ᠮᠦᠷᠦᠭᠡᠳᠦᠯ ᠳᠤ ᠮᠦᠩᠭᠡᠷᠡᠬᠦ ᠬᠠᠰᠠᠭ ᠲᠡᠷᠭᠡ
ᠨᠡᠶᠢᠲᠡᠯᠡᠭᠰᠡᠨ ᠴᠠᠭ᠄
2023/12/21
      ᠵᠣᠬᠢᠶᠠᠭᠴᠢ᠄ ᠰ᠊ · ᠪᠦᠬᠡᠴᠢᠯᠠᠭᠤ      ᠲᠦᠷᠪᠡᠨ ᠴᠠᠭ ᠢ ᠰᠤᠳᠤᠷ ᠪᠤᠯᠳᠠᠯ᠎ᠠ᠂ ᠲᠠᠯ᠎ᠠ ᠬᠠᠩᠭᠠᠢ ᠪᠠᠨ ᠲᠡᠦᠭᠡ ᠪᠤᠯᠳᠠᠯ᠎ᠠ ᠵᠢᠳᠬᠦᠨ ᠲᠡᠮᠡᠦᠯᠵᠦ ᠢᠷᠡᠭᠰᠡᠨ ᠬᠠᠰᠠᠭ ᠲᠡᠷᠭᠡ ᠮᠢᠨᠦ᠃ ᠨᠢᠭᠡ ᠬᠦᠷᠳᠦ ᠨᠢ ᠨᠠᠷᠠᠨ ᠤ ᠭᠡᠷᠡᠯ᠂ ᠨᠦᠬᠦᠭᠡ ᠬᠦᠷᠳᠦ ᠨᠢ ᠰᠠᠷᠠᠨ ᠤ ᠲᠤᠶᠠᠭ᠎ᠠ ᠭᠡᠵᠦ ᠲᠦᠰᠦᠭᠡᠯᠡᠨ ᠪᠤᠳᠤᠬᠤ ᠳᠤ ᠤᠨ ᠵᠠᠭᠤᠨ ᠤ ᠲᠡᠷᠳᠡᠭᠡ ᠠᠴᠠ ︽ᠤᠷᠤᠰᠢᠬᠤᠢ︾ ᠭᠡᠮᠡᠬᠦ ᠨᠢᠭᠡᠨ ᠠᠮᠢᠳᠤᠷᠠᠯ ᠤᠨ ᠲᠤᠮᠢᠶ᠎ᠠ ᠶᠢ ᠡᠭᠡ ᠭᠠᠵᠠᠷ ᠤᠨ ᠬᠦᠷᠦᠰᠦᠨ ᠲᠡᠭᠡᠷ᠎ᠡ ᠪᠦᠳᠦᠨ ᠲᠡᠷᠭᠡᠯ ᠠᠮᠢᠯᠠᠳᠠᠯ᠎ᠠ ᠵᠢᠷᠦᠵᠦ᠂ ᠬᠦᠮᠦᠨ ᠵᠤᠨ ᠤ ᠦᠭᠰᠦᠵᠦ ᠦᠭᠡᠳᠡᠯᠡᠬᠦ ᠶᠢᠨ ᠭᠡᠭᠡᠨ ᠰᠠᠷᠠᠭᠤᠯ ᠵᠠᠮ ᠢ ᠨᠡᠭᠡᠭᠡᠭᠰᠡᠨ ᠪᠠᠶᠢᠵᠦ ᠳ᠋ᠠ︕       ᠬᠤᠯᠠ ᠳᠠᠭᠠᠨ ᠮᠦᠭᠡᠷᠡᠯᠳᠦᠬᠦ ᠦᠭᠡᠷ ᠤᠨ ᠰᠦᠷᠦᠭ ᠢ ᠬᠠᠷᠠᠬᠤ ᠳᠤ ᠬᠠᠰᠠᠭ ᠢᠶᠠᠨ ᠴᠢᠷᠦᠭᠰᠡᠨ ᠠᠷᠠᠯ ᠤᠨ ᠱᠠᠷ ᠤᠨ ᠴᠢᠨᠢ ᠰᠡᠷᠡᠶᠢᠭᠰᠡᠨ ᠬᠤᠶᠠᠷ ᠡᠪᠡᠷ ᠢᠶᠠᠷ ᠢᠶᠠᠨ ᠲᠡᠭᠷᠢ ᠲᠡᠭᠡᠷ᠎ᠡ ᠲᠠᠳᠠᠯᠠᠭᠰᠠᠨ ᠦᠰᠦᠭ ᠤᠳ ᠨᠢ ᠰᠦᠨᠢ ᠶᠢᠨ ᠬᠠᠷᠠᠩᠭᠤᠢ ᠳᠤ ᠤᠴᠢᠯᠠᠨ ᠲᠦᠭᠡᠭᠰᠡᠨ ᠤᠳᠤᠨ ᠮᠡᠴᠢᠳ ᠪᠤᠯᠵᠦ ᠬᠠᠷᠠᠭᠠᠨ ᠳᠤ ᠡᠷᠭᠡᠯᠡᠨ ᠲᠤᠷᠮᠤᠯᠵᠠᠨ᠎ᠠ᠃       ᠪᠦᠮᠪᠦᠷᠴᠡᠭ ᠢᠢᠡᠨ ᠭᠡᠰᠡᠨ ᠪᠦᠯᠢᠶᠡᠨ ᠲᠤᠯᠠᠭᠠᠨ ᠬᠠᠶᠢᠷ᠎ᠠ ᠴᠢ ᠪᠠᠶᠢᠵᠠᠢ᠃ ᠪᠦᠬᠦᠳᠡᠭᠡᠷ ᠢᠶᠠᠨ ᠡᠷᠭᠡ ᠲᠡᠭᠰᠢ ᠤᠷᠤᠰᠢᠬᠤ ᠶᠢ ᠬᠦᠰᠡᠨ ᠡᠷᠡᠮᠠᠯᠵᠡᠯᠡᠭᠰᠡᠨ ᠪᠤᠰᠤᠭ᠎ᠠ ᠢᠳᠡᠭᠡᠯ ᠴᠦ ᠴᠢ ᠪᠠᠶᠢᠵᠠᠢ᠃ ᠡᠩᠭᠡ ᠲᠠᠶᠢᠪᠤᠩ᠂ ᠡᠶ᠎ᠡ ᠨᠠᠶᠢᠷᠰᠠᠭ ᠢ ᠮᠦᠩᠭᠡᠯᠡᠬᠦ ᠭᠡᠵᠦ ᠲᠤᠷᠤᠨᠠᠳᠤ ᠦᠨᠳᠦᠷᠯᠢᠭ ᠤᠨ ᠰᠡᠭᠡᠷ ᠨᠢᠷᠤᠭᠤᠨ ᠠᠴᠠ ᠬᠠᠩᠭᠢᠷ ᠴᠢᠩᠭᠢᠷ ᠰᠠᠵᠢᠯᠠᠭᠰᠠᠭᠠᠷ ᠲᠡᠯᠡᠭᠡᠢ ᠵᠦᠭ ᠭᠡᠷᠡᠯ ᠪᠤᠯᠵᠦ ᠤᠷᠤᠰᠤᠭᠰᠠᠨ ᠡ ᠴᠢ᠃ ᠲᠠᠯ᠎ᠠ ᠶᠢᠨ ᠲᠡᠨᠵᠢᠨ ᠠᠴᠠ ᠨᠤᠮᠤᠯᠵᠠᠨ ᠲᠠᠳᠠᠭᠰᠠᠨ ᠲᠤᠯᠤᠭᠠᠨ ᠦᠩᠭᠡ ᠶᠢᠨ ᠰᠤᠯᠤᠩᠭ᠎ᠠ ᠪᠤᠯᠵᠦ ᠰᠠᠴᠤᠷᠠᠭᠰᠠᠨ ᠡ ᠴᠢ︕       ᠲᠠᠮ ᠶᠠᠰᠢᠩ᠂ ᠲᠦᠷᠪᠡᠨ ᠭᠤᠳᠤᠢ᠂ ᠢᠯᠡᠦ ᠁ ᠲᠡᠷᠡ ᠪᠦᠬᠦᠨ ᠲᠡᠭᠷᠢ ᠶᠢᠨ ᠵᠦᠢ᠂ ᠭᠠᠵᠠᠷ ᠤᠨ ᠵᠢᠷᠤᠬᠠᠢ ᠳᠤ ᠵᠤᠭᠢᠴᠠᠭᠤᠯᠵᠦ ᠡᠬᠦᠳᠦᠨ ᠪᠦᠳᠦᠭᠡᠭᠰᠡᠨ ᠡᠪᠦᠭᠡ ᠲᠡᠭᠡᠳᠦᠰ ᠤᠨ ᠮᠠᠨᠢ ᠰᠡᠳᠭᠢᠬᠦᠢ ᠶᠢᠨ ᠠᠭᠤᠳᠠᠮ ᠵᠠᠢ᠂ ᠰᠡᠳᠭᠢᠯ ᠤᠨ ᠬᠦᠨ ᠪᠠᠭᠳᠠᠭᠠᠮᠵᠢ᠂ ᠠᠮᠢᠳᠤᠷᠠᠯ ᠤᠨ ᠯᠤᠭᠢᠭ᠂ ᠠᠯᠤᠰ ᠤᠨ ᠪᠤᠳᠤᠯ ᠢ ᠪᠢᠰᠢᠷᠡᠬᠦ ᠦᠭᠡᠢ ᠪᠠᠶᠢᠬᠤ ᠶᠢᠨ ᠠᠷᠭ᠎ᠠ ᠦᠭᠡᠢ᠃       ᠨᠠᠷᠠᠨ ᠨᠡᠬᠦᠳᠡᠯ ᠲᠠᠢ ᠮᠠᠯᠴᠢᠨ ᠠᠷᠠᠳ ᠢ ᠮᠢᠨᠢ᠂ ᠭᠡᠷ ᠡᠷᠦᠭᠡ ᠲᠠᠢ ᠨᠢ ᠲᠡᠭᠡᠭᠡᠵᠦ ᠠᠯᠤᠰ ᠤᠨ ᠠᠶᠠᠨ ᠢ ᠲᠤᠭᠤᠯᠵᠦ ᠢᠷᠡᠭᠰᠡᠨ ᠤᠵᠠᠭᠤᠷ ᠴᠠᠭ ᠤᠨ ︽ᠨᠢᠰᠭᠡᠯ︾᠃ ᠬᠠᠩᠭᠢᠷ ᠲᠠᠩᠭᠢᠷ ᠲᠠᠭᠤᠨ ᠢᠶᠠᠷ ᠢᠶᠠᠨ ᠬᠠᠩᠭᠠᠢ ᠭᠤᠪᠢ ᠶᠢ ᠰᠡᠷᠡᠭᠡᠵᠦ᠂ ᠭᠡᠭᠡᠷ᠎ᠡ ᠶᠢᠨ ᠰᠠᠯᠭᠢᠨ ᠲᠠᠢ ᠲᠤᠭᠯᠠᠵᠦ ᠶᠠᠪᠤᠭᠰᠠᠨ ︽ᠲᠤᠤᠯᠢ︾᠃ ᠭᠡᠦᠭᠡᠳ ᠤᠨ ᠬᠠᠷᠠᠭ᠎ᠠ ᠲᠡᠯᠡᠵᠦ᠂ ᠤᠬᠠᠭᠠᠨ ᠢ ᠰᠤᠷᠢᠭᠠᠳ ᠨᠤᠳᠤᠭ ᠲᠠᠨᠢᠭᠤᠯᠤᠭᠰᠠᠨ ︽ᠲᠤᠮᠤᠭ︾ ᠡ︕       ᠮᠦᠷᠦᠭᠡᠳᠦᠯ ᠳᠤ ᠴᠢ ᠮᠢᠨᠢ ᠮᠦᠩᠭᠡᠷᠡᠨ᠎ᠡ᠃ ᠮᠦᠭᠡᠷᠡᠵᠦ ᠵᠢᠳᠬᠦᠭᠰᠡᠨ ᠦᠭᠡᠷ ᠤᠨ ᠴᠢᠨᠢ ᠮᠦᠷ ᠨᠢ ᠬᠦᠷᠳᠡᠯ᠎ᠠ ᠲᠠᠮᠠᠭ᠎ᠠ ᠰᠢᠭ ᠲᠤᠷᠠᠶᠢᠭᠠᠳ ᠭᠡᠷᠡᠯ ᠲᠤᠰᠬᠤ ᠪᠠᠷ ᠰᠢᠵᠢᠷᠳᠦᠨ ᠲᠤᠶᠠᠭᠠᠷᠠᠨ᠎ᠠ᠃ ᠤᠨ ᠵᠢᠯ ᠤᠨ ᠰᠠᠯᠭᠢ ᠪᠤᠷᠤᠭᠠᠨ᠂ ᠬᠠᠯᠠᠭᠤᠨ ᠬᠦᠢᠳᠡᠨ ᠢ ᠠᠵᠢᠭ ᠦᠭᠡᠢ ᠲᠤᠭᠤᠯᠤᠭᠰᠠᠨ ᠴᠢᠨᠦ ᠦᠯᠢᠭᠡᠷ ᠢ ᠪᠢ ᠭᠡᠵᠢᠶᠡᠳᠡ ᠶᠠᠷᠢᠭᠠᠳ ᠪᠠᠷᠠᠬᠤ ᠦᠭᠡᠢ᠃ ᠰᠡᠭᠦᠳᠡᠷ ᠲᠤᠤᠷ᠎ᠠ ᠴᠢᠨᠢ ᠰᠡᠷᠢᠬᠦᠴᠡᠵᠦ ᠭᠡᠪᠳᠡᠭᠰᠡᠨ ︽ᠭᠤᠷᠪᠠᠨ ᠮᠠᠷᠠᠯ︾ ᠤᠨ ᠭᠡᠷᠡᠯ ᠲᠠᠢ ᠨᠢᠳᠦ ᠴᠢᠮ᠎ᠠ ᠠᠴᠠ ᠰᠠᠯᠬᠤ ᠦᠭᠡᠢ᠃ ᠰᠡᠷᠢᠬᠦᠨ ᠭᠤᠪᠢ ᠶᠢᠨ ᠰᠡᠪᠡᠯᠵᠡᠬᠦᠷ ᠰᠠᠯᠭᠢ ᠴᠦ ᠴᠢᠮᠠᠢᠢ ᠮᠠᠷᠳᠠᠬᠤ ᠦᠭᠡᠢ᠃ ᠬᠠᠰᠠᠭ ᠲᠡᠷᠭᠡ ᠮᠢᠨᠢ ᠡ︕       ᠬᠤᠯᠠ ᠶᠢᠨ ᠬᠦᠰᠡᠯ ᠴᠢᠨᠢ ᠬᠠᠪᠤᠷ ᠢ ᠤᠭᠳᠤᠨ ᠴᠡᠴᠡᠭ ᠪᠤᠯᠵᠦ ᠬᠠᠩᠬᠤᠯᠳᠠᠯ᠎ᠠ ᠲᠡᠯᠭᠡᠷᠡᠭᠡ ᠴᠦ ᠶᠤᠮ ᠤᠤ︖ ᠬᠤᠶᠠᠷ ᠬᠦᠷᠳᠦᠨ ᠤ ᠴᠢᠨᠢ ᠲᠠᠷᠤᠭᠰᠠᠨ ᠤᠷᠤᠮ ᠠᠴᠠ ᠴᠠᠭᠢᠯᠳᠠᠭ ᠲᠡᠯᠭᠡᠷᠡᠨ᠎ᠡ᠃ ᠰᠤᠷᠭᠤᠭ ᠦᠨᠦᠷ ᠢ ᠨᠢ ᠠᠮᠳᠠᠯᠠᠬᠤ ᠳᠤ ᠢᠷᠠᠭᠤ ᠨᠠᠶᠢᠷᠠᠭ ᠰᠢᠭ ᠠᠮᠳᠠᠳᠠᠢ᠃ ᠰᠢᠳᠤᠷᠭᠤ ᠶᠤᠰᠤᠨ ᠢ ᠬᠠᠶᠢᠭᠰᠠᠨ ᠰᠠᠨᠠᠭ᠎ᠠ ᠪᠤᠳᠤᠯ ᠴᠢᠨᠢ ᠡᠷᠭᠢᠮ ᠭᠡᠭᠡᠮᠰᠦᠭ ᠤᠨ ᠲᠦᠢᠯ ᠡ᠃ ᠴᠢᠮᠠᠢᠢ ᠰᠠᠨᠠᠵᠦ ᠦᠭᠡᠶᠢᠯᠡᠬᠦ ᠲᠤᠳᠤᠮ ᠤᠳᠤ ᠴᠠᠭ ᠤᠨ ᠭᠠᠯᠳᠤ ᠲᠡᠷᠭᠡ᠂ ᠮᠠᠰᠢᠨ ᠲᠡᠷᠭᠡ᠂ ᠨᠢᠰᠭᠡᠯ ᠁ ᠴᠢᠨᠦ ᠠᠯᠳᠠᠨ ᠭᠡᠪᠡᠯᠢ ᠠᠴᠠ ᠲᠠᠰᠤᠷᠠᠭᠰᠠᠨ ᠦᠷ᠎ᠡ ᠰᠠᠳᠤᠨ ᠭᠡᠮᠡᠷ ᠪᠤᠳᠤᠭᠳᠠᠬᠤ ᠶᠢ ᠴᠤᠬᠤᠮ ᠶᠠᠭᠤ ᠭᠡᠬᠦ ᠪᠤᠢ︖ ᠲᠡᠷᠡ ᠪᠦᠬᠦᠨ ᠴᠢᠮ᠎ᠠ ᠠᠴᠠ ᠰᠡᠳᠡᠯᠳᠡ ᠤᠯᠤᠭᠰᠠᠨ ᠦᠭᠡᠢ ᠭᠡᠵᠦ ᠤᠤ⁈       ᠠᠷᠤ ᠭᠤᠤᠯ ᠤᠨ ᠤᠰᠤ ᠪᠠᠨ ᠲᠡᠭᠡᠭᠡᠵᠦ ᠠᠮᠢᠳᠤᠷᠠᠵᠦ ᠢᠷᠡᠭᠰᠡᠨ ᠡᠮᠡᠭᠡ ᠮᠢᠨᠢ᠂ ᠬᠠᠰᠠᠭ ᠲᠡᠷᠭᠡ᠂ ᠬᠠᠷ᠎ᠠ ᠦᠭᠡᠷ ᠬᠤᠶᠠᠷ ᠲᠠᠭᠠᠨ ᠡᠭᠡᠯᠢᠳᠡᠢ ᠭᠡᠳᠡᠭ ᠨᠢ ᠠᠷᠭ᠎ᠠ ᠦᠭᠡᠢ᠃ ᠶᠡᠷᠡᠨ ᠨᠠᠢᠮᠠᠨ ᠨᠠᠰᠤᠯᠠᠳᠠᠯ᠎ᠠ ᠬᠠᠮᠳᠤ ᠦᠭᠰᠦᠵᠦ ᠤᠷᠤᠭᠤᠳᠠᠵᠦ ᠶᠠᠪᠤᠬᠤ ᠳᠠᠭᠠᠨ ᠲᠠᠩᠳᠠ ᠬᠦᠨ ᠵᠤᠵᠠᠭᠠᠨ ᠬᠠᠶᠢᠷ᠎ᠠ ᠰᠡᠳᠭᠢᠯᠭᠡ ᠲᠠᠢ ᠪᠤᠯᠴᠢᠬᠠᠭᠰᠠᠨ ᠪᠢᠵᠠ︖ ᠦᠬᠡᠳᠡ ᠪᠤᠯᠬᠤ ᠠᠴᠠ ᠪᠠᠨ ᠡᠮᠦᠨ᠎ᠡ ᠠᠪᠤ ᠶᠢ ᠲᠡᠷᠭᠡᠳᠡ ᠪᠠᠨ ᠲᠠᠭᠤᠳᠠᠵᠦ ︽ᠡᠷᠯᠢᠭ ᠲᠠᠮᠤ ᠶᠢᠨ ᠤᠷᠳᠤᠨ ᠢ ᠦᠨᠡᠨ ᠤ ᠭᠠᠵᠠᠷ ᠭᠡᠳᠡᠭ᠃ ᠬᠠᠷ᠎ᠠ ᠦᠭᠡᠷ ᠭᠢᠭᠡᠳ ᠬᠠᠰᠠᠭ ᠲᠡᠷᠭᠡ ᠪᠠᠨ ᠠᠪᠴᠦ ᠬᠦᠷᠦᠭᠡᠳ ᠭᠠᠪᠢᠶ᠎ᠠ ᠵᠢᠳᠬᠦᠯ ᠢ ᠨᠢ ᠲᠡᠮᠳᠡᠭᠯᠡᠬᠦᠯᠦᠶ᠎ᠡ︾ ᠭᠡᠪᠡ᠃ ᠠᠪᠤ ᠠᠷᠭ᠎ᠠ ᠪᠠᠨ ᠪᠠᠷᠠᠬᠤ ᠳᠠᠭᠠᠨ ᠲᠤᠬᠤ ᠪᠠᠨ ᠮᠠᠭᠠᠵᠢᠭᠰᠠᠨ ᠭᠡᠳᠡᠭ᠃ ᠭᠡᠳᠡᠯ᠎ᠡ ᠤᠨᠳᠠᠨ ᠭᠡᠪᠳᠡᠨ ᠪᠤᠳᠤᠭᠰᠠᠭᠠᠷ ᠪᠠᠶᠢᠵᠦ ᠪᠠᠷᠠᠭᠤᠨ ᠠᠶᠢᠯ ᠤᠨ ᠨᠡᠷᠡᠳᠦ ᠮᠤᠳᠤᠨ ᠲᠠᠷᠬᠠᠨ ᠨᠠᠮᠵᠢᠯ ᠡᠪᠦᠭᠡ ᠶᠢ ᠰᠠᠨᠠᠵᠦ ᠤᠯᠤᠭᠠᠳ ᠲᠡᠭᠦᠨ ᠢᠶᠠᠷ ᠬᠠᠷᠮᠠᠯᠠᠵᠦ ᠪᠠᠭᠳᠠᠮᠠᠷ ᠬᠠᠰᠠᠭ ᠲᠡᠷᠭᠡ ᠶᠢᠨ ᠵᠠᠭᠪᠤᠷ ᠭᠢᠭᠡᠳ ᠬᠠᠷ᠎ᠠ ᠦᠭᠡᠷ ᠲᠠᠢ ᠨᠢ ᠵᠤᠭᠢᠶᠠᠯᠭᠠᠵᠦ ᠰᠢᠷᠳᠡᠵᠦ ᠪᠤᠳᠤᠭᠠᠳ ᠬᠠᠨᠴᠦᠢ ᠳᠤᠨᠢ ᠭᠢᠵᠦ ᠶᠠᠪᠤᠭᠤᠯᠤᠭᠰᠠᠨ ᠲᠤᠬᠠᠢ ᠡᠵᠢ ᠦᠷᠬᠦᠯᠵᠢ ᠶᠠᠷᠢᠳᠠᠭ ᠪᠠᠶᠢᠵᠠᠢ᠃       ᠤᠶᠢᠷ᠎ᠠ ᠳᠤ ᠪᠢ ᠬᠠᠰᠢᠶᠠᠨ ᠳᠤ ᠪᠠᠶᠢᠭ᠎ᠠ ᠬᠠᠰᠠᠭ ᠲᠡᠷᠭᠡ ᠪᠠᠨ ᠬᠠᠷᠠᠬᠤ ᠪᠦᠷᠢ ᠡᠮᠡᠭᠡ ᠮᠢᠨᠢ᠂ ᠬᠠᠷ᠎ᠠ ᠦᠭᠡᠷ ᠢᠶᠠᠨ ᠬᠦᠯᠦᠭᠡᠳ ᠠᠷᠤ ᠭᠤᠤᠯ ᠤᠨ ᠤᠰᠤᠨ ᠳᠠᠭᠠᠨ ᠶᠠᠪᠤᠬᠤ ᠰᠢᠭ ᠬᠠᠷᠠᠭᠠᠨ ᠳᠤ ᠮᠢᠨᠢ ᠪᠦᠷᠳᠦᠯᠵᠡᠨ᠎ᠡ᠃ ︽ᠬᠠᠶᠠ ᠨᠢᠭᠡ ᠰᠦᠨᠢ ᠠᠷᠤ ᠭᠤᠤᠯ ᠠᠴᠠ ᠤᠰᠤ ᠪᠠᠨ ᠲᠡᠭᠡᠭᠡᠴᠢᠭᠡᠳ ᠡᠮᠡᠭᠡ ᠮᠢᠨᠢ ᠬᠠᠷ᠎ᠠ ᠦᠭᠡᠷ ᠢᠶᠠᠨ ᠬᠦᠳᠦᠯᠵᠦ ︿ᠨᠤᠭᠤᠨᠵᠠᠶᠠᠭ᠎ᠠ﹀ ᠶᠢ ᠬᠠᠩᠭᠢᠨᠠᠳᠠᠯ᠎ᠠ ᠲᠠᠭᠤᠯᠠᠭᠰᠠᠭᠠᠷ ᠭᠡᠷ ᠵᠦᠭ ᠢᠶᠠᠨ ᠢᠷᠡᠨ᠎ᠡ︾ ᠭᠡᠮᠡᠨ ᠵᠡᠬᠦᠳᠦᠯᠡᠭᠡᠳ ᠰᠡᠷᠡᠬᠦ ᠳᠤ ᠦᠷ ᠬᠠᠶᠠᠭᠠᠷᠠᠳᠠᠭ ᠪᠠᠶᠢᠯ᠎ᠠ ᠁       ᠡᠪᠦᠭᠡ ᠲᠡᠭᠡᠳᠦᠰ ᠤᠨ ᠦᠶ᠎ᠡ ᠠᠴᠠ ᠠᠶᠠᠨ ᠤ ᠬᠠᠨᠢ᠂ ᠠᠮᠢᠳᠤᠷᠠᠯ ᠤᠨ ᠭᠢᠨᠢ ᠲᠦᠰᠢᠭ ᠪᠤᠯᠵᠦ ᠦᠪᠡᠷ ᠤᠨ ᠭᠡᠬᠦ ᠭᠡᠷᠡᠯᠳᠦ ᠲᠡᠦᠭᠡ ᠪᠠᠨ ᠪᠦᠳᠦᠭᠡᠵᠦ ᠢᠷᠡᠭᠰᠡᠨ ᠢᠶᠠᠷ ᠪᠠᠷᠠᠬᠤ ᠦᠭᠡᠢ᠂ ᠲᠡᠯᠡᠭᠡᠢ ᠪᠠᠨ ᠭᠡᠮᠡᠬᠦ ᠦᠭᠭᠢᠶᠡᠮᠦᠷ ᠬᠠᠶᠢᠷ᠎ᠠ ᠳᠠᠭᠠᠨ ᠲᠦᠷᠡᠯᠵᠡᠵᠦ᠂ ᠡᠩᠭᠡ ᠲᠠᠶᠢᠪᠤᠩ ᠢ ᠰᠢᠳᠦᠨ ᠡᠷᠭᠡ ᠴᠢᠯᠦᠭᠡᠨ ᠤ ᠲᠦᠯᠦᠭᠡ ᠰᠦᠷᠳᠡᠬᠦᠯᠦᠯ ᠪᠤᠶᠤ ᠲᠤᠷᠤᠮᠵᠢᠯᠠᠯ᠂ ᠬᠠᠭᠠᠴᠠᠯ ᠭᠢᠭᠡᠳ ᠲᠤᠷᠦ᠋ᠢᠳᠠᠯ᠂ ᠤᠯᠠᠩᠭᠠᠰᠤᠭᠰᠠᠨ ᠲᠠᠶᠢᠨ ᠤ ᠦᠭᠡᠳᠡ ᠠᠴᠠ ᠲᠠᠭᠠᠷᠢᠵᠦ ᠶᠠᠪᠤᠭᠰᠠᠨ ᠢᠯᠠᠯᠳᠠ ᠶᠢᠨ ︽ᠲᠠᠩᠺ︾ ᠴᠦ ᠴᠢ ᠶᠤᠮ ᠳ᠋ᠠ ᠬᠠᠰᠠᠭ ᠮᠢᠨᠢ ᠡ︕ ᠲᠦᠩᠭᠡᠷ᠂ ᠲᠠᠩᠭᠠᠷ ᠴᠢᠨᠦ ᠲᠠᠭᠤᠨ ᠡᠸᠦ᠋ᠷᠦᠫᠠ ᠶᠢᠨ ᠲᠡᠭᠷᠢ ᠳᠤ ᠬᠦᠩᠭᠢᠨᠡᠨ ᠲᠠᠭᠤᠷᠢᠰᠴᠦ᠂ ᠬᠦᠷᠦᠰᠦᠨ ᠳᠤ ᠲᠤᠷᠠᠶᠢᠭᠰᠠᠨ ᠮᠦᠷ ᠴᠢᠨᠢ ᠪᠠᠯᠠᠷᠠᠰᠢ ᠦᠭᠡᠢ ᠭᠡᠷᠡᠯᠳᠦᠭᠰᠡᠭᠡᠷ ᠡ︕       ᠡᠳᠦᠷ ᠰᠦᠨᠢ ᠡᠭᠡᠯᠵᠢᠯᠡᠨ᠂ ᠤᠨ ᠵᠢᠯ ᠦᠭᠰᠦᠨ ᠪᠤᠭᠤᠷᠤᠯᠳᠤᠭᠰᠠᠨ ᠴᠦ ᠬᠤᠶᠠᠷ ᠬᠦᠷᠳᠦ ᠪᠠᠷ ᠢᠶᠠᠨ ᠲᠡᠯᠡᠭᠡᠢ ᠶᠢ ᠨᠢᠭᠡ ᠲᠤᠮᠨᠤᠵᠦ᠂ ᠲᠤᠷᠤᠨᠠᠳᠤ ᠠᠽᠢᠶ᠎ᠠ ᠶᠢᠨ ᠠᠯᠳᠠᠷ ᠢ ᠡᠷᠬᠦᠭᠰᠡᠨ ᠴᠢᠨᠦ ᠭᠠᠪᠢᠶ᠎ᠠ ᠵᠢᠳᠬᠦᠯ᠂ ᠬᠦᠮᠦᠨ ᠲᠦᠷᠦᠯᠭᠢᠳᠡᠨ ᠤ ᠵᠢᠷᠦᠭᠡᠨ ᠲᠤᠯᠳᠤ ᠳᠤ ᠬᠠᠳᠠᠩᠰᠢᠵᠦ᠂ ᠴᠠᠭ ᠡᠷᠢᠨ ᠤ ᠬᠦᠭᠵᠢᠯᠳᠡ ᠳᠤ ᠠᠭᠢᠭᠤᠯᠬᠤ ᠦᠢᠯᠡᠳᠦᠯ ᠦᠵᠡᠬᠦᠯᠦᠭᠰᠡᠭᠡᠷ᠃       ᠬᠠᠰᠠᠭ ᠮᠢᠨᠦ᠂ ᠬᠦᠭᠵᠢᠯ ᠮᠠᠨᠳᠤᠯ ᠤᠨ ᠬᠤᠷᠤᠢ ᠮᠢᠨᠦ᠃ ᠪᠠᠯᠠᠷ ᠬᠤᠴᠤᠷᠤᠩᠭᠤᠢ ᠴᠠᠭ ᠦᠶ᠎ᠡ ᠶᠢ ᠭᠡᠶᠢᠬᠦᠯᠵᠦ ᠰᠢᠨ᠎ᠡ ᠡᠷᠢᠨ ᠢ ᠤᠭᠳᠤᠭᠰᠠᠨ ᠤᠶᠤᠨ ᠪᠢᠯᠢᠭ ᠤᠨ ᠭᠡᠭᠡ ᠮᠢᠨᠦ᠃ ᠤᠳᠤ ᠴᠢ ᠮᠢᠨᠢ ᠲᠡᠦᠭᠡ ᠪᠤᠯᠵᠦ ᠮᠦᠽᠸᠢ ᠠᠴᠠ ᠰᠠᠴᠤᠷᠠᠨ ᠲᠤᠶᠠᠭᠠᠷᠠᠬᠤ ᠳᠠᠭᠠᠨ ᠲᠦᠮᠡᠨ ᠤ ᠰᠡᠳᠭᠢᠯ ᠢ ᠭᠡᠶᠢᠬᠦᠯᠦᠭᠰᠡᠭᠡᠷ ᠡ︕       ᠮᠦᠷᠦᠭᠡᠳᠦᠯ ᠳᠤ ᠮᠦᠩᠭᠡᠷᠡᠬᠦ ᠬᠠᠰᠠᠭ ᠮᠢᠨᠢ︕ ᠮᠦᠩᠭᠡ ᠲᠡᠭᠷᠢ ᠶᠢᠨ ᠢᠪᠡᠭᠡᠯ ᠰᠤᠶᠤᠷᠬᠠᠭᠰᠠᠨ ᠲᠡᠷᠭᠡ ᠮᠢᠨᠢ ᠡ⁈ 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ