ᠠᠯᠳᠠᠨ ᠣᠯᠣᠰ ᠤᠨ ᠠᠮᠢᠨ ᠭᠤᠣᠯ ᠢ ᠲᠡᠮᠲᠡᠷᠢᠭᠴᠢ ᠮᠢᠳᠠᠷᠠᠰᠢ ᠦᠭᠡᠢ ᠵᠠᠩᠵᠤᠨ ᠰᠠᠮᠤᠬ᠎ᠠ
ᠨᠡᠶᠢᠲᠡᠯᠡᠭᠰᠡᠨ ᠴᠠᠭ᠄
2023/2/1
      ᠴᠢᠩᠬᠢᠰ ᠬᠠᠭᠠᠨ ᠤ ᠡᠬᠢᠨ ᠤ ᠠᠶᠠᠨ ᠳᠠᠶᠢᠨ ᠢᠶᠠᠷ ᠶᠡᠬᠡᠳᠡ ᠳᠣᠷᠣᠶᠢᠲᠠᠨ ᠴᠣᠬᠢᠭᠳᠠᠭᠰᠠᠨ ᠠᠯᠳᠠᠨ ᠣᠯᠣᠰ ᠤᠨ ᠡᠵᠡᠨ ᠬᠠᠭᠠᠨ ᠲᠦᠷ ᠨᠠᠶᠢᠷᠠᠮᠳᠠᠯ ᠤᠨ ᠭᠡᠷ᠎ᠡ ᠪᠠᠶᠢᠭᠤᠯᠤᠮᠠᠭᠴᠠ ᠪᠠᠨ ᠨᠡᠶᠢᠰᠯᠡᠯ ᠤᠨ ᠢᠶᠠᠨ ᠠᠶᠣᠯ ᠦᠭᠡᠢ ᠪᠠᠶᠢᠳᠠᠯ ᠳᠤ ᠴᠢᠨᠠᠭᠰᠢᠳᠠ ᠢᠲᠡᠭᠡᠯ ᠲᠠᠢ ᠪᠠᠶᠢᠬᠤ ᠠᠷᠭ᠎ᠠ ᠦᠭᠡᠢ ᠭᠡᠵᠦ ᠦᠵᠡᠭᠡᠳ᠂ ᠶᠠᠨᠵᠢᠩ ᠢ ᠣᠷᠬᠢᠨ᠂ ᠬᠠᠭᠠᠨ ᠤ ᠣᠷᠳᠣᠨ ᠢ ᠰᠢᠷ᠎ᠠ ᠮᠦᠷᠡᠨ ᠤ ᠴᠠᠭᠠᠨ᠎ᠠ ᠡᠾᠧᠨᠠᠨ ᠮᠤᠵᠢ ᠶᠢᠨ ᠨᠤᠲᠤᠭ ᠺᠠᠶᠢᠹᠧᠩ ᠬᠤᠲᠠ ᠳᠤ ᠰᠢᠯᠵᠢᠭᠦᠯᠬᠦ ᠪᠠᠷ ᠰᠢᠢᠳᠴᠡᠢ᠃ ᠰᠢᠷ᠎ᠠ ᠮᠦᠷᠡᠨ ᠢ ᠮᠣᠩᠭᠤᠯᠴᠤᠳ ᠬᠡᠵᠢᠶ᠎ᠡ ᠴᠦ ᠭᠠᠲᠤᠯᠵᠤ ᠴᠢᠳᠠᠬᠤ ᠦᠬᠡᠢ ᠭᠡᠵᠦ ᠬᠢᠲᠠᠳ ᠤᠳ ᠦᠵᠡᠳᠡᠭ ᠪᠠᠶᠢᠯ᠎ᠠ᠃ ᠢᠩᠭᠢᠭᠰᠡᠨ ᠢᠶᠠᠷ ᠢᠶᠠᠨ ᠠᠯᠳᠠᠨ ᠬᠠᠭᠠᠨ ᠦᠪᠡᠷ ᠤᠨ ᠡᠵᠡᠨᠲᠦ ᠤᠯᠤᠰ ᠤᠨ ᠬᠠᠮᠤᠭ ᠤᠨ ᠪᠠᠶᠠᠨ ᠬᠡᠰᠡᠭ ᠢ ᠣᠷᠬᠢᠭᠰᠠᠨ ᠪᠠᠶᠢᠯ᠎ᠠ᠃ ᠲᠡᠷᠡ ᠪᠠᠷ ᠦᠪᠡᠷ ᠤᠨ ᠢᠶᠠᠨ ᠣᠷᠣᠨ ᠳᠤ ᠵᠠᠰᠠᠭ ᠪᠠᠷᠢᠭᠴᠢ ᠪᠠᠷ ᠣᠶᠢᠷ᠎ᠠ ᠶᠢᠨ ᠲᠦᠷᠦᠯ ᠤᠳ ᠤᠨ ᠢᠶᠠᠨ ᠨᠢᠭᠡ ᠶᠢ ᠦᠯᠡᠳᠡᠭᠡᠵᠡᠢ᠃ ᠡᠭᠦᠨ ᠤ ᠳᠠᠷᠠᠭ᠎ᠠ ᠪᠠᠷ ᠨᠢᠭᠡᠨᠲᠡ ᠵᠣᠭᠰᠣᠵᠤ ᠡᠬᠢᠯᠡᠭᠰᠡᠨ ᠳᠠᠶᠢᠨ ᠳᠠᠬᠢᠨ ᠰᠢᠲᠠᠵᠤ ᠡᠬᠢᠯᠡᠬᠦ ᠨᠢ ᠲᠡᠷᠡ᠃ ᠴᠢᠩᠭᠢᠰ ᠬᠠᠭᠠᠨ ᠮᠤᠬᠤᠯᠠᠢ ᠶᠢ ᠨᠡᠩ ᠳᠠᠷᠤᠢ ᠮᠠᠨᠵᠤᠤᠷ ᠤᠷᠤᠭᠤ ᠬᠥᠳᠡᠯᠬᠦ ᠲᠤᠰᠢᠶᠠᠯ ᠥᠭᠬᠦ ᠲᠠᠢ ᠵᠡᠷᠭᠡᠴᠡᠨ ᠰᠠᠮᠤᠬ᠎ᠠ ᠵᠠᠩᠵᠤᠨ ᠳᠤ ᠨᠢᠭᠡ ᠲᠦᠮᠡᠨ ᠴᠡᠷᠢᠭ ᠥᠭᠴᠦ ᠨᠡᠩ ᠳᠠᠷᠣᠢ ᠠᠯᠳᠠᠨ ᠤᠯᠤᠰ ᠤᠨ ᠬᠠᠭᠤᠴᠢᠨ ᠨᠡᠶᠢᠰᠯᠡᠯ ᠢ ᠳᠠᠶᠢᠯᠠᠷ᠎ᠠ ᠡᠵᠡᠯᠡᠬᠦ ᠡᠭᠦᠷᠭᠡ ᠥᠭᠪᠡ᠃ ᠰᠠᠮᠤᠬ᠎ᠠ ᠵᠠᠩᠵᠤᠨ ᠪᠣᠯ ᠮᠣᠩᠭᠤᠯ ᠤᠨ ᠪᠦᠬᠦ ᠲᠣᠮᠣ ᠵᠠᠩᠵᠤᠨ ᠨᠤᠭᠤᠳ ᠲᠤ ᠰᠢᠨᠵᠢ ᠲᠡᠭᠦᠰ ᠪᠠᠶᠢᠭᠰᠠᠨ ᠵᠣᠷᠢᠯᠭᠠᠲᠤ ᠴᠢᠨᠠᠷ ᠢᠶᠠᠷ ᠢᠶᠠᠨ ᠣᠨᠴᠠᠭᠠᠢ ᠨᠢᠭᠡᠨ ᠪᠠᠶᠢᠪᠠ᠃ ᠲᠡᠶᠢᠮᠦ ᠠᠴᠠ ᠲᠡᠭᠦᠨ ᠢ ᠴᠢᠩᠭᠢᠰ ᠬᠠᠭᠠᠨ ᠤ ᠵᠠᠩᠵᠤᠨ ᠨᠤᠭᠤᠳ ᠳᠣᠲᠣᠷ᠎ᠠ ᠠᠴᠠ ᠬᠠᠮᠤᠭ ᠤᠨ ᠰᠢᠷᠭᠠᠭᠤ ᠨᠢ ᠭᠡᠵᠦ ᠵᠦᠭᠡᠷ ᠨᠢᠭᠡ ᠬᠡᠯᠡᠭᠡ ᠦᠭᠡᠢ ᠪᠤᠯᠠᠢ᠃ ᠤᠳᠠᠬᠤ ᠦᠬᠡᠢ ᠲᠡᠭᠦᠨ ᠲᠠᠢ ᠨᠢᠭᠡᠳᠦᠨ ᠨᠡᠶᠢᠯᠡᠬᠦ ᠪᠠᠷ ᠳᠠᠬᠢᠨ ᠬᠤᠶᠠᠷ ᠲᠦᠮᠡᠲᠦ ᠣᠴᠢᠪᠠ᠃ ᠡᠶᠢᠨᠬᠦ ᠬᠢᠲᠠᠳ ᠤᠨ ᠨᠡᠶᠢᠰᠯᠡᠯ ᠠᠶᠤᠯ ᠳᠤ ᠤᠴᠠᠷᠠᠯ᠎ᠠ᠃      ᠰᠠᠮᠤᠬ᠎ᠠ ᠵᠠᠩᠵᠤᠨ ᠤ ᠤᠳᠤᠷᠢᠳᠤᠭᠰᠠᠨ ᠶᠡᠭᠡ ᠴᠡᠷᠢᠭ ᠠᠯᠳᠠᠨ ᠤᠯᠤᠰ ᠤᠨ ᠨᠤᠲᠤᠭ ᠲᠤ ᠳᠠᠪᠰᠢᠨ ᠣᠷᠤᠮᠠᠭᠴᠠ ᠪᠦᠬᠦ ᠨᠡᠶᠢᠲᠡ ᠪᠠᠷ ᠣᠷᠭᠤᠨ ᠵᠣᠯᠪᠠᠭ᠋ᠤ ᠳᠠᠪᠠᠯᠭ᠎ᠠ ᠬᠢᠲᠠᠳ ᠤᠨ ᠠᠷᠮᠢ ᠶᠢ ᠬᠠᠮᠤᠷᠪᠠ᠃ ᠰᠠᠮᠤᠬ᠎ᠠ ᠵᠠᠩᠵᠤᠨ ᠲᠦᠩᠭᠤᠸᠠᠨ ᠪᠣᠭᠤᠮᠲᠠ ᠶᠢ ᠠᠪᠤᠭᠰᠠᠨ ᠤ ᠳᠠᠷᠠᠭ᠎ᠠ ᠪᠠᠷ ᠠᠯᠳᠠᠨ ᠤᠯᠤᠰ ᠤᠨ ᠴᠡᠷᠢᠭ ᠤᠨ ᠵᠦᠪᠯᠡᠯ ᠶᠠᠭᠠᠷᠠᠯ ᠲᠠᠢ ᠬᠤᠷᠠᠯᠳᠤᠵᠤ᠂ ᠬᠠᠲᠤᠨ ᠭᠤᠣᠯ ᠤᠨ ᠤᠷᠢᠳᠤ ᠬᠤᠶᠢᠳᠤ ᠬᠢ ᠡᠷᠭᠢ ᠶᠢᠨ ᠬᠤᠲᠠ ᠪᠣᠯᠭᠠᠨ ᠳᠤ ᠴᠡᠷᠢᠭ ᠰᠠᠭᠤᠯᠭᠠᠵᠤ᠂ ᠵᠢᠵᠢᠭ ᠲᠤᠯᠤᠯᠳᠤᠭᠠᠨ ᠬᠢᠬᠦ ᠰᠢᠢᠳᠪᠦᠷᠢ ᠭᠠᠷᠭᠠᠵᠠᠢ᠃ ᠡᠨᠡ ᠨᠢ ᠴᠡᠷᠢᠭ ᠳᠠᠶᠢᠨ ᠤ ᠵᠣᠷᠢᠭᠤᠯᠤᠯᠲᠠ ᠲᠠᠢ ᠠᠳᠤᠭᠤᠨ ᠰᠦᠷᠦᠭ ᠢᠶᠠᠨ ᠮᠣᠩᠭᠤᠯᠴᠤᠳ ᠲᠤ ᠤᠳᠠᠭ᠎ᠠ ᠳᠠᠷᠠᠭ᠎ᠠ ᠠᠯᠳᠠᠵᠤ ᠮᠣᠷᠢᠨ ᠴᠡᠷᠢᠭ ᠳᠤᠲᠠᠮᠠᠭ ᠪᠣᠯᠣᠭᠰᠠᠨ ᠲᠠᠢ ᠬᠤᠯᠪᠣᠭ᠎ᠠ ᠲᠠᠢ ᠪᠠᠶᠢᠵᠠᠢ᠃ ᠰᠠᠮᠤᠬ᠎ᠠ ᠭᠤᠷᠪᠠᠨ ᠲᠦᠮᠡ ᠶᠢ ᠨᠢᠭᠡᠳᠭᠡᠵᠦ᠂ ᠪᠠᠰᠠ 1214 ᠣᠨ ᠳᠤ ᠴᠢᠩᠭᠢᠰ ᠬᠠᠭᠠᠨ ᠤ ᠲᠠᠯ᠎ᠠ ᠳᠤ ᠣᠷᠣᠭᠰᠠᠨ ᠠᠯᠳᠠᠨ ᠤᠯᠤᠰ ᠤᠨ ᠴᠡᠷᠢᠭ ᠤᠨ ᠵᠠᠩᠵᠤᠨ ᠮᠢᠩ ᠠᠨ ᠢᠶᠠᠷ ᠤᠳᠤᠷᠢᠳᠤᠭᠤᠯᠤᠭᠰᠠᠨ ᠣᠯᠠᠨ ᠲᠣᠭᠠᠨ ᠤ ᠪᠣᠰᠤᠭᠴᠢᠳ ᠢ ᠤᠳᠤᠷᠢᠳᠤᠨ ᠶᠠᠨᠵᠢᠩ ᠤᠷᠤᠭᠤ ᠬᠥᠳᠡᠯᠵᠦ 1214 ᠣᠨ ᠤ ᠨᠠᠢᠮᠠᠳᠤᠭᠠᠷ ᠰᠠᠷ᠎ᠠ ᠳᠤ ᠡᠨᠡᠬᠦ ᠠᠰᠤᠷᠤ ᠲᠣᠮᠣ ᠬᠤᠲᠠ ᠶᠢ ᠪᠦᠰᠡᠯᠡᠪᠡ᠃ ᠡᠵᠡᠨ ᠬᠠᠭᠠᠨ ᠤ ᠡᠵᠡᠭᠦᠢ ᠳᠤ ᠨᠡᠶᠢᠰᠯᠡᠯ ᠲᠡᠭᠦᠨ ᠤ ᠣᠷᠴᠢᠨ ᠲᠣᠭᠤᠷᠢᠨ ᠢ ᠵᠠᠬᠢᠷᠴᠤ ᠪᠠᠶᠢᠭᠰᠠᠨ ᠠᠯᠲᠠᠨ ᠤᠯᠤᠰ ᠤᠨ ᠬᠠᠨ ᠬᠦᠦ ᠮᠣᠩᠭᠤᠯᠴᠤᠳ ᠤᠨ ᠴᠡᠷᠢᠭ ᠤᠨ ᠪᠠᠶᠢᠷᠢᠯᠠᠯ ᠳᠤᠮᠳᠠᠭᠤᠷ ᠵᠢᠭᠤᠳᠠᠭᠠᠬᠤ ᠶᠢ ᠣᠷᠤᠯᠳᠤᠭᠰᠠᠨ ᠪᠣᠯᠪᠠᠴᠤ ᠴᠢᠳᠠᠭᠰᠠᠨ ᠦᠭᠡᠢ᠃ ᠡᠨᠡ ᠪᠦᠬᠦ ᠬᠤᠭᠤᠴᠠᠭᠠᠨ ᠳᠤ ᠺᠠᠶᠢᠹᠧᠩ ᠳᠤ ᠠᠶᠤᠯ ᠦᠭᠡᠢ ᠪᠠᠶᠢᠳᠠᠯ ᠳᠤ ᠪᠠᠶᠢᠭᠰᠠᠨ ᠡᠵᠡᠨ ᠬᠠᠭᠠᠨ 1215 ᠣᠨ ᠤ 4 ᠳ᠋ᠦ᠋ᠭᠡᠷ ᠰᠠᠷ᠎ᠠ ᠶᠢᠨ 13 ᠳᠤ ᠦᠯᠦᠰᠬᠦᠯᠡᠩ᠂ ᠳᠠᠶᠢᠨ ᠬᠤᠶᠠᠷ ᠲᠤ ᠶᠠᠳᠠᠷᠠᠵᠤ ᠲᠤᠶᠢᠯᠳᠠᠭᠰᠠᠨ ᠨᠡᠶᠢᠰᠯᠡᠯ ᠤᠷᠤᠭᠤ ᠪᠠᠨ ᠨᠦᠰᠡᠷ ᠲᠣᠮᠣ ᠠᠷᠮᠢ ᠪᠠᠷ ᠬᠠᠮᠠᠭᠠᠯᠠᠭᠤᠯᠤᠭᠰᠠᠨ ᠠᠴᠢᠶ᠎ᠠ ᠶᠢ ᠢᠯᠡᠭᠡᠭᠰᠡᠨ ᠠᠪᠠᠴᠣ ᠰᠠᠮᠤᠬ᠎ᠠ ᠲᠣᠰᠤᠭᠤᠯᠤᠨ ᠴᠡᠷᠢᠭ ᠢᠯᠡᠭᠡᠨ ᠪᠣᠲᠠ ᠴᠣᠬᠢᠵᠤ᠂ ᠡᠨᠡᠬᠦ ᠠᠴᠢᠶ᠎ᠠ ᠪᠠᠷᠠᠭ᠎ᠠ ᠶᠢ ᠣᠯᠵᠠᠯᠠᠨ ᠠᠪᠴᠠᠢ᠃ ᠡᠶᠢᠨᠬᠦ ᠨᠡᠶᠢᠰᠯᠡᠯ ᠬᠤᠲᠠ ᠠᠪᠤᠷᠠᠭᠳᠠᠬᠤ ᠨᠠᠶᠢᠳᠠᠪᠤᠷᠢ ᠪᠠᠨ ᠠᠯᠳᠠᠭᠰᠠᠨ ᠪᠠᠶᠢᠨ᠎ᠠ᠃ ᠨᠡᠶᠢᠰᠯᠡᠯ ᠤᠨ ᠬᠠᠮᠠᠭᠠᠯᠠᠯᠲᠠ ᠶᠢ ᠲᠣᠯᠤᠭᠠᠶᠢᠯᠠᠭᠴᠢ ᠲᠤᠰᠠᠯᠠᠮᠵᠢ ᠠᠪᠴᠤ ᠴᠢᠳᠠᠭ᠎ᠠ ᠦᠭᠡᠢ ᠳᠡᠭᠡᠨ ᠲᠡᠰᠬᠡᠯ ᠠᠯᠳᠠᠨ ᠠᠮᠢ ᠪᠠᠨ ᠬᠤᠷᠤᠭᠠᠪᠠ᠃ ᠬᠠᠷᠢᠨ ᠲᠡᠭᠦᠨ ᠤ ᠣᠷᠣᠨ ᠳᠤ ᠰᠠᠭᠤᠭᠰᠠᠨ ᠳᠠᠷᠤᠭ᠎ᠠ ᠨᠢ ᠮᠣᠩᠭᠤᠯᠴᠤᠳ ᠤᠨ ᠬᠤᠸᠠᠷᠠᠨ ᠳᠤᠮᠳᠠᠭᠤᠷ ᠵᠢᠭᠤᠳᠠᠨ ᠭᠠᠷᠬᠤ ᠭᠡᠰᠡᠨ ᠬᠠᠮᠤᠭ ᠤᠨ ᠰᠡᠭᠦᠯ ᠤᠨ ᠠᠷᠭ᠎ᠠ ᠪᠠᠨ ᠬᠡᠷᠡᠭᠯᠡᠬᠦ ᠪᠠᠷ ᠪᠣᠯᠵᠠᠢ᠃ ᠴᠦᠬᠡᠨ ᠲᠣᠭᠠᠨ ᠤ ᠵᠤᠷᠢᠭᠲᠠᠨ ᠲᠡᠭᠦᠨ ᠲᠠᠢ ᠨᠢᠭᠡᠳᠦᠭᠰᠡᠨ ᠪᠠᠶᠢᠨ᠎ᠠ᠃ ᠡᠨᠡᠬᠦ ᠤᠯᠠᠶᠢᠷᠠᠭᠰᠠᠨ ᠠᠭᠠᠳ ᠰᠡᠭᠦᠯᠴᠢ ᠶᠢᠨ ᠣᠷᠤᠯᠳᠤᠯᠭ᠎ᠠ 1215 ᠣᠨ ᠤ 6 ᠳ᠋ᠤᠭᠠᠷ ᠰᠠᠷ᠎ᠠ ᠳᠤ ᠪᠣᠯᠵᠠᠢ᠃ ᠡᠨᠡ ᠪᠣᠯ ᠮᠦᠬᠦᠵᠦ ᠪᠠᠶᠢᠭ᠎ᠠ ᠨᠡᠶᠢᠰᠯᠡᠯ ᠤᠨ ᠵᠣᠪᠠᠯᠠᠩ ᠰᠢᠨᠠᠯᠤᠯ ᠤᠨ ᠰᠡᠭᠦᠯᠴᠢ ᠶᠢᠨ ᠮᠦᠴᠨ ᠤᠳ ᠪᠠᠶᠢᠯ᠎ᠠ᠃ ᠬᠠᠷᠢᠨ ᠰᠠᠮᠤᠬ᠎ᠠ ᠡᠨᠡ ᠪᠦᠬᠦᠨ ᠢ ᠠᠵᠢᠭ ᠦᠬᠡᠢ ᠳᠡᠪᠵᠢᠶᠡᠷᠢ ᠲᠠᠢ ᠬᠦᠯᠢᠶᠡᠨ ᠰᠠᠭᠤᠪᠠ᠃ ᠬᠦᠮᠦᠨ ᠠᠮᠠ ᠲᠡᠰᠪᠦᠷᠢ ᠲᠡᠪᠴᠢᠶᠡᠷᠢ ᠪᠠᠨ ᠠᠯᠳᠠᠵᠤ᠂ ᠬᠠᠮᠠᠭᠠᠯᠠᠯᠲᠠ ᠶᠢᠨ ᠠᠯᠪᠠᠨ ᠤ ᠳᠠᠷᠤᠭ᠎ᠠ ᠴᠡᠷᠢᠭ ᠢᠶᠠᠨ ᠰᠡᠭᠦᠯᠴᠢ ᠶᠢᠨ ᠲᠤᠯᠤᠯᠳᠤᠭᠠᠨ ᠳᠤ ᠣᠷᠤᠭᠤᠯᠤᠭᠰᠠᠨ ᠦᠶ᠎ᠡ ᠳᠤ ᠬᠤᠲᠠ ᠳᠤ ᠦᠯᠡᠳᠡᠭᠰᠡᠳ ᠬᠤᠲᠠ ᠶᠢᠨ ᠬᠠᠭᠠᠯᠭ᠎ᠠ ᠶᠢ ᠨᠡᠭᠡᠭᠡᠵᠦ ᠪᠠᠭᠤᠵᠤ ᠥᠭᠴᠡᠢ᠃      ᠶᠠᠨᠵᠢᠩ ᠬᠤᠲᠠ ᠤᠨᠠᠭᠰᠠᠨ ᠢᠶᠠᠷ ᠰᠢᠷ᠎ᠠ ᠮᠦᠷᠡᠨ ᠠᠴᠠ ᠬᠤᠶᠢᠰᠢ ᠬᠡᠰᠡᠭ ᠲᠤ ᠠᠯᠳᠠᠨ ᠤᠯᠤᠰ ᠤᠨ ᠡᠰᠡᠷᠭᠦᠴᠡᠯ ᠦᠨᠳᠦᠰᠦᠨ ᠳᠡᠭᠡᠨ ᠵᠣᠭᠰᠣᠵᠠᠢ᠃ ᠬᠠᠭᠤᠴᠢᠨ ᠨᠡᠶᠢᠰᠯᠡᠯ ᠬᠤᠲᠠ ᠤᠨᠠᠭᠰᠠᠨ ᠶᠠᠪᠤᠳᠠᠯ ᠢ ᠴᠢᠩᠭᠢᠰ ᠬᠠᠭᠠᠨ ᠡᠴᠦᠰ ᠲᠤᠨᠢ ᠬᠦᠷᠲᠡᠯ᠎ᠡ ᠠᠰᠢᠭᠯᠠᠨ ︽ᠠᠯᠳᠠᠨ ᠬᠠᠭᠠᠨ︾ ᠤ ᠰᠢᠨ᠎ᠡ ᠨᠡᠶᠢᠰᠯᠡᠯ ᠡᠾᠧᠨᠠᠨ ᠳᠠᠬᠢ ᠺᠠᠶᠢᠹᠧᠩ ᠬᠤᠲᠠ ᠳᠤ ᠴᠣᠬᠢᠯᠲᠠ ᠥᠭᠬᠦ ᠪᠠᠷ ᠰᠢᠢᠳᠴᠡᠢ᠃ ᠬᠠᠷᠢᠨ ᠡᠾᠧᠨᠠᠨ ᠮᠤᠵᠢ ᠶᠢᠨ ᠨᠤᠲᠤᠭ ᠲᠤ ᠯᠠ ᠡᠰᠡᠷᠭᠦᠴᠡᠯ ᠦᠷᠬᠦᠯᠵᠢᠯᠡᠭᠰᠡᠭᠡᠷ ᠪᠠᠶᠢᠪᠠ᠃ ᠶᠠᠨᠵᠢᠩ ᠤᠨᠠᠭᠰᠠᠨ ᠤ ᠳᠠᠷᠠᠭ᠎ᠠ ᠴᠢᠯᠦᠭᠡᠯᠡᠭᠳᠡᠭᠰᠡᠨ ᠬᠦᠴᠦ ᠶᠢ ᠤᠳᠠᠯ ᠦᠬᠡᠢ ᠳᠠᠬᠢᠨ ᠪᠠᠶᠢᠯᠳᠤᠭᠠᠨ ᠳᠤ ᠪᠡᠯᠡᠨ ᠪᠣᠯᠭᠠᠬᠤ ᠠᠵᠢᠯ ᠬᠢᠲᠠᠳ ᠤᠨ ᠨᠤᠲᠤᠭ ᠤᠨ ᠭᠦᠨ ᠳᠤ ᠬᠢᠭᠳᠡᠵᠦ᠂ ᠡᠨᠡ ᠠᠵᠢᠯ ᠢ ᠭᠠᠷᠳᠠᠨ ᠬᠠᠷᠢᠭᠤᠴᠠᠵᠤ᠂ ᠡᠾᠧᠨᠠᠨ ᠢ ᠪᠠᠶᠢᠯᠳᠤᠨ ᠳᠠᠭᠠᠭᠤᠯᠬᠤ ᠡᠭᠦᠷᠭᠡ ᠶᠢ ᠴᠢᠩᠭᠢᠰ ᠬᠠᠭᠠᠨ ᠠᠴᠠ ᠮᠦᠨᠦᠬᠡᠨ ᠰᠠᠮᠤᠬ᠎ᠠ ᠵᠠᠩᠵᠤᠨ ᠳᠤ ᠳᠠᠭᠠᠭᠠᠯᠭᠠᠵᠠᠢ᠃ ᠡᠨᠡ ᠥᠶ᠎ᠡ ᠳᠤ ᠰᠠᠮᠤᠬ᠎ᠠ ᠶᠢᠨ ᠮᠡᠳᠡᠯ ᠳᠤ ᠪᠠᠶᠢᠭᠰᠠᠨ ᠴᠡᠷᠢᠭ ᠶᠡᠷᠦ ᠳᠡᠭᠡᠨ ᠭᠠᠭᠴᠠᠬᠠᠨ ᠲᠦᠮᠡᠲᠦ ᠠᠴᠠ ᠪᠦᠷᠢᠳᠦᠵᠦ ᠪᠠᠶᠢᠪᠠ᠃ ᠶᠠᠭᠤ ᠲᠠᠢ ᠴᠦ ᠴᠢᠩᠭᠢᠰ ᠬᠠᠭᠠᠨ ᠠᠤᠭ᠎ᠠ ᠶᠡᠭᠡ ᠰᠢᠷ᠎ᠠ ᠮᠦᠷᠡᠨ ᠪᠣᠯ ᠡᠳᠦᠭᠡ ᠬᠦᠷᠲᠡᠯ᠎ᠡ ᠮᠣᠩᠭᠤᠯᠴᠤᠳ ᠤᠨ ᠵᠠᠮ ᠳᠤ ᠲᠣᠬᠢᠶᠠᠯᠳᠤᠵᠤ ᠪᠠᠶᠢᠭᠰᠠᠨ ᠪᠦᠬᠦᠢ ᠯᠡ ᠰᠠᠭᠠᠳ ᠲᠤᠳᠬᠠᠷ ᠤᠳ ᠤᠨ ᠳᠤᠮᠳᠠ ᠠᠴᠠ ᠬᠠᠮᠤᠭ ᠤᠨ ᠠᠶᠤᠯ ᠲᠠᠢ᠂ ᠬᠠᠮᠤᠭ ᠤᠨ ᠠᠪᠲᠠᠭᠳᠠᠰᠢ ᠦᠬᠡᠢ ᠭᠡᠳᠡᠭ ᠢ ᠤᠬᠠᠮᠰᠠᠷᠯᠠᠵᠦ ᠪᠠᠶᠢᠪᠠ᠃ ᠰᠠᠮᠤᠬ᠎ᠠ ᠵᠠᠩᠵᠤᠨ ᠰᠢᠷ᠎ᠠ ᠮᠦᠷᠡᠨ ᠢ ᠨᠢᠩ ᠡᠦ ᠠᠴᠠ ᠪᠠᠷᠠᠭᠤᠬᠠᠨ ᠢᠶᠠᠷ ᠭᠠᠲᠤᠯᠵᠤ ᠱᠠᠨ ᠰᠢ ᠮᠤᠵᠢ ᠶᠢᠨ ᠡᠮᠦᠨᠡᠲᠦ ᠤᠷᠤᠭᠤ ᠤᠷᠤᠵᠠᠢ᠃ ᠠᠳᠡ ᠰᠢᠷ᠎ᠠ ᠮᠦᠷᠡᠨ ᠨᠡᠩ ᠢᠪᠴᠤᠤ ᠭᠤᠯᠳᠤᠷᠢᠯ ᠪᠠᠷ ᠤᠷᠤᠰᠳᠠᠭ ᠪᠦᠭᠡᠳ ᠲᠡᠭᠦᠨ ᠠᠴᠠ ᠵᠡᠭᠦᠨ ᠳᠡᠶᠢᠰᠢ ᠣᠷᠣᠰᠢᠬᠤ ᠲᠦᠩᠭᠤᠸᠠᠨ ᠴᠠᠶᠢᠵᠠ ᠪᠠᠷᠠᠭᠤᠨ ᠵᠠᠮ ᠠᠴᠠ ᠡᠾᠧᠨᠠᠨ ᠮᠤᠵᠢ ᠶᠢᠨ ᠶᠠᠭ ᠭᠤᠤᠯᠳᠤ ᠵᠢᠷᠦᠬᠡ ᠤᠷᠤᠭᠤ ᠣᠷᠤᠬᠤ ᠵᠠᠮ ᠤᠨ ᠮᠠᠨᠠᠭᠠᠴᠢ ᠨᠢ ᠪᠣᠯᠵᠤ ᠪᠠᠶᠢᠭᠰᠠᠨ ᠪᠠᠶᠢᠨ᠎ᠠ᠃      ᠡᠨᠡ ᠴᠠᠶᠢᠵᠠ ᠰᠠᠮᠤᠬ᠎ᠠ ᠶᠢᠨ ᠪᠦᠬᠦ ᠳᠠᠭᠠᠷᠢᠯᠲᠠ ᠶᠢ ᠠᠮᠵᠢᠯᠲᠠ ᠲᠠᠢ ᠨᠢᠴᠤᠭᠠᠵᠠᠢ᠃ ᠡᠪᠦᠯ ᠤᠨ ᠴᠠᠭ ᠳᠠᠭᠤᠰᠬᠤ ᠲᠦᠬᠦᠵᠦ ᠪᠠᠶᠢᠭᠰᠠᠨ ᠤᠴᠢᠷ ᠰᠠᠮᠤᠬ᠎ᠠ ᠵᠠᠩᠵᠤᠨ ᠡᠨᠡ ᠲᠤᠭᠤᠯᠭᠠᠪᠤᠷᠢ ᠦᠬᠡᠢ ᠴᠠᠶᠢᠵᠠ ᠶᠢᠨ ᠳᠡᠷᠭᠡᠳᠡ ᠤᠳᠠᠭᠠᠨ ᠰᠠᠭᠠᠲᠠᠬᠤ ᠦᠬᠡᠢ ᠪᠠᠷ ᠰᠢᠢᠳᠦᠭᠰᠡᠨ ᠪᠠᠶᠢᠨ᠎ᠠ᠃ ᠰᠢᠷ᠎ᠠ ᠮᠦᠷᠡᠨ ᠤ ᠬᠦᠨᠳᠡᠢ ᠪᠠᠷ ᠭᠠᠷᠬᠤ ᠵᠠᠮ ᠢ ᠨᠢ ᠲᠦᠩᠭᠤᠸᠠᠨ ᠤ ᠴᠠᠶᠢᠵᠠ ᠬᠠᠭᠠᠵᠤ᠂ ᠡᠨᠡ ᠬᠤᠲᠠ ᠶᠢ ᠡᠵᠡᠯᠡᠵᠦ ᠴᠢᠳᠠᠬᠤ ᠦᠬᠡᠢ ᠨᠢ ᠭᠡᠳᠡᠭ ᠢ ᠪᠠᠨ ᠣᠶᠢᠯᠠᠭᠠᠮᠠᠭᠴᠠ ᠪᠠᠨ ᠲᠡᠷᠡ ᠪᠠᠷ ᠴᠢᠨᠯᠢᠩ ᠤᠨ ᠰᠠᠯᠪᠤᠷᠢ ᠠᠭᠤᠯᠠᠰ ᠤᠨ ᠮᠦᠰᠦᠨ ᠪᠦᠷᠬᠦᠭᠦᠯ ᠳᠡᠭᠡᠭᠦᠷ ᠮᠣᠷᠢᠨ ᠴᠡᠷᠢᠭ ᠢᠶᠠᠨ ᠲᠠᠭᠤᠴᠠᠭᠤᠯᠵᠤ᠂ ᠥᠨᠳᠦᠷ ᠪᠦᠭᠡᠳ ᠮᠦᠰᠦᠳᠦᠭᠰᠡᠨ ᠠᠭᠤᠯᠠ ᠡᠩᠭᠡᠷ ᠢ ᠳᠠᠪᠠᠵᠤ᠂ ᠬᠦᠨᠳᠡᠢ ᠭᠠᠵᠠᠷ ᠤᠷᠤᠭᠤ ᠣᠷᠤᠵᠤ ᠴᠢᠳᠠᠭᠰᠠᠨ ᠪᠠᠶᠢᠨ᠎ᠠ᠃ ᠡᠶᠢᠨᠬᠦ ᠺᠠᠶᠢᠹᠧᠩ ᠤᠷᠤᠭᠤ ᠶᠠᠪᠤᠬᠤ ᠵᠠᠮ ᠳᠠᠭᠠᠨ ᠲᠡᠷᠡ ᠪᠠᠷ ᠶᠦᠵᠸᠦ ᠴᠠᠶᠢᠵᠠ ᠶᠢᠨ ᠳᠡᠷᠭᠡᠳᠡ ᠯᠡ ᠨᠢᠭᠡ ᠤᠳᠠᠭ᠎ᠠ ᠠᠮᠠᠷᠠᠵᠤ᠂ ᠳᠠᠷᠠᠭ᠎ᠠ ᠨᠢ ᠤᠭ ᠮᠤᠵᠢ ᠶᠢ ᠳᠡᠰ ᠳᠠᠷᠠᠭ᠎ᠠ ᠲᠠᠢ ᠪᠠᠷ ᠬᠤᠭᠤᠰᠤᠯᠠᠨ ᠴᠦᠯᠮᠦᠵᠦ᠂ 1216 ᠣᠨ ᠤ ᠡᠪᠦᠯ ᠤᠨ ᠰᠡᠭᠦᠯᠡᠷ ᠺᠠᠶᠢᠹᠧᠩ ᠬᠤᠲᠠ ᠳᠤ ᠬᠦᠷᠴᠡᠢ᠃ ᠪᠠᠶᠢᠯᠳᠤᠭᠠᠨ ᠤ ᠲᠦᠯᠦᠪᠯᠡᠭᠡ ᠰᠠᠶᠢᠲᠣᠷ ᠪᠣᠯᠪᠠᠰᠤᠷᠠᠭᠤᠯᠤᠭᠳᠠᠭᠰᠠᠨ ᠮᠡᠲᠦ ᠪᠠᠶᠢᠭᠰᠠᠨ ᠪᠣᠯᠪᠠᠴᠤ ᠬᠢᠲᠠᠳ ᠤᠳ ᠮᠣᠩᠭᠤᠯᠴᠤᠳ ᠠᠴᠠ ᠲᠤᠭ᠎ᠠ ᠪᠠᠷ ᠢᠶᠠᠨ ᠦᠯᠡᠮᠵᠢ ᠳᠠᠪᠠᠭᠤ ᠬᠦᠴᠦ ᠶᠢ ᠬᠤᠲᠠ ᠶᠢᠨ ᠳᠡᠷᠭᠡᠳᠡ ᠬᠤᠷᠠᠮᠳᠤᠭᠤᠯᠵᠤ ᠴᠢᠳᠠᠭᠰᠠᠨ ᠪᠠᠶᠢᠨ᠎ᠠ᠃ ᠭᠡᠪᠡᠴᠦ ᠠᠷᠭ᠎ᠠ ᠲᠠᠰᠤᠷᠠᠨ ᠪᠠᠯᠠᠮᠠᠭᠳᠠᠭᠰᠠᠨ ᠠᠯᠳᠠᠨ ᠤᠯᠤᠰ ᠤᠨ ᠡᠵᠡᠨ ᠬᠠᠭᠠᠨ ᠨᠠᠶᠢᠷᠠᠮᠳᠠᠯ ᠲᠣᠭᠳᠠᠭᠠᠬᠤ ᠭᠡᠵᠦ ᠣᠷᠤᠯᠳᠤᠭᠰᠠᠨ ᠪᠣᠯᠪᠠᠴᠤ ᠣᠯᠠᠨ ᠰᠠᠶ᠎ᠠ ᠬᠦᠮᠦᠨ ᠲᠠᠢ ᠤᠯᠤᠰ ᠣᠷᠣᠨ ᠤ ᠭᠦᠨ ᠳᠣᠲᠤᠷ᠎ᠠ ᠨᠢᠭᠡ ᠲᠦᠮᠡᠨ ᠴᠡᠷᠢᠭ ᠲᠠᠢ ᠪᠠᠷ ᠪᠠᠶᠢᠯᠳᠤᠵᠤ ᠪᠠᠶᠢᠭᠰᠠᠨ ᠮᠣᠩᠭᠤᠯ ᠤᠨ ᠡᠷᠡᠯᠬᠡᠭ ᠵᠠᠩᠵᠤᠨ ᠤ ᠪᠣᠯᠵᠤᠯ ᠰᠢᠵᠠᠷᠠᠭᠤᠨ ᠪᠦᠭᠡᠳ ᠪᠡᠶᠡᠯᠡᠭᠦᠯᠬᠦ ᠠᠷᠭ᠎ᠠ ᠦᠭᠡᠢ ᠪᠠᠶᠢᠭᠰᠠᠨ ᠲᠤᠯᠠ ᠭᠠᠯ ᠠᠴᠠ ᠠᠶᠤᠬᠤ ᠮᠡᠲᠦ ᠪᠠᠷ ᠮᠣᠩᠭᠤᠯᠴᠤᠳ ᠠᠴᠠ ᠬᠤᠯᠴᠢᠢᠳᠠᠭ ᠠᠯᠳᠠᠨ ᠤᠯᠤᠰ ᠤᠨ ᠡᠵᠡᠨ ᠬᠠᠭᠠᠨ ᠬᠦᠷᠲᠡᠯ᠎ᠡ ᠲᠠᠲᠠᠭᠠᠯᠵᠠᠬᠤ ᠠᠷᠭ᠎ᠠ ᠦᠭᠡᠢ ᠳᠤ ᠬᠦᠷᠴᠡᠢ᠃ ᠺᠠᠶᠢᠹᠧᠩ ᠤᠨ ᠪᠠᠲᠤ ᠪᠠᠬᠢ ᠬᠡᠷᠡᠮ ᠢ ᠶᠠᠭᠠᠬᠢᠵᠤ ᠴᠦ ᠴᠢᠳᠠᠭ᠎ᠠ ᠦᠭᠡᠢ ᠰᠠᠮᠤᠬ᠎ᠠ ᠵᠠᠩᠵᠤᠨ ᠦᠪᠡᠷ ᠤᠨ ᠲᠦᠮᠡᠲᠦ ᠶᠢ ᠢᠷᠡᠭᠰᠡᠨ ᠵᠠᠮ ᠢᠶᠠᠷ ᠢᠶᠠᠨ ᠪᠤᠴᠠᠭᠠᠪᠠ᠃ ᠬᠠᠷᠢᠨ ᠰᠠᠮᠤᠬ᠎ᠠ ᠶᠢᠨ ᠵᠣᠯ ᠪᠣᠯᠬᠤ ᠳᠤ ᠡᠪᠦᠯ ᠡᠷᠲᠡ ᠬᠦᠢᠲᠡᠷᠡᠵᠦ᠂ ᠰᠢᠷ᠎ᠠ ᠮᠦᠷᠡᠨ ᠲᠠᠰᠤ ᠬᠦᠯᠳᠡᠭᠰᠡᠨ ᠪᠠᠶᠢᠭᠰᠠᠨ ᠤᠴᠢᠷ ᠭᠤᠣᠯ ᠤᠨ ᠮᠦᠰᠦᠨ ᠳᠡᠭᠡᠭᠦᠷ ᠡᠰᠡᠨ ᠮᠡᠨᠳᠦ ᠭᠠᠷᠴᠤ᠂ ᠤᠮᠠᠷ᠎ᠠ ᠶᠢ ᠪᠠᠷᠢᠨ ᠰᠠᠭᠠᠳ ᠲᠤᠳᠬᠠᠷ ᠦᠬᠡᠢ ᠤᠬᠤᠷᠢᠬᠤ ᠪᠤᠯᠤᠮᠵᠢ ᠨᠦᠬᠦᠴᠡᠯ ᠪᠦᠷᠢᠨ ᠪᠠᠶᠢᠭᠰᠠᠨ ᠠᠵᠢ᠃ ᠭᠡᠪᠡᠴᠦ ᠤᠬᠤᠷᠢᠵᠤ ᠨᠢᠴᠤᠭᠠᠭᠰᠠᠨ ᠦᠭᠡᠢ 1216 ᠣᠨ ᠤ 11 ᠳ᠋ᠦ᠋ᠭᠡᠷ ᠰᠠᠷ᠎ᠠ ᠳᠤ ᠲᠦᠷᠦᠭᠦᠴᠢ ᠶᠢᠨ ᠠᠶᠠᠨ ᠢᠶᠠᠨ ᠳᠠᠪᠳᠠᠵᠠᠢ᠃ ᠡᠨᠡ ᠤᠳᠠᠭ᠎ᠠ ᠳᠤ ᠲᠡᠭᠦᠨ ᠤ ᠬᠦᠴᠦ ᠠᠷᠠᠢ ᠨᠡᠮᠡᠭᠳᠡᠭᠰᠡᠨ ᠪᠠᠶᠢᠪᠠ᠃ ᠲᠡᠷᠡ ᠪᠠᠷ ᠺᠠᠶᠢᠹᠧᠩ ᠤᠨ ᠳᠠᠭᠠᠭᠤᠯᠢ ᠬᠤᠲᠠ ᠳᠤ ᠣᠴᠢᠬᠤ ᠠᠴᠠ ᠪᠠᠨ ᠡᠮᠦᠨ᠎ᠡ ᠶᠦᠵᠸᠦ᠂ ᠵᠣᠣᠵᠸᠦ ᠪᠣᠯᠣᠨ ᠪᠤᠰᠤᠳ ᠬᠤᠲᠠ ᠤᠳ ᠢ ᠡᠵᠡᠯᠡᠭᠰᠡᠨ ᠤᠴᠢᠷ ᠠᠴᠠ ᠪᠦᠰᠡᠯᠡᠯᠲᠡ ᠶᠢᠨ ᠵᠡᠪᠰᠡᠭ ᠲᠠᠢ ᠪᠣᠯᠣᠭᠰᠠᠨ ᠪᠠᠶᠢᠯ᠎ᠠ᠃      ᠰᠠᠮᠤᠬ᠎ᠠ ᠶᠢᠨ ᠲᠠᠺᠲ᠋ᠢᠺ ᠢ ᠵᠢᠷᠤᠭᠯᠠᠵᠤ ᠬᠢᠲᠠᠳ ᠤᠨ ᠨᠢᠭᠡᠨ ᠲᠦᠰᠢᠮᠡᠯ ᠡᠵᠡᠨ ᠬᠠᠭᠠᠨ ᠳᠠᠭᠠᠨ ᠶᠠᠪᠤᠭᠤᠯᠤᠭᠰᠠᠨ ᠵᠠᠬᠢᠳᠠᠯ ᠳᠠᠭᠠᠨ ︽ᠮᠣᠩᠭᠤᠯᠴᠤᠳ ᠨᠡᠶᠢᠰᠯᠡᠯ ᠬᠤᠲᠠ ᠣᠷᠤᠬᠤ ᠵᠠᠮ ᠳᠡᠭᠡᠷᠡᠬᠢ ᠪᠦᠬᠦ ᠰᠠᠭᠤᠷᠢᠨ ᠤᠳ ᠢ ᠬᠤᠭᠤᠰᠤᠯᠠᠵᠤ᠂ ᠬᠤᠲᠠ ᠤᠳ ᠢ ᠳᠠᠭᠠᠷᠢᠨ ᠨᠤᠷᠠᠭᠠᠵᠤ ᠪᠠᠶᠢᠨ᠎ᠠ︾ ᠭᠡᠵᠡᠢ᠃ ᠡᠨᠡ ᠪᠣᠯ ᠲᠣᠭᠠᠴᠠᠯᠠᠨ ᠪᠣᠳᠤᠭᠰᠠᠨ ᠤᠰᠠᠳᠬᠠᠯ ᠪᠠᠶᠢᠪᠠ᠃ ᠮᠣᠩᠭᠤᠯᠴᠤᠳ ᠤᠨ ᠬᠤᠪᠢ ᠳᠤ ᠺᠠᠶᠢᠹᠧᠩ ᠳᠡᠩᠳᠡᠭᠦᠦ ᠬᠦᠴᠦᠷᠬᠡᠭ ᠪᠠᠶᠢᠭᠰᠠᠨ ᠤᠴᠢᠷ ᠠᠴᠠ ᠲᠡᠳᠡ ᠨᠡᠶᠢᠰᠯᠡᠯ ᠤᠨ ᠡᠷᠭᠢᠨ ᠲᠣᠭᠤᠷᠢᠨ ᠤ ᠨᠤᠲᠤᠭ ᠳᠡᠪᠢᠰᠭᠡᠷ ᠢ ᠬᠤᠭᠤᠰᠤᠯᠠᠵᠤ ᠰᠢᠲᠠᠭᠠᠵᠤ ᠦᠭᠡᠶᠢᠷᠡᠭᠦᠯᠬᠦ ᠪᠠᠷ ᠰᠢᠢᠳᠴᠡᠢ᠃ ᠨᠡᠶᠢᠰᠯᠡᠯ ᠢ ᠪᠤᠯᠠᠰᠢᠨ ᠤ ᠠᠨᠢᠷ ᠦᠭᠡᠢ ᠪᠠᠶᠢᠳᠠᠯ ᠯᠡ ᠬᠦᠷᠢᠶᠡᠯᠡᠵᠦ ᠪᠠᠶᠢᠬᠤ ᠶᠣᠰᠤᠲᠠᠢ ᠪᠠᠶᠢᠪᠠ᠃ ᠡᠶᠢᠨᠬᠦ ᠮᠣᠩᠭᠤᠯᠴᠤᠳ ᠤᠨ ᠭᠤᠣᠯ ᠬᠦᠴᠦ ᠬᠤᠲᠠ ᠠᠴᠠ ᠭᠠᠷᠬᠤ ᠪᠦᠬᠦ ᠭᠠᠷᠴᠠ ᠶᠢ ᠬᠠᠭᠠᠭᠰᠠᠨ ᠢᠶᠠᠷ ᠳᠡᠭᠡᠳᠦ ᠵᠡᠷᠭᠡ ᠪᠠᠷ ᠰᠤᠷᠭᠠᠵᠤ᠂ ᠵᠡᠪᠰᠡᠭᠯᠡᠭᠰᠡᠨ ᠠᠯᠳᠠᠨ ᠤᠯᠤᠰ ᠤᠨ ᠴᠡᠷᠢᠭ ᠤᠨ ᠠᠩᠭᠢ ᠬᠤᠲᠠ ᠳᠣᠲᠤᠷ᠎ᠠ ᠬᠠᠰᠢᠭᠳᠠᠪᠠ᠃ ᠬᠠᠷᠢᠨ ᠡᠨᠡ ᠦᠶ᠎ᠡ ᠳᠤ ᠰᠠᠮᠤᠬ᠎ᠠ ᠵᠠᠩᠵᠤᠨ ᠤ ᠲᠤᠰᠢᠶᠠᠯ ᠢᠶᠠᠷ ᠮᠣᠩᠭᠤᠯ ᠤᠨ ᠮᠣᠷᠢᠲᠤ ᠴᠡᠷᠢᠭ ᠤᠳ ᠡᠷᠭᠢᠨ ᠲᠣᠭᠤᠷᠢᠨ ᠢ ᠨᠡᠩᠵᠢᠨ ᠪᠠᠶᠢᠪᠠ᠃ ᠠᠯᠳᠠᠨ ᠤᠯᠤᠰ ᠤᠨ ᠴᠡᠷᠢᠭ ᠤᠨ ᠵᠦᠪᠯᠡᠬᠦ ᠤᠳ ᠨᠢ ᠴᠡᠷᠢᠭ ᠢᠶᠠᠨ ᠪᠠᠶᠢᠷᠢᠰᠢᠭᠤᠯᠬᠤ ᠲᠠᠯ᠎ᠠ ᠪᠠᠷ ᠡᠵᠡᠨ ᠬᠠᠭᠠᠨ ᠳᠠᠭᠠᠨ ᠵᠦᠪᠯᠡᠬᠦ ᠳᠡᠭᠡᠨ ᠶᠠᠭᠤᠨ ᠤ ᠡᠮᠦᠨ᠎ᠡ ᠲᠦᠩᠭᠤᠸᠠᠨ ᠤ ᠴᠠᠶᠢᠵᠠ ᠶᠢ ᠮᠣᠩᠭᠤᠯᠴᠤᠳ ᠠᠴᠠ ᠬᠠᠮᠠᠭᠠᠯᠠᠬᠤ᠂ ᠳᠠᠷᠠᠭ᠎ᠠ ᠨᠢ ᠮᠣᠩᠭᠤᠯ ᠤᠨ ᠴᠡᠷᠢᠭ ᠤᠳ ᠲᠠᠢ ᠫᠠᠷᠲ᠋ᠢᠽᠠᠨ ᠤ ᠪᠣᠯᠣᠨ ᠬᠤᠣᠷᠯᠠᠨ ᠰᠦᠢᠳᠬᠡᠬᠦ ᠳᠠᠶᠢᠨ ᠬᠢᠬᠦ᠂ ᠲᠡᠭᠦᠨ ᠢ ᠵᠣᠬᠢᠶᠠᠨ ᠪᠠᠶᠢᠭᠤᠯᠬᠤ ᠶᠢᠨ ᠲᠤᠯᠠᠳᠠ ᠰᠢᠯᠢᠳᠡᠭ ᠳᠠᠷᠤᠭ᠎ᠠ ᠨᠠᠷ ᠢ ᠰᠢᠯᠡᠮᠡᠯ ᠳᠠᠶᠢᠴᠢᠳ ᠲᠠᠢ ᠢᠯᠡᠭᠡᠬᠦ ᠬᠡᠷᠡᠭ ᠭᠡᠵᠡᠭᠡᠵᠦ ᠪᠠᠶᠢᠪᠠ᠃ ᠺᠠᠶᠢᠹᠧᠩ ᠬᠤᠲᠠ ᠪᠣᠯ ᠶᠠᠨᠵᠢᠩ ᠬᠤᠲᠠ ᠶᠢ ᠪᠣᠳᠤᠬᠤ ᠳᠤ ᠬᠠᠮᠠᠭᠠᠯᠠᠬᠤ ᠳᠤ ᠵᠠᠶᠢᠯᠠᠰᠢ ᠦᠬᠡᠢ ᠵᠦᠢᠯ ᠢᠶᠠᠷ ᠲᠤᠩ ᠪᠠᠭ᠎ᠠ ᠬᠠᠩᠭᠠᠭᠳᠠᠭᠰᠠᠨ ᠭᠡᠳᠡᠭ ᠢ ᠲᠡᠳᠡ ᠪᠠᠰᠠ ᠬᠡᠯᠡᠵᠦ ᠪᠠᠶᠢᠯ᠎ᠠ  ᠭᠡᠪᠡᠴᠦ ᠶᠠᠨᠵᠢᠩ ᠬᠤᠲᠠ ᠵᠡᠪᠰᠡᠭ᠂ ᠬᠦᠨᠡᠰᠦᠨ ᠤ ᠠᠰᠤᠷᠤ ᠶᠡᠭᠡ ᠨᠦᠬᠡᠴᠡ ᠲᠠᠢ ᠠᠲᠠᠯ᠎ᠠ ᠪᠠᠨ ᠮᠣᠩᠭᠤᠯᠴᠤᠳ ᠢ ᠵᠣᠭᠰᠤᠭᠠᠵᠤ ᠴᠢᠳᠠᠭ᠎ᠠ ᠦᠬᠡᠢ ᠪᠠᠶᠢᠬᠤ ᠳᠤ ᠺᠠᠶᠢᠹᠧᠩ ᠤᠨ ᠲᠠᠯ᠎ᠠ ᠪᠠᠷ ᠢᠲᠡᠭᠡᠯ ᠮᠠᠭᠤ ᠪᠠᠶᠢᠭᠰᠠᠨ ᠨᠢ ᠣᠶᠢᠯᠠᠭᠠᠮᠵᠢ ᠲᠠᠢ᠃ ᠮᠣᠩᠭᠤᠯᠴᠤᠳ ᠬᠤᠲᠠ ᠶᠢ ᠪᠦᠰᠡᠯᠡᠴᠢᠬᠡᠬᠦ ᠪᠣᠢ ᠭᠡᠬᠦ ᠠᠴᠠ ᠬᠢᠲᠠᠳ ᠤᠳ ᠤᠨ ᠨᠢᠷᠤᠭᠤ ᠤᠷᠤᠭᠤ ᠬᠦᠢᠲᠡᠨ ᠣᠷᠬᠢᠵᠦ ᠪᠠᠶᠢᠪᠠ᠃ ︽ᠴᠢᠩᠭᠢᠰ ᠬᠠᠭᠠᠨ ᠦᠪᠡᠷ ᠢᠶᠠᠨ ᠲᠤᠰ ᠬᠤᠲᠠ ᠤᠷᠤᠭᠤ ᠵᠣᠷᠢᠵᠤ ᠢᠷᠡᠬᠦ ᠭᠡᠨ᠎ᠡ︾ ᠭᠡᠰᠡᠨ ᠴᠤᠤᠷᠬᠠᠯ ᠴᠦ ᠬᠤᠲᠠ ᠶᠢᠨ ᠬᠢᠨ ᠤ ᠳᠣᠲᠣᠷ᠎ᠠ ᠲᠠᠷᠬᠠᠵᠤ ᠪᠠᠶᠢᠪᠠ᠃      ᠡᠨᠡ ᠦᠶ᠎ᠡ ᠳᠤ ᠠᠯᠳᠠᠨ ᠤᠯᠤᠰ ᠤᠨ ᠡᠵᠡᠨ ᠬᠠᠭᠠᠨ ᠲᠡᠭᠡᠨᠡᠭᠡᠯᠵᠡᠵᠦ᠂ ᠵᠦᠪᠯᠡᠬᠦ ᠤᠳ ᠤᠨ ᠰᠠᠨᠠᠯ ᠬᠤᠪᠢᠶᠠᠭᠳᠠᠨ᠂ ᠠᠶᠤᠯᠭᠠᠨ ᠰᠦᠷᠳᠡᠭᠦᠯᠬᠦ᠂ ᠲᠠᠮᠢᠷᠳᠠᠭᠤᠯᠬᠤ ᠶᠢᠨ ᠨᠦᠯᠦᠭᠡ ᠠᠯᠢᠪᠠ ᠰᠠᠨᠠᠭᠠᠴᠢᠯᠠᠭ᠎ᠠ ᠶᠢ ᠪᠣᠭᠤᠮᠢᠯᠠᠵᠤ ᠪᠠᠶᠢᠪᠠ᠃ ᠨᠢᠭᠡᠨ ᠴᠠᠭ ᠲᠤ ᠠᠤᠭ᠎ᠠ ᠶᠡᠭᠡ ᠪᠠᠶᠢᠭᠰᠠᠨ ᠵᠦᠷᠴᠢᠳ ᠤᠨ ᠠᠯᠳᠠᠨ ᠤᠯᠤᠰ ᠤᠨ ᠲᠡᠭᠦᠰᠭᠡᠯ ᠣᠶᠢᠷᠠᠳᠴᠤ ᠪᠠᠶᠢᠬᠤ ᠮᠡᠲᠦ᠃ ᠭᠡᠪᠡᠴᠦ ᠲᠡᠳᠡᠨ ᠤ ᠠᠵᠠ ᠪᠣᠯᠬᠤ ᠳᠤ ᠰᠠᠮᠤᠬ᠎ᠠ ᠵᠠᠩᠵᠤᠨ ᠢ ᠨᠤᠲᠤᠭ ᠠᠴᠠ ᠨᠢ ᠳᠠᠭᠤᠳᠠᠭᠰᠠᠨ ᠢᠶᠠᠷ ᠬᠡᠰᠡᠭ ᠲᠡᠭᠡᠨ ᠯᠡ ᠰᠡᠭᠡᠭᠡ ᠠᠪᠤᠪᠠ᠃      ᠰᠠᠮᠤᠬ᠎ᠠ ᠵᠠᠩᠵᠤᠨ ᠴᠠᠭᠠᠰᠢ ᠳᠠᠭᠠᠨ ᠳᠤᠷᠠᠰᠤᠭᠳᠠᠭᠠᠳ ᠪᠠᠶᠢᠬᠤ ᠬᠡᠮᠵᠢᠶᠡᠨ ᠤ ᠶᠠᠭᠤᠮ᠎ᠠ ᠬᠢᠭᠡ ᠦᠬᠡᠢ ᠪᠠᠶᠢᠯ᠎ᠠ ᠴᠦ ᠭᠡᠰᠡᠨ ᠲᠡᠭᠦᠨ ᠤ ᠡᠨᠡᠬᠦ ᠬᠤᠶᠠᠷ ᠤᠳᠠᠭ᠎ᠠ ᠶᠢᠨ ᠠᠶᠠᠨ ᠳᠠᠶᠢᠨ ᠨᠢ ᠲᠡᠭᠦᠨ ᠢ ᠪᠦᠷᠢᠨ᠎ᠡ ᠵᠦᠢ ᠶᠣᠰᠤᠭᠠᠷ ᠬᠦᠮᠦᠨ ᠲᠦᠷᠦᠯᠬᠢᠳᠡᠨ ᠤ ᠲᠡᠦᠬᠡᠨ ᠳᠠᠬᠢ ᠮᠣᠷᠢᠨ ᠴᠡᠷᠢᠭ ᠤᠨ ᠠᠤᠭ᠎ᠠ ᠶᠡᠭᠡ ᠵᠢᠯᠤᠭᠤᠳᠤᠭᠴᠢ ᠶᠢᠨ ᠨᠢᠭᠡ ᠪᠣᠯᠵᠤ ᠳᠠᠭᠤᠷᠢᠰᠤᠭᠳᠠᠭᠰᠠᠨ ᠪᠠᠶᠢᠨ᠎ᠠ᠃
ᠢᠷᠡᠯᠲᠡ᠄ ︽ᠮᠣᠩᠭᠤᠯᠴᠤᠳ ᠤᠨ ᠲᠡᠦᠬᠡᠨ ᠳᠤ ᠠᠯᠳᠠᠷᠰᠢᠭᠰᠠᠨ 33 ᠴᠤᠤᠲᠤ︾ ᠨᠤᠮ ᠠᠴᠠ