᠤᠪᠢᠩ ᠤᠨ ᠪᠦᠷᠢᠯᠸ᠎ᠠ︾ ᠭᠡᠮᠡᠨ ᠲᠤᠭᠳᠤᠯᠬᠤ ᠶᠢᠨ ᠡᠷᠭᠡᠨ ᠳᠤ ᠤᠶᠠᠩᠭᠠᠯᠠᠬᠤ ᠳᠤ ᠪᠦᠰᠡᠬᠦᠢ ᠮᠢᠨᠢ ᠡᠯᠬᠦᠨ ᠠᠪᠴᠦ ︽ᠴᠠᠭ ᠦᠶ᠎ᠡ ᠶᠢᠨ ᠬᠦᠭᠵᠢᠯ ᠤᠨ ᠴᠡᠴᠡᠭ᠂ ᠴᠡᠩᠭᠡᠷ ᠲᠡᠭᠷᠢ ᠰᠢᠭ ᠮᠢᠨᠦ ᠡᠭᠡ ᠤᠷᠤᠨ ᠤ ᠬᠠᠶᠢᠷ᠎ᠠ︾ ᠭᠡᠵᠦ ᠪᠦᠬᠦᠯᠢ ᠪᠦᠳᠦᠨ ᠨᠢᠭᠡᠨ ᠪᠠᠳᠠᠭ ᠰᠢᠯᠦᠭ ᠪᠤᠯᠭᠠᠵᠦ ᠬᠦᠭᠰᠡᠬᠦ ᠶᠢ ᠶᠠᠭᠠᠭᠢᠨᠠᠮ᠃       ︽ᠴᠠᠰᠤ — ᠰᠠᠨᠠᠭ᠎ᠠ ᠪᠤᠳᠤᠯ ᠢ ᠭᠡᠭᠡᠯᠡᠭᠰᠡᠨ ᠰᠦᠨ ᠤ ᠬᠤᠪᠢᠯᠪᠤᠷᠢ᠂ ᠤᠷᠠᠨ ᠰᠡᠳᠭᠢᠬᠦᠢ ᠶᠢ ᠨᠡᠭᠡᠭᠡᠭᠰᠡᠨ ᠤᠷᠠᠯᠢᠭ ᠤᠨ ᠤᠤᠭᠠᠨ ᠪᠠᠭᠰᠢ᠃ ᠬᠤᠯᠪᠤᠨ ᠪᠤᠳᠤᠯᠳᠠ ᠶᠢᠨ ᠵᠢᠬᠦᠷ ᠢ ᠲᠡᠯᠡᠭᠰᠡᠨ ᠢᠷᠠᠭᠤ ᠨᠠᠶᠢᠷᠠᠭ ᠤᠨ ᠶᠠᠩᠵᠢᠠᠯᠾᠮᠤ᠂ ᠬᠤᠷᠸ᠎ᠠ ᠶᠢ ᠪᠠᠭᠳᠠᠭᠠᠭᠰᠠᠨ ᠠᠭᠤᠳᠠᠮ ᠡᠨᠡᠷᠢᠩᠬᠦᠢ ᠰᠡᠳᠭᠢᠯ ᠤᠨ ᠭᠡᠷᠡᠯ︾ ᠭᠡᠵᠦ ᠲᠦᠰᠦᠭᠡᠯᠡᠬᠦ ᠳᠤ ᠬᠤᠷᠠᠵᠦ ᠵᠤᠵᠠᠭᠠᠷᠠᠭᠰᠠᠨ ᠴᠠᠰᠤᠨ ᠲᠡᠭᠡᠷ᠎ᠡ ᠬᠦᠯ ᠲᠠᠯᠪᠢᠬᠤ ᠠᠴᠠ ᠪᠠᠨ ᠪᠢ ᠬᠠᠯᠢᠷᠠᠨ᠎ᠠ᠃       ᠴᠠᠰᠤ ᠤᠷᠤᠬᠤ ᠪᠠᠷ ᠮᠢᠨᠦ ᠨᠤᠳᠤᠭ ᠤᠨ ᠬᠦ᠋ᠮᠦᠰ ︽ᠬᠤᠷ᠎ᠠ ᠲᠤᠨᠤᠳᠠᠰᠤ ᠡᠯᠪᠡᠭ᠂ ᠦᠭᠡᠳᠡ ᠡᠰᠡᠷᠡᠭ ᠵᠢᠯ ᠪᠤᠯᠤᠨ᠎ᠠ ᠳ᠋ᠠ︕︾ ᠭᠡᠮᠡᠨ ᠰᠢᠨ᠎ᠡ ᠨᠢᠭᠡᠨ ᠵᠢᠯ ᠳᠡᠭᠡᠨ ᠢᠳᠡᠭᠡᠯ ᠨᠠᠶᠢᠳᠠᠯᠭ᠎ᠠ ᠨᠢ ᠨᠢᠰᠦᠨ ᠬᠦᠷᠳᠡᠭ ᠢ ᠪᠢ ᠮᠡᠳᠡᠨ᠎ᠡ᠃ ᠬᠠᠶᠠᠯᠠᠬᠤ ᠴᠠᠰᠤ ᠬᠦᠷᠦᠰᠦᠨ ᠤ ᠴᠢᠭᠢᠭ ᠢ ᠬᠠᠮᠠᠭᠠᠯᠠᠨ ᠪᠠᠲᠣᠯᠠᠬᠤ ᠪᠠᠷ ᠪᠠᠷᠠᠬᠤ ᠦᠭᠡᠢ ᠬᠤᠷ᠎ᠠ ᠪᠤᠷᠤᠭᠠᠨ ᠢ ᠤᠷᠢᠨ ᠵᠠᠯᠠᠬᠤ ᠲᠠᠯᠳᠠ ᠶᠢᠨ ᠤᠪᠠᠲᠢᠰ ᠴᠦ ᠪᠠᠶᠢᠯᠬᠦᠢ ᠳ᠋ᠠ︕       ᠴᠠᠰᠤ — ᠰᠠᠶᠢᠨ ᠰᠠᠶᠢᠬᠠᠨ ᠤ ᠪᠡᠯᠭᠡ ᠲᠡᠮᠳᠡᠭ᠂ ᠰᠠᠨᠰᠠᠷ ᠤᠭᠳᠠᠷᠭᠤᠢ ᠠᠴᠠ ᠠᠰᠬᠠᠷᠠᠭᠰᠠᠨ ᠤᠳᠤᠳ ᠤᠨ ᠭᠢᠯᠪᠠᠭ᠎ᠠ᠃ ᠰᠠᠴᠤᠯᠢ ᠠᠴᠠ ᠤᠷᠭᠤᠭᠰᠠᠨ ᠰᠦᠵᠢᠭ ᠤᠨ ᠠᠮᠢ᠂ ᠰᠠᠷᠠᠨ ᠠᠴᠠ ᠰᠠᠴᠤᠷᠠᠭᠰᠠᠨ ᠵᠦᠭᠡᠯᠡᠨ ᠢᠯᠴᠢ᠃
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ