ᠮᠢᠩ ᠤᠯᠤᠰ ᠢ ᠮᠡᠩᠳᠡᠭᠦᠯᠦᠨ ᠠᠶᠤᠯᠭᠠᠭᠴᠢ ᠡᠷᠡᠮᠡᠬᠡᠢ ᠳᠠᠶᠢᠴᠢᠨ ᠡᠰᠡᠨ ᠲᠠᠶᠢᠱᠢ
ᠨᠡᠶᠢᠲᠡᠯᠡᠭᠰᠡᠨ ᠴᠠᠭ᠄
2023/2/10
      ᠡᠰᠡᠨ ᠪᠣᠯ ᠴᠢᠩᠭᠢᠰ ᠬᠠᠭᠠᠨ ᠤ ᠭᠠᠪᠢᠶᠠᠲᠤ ᠦᠷᠯᠦᠭ ᠤᠷᠢᠶᠠᠩᠬᠠᠳ ᠤᠨ ᠵᠠᠯᠮ᠎ᠠ ᠶᠢᠨ ᠶᠢᠰᠦᠳᠦᠭᠡᠷ ᠦᠶ᠎ᠡ ᠶᠢᠨ ᠠᠴᠢ᠂ ᠣᠶᠢᠷᠠᠳ ᠤᠨ ᠴᠣᠷᠣᠰ ᠣᠪᠣᠭ ᠤᠨ ᠬᠦᠮᠦᠨ ᠪᠦᠭᠡᠳ ᠡᠴᠢᠭᠡ ᠨᠢ ᠣᠶᠢᠷᠠᠳ ᠤᠨ ᠪᠠᠲᠤᠯᠠ ᠴᠢᠩᠰᠠᠩ ᠤᠨ ᠬᠦᠦ ᠲᠣᠭᠤᠭᠠᠨ ᠶᠤᠮ᠃ ᠲᠡᠷᠡ ᠪᠠᠷ 1407 ᠣᠨ ᠳᠤ ᠲᠦᠷᠦᠭᠰᠡᠨ ᠪᠦᠭᠡᠳ ᠤᠬᠠᠭᠠᠯᠢᠭ ᠰᠠᠮᠪᠠᠭ᠎ᠠ ᠲᠠᠢ᠂ ᠡᠷᠡᠯᠬᠡᠭ ᠵᠣᠷᠢᠭ ᠲᠠᠢ ᠡᠷ᠎ᠡ ᠪᠣᠯᠣᠨ ᠥᠰᠴᠦ ᠪᠠᠶᠢᠭᠰᠠᠨ ᠲᠤᠯᠠ ᠡᠴᠢᠭᠡ ᠨᠢ ᠬᠦᠦ ᠪᠠᠨ ᠶᠡᠬᠡᠳᠡ ᠬᠠᠶᠢᠷᠠᠯᠠᠨ᠂ ᠠᠵᠢᠯ ᠦᠢᠯᠡᠰ ᠲᠡᠭᠡᠨ ᠲᠤᠰᠠᠯᠠᠭᠤᠯᠤᠨ᠂ ᠠᠪᠢᠶᠠᠰ ᠪᠢᠯᠢᠭ ᠢ ᠨᠢ ᠬᠦᠭᠵᠢᠭᠦᠯᠳᠡᠭ ᠪᠠᠶᠢᠵᠠᠢ᠃ ᠵᠡᠭᠦᠨ ᠮᠣᠩᠭᠤᠯ ᠪᠣᠯᠣᠨ ᠪᠠᠷᠠᠭᠤᠨ ᠮᠣᠩᠭᠤᠯ ᠪᠣᠶᠣ ᠣᠶᠢᠷᠠᠳ ᠨᠢ ᠨᠢᠭᠡᠨ ᠤᠯᠤᠰ ᠤᠨ ᠬᠤᠶᠠᠷ ᠬᠡᠰᠡᠭ ᠲᠤᠯᠠ ᠲᠡᠦᠬᠡ ᠶᠢᠨ ᠶᠡᠬᠡᠩᠬᠢ ᠬᠤᠭᠤᠴᠠᠭᠠᠨ ᠳᠤ ᠨᠢᠭᠡᠳᠦᠯ ᠲᠠᠢ ᠪᠠᠶᠢᠭᠰᠠᠨ ᠪᠣᠯᠪᠠᠴᠤ᠂ ᠭᠠᠳᠠᠭᠠᠳᠤ ᠳᠣᠲᠤᠭᠠᠳᠤ ᠤᠴᠢᠷ ᠰᠢᠯᠲᠠᠭᠠᠨ ᠤ ᠤᠯᠠᠮ ᠠᠴᠠ ᠦᠶ᠎ᠡ ᠦᠶ᠎ᠡ ᠬᠤᠭᠤᠷᠣᠨᠳᠤ ᠪᠠᠨ ᠮᠠᠭᠤᠳᠠᠯᠴᠠᠵᠤ ᠳᠠᠶᠢᠰᠤᠩᠨᠠᠬᠤ ᠶᠠᠪᠤᠳᠠᠯ ᠴᠦᠬᠡᠨ ᠦᠬᠡᠢ ᠭᠠᠷᠴᠤ ᠪᠠᠶᠢᠪᠠ᠃ ᠴᠣᠬᠤᠮ ᠡᠶᠢᠮᠦ ᠦᠶ᠎ᠡ ᠶᠢ ᠡᠰᠡᠨ ᠤ ᠡᠪᠦᠭᠡ ᠳᠡᠭᠡᠳᠦᠰ ᠲᠤᠭᠤᠯᠵᠤ ᠢᠷᠡᠭᠰᠡᠨ ᠪᠠᠶᠢᠨ᠎ᠠ᠃ ᠲᠣᠭᠤᠭᠠᠨ ᠲᠠᠶᠢᠱᠢ 1439 ᠣᠨ ᠳᠤ ᠨᠠᠰᠤ ᠪᠠᠷᠠᠬᠤ ᠶᠢᠨ ᠢᠶᠠᠨ ᠡᠮᠦᠨ᠎ᠡ ᠬᠦᠦ ᠡᠰᠡᠨ ᠳᠡᠭᠡᠨ ᠬᠠᠨᠳᠤᠨ ︽ᠪᠢ ᠨᠢᠭᠡ ᠨᠠᠰᠤ ᠪᠠᠷ ᠢᠶᠠᠨ ᠴᠡᠷᠢᠭ ᠳᠠᠶᠢᠨ ᠳᠤ ᠶᠠᠪᠤᠵᠤ᠂ ᠦᠰᠢᠶᠡᠲᠡᠨ ᠳᠠᠶᠢᠰᠤᠨ ᠢ ᠤᠰᠠᠳᠬᠠᠵᠤ᠂ ᠴᠢᠨᠤ ᠢᠷᠡᠭᠡᠳᠦᠢ ᠶᠢᠨ ᠵᠠᠮ ᠳᠠᠬᠢ ᠰᠠᠭᠠᠳ ᠢ ᠴᠡᠪᠡᠷᠯᠡᠪᠡ᠃ ᠣᠳᠤ ᠭᠠᠭᠴᠠᠬᠦ‍ ᠨᠢᠭᠡ ᠯᠡ ᠬᠦᠮᠦᠨ ᠢ ᠠᠷᠢᠯᠭᠠᠵᠤ ᠴᠢᠳᠠᠭ᠎ᠠ ᠦᠬᠡᠢ᠃ ᠡᠨᠡ ᠪᠣᠯ ᠠᠷᠤᠭᠲᠠᠢ ᠶᠢᠨ ᠬᠦᠦ ᠮᠦᠩᠬᠡᠪᠡᠢ ᠮᠦᠨ᠃ ᠬᠤᠵᠢᠮ ᠤᠨ ᠡᠳᠦᠷ ᠴᠢ ᠲᠡᠭᠦᠨ ᠤ ᠲᠣᠯᠣᠭᠠᠢ ᠪᠠᠷ ᠮᠢᠨᠤ ᠰᠦᠨᠡᠰᠦ ᠶᠢ ᠲᠠᠬᠢᠲᠤᠭᠠᠢ︾ ᠭᠡᠵᠦ ᠭᠡᠷᠢᠶᠡᠰᠦᠯᠡᠭᠰᠡᠨ ᠪᠠᠶᠢᠨ᠎ᠠ᠃ ᠡᠨᠡ ᠨᠢ ᠨᠡᠶᠢᠲᠡ ᠮᠣᠩᠭᠤᠯ ᠢ ᠨᠢᠭᠡᠳᠭᠡᠨ ᠮᠣᠩᠭᠤᠯ ᠢ ᠨᠢᠭᠡᠳᠭᠡᠨ ᠵᠠᠬᠢᠷᠬᠤ ᠲᠡᠮᠡᠴᠡᠯ ᠢᠶᠠᠨ ᠳᠠᠭᠤᠰᠬᠠᠭ᠎ᠠ ᠦᠬᠡᠢ᠂ ᠡᠰᠡᠷᠭᠦ ᠡᠲᠡᠭᠡᠳ ᠲᠠᠢ ᠡᠪᠯᠡᠷᠡᠰᠢ ᠦᠭᠡᠢ ᠲᠡᠮᠡᠴᠡᠬᠦ ᠶᠢ ᠰᠢᠳᠠᠷ ᠲᠤᠰᠠᠯᠠᠭᠴᠢ ᠬᠦᠦ ᠡᠰᠡᠨ ᠳᠡᠭᠡᠨ ᠳᠠᠭᠠᠭᠠᠯᠭᠠᠭᠰᠠᠨ ᠬᠡᠷᠡᠭ ᠪᠠᠶᠢᠪᠠ᠃ ᠲᠡᠷᠡ ᠦᠶ᠎ᠡ ᠳᠤ ᠮᠣᠩᠭᠤᠯᠴᠤᠳ ᠤᠷᠢᠶᠠᠩᠬᠠᠢ ᠠᠴᠠ ᠪᠤᠰᠤᠳ ᠮᠣᠩᠭᠤᠯ ᠠᠶᠢᠮᠠᠭ ᠤᠳ ᠲᠣᠭᠤᠭᠠᠨ ᠲᠠᠶᠢᠱᠢ ᠲᠠᠶᠢᠰᠤᠩ ᠬᠠᠭᠠᠨ ᠤ ᠵᠠᠬᠢᠷᠭᠠᠨ ᠳᠣᠣᠷ᠎ᠠ ᠪᠠᠷᠤᠭ ᠨᠢᠭᠡᠳᠬᠡᠭᠰᠡᠨ ᠪᠠᠶᠢᠪᠠ᠃      ᠲᠠᠶᠢᠰᠤᠩ ᠬᠠᠭᠠᠨ ᠲᠣᠭᠤᠭᠠᠨ ᠲᠠᠶᠢᠱᠢ ᠶᠢᠨ ᠭᠡᠷᠢᠶᠡᠰ ᠢᠶᠠᠷ ᠡᠰᠡᠨ ᠢ ᠮᠣᠩᠭᠤᠯ ᠤᠯᠤᠰ ᠤᠨ ᠲᠠᠶᠢᠱᠢ ᠶᠢᠨ ᠲᠤᠰᠢᠶᠠᠯ ᠳᠤ ᠲᠣᠮᠢᠯᠠᠵᠤ᠂ ᠴᠡᠷᠢᠭ ᠤᠨ ᠬᠡᠷᠡᠭ ᠢ ᠡᠷᠬᠢᠯᠡᠭᠦᠯᠪᠡ᠃ ᠡᠨᠡ ᠦᠶ᠎ᠡ ᠳᠤ ᠮᠢᠩ ᠤᠯᠤᠰ ᠤᠷᠢᠶᠠᠩᠬᠠᠢ ᠶᠢᠨ ᠮᠣᠩᠭᠤᠯ ᠨᠣᠶᠠᠳ ᠤᠳ ᠢ ᠴᠣᠯᠠ ᠬᠡᠷᠬᠡᠮ᠂ ᠪᠡᠯᠡᠭ ᠰᠡᠯᠳᠠ ᠪᠠᠷ ᠦᠪᠡᠷ ᠲᠡᠭᠡᠨ ᠲᠠᠲᠠᠨ᠂ ᠮᠣᠩᠭᠤᠯ ᠤᠨ ᠨᠢᠭᠡᠳᠦᠭᠰᠡᠨ ᠲᠦᠷᠦ ᠶᠢᠨ ᠪᠣᠳᠤᠯᠭ᠎ᠠ ᠶᠢ ᠡᠰᠡᠷᠭᠦᠴᠡᠬᠦ᠂ ᠲᠠᠩᠨᠠᠭᠤᠯᠬᠤ ᠵᠡᠷᠭᠡ ᠪᠤᠰᠤᠷᠮᠠᠭ ᠠᠷᠭ᠎ᠠ ᠬᠡᠷᠡᠭᠯᠡᠬᠦ ᠪᠣᠯᠵᠠᠢ᠃ ᠡᠶᠢᠮᠦ ᠬᠠᠨᠳᠤᠯᠭ᠎ᠠ ᠶᠢ ᠡᠰᠡᠨ ᠲᠠᠶᠢᠱᠢ ᠲᠤᠬᠠᠢ ᠪᠦᠷᠢ ᠵᠡᠪᠰᠡᠭ ᠤᠨ ᠬᠦᠴᠦ ᠪᠠᠷ ᠳᠠᠷᠤᠵᠤ ᠪᠠᠶᠢᠪᠠ᠃ ᠡᠨᠡ ᠦᠶ᠎ᠡ ᠳᠤ ᠵᠦᠷᠴᠢᠳ ᠠᠶᠢᠮᠠᠭ ᠤᠳ ᠢ ᠡᠷᠬᠡᠰᠢᠶᠡᠯ ᠳᠡᠭᠡᠨ ᠪᠠᠶᠢᠯᠭᠠᠬᠤ ᠶᠢᠨ ᠲᠤᠯᠠᠳᠠ ᠡᠰᠡᠨ ᠲᠠᠶᠢᠱᠢ ᠡᠪ ᠢᠶᠠᠷ ᠣᠷᠣᠯᠳᠣᠬᠤ ᠶᠢᠨ ᠰᠠᠴᠤᠭᠤ ᠰᠢᠭᠤᠳ ᠡᠰᠡᠷᠭᠦᠴᠡᠭᠴᠢᠳ ᠢ 1444 ᠣᠨ ᠳᠤ ᠤᠩᠨᠢᠭᠤᠳ ᠠᠶᠢᠮᠠᠭ ᠤᠨ ᠨᠣᠶᠠᠨ ᠵᠦᠴᠢ ᠲᠠᠢ ᠬᠠᠪᠰᠤᠷᠤᠨ ᠴᠣᠬᠢᠵᠤ᠂ ᠵᠦᠷᠴᠢᠳ ᠤᠳ ᠢ ᠮᠣᠩᠭᠤᠯ ᠤᠯᠤᠰ ᠲᠤ ᠨᠢᠭᠡᠳᠭᠡᠨ ᠬᠠᠭᠠᠨ ᠤ ᠵᠠᠬᠢᠷᠭᠠᠨ ᠳᠤ ᠣᠷᠤᠭᠤᠯᠤᠭᠰᠠᠨ ᠪᠠᠶᠢᠨ᠎ᠠ᠃ ᠪᠠᠶᠢᠳᠠᠯ ᠢ ᠬᠦᠨᠳᠡᠯᠡᠨ ᠠᠴᠠ ᠨᠤᠬᠤᠴᠠ ᠲᠠᠢ‌ᠠᠵᠢᠭᠯᠠᠨ ᠬᠠᠷᠠᠵᠤ ᠪᠠᠶᠢᠭᠰᠠᠨ ᠮᠢᠩ ᠤᠯᠤᠰ ᠮᠣᠩᠭᠤᠯ ᠲᠠᠢ ᠬᠠᠷᠢᠯᠴᠠᠬᠤ ᠲᠠᠯ᠎ᠠ ᠪᠠᠷ ᠲᠣᠭᠲᠠᠭᠠᠭᠰᠠᠨ ᠬᠢᠵᠠᠭᠠᠷᠯᠠᠯᠲᠠ ᠬᠤᠷᠢᠭ ᠴᠠᠭᠠᠵᠠ ᠨᠢ ᠦᠷ᠎ᠡ ᠳ᠋ᠦᠩ ᠳᠤ ᠬᠦᠷᠬᠦ ᠦᠬᠡᠢ ᠪᠣᠯᠬᠤᠷ ᠬᠤᠳᠠᠯᠳᠤᠭ᠎ᠠ ᠠᠷᠠᠯᠵᠢᠶ᠎ᠠ ᠬᠢᠭᠡᠳ ᠡᠯᠳᠡᠪ ᠰᠠᠭᠠᠳ ᠲᠤᠳᠬᠠᠷ ᠤᠴᠠᠷᠠᠭᠤᠯᠵᠤ ᠵᠠᠯᠢ ᠪᠤᠯᠢᠬᠠᠢ ᠭᠠᠷᠭᠠᠬᠤ ᠪᠣᠯᠣᠭᠰᠠᠨ ᠲᠤᠯᠠ ᠮᠢᠩ ᠤᠯᠤᠰ ᠲᠠᠢ ᠪᠠᠶᠢᠯᠳᠤᠬᠤ ᠪᠠᠷ ᠪᠡᠯᠡᠳᠭᠡᠵᠦ ᠡᠬᠢᠯᠡᠵᠡᠢ᠃      ᠮᠣᠩᠭᠤᠯ ᠤᠨ ᠲᠠᠶᠢᠰᠤᠩ ᠬᠠᠭᠠᠨ ᠡᠰᠡᠨ ᠲᠠᠶᠢᠱᠢ ᠨᠠᠷ ᠤᠨ ᠠᠩᠬᠠᠷᠤᠯ ᠢ ᠲᠠᠲᠠᠭᠰᠠᠨ ᠪᠠᠰᠠ ᠨᠢᠭᠡᠨ ᠴᠢᠬᠤᠯᠠ ᠭᠠᠵᠠᠷ ᠪᠣᠯ ᠣᠳᠤ ᠶᠢᠨ ᠬᠢᠲᠠᠳ ᠤᠨ ᠭᠠᠨᠰᠤ ᠮᠤᠵᠢ ᠳᠤ ᠪᠠᠶᠢᠭᠰᠠᠨ ᠱᠠᠵᠸᠦ ᠪᠠᠶᠢᠪᠠ᠃ ᠮᠢᠩ ᠤᠯᠤᠰ ᠡᠨᠡ ᠨᠤᠲᠤᠭ ᠤᠨ ᠮᠣᠩᠭᠤᠯᠴᠤᠳ ᠢ ᠬᠢᠲᠠᠳ ᠤᠷᠤᠭᠤ ᠨᠡᠭᠦᠯᠭᠡᠬᠦ ᠵᠡᠷᠭᠡ ᠪᠠᠷ ᠡᠵᠡᠮᠰᠢᠨ ᠡᠬᠢᠯᠡᠵᠦ ᠪᠠᠶᠢᠬᠤ ᠳᠤ ᠮᠣᠩᠭᠤᠯ ᠤᠨ ᠬᠠᠭᠠᠨ᠂ ᠲᠠᠶᠢᠱᠢ ᠨᠠᠷ 1444 ᠣᠨ ᠳᠤ ᠬᠦᠮᠦᠨ ᠲᠣᠮᠢᠯᠠᠨ ᠣᠴᠢᠭᠤᠯᠵᠤ᠂ ᠲᠡᠳᠡᠨ ᠤ ᠡᠷᠬᠡ ᠪᠠᠷᠢᠭᠴᠢᠳ ᠲᠤ ᠮᠣᠩᠭᠤᠯ ᠠᠯᠪᠠᠨ ᠲᠤᠰᠢᠶᠠᠯ ᠴᠣᠯᠠ ᠬᠡᠷᠬᠡᠮ ᠣᠯᠭᠤᠵᠤ᠂ ᠱᠠᠵᠸᠦ᠂ ᠬᠠᠩᠳᠦᠩ᠂ ᠴᠢᠭᠢᠩ ᠮᠣᠩᠭᠤᠯ ᠤᠨ ᠭᠠᠵᠠᠷ ᠢ ᠭᠠᠨᠰᠤ ᠮᠤᠵᠢ ᠪᠣᠯᠭᠠᠨ ᠮᠣᠩᠭᠤᠯ ᠲᠦᠷᠦ ᠶᠢᠨ ᠵᠠᠬᠢᠷᠭᠠᠨ ᠳᠤ ᠣᠷᠤᠭᠤᠯᠵᠠᠢ᠃ ᠮᠣᠩᠭᠤᠯᠴᠤᠳ ᠮᠢᠩ ᠤᠯᠤᠰ ᠠᠴᠠ ᠵᠡᠷ ᠵᠡᠪᠰᠡᠭ ᠠᠪᠬᠤ ᠰᠣᠨᠢᠷᠬᠠᠯ ᠲᠠᠢ᠂ ᠭᠡᠲᠡᠯ᠎ᠡ ᠡᠭᠦᠨ ᠢ ᠬᠢᠲᠠᠳ ᠤᠳ ᠠᠯᠪᠠᠨ ᠶᠣᠰᠣᠭᠠᠷ ᠬᠤᠷᠢᠭᠯᠠᠵᠤ ᠪᠠᠶᠢᠭᠰᠠᠨ ᠪᠣᠯᠪᠠᠴᠤ ᠬᠢᠲᠠᠳ ᠤᠨ ᠴᠡᠷᠢᠭ᠂ ᠢᠷᠭᠡᠨ ᠬᠡᠨ ᠴᠦ ᠭᠡᠰᠡᠨ ᠮᠣᠩᠭᠤᠯ ᠰᠠᠶᠢᠨ ᠮᠣᠷᠢ ᠲᠠᠢ ᠪᠠᠶᠢᠬᠤ ᠶᠢ ᠬᠦᠰᠡᠳᠡᠭ ᠢ ᠬᠠᠷᠠᠭᠠᠯᠵᠠᠨ ᠡᠰᠡᠨ ᠲᠠᠶᠢᠱᠢ ᠬᠢᠲᠠᠳ ᠤᠨ ᠵᠠᠬ᠎ᠠ ᠬᠢᠵᠠᠭᠠᠷ ᠤᠨ ᠨᠤᠲᠤᠭ ᠤᠨ ᠴᠡᠷᠢᠭ ᠠᠷᠠᠳ ᠠᠳᠤᠭᠤ ᠨᠡᠶᠢᠯᠡᠭᠦᠯᠵᠦ᠂ ᠣᠷᠣᠨ ᠳᠤᠨᠢ ᠲᠠᠷᠢᠶᠠᠯᠠᠩ ᠤᠨ ᠪᠦᠲᠦᠭᠡᠭᠳᠡᠬᠦᠨ ᠠᠴᠠ ᠭᠠᠳᠠᠨ᠎ᠠ ᠨᠢᠭᠤᠴᠠ ᠪᠠᠷ ᠵᠡᠪᠰᠡᠭ ᠠᠪᠬᠤ ᠠᠵᠢᠯ ᠢ ᠵᠣᠬᠢᠶᠠᠨ ᠪᠠᠶᠢᠭᠤᠯᠵᠠᠢ᠃ ᠲᠡᠭᠡᠬᠦ ᠳᠤ ᠮᠢᠩ ᠤᠯᠤᠰ ᠤᠨ ᠬᠢᠯᠢ ᠶᠢᠨ ᠴᠡᠷᠢᠭ ᠠᠯᠪᠠᠨ ᠠᠴᠠ ᠲᠠᠷᠬᠠᠭᠠᠵᠤ ᠦᠭᠭᠦᠭᠰᠡᠨ ᠨᠣᠮᠤ ᠰᠣᠮᠣ᠂ ᠬᠤᠶᠠᠭ ᠳᠤᠭᠤᠯᠠᠭ᠎ᠠ᠂ ᠵᠢᠳᠠ ᠰᠡᠯᠡᠮ᠎ᠡ ᠵᠡᠷᠭᠡ ᠵᠡᠷ ᠵᠡᠪᠰᠡᠭ ᠢᠶᠠᠷ ᠢᠶᠠᠨ ᠮᠣᠷᠢ ᠰᠣᠯᠢᠵᠤ ᠠᠪᠳᠠᠭ ᠪᠣᠯᠪᠠ᠃ ᠮᠣᠩᠭᠤᠯ ᠤᠨ ᠡᠯᠴᠢ ᠨᠠᠷ ᠶᠠᠪᠤᠵᠤ ᠦᠩᠭᠡᠷᠡᠬᠦ ᠵᠠᠮ ᠳᠤ ᠤᠷᠠᠨ ᠳᠠᠷᠬᠠᠴᠤᠤᠯ ᠴᠤᠭᠯᠠᠷᠠᠵᠤ᠂ ᠮᠣᠩᠭᠤᠯᠴᠤᠳ ᠤᠨ ᠵᠠᠬᠢᠶᠠᠯᠠᠭ᠎ᠠ ᠪᠠᠷ ᠵᠡᠪᠰᠡᠭ ᠵᠡᠷ ᠬᠢᠵᠦ᠂ ᠠᠳᠤᠭᠤ ᠮᠠᠯ ᠢᠶᠠᠷ ᠠᠷᠠᠯᠵᠢᠳᠠᠭ ᠲᠡᠳᠦᠢ ᠦᠬᠡᠢ ᠬᠢᠲᠠᠳ ᠤᠨ ᠣᠷᠣᠨ ᠨᠤᠲᠤᠭ ᠤᠨ ᠨᠣᠶᠠᠳ᠂ ᠲᠦᠰᠢᠮᠡᠳ ᠮᠣᠩᠭᠤᠯ ᠤᠨ ᠡᠯᠴᠢ ᠳᠤ ᠥᠭᠬᠦ ᠪᠡᠯᠡᠭ ᠨᠡᠷᠡᠶᠢᠳᠦᠯ ᠢᠶᠠᠷ ᠨᠤᠮᠤ ᠶᠢ ᠪᠥᠰ ᠪᠠᠷᠠᠭ᠎ᠠ ᠪᠠᠷ ᠣᠷᠢᠶᠠᠵᠤ᠂ ᠰᠤᠮᠤ ᠶᠢ ᠠᠷᠢᠬᠢᠨ ᠤ ᠪᠤᠲᠤᠩ ᠳᠤ ᠬᠢᠵᠦ ᠥᠭᠳᠡᠭ ᠪᠠᠶᠢᠵᠠᠢ᠃ ᠲᠡᠷᠡ ᠪᠠᠶᠢᠲᠤᠭᠠᠢ ᠮᠢᠩ ᠤᠯᠤᠰ ᠤᠨ ᠬᠠᠭᠠᠨ ᠤ ᠣᠷᠳᠤᠨ ᠤ ᠮᠣᠩᠭᠤᠯ ᠲᠠᠢ ᠬᠠᠷᠢᠯᠴᠠᠳᠠᠭ ᠨᠦᠯᠦᠭᠡ ᠪᠦᠬᠦᠢ ᠲᠠᠶᠢᠭᠠᠨ ᠸᠠᠩ ᠵᠧᠨ ᠭᠡᠭᠴᠢ ᠡᠰᠡᠨ ᠲᠠᠶᠢᠱᠢ ᠲᠠᠢ ᠨᠢᠭᠤᠴᠠ ᠪᠠᠷ ᠠᠷᠠᠯᠵᠢᠶᠠᠨ ᠤ ᠬᠡᠯᠡᠯᠴᠡᠭᠡᠷ ᠪᠠᠶᠢᠭᠤᠯᠤᠭᠰᠠᠨ ᠠᠵᠢ᠃ ᠲᠡᠷᠡᠬᠦ  ᠲᠠᠶᠢᠭᠠᠨ ᠳ᠋ᠠᠲ᠋ᠦ᠋ᠩ ᠤᠨ ᠪᠦᠭᠦᠳᠡ ᠵᠠᠬᠢᠷᠤᠭᠴᠢ ᠳᠠᠷᠤᠭ᠎ᠠ ᠳᠤ ᠵᠢᠭᠠᠪᠤᠷᠢ ᠥᠭᠴᠦ᠂ ᠵᠢᠯ ᠪᠦᠷᠢ ᠶᠡᠭᠡ ᠬᠡᠮᠵᠢᠶᠡᠨ ᠤ ᠰᠤᠮᠤ ᠵᠡᠪᠡ ᠦᠢᠯᠡᠳᠦᠭᠦᠯᠦᠨ᠂ ᠮᠣᠩᠭᠤᠯ ᠳᠤ ᠨᠢᠭᠤᠴᠠ ᠪᠠᠷ ᠨᠡᠶᠢᠯᠡᠭᠦᠯᠵᠦ᠂ ᠬᠠᠷᠢᠭᠤ ᠳᠤ ᠨᠢ ᠡᠰᠡᠨ ᠲᠠᠶᠢᠱᠢ ᠡᠭᠦᠨ ᠢ ᠨᠢ ᠰᠠᠶᠢᠨ ᠠᠭᠲᠠ ᠪᠠᠷ ᠪᠣᠳᠣᠵᠤ ᠦᠭᠴᠦ ᠪᠠᠶᠢᠵᠠᠢ᠃ ᠡᠶᠢᠨᠬᠦ ᠡᠰᠡᠨ ᠲᠠᠶᠢᠱᠢ ᠮᠢᠩ ᠤᠯᠤᠰ ᠤᠨ ᠡᠰᠡᠷᠭᠦ ᠳᠠᠶᠢᠨ ᠳᠠᠭᠠᠨ ᠴᠡᠷᠢᠭ᠂ ᠲᠠᠩᠨᠠᠭᠤᠯ᠂ ᠳ᠋ᠢᠫᠯᠤᠮᠠᠲ ᠤᠨ ᠱᠤᠭᠤᠮ ᠢᠶᠠᠷ ᠨᠠᠷᠢᠨ ᠴᠢᠩᠳᠠ ᠪᠡᠯᠡᠳᠦᠭᠰᠡᠨ ᠪᠠᠶᠢᠨ᠎ᠠ᠃      1449 ᠣᠨ ᠤ 7 ᠰᠠᠷ᠎ᠠ ᠳᠤ ᠮᠣᠩᠭᠤᠯ ᠤᠨ ᠴᠡᠷᠢᠭ ᠳᠥᠷᠪᠡᠨ ᠵᠠᠮ ᠢᠶᠠᠷ ᠮᠢᠩ ᠤᠯᠤᠰ ᠤᠨ ᠬᠢᠯᠢ ᠤᠷᠤᠭᠤ ᠳᠣᠪᠲᠤᠯᠤᠨ ᠣᠷᠣᠵᠠᠢ᠃ ᠡᠰᠡᠨ ᠲᠠᠶᠢᠱᠢ ᠶᠢᠨ ᠤᠳᠤᠷᠢᠳᠤᠭᠰᠠᠨ ᠴᠡᠷᠢᠭ ᠳ᠋ᠠᠲ᠋ᠦ᠋ᠩ ᠤᠷᠤᠭᠤ᠂ ᠲᠠᠶᠢᠰᠤᠩ ᠬᠠᠭᠠᠨ ᠤ ᠴᠡᠷᠢᠭ ᠯᠢᠶᠣᠣᠳᠦ᠋ᠩ ᠤᠷᠤᠭᠤ᠂ ᠪᠠᠷᠠᠭᠤᠨ ᠭᠠᠷ ᠤᠨ ᠪᠠᠭᠠᠲᠤᠷ ᠤᠳ ᠤᠨ ᠴᠢᠩᠰᠠᠩ ᠲᠦᠰᠢᠮᠡᠯ ᠠᠯᠠᠭ ᠤᠨ ᠴᠡᠷᠢᠭ ᠰᠢᠣᠸᠠᠨᠹᠦ᠋ ᠤᠷᠤᠭᠤ᠂ ᠠᠯᠴᠤ ᠵᠠᠩᠵᠤᠨ ᠤ ᠴᠡᠷᠢᠭ ᠱᠠᠨᠰᠢ ᠤᠷᠤᠭᠤ ᠲᠤᠰ ᠲᠤᠰ ᠳᠣᠪᠲᠣᠯᠣᠭᠰᠠᠨ ᠪᠠᠶᠢᠨ᠎ᠠ᠃ ᠡᠳᠡᠭᠡᠷ ᠳᠦᠷᠪᠡᠨ ᠵᠠᠮ ᠤᠨ ᠴᠡᠷᠢᠭ ᠤᠨ ᠭᠤᠣᠯ ᠬᠦᠴᠦ ᠨᠢ ᠡᠰᠡᠨ ᠲᠠᠶᠢᠱᠢ᠂ ᠠᠯᠠᠭ ᠲᠦᠰᠢᠮᠡᠯ ᠨᠠᠷ ᠤᠨ ᠴᠡᠷᠢᠭ ᠪᠠᠶᠢᠵᠠᠢ᠃ ᠮᠣᠩᠭᠤᠯ ᠠᠴᠠ ᠨᠡᠶᠢᠲᠡ ᠬᠤᠶᠠᠷ ᠲᠦᠮᠡᠨ ᠴᠡᠷᠢᠭ ᠡᠨᠡ ᠳᠠᠶᠢᠨ ᠳᠤ ᠣᠷᠣᠯᠴᠠᠭᠰᠠᠨ 7 ᠳ᠋ᠤᠭᠠᠷ ᠰᠠᠷ᠎ᠠ ᠶᠢᠨ 30 ᠳᠤ ᠡᠰᠡᠨ ᠲᠠᠶᠢᠱᠢ ᠳ᠋ᠠᠲ᠋ᠦ᠋ᠩ ᠬᠤᠲᠠ ᠶᠢᠨ ᠠᠷᠤ ᠮᠢᠩ ᠤᠯᠤᠰ ᠤᠨ ᠳᠡᠳ᠋ ᠵᠠᠩᠵᠤᠨ ᠤ ᠴᠡᠷᠢᠭ ᠲᠠᠢ ᠲᠤᠯᠤᠯᠳᠤᠬᠤ ᠳᠤ᠂ ᠳᠡᠳ᠋ ᠵᠠᠩᠵᠤᠨ ᠨᠢ ᠠᠯᠠᠭᠳᠠᠭᠠᠳ᠂ ᠴᠡᠷᠢᠭ ᠨᠢ ᠪᠤᠲᠠᠷᠠᠵᠤ ᠰᠠᠷᠨᠢᠭᠰᠠᠨ ᠠᠵᠢ᠃ ᠲᠡᠭᠡᠬᠦ ᠳᠤ ᠮᠣᠩᠭᠤᠯ ᠴᠡᠷᠢᠭ ᠳ᠋ᠠᠲ᠋ᠦ᠋ᠩ ᠤᠨ ᠠᠷᠤ ᠶᠢᠨ ᠣᠯᠠᠨ ᠪᠠᠬᠢᠯᠡᠯᠲᠡ ᠶᠢ ᠡᠵᠡᠯᠡᠪᠡ᠃ ᠮᠢᠩ ᠤᠯᠤᠰ ᠳᠥᠷᠪᠡᠨ ᠶᠡᠭᠡ ᠵᠠᠩᠵᠤᠨ ᠢᠶᠠᠷ ᠲᠤᠰ ᠪᠦᠷᠢ ᠲᠦᠮᠡᠨ ᠴᠡᠷᠢᠭ ᠤᠳᠤᠷᠢᠳᠤᠭᠤᠯᠤᠨ ᠪᠠᠶᠢᠯᠳᠤᠭᠰᠠᠨ ᠪᠣᠯᠪᠠᠴᠤ ᠴᠦᠮ ᠢᠯᠠᠭᠳᠠᠨ᠂ ᠪᠠᠷᠤᠭ ᠪᠦᠬᠦ ᠴᠡᠷᠢᠭ ᠢ ᠠᠯᠠᠭᠳᠠᠵᠠᠢ᠃ 8 ᠳ᠋ᠤᠭᠠᠷ ᠰᠠᠷ᠎ᠠ ᠶᠢᠨ 3 ᠳᠤ ᠳ᠋ᠠᠲ᠋ᠦ᠋ᠩ ᠬᠤᠲᠠ ᠶᠢᠨ ᠬᠠᠮᠤᠭ ᠡᠷᠬᠡ ᠮᠡᠳᠡᠯᠲᠡᠨ ᠴᠡᠷᠢᠭ ᠲᠣᠯᠣᠭᠠᠶᠢᠯᠠᠨ ᠡᠰᠡᠨ ᠲᠠᠢ ᠪᠠᠶᠢᠯᠳᠤᠭᠰᠠᠨ ᠪᠣᠯᠪᠠᠴᠤ ᠪᠠᠰᠠ ᠯᠡ ᠴᠦᠮ ᠢᠯᠠᠭᠳᠠᠪᠠ᠃ ᠮᠣᠩᠭᠤᠯ ᠤᠨ ᠴᠡᠷᠢᠭ ᠤᠨ ᠪᠤᠰᠤᠳ ᠭᠤᠷᠪᠠᠨ ᠵᠠᠮ ᠪᠠᠰᠠ ᠯᠠ ᠠᠮᠵᠢᠯᠲᠠ  ᠲᠠᠢ ᠲᠤᠯᠤᠯᠳᠤᠵᠤ᠂ ᠢᠯᠠᠯᠲᠠ ᠪᠠᠶᠢᠭᠤᠯᠤᠨ ᠦᠯᠡᠮᠵᠢᠬᠡᠨ ᠮᠠᠯ ᠬᠦᠷᠦᠩᠭᠡ ᠣᠯᠵᠠᠯᠠᠨ ᠠᠪᠴᠠᠢ᠃      ᠮᠣᠩᠭᠤᠯ ᠤᠨ ᠴᠡᠷᠢᠭ ᠳᠥᠷᠪᠡᠨ ᠵᠠᠮ ᠢᠶᠠᠷ ᠳᠣᠪᠲᠣᠯᠵᠤ ᠰᠠᠭᠠᠳ ᠦᠭᠡᠢ ᠳᠠᠪᠰᠢᠵᠤ ᠪᠠᠶᠢᠭ᠎ᠠ ᠮᠡᠳᠡᠭᠡ ᠪᠡᠭᠡᠵᠢᠩ ᠳᠤ ᠬᠦᠷᠬᠦ ᠳᠤ᠂ ᠡᠵᠡᠨ ᠬᠠᠭᠠᠨ 50 ᠲᠦᠮᠡᠨ ᠴᠡᠷᠢᠭ ᠳᠠᠶᠢᠴᠢᠯᠠᠵᠤ᠂ ᠴᠠᠪᠴᠢᠶᠠᠯ ᠪᠤᠭᠤᠮᠲᠠ ᠪᠠᠷ ᠭᠠᠷᠴᠤ᠂ ᠰᠢᠤᠸᠠᠨᠹᠦ᠋ ᠳᠤ ᠬᠦᠷᠴᠡᠢ᠃ ᠰᠡᠩᠳᠡ ᠮᠡᠩᠳᠡ ᠬᠦᠳᠡᠯᠦᠭᠰᠡᠨ ᠮᠢᠩ ᠤᠯᠤᠰ ᠤᠨ ᠶᠡᠭᠡ ᠴᠡᠷᠢᠭ ᠵᠠᠮ ᠳᠠᠭᠠᠨ ᠰᠠᠯᠬᠢ ᠪᠣᠷᠣᠭᠠᠨ ᠳᠤ ᠴᠣᠬᠢᠭᠳᠠᠨ ᠲᠠᠪᠠ ᠦᠭᠡᠶᠢᠳᠡᠬᠦ ᠳᠤ ᠮᠣᠳᠣ ᠡᠪᠡᠰᠦ ᠪᠦᠬᠦᠨ ᠮᠣᠩᠭᠤᠯ ᠴᠡᠷᠢᠭ ᠪᠣᠯᠣᠨ ᠬᠠᠷᠠᠭᠳᠠᠵᠤ᠂ ᠮᠢᠩ ᠤᠨ ᠤᠷᠢᠳᠤ ᠨᠢ ᠠᠯᠠᠭᠳᠠᠭᠰᠠᠨ ᠴᠡᠷᠢᠭ ᠤᠳ ᠤᠨ ᠦᠬᠦᠳᠡᠯ ᠠᠳᠡ ᠲᠡᠨᠳᠡ ᠦᠭᠡᠢ ᠲᠠᠭᠠᠷᠠᠯᠳᠤᠬᠤ ᠪᠣᠯᠣᠭᠰᠠᠨ ᠲᠡᠳᠦᠢ ᠦᠬᠡᠢ ᠴᠡᠷᠢᠭ ᠤᠨ ᠬᠦᠨᠡᠰᠦ ᠬᠤᠭᠤᠯᠠ ᠳᠤᠲᠠᠵᠤ ᠡᠬᠢᠯᠡᠪᠡ᠃ ᠳ᠋ᠠᠲ᠋ᠦ᠋ᠩ ᠬᠦᠷᠬᠦ ᠳᠤ ᠮᠣᠩᠭᠤᠯ ᠴᠡᠷᠢᠭ ᠳᠡᠶᠢᠯᠲᠡᠭᠰᠡᠨ ᠠᠶ᠎ᠠ ᠲᠠᠢ ᠤᠬᠤᠷᠢᠬᠤ ᠳᠤ ᠤᠲᠤᠭᠠᠨ ᠳᠤ ᠣᠷᠣᠵᠤ ᠪᠣᠯᠵᠣᠰᠢ ᠦᠬᠡᠢ ᠬᠡᠮᠡᠨ ᠰᠢᠤᠸᠠᠨᠹᠦ᠋ ᠳᠤ ᠪᠤᠴᠠᠵᠤ ᠢᠷᠡᠬᠦ ᠳᠤ ᠮᠣᠩᠭᠤᠯ ᠴᠡᠷᠢᠭ ᠠᠷᠤ ᠠᠴᠠ ᠨᠢ ᠨᠡᠬᠡᠵᠦ ᠪᠠᠶᠢᠯᠳᠤᠪᠠ᠃ ᠮᠢᠩ ᠤᠨ ᠢᠩᠽᠦ᠋ᠩ ᠬᠠᠭᠠᠨ ᠦᠯᠡᠮᠵᠢ ᠨᠡᠷ᠎ᠡ ᠬᠦᠨᠳᠦ ᠲᠠᠢ ᠬᠦᠮᠦᠰ ᠲᠤ ᠳᠥᠷᠪᠡᠨ ᠲᠦᠮᠡᠨ ᠴᠡᠷᠢᠭ ᠦᠭᠴᠦ ᠤᠭᠲᠤᠨ ᠪᠠᠶᠢᠯᠳᠤᠭᠤᠯᠤᠭᠰᠠᠨ ᠪᠣᠯᠪᠠᠴᠤ ᠴᠦᠮ ᠪᠦᠰᠡᠯᠡᠭᠳᠡᠨ ᠬᠢᠶᠠᠷ ᠴᠣᠬᠢᠭᠤᠯᠵᠠᠢ᠃ 8 ᠳ᠋ᠤᠭᠠᠷ ᠰᠠᠷ᠎ᠠ ᠶᠢᠨ 31 ᠳᠤ ᠮᠢᠩ ᠤᠨ ᠶᠡᠭᠡ ᠴᠡᠷᠢᠭ ᠤᠬᠤᠷᠢᠭᠰᠠᠭᠠᠷ ᠲᠦᠮᠦ ᠭᠡᠳᠡᠭ ᠭᠠᠵᠠᠷ ᠢᠷᠡᠭᠡᠳ ᠬᠤᠷᠢᠭᠯᠠᠨ ᠪᠠᠶᠢᠯᠳᠤᠬᠤ ᠶᠢ ᠬᠢᠴᠢᠶᠡᠭᠰᠡᠨ ᠠᠪᠠᠴᠤ ᠪᠦᠷᠢᠮᠦᠰᠦᠨ ᠨᠢᠷᠭᠡᠭᠦᠯᠵᠦ ᠡᠵᠡᠨ ᠬᠠᠭᠠᠨ ᠢᠩᠽᠦ᠋ᠩ ᠦᠪᠡᠷ ᠢᠶᠠᠨ ᠮᠣᠩᠭᠤᠯᠴᠤᠳ ᠲᠤ ᠣᠯᠵᠠᠯᠠᠭᠳᠠᠭᠰᠠᠨ ᠪᠠᠶᠢᠨ᠎ᠠ᠃ ᠡᠨᠡ ᠦᠶ᠎ᠡ ᠳᠤ ᠮᠢᠩ ᠤᠯᠤᠰ ᠤᠨ ᠲᠦᠷᠦ ᠠᠶᠤᠨ ᠰᠠᠨᠳᠤᠷᠴᠤ᠂ ᠲᠦᠰᠢᠮᠡᠳ ᠨᠢ ᠪᠦᠭᠦᠳᠡᠭᠡᠷ ᠶᠡᠭᠡ ᠣᠬᠢᠯᠠᠯᠳᠤᠨ ᠶᠠᠭᠠᠬᠢᠬᠤ ᠪᠠᠨ ᠮᠡᠳᠡᠬᠦ ᠦᠬᠡᠢ ᠪᠣᠯᠣᠭᠰᠠᠨ ᠭᠡᠳᠡᠭ᠃ ᠬᠠᠭᠠᠨ ᠤ ᠬᠠᠲᠤᠨ᠂ ᠣᠶᠢᠷ᠎ᠠ ᠲᠦᠷᠦᠯ ᠤᠨ ᠬᠦᠮᠦᠰ ᠢᠩᠽᠦ᠋ᠩ ᠬᠠᠭᠠᠨ ᠢᠶᠠᠨ ᠠᠯᠲᠠ ᠮᠥᠩᠭᠦ᠂ ᠦᠨᠡᠲᠦ ᠡᠳ᠋ᠯᠡᠯ ᠢᠶᠠᠷ ᠰᠣᠯᠢᠵᠤ ᠠᠪᠬᠤ ᠪᠠᠷ ᠶᠠᠭᠠᠷᠠᠵᠤ᠂ ᠣᠷᠳᠣᠨ ᠠᠴᠠ ᠦᠯᠡᠮᠵᠢ ᠬᠡᠮᠵᠢᠶᠡᠨ ᠤ ᠡᠷᠳᠡᠨᠢᠰ ᠴᠤᠭᠯᠠᠭᠤᠯᠤᠨ ᠮᠣᠩᠭᠤᠯ ᠤᠷᠤᠭᠤ ᠶᠠᠪᠤᠭᠤᠯᠵᠠᠢ᠃ ᠡᠰᠡᠨ ᠲᠠᠶᠢᠱᠢ ᠴᠠᠭᠠᠰᠢ ᠳᠠᠭᠠᠨ ᠢᠩᠽᠦ᠋ᠩ ᠬᠠᠭᠠᠨ ᠢᠶᠠᠷ ᠶᠡᠭᠡ ᠠᠰᠢᠭ  ᠣᠯᠣᠨ᠎ᠠ ᠭᠡᠮᠡᠨ ᠰᠡᠳᠬᠢᠵᠦ ᠪᠠᠶᠢᠭᠰᠠᠨ ᠴᠦ ᠲᠡᠷᠡ ᠨᠢ ᠪᠦᠲᠦᠯ ᠮᠠᠭᠤᠲᠠᠢ ᠪᠣᠯᠵᠤ᠂ ᠮᠢᠩ ᠤᠨ ᠬᠢᠨ ᠰᠢᠨ᠎ᠡ ᠬᠠᠭᠠᠨ ᠢ ᠶᠠᠭᠠᠷᠠᠯᠲᠠᠢ ᠡᠷᠭᠦᠮᠵᠢᠯᠡᠭᠰᠡᠨ ᠪᠠᠶᠢᠨ᠎ᠠ᠃ ᠡᠶᠢᠮᠦ ᠠᠴᠠ ᠲᠡᠷᠡ ᠪᠠᠷ 1450 ᠣᠨ ᠳᠤ ᠮᠢᠩ ᠤᠯᠤᠰ ᠤᠨ ᠬᠢᠯᠢ ᠳᠤ ᠳᠥᠷᠪᠡᠨ ᠤᠳᠠᠭ᠎ᠠ ᠴᠡᠷᠢᠭᠯᠡᠨ ᠬᠠᠯᠳᠠᠵᠤ᠂ ᠰᠢᠬᠠᠮᠳᠠᠭᠤᠯᠤᠭᠰᠠᠨ ᠲᠤᠯᠠ  ᠠᠷᠭ᠎ᠠ ᠦᠬᠡᠢ ᠶᠢᠨ ᠡᠷᠬᠡᠨ ᠳᠤ ᠨᠠᠶᠢᠷᠠᠮᠳᠠᠯ ᠪᠠᠶᠢᠭᠤᠯᠵᠤ ᠬᠠᠭᠠᠨ ᠠᠭᠰᠠᠨ ᠢᠶᠠᠨ ᠡᠷᠭᠢᠭᠦᠯᠦᠨ ᠬᠦᠯᠢᠶᠡᠨ ᠠᠪᠴᠠᠢ᠃      ᠢᠩᠽᠦ᠋ᠩ ᠬᠠᠭᠠᠨ ᠢ ᠪᠤᠴᠠᠭᠠᠨ ᠦᠭᠭᠦᠭᠰᠡᠨ ᠨᠢ ᠲᠡᠷᠡ ᠦᠶ᠎ᠡ ᠶᠢᠨ ᠮᠣᠩᠭᠤᠯ ᠬᠢᠲᠠᠳ ᠤᠨ ᠬᠠᠷᠢᠯᠴᠠᠭᠠᠨ ᠤ ᠬᠤᠷᠴᠠᠳᠤᠮᠠᠯ ᠪᠠᠶᠢᠳᠠᠯ ᠢ ᠨᠠᠮᠳᠠᠭᠠᠵᠤ᠂ 1449 - 1450 ᠣᠨ ᠤ ᠬᠤᠶᠠᠷ ᠵᠢᠯ ᠤᠨ ᠳᠠᠶᠢᠨ ᠢ ᠵᠣᠭᠰᠤᠭᠠᠵᠣ᠂ ᠨᠠᠶᠢᠷᠰᠠᠭ ᠬᠥᠷᠰᠢ ᠶᠢᠨ ᠬᠠᠷᠢᠯᠴᠠᠭ᠎ᠠ ᠲᠣᠭᠲᠠᠭᠠᠬᠤ ᠴᠢᠬᠤᠯᠠ ᠠᠯᠬᠤᠮ ᠪᠣᠯᠵᠠᠢ᠃ ᠡᠨᠡ ᠦᠶ᠎ᠡ ᠳᠤ ᠮᠣᠩᠭᠤᠯ ᠤᠯᠤᠰ ᠤᠨ ᠲᠦᠷᠦ ᠵᠡᠭᠦᠨ ᠲᠡᠶᠢᠰᠢ ᠪᠠᠨ ᠵᠦᠷᠴᠢᠳ᠂ ᠪᠠᠷᠠᠭᠤᠨ ᠳᠡᠶᠢᠰᠢ ᠪᠠᠨ ᠬᠠᠮᠢᠯ᠂ ᠲᠡᠭᠦᠨ ᠠᠴᠠ ᠪᠠᠷᠠᠭᠤᠨ ᠲᠠᠯ᠎ᠠ ᠳᠤ ᠪᠣᠢ ᠶᠦᠯᠳᠦᠰ ᠭᠤᠣᠯ ᠤᠨ ᠰᠠᠪᠠ ᠬᠦᠷᠲᠡᠯ᠎ᠡ᠂ ᠤᠮᠠᠷ᠎ᠠ ᠵᠦᠭ ᠶᠧᠨᠢᠰᠸᠢ ᠮᠦᠷᠡᠨ ᠤ ᠳᠡᠭᠡᠳᠦ ᠰᠠᠪᠠ ᠭᠠᠵᠠᠷ᠂ ᠡᠮᠦᠨ᠎ᠡ ᠵᠦᠭ ᠴᠠᠭᠠᠨ ᠬᠡᠷᠡᠮ ᠬᠦᠷᠲᠡᠯᠡᠬᠢ ᠭᠠᠵᠠᠷ ᠤᠳ ᠢ ᠵᠠᠬᠢᠷᠴᠤ ᠪᠠᠶᠢᠭᠰᠠᠨ ᠨᠢ ᠮᠣᠩᠭᠤᠯ ᠤᠨ ᠤᠯᠤᠰ ᠲᠦᠷᠦ ᠶᠢᠨ ᠬᠦᠴᠦᠨ ᠨᠦᠭᠦᠳ ᠤᠨ ᠤᠯᠤᠰ ᠣᠷᠣᠨ ᠢᠶᠠᠨ ᠨᠢᠭᠡᠳᠬᠡᠬᠦ ᠨᠢᠭᠡᠳᠦᠮᠡᠯ ᠵᠣᠷᠢᠯᠲᠠ ᠪᠠᠨ ᠪᠡᠶᠡᠯᠡᠭᠦᠯᠬᠦ ᠶᠢᠨ ᠲᠤᠯᠠᠳᠠ ᠨᠡᠶᠢᠲᠡ ᠪᠠᠷ ᠢᠶᠠᠨ ᠴᠢᠷᠮᠠᠶᠢᠨ ᠲᠡᠮᠡᠴᠡᠭᠰᠡᠨ ᠤ ᠦᠷ᠎ᠡ ᠳ᠋ᠦᠩ ᠪᠠᠶᠢᠪᠠ᠃ ᠡᠨᠡ ᠲᠡᠮᠡᠴᠡᠯ ᠳᠤ ᠡᠰᠡᠨ ᠲᠠᠶᠢᠱᠢ ᠭᠤᠣᠯ ᠬᠢᠴᠢᠶᠡᠯ ᠵᠢᠳᠬᠦᠯ ᠢ ᠭᠠᠷᠭᠠᠭᠰᠠᠨ ᠪᠠᠶᠢᠨ᠎ᠠ᠃ ᠭᠡᠪᠡᠴᠦ ᠮᠢᠩ ᠤᠯᠤᠰ ᠤᠨ ᠬᠦᠰᠡᠨ ᠬᠦᠯᠢᠶᠡᠵᠦ ᠪᠠᠶᠢᠭᠰᠠᠨ ᠮᠣᠩᠭᠤᠯ ᠤᠨ ᠳᠣᠲᠣᠭᠠᠳᠤ ᠵᠦᠷᠢᠴᠡᠯ 1452 ᠣᠨ ᠠᠴᠠ ᠨᠡᠩ ᠬᠤᠷᠴᠠᠳᠤᠭᠰᠠᠨ ᠨᠢ ᠬᠠᠭᠠᠨ ᠤ ᠵᠠᠯᠭᠠᠮᠵᠢᠯᠠᠭᠴᠢ ᠬᠠᠨ ᠬᠦᠦ ᠶᠢ ᠲᠣᠭᠲᠠᠭᠠᠬᠤ ᠶᠠᠪᠤᠳᠠᠯ ᠠᠴᠠ ᠡᠭᠦᠰᠦᠯ ᠲᠠᠢ ᠪᠠᠶᠢᠪᠠ᠃ ᠡᠰᠡᠨ ᠲᠠᠶᠢᠱᠢ ᠡᠨᠡ ᠦᠶ᠎ᠡ ᠳᠤ ᠬᠠᠭᠠᠨ ᠰᠢᠷᠡᠭᠡᠨ ᠳᠤ ᠳᠠᠯᠳᠠᠭᠤᠷ ᠰᠠᠨᠠᠭ᠎ᠠ ᠲᠠᠢ ᠪᠠᠶᠢᠭᠰᠠᠨ ᠲᠠᠶᠢᠰᠤᠩ ᠬᠠᠭᠠᠨ ᠤ ᠳᠡᠭᠦᠦ ᠠᠭᠪᠠᠷᠵᠢᠨ ᠵᠣᠨᠣᠩ ᠢ ᠲᠠᠯ᠎ᠠ ᠳᠠᠭᠠᠨ ᠲᠠᠲᠠᠨ᠂ ᠬᠠᠭᠠᠨ ᠢ ᠬᠠᠪᠰᠠᠶᠢᠳᠠᠨ ᠤᠰᠠᠳᠬᠠᠵᠤ᠂ ᠬᠠᠭᠠᠨ ᠰᠢᠷᠡᠭᠡ ᠶᠢ ᠪᠤᠯᠢᠶᠠᠨ ᠠᠪᠤᠭᠰᠠᠨ ᠪᠠᠶᠢᠨ᠎ᠠ᠃ ᠡᠰᠡᠨ ᠲᠠᠶᠢᠱᠢ ᠲᠤᠬᠠᠢ ᠶᠢᠨ ᠴᠠᠭ ᠤᠨ ᠮᠣᠩᠭᠤᠯ ᠤᠨ ᠲᠦᠷᠦ ᠶᠢᠨ ᠠᠯᠲᠠᠨ ᠣᠷᠤᠭ ᠤᠨ ᠦᠶ᠎ᠡ ᠵᠠᠯᠭᠠᠮᠵᠢᠯᠠᠳᠠᠭ ᠶᠣᠰᠣᠨ ᠤ ᠡᠰᠡᠷᠭᠦ ᠡᠷᠭᠢᠯᠲᠡ ᠬᠢᠭᠰᠡᠨ ᠨᠢ ᠡᠰᠡᠷᠭᠦᠴᠡᠯ ᠲᠠᠢ ᠲᠤᠯᠭᠠᠷᠠᠭᠰᠠᠨ ᠨᠢ ᠮᠡᠳᠡᠭᠡᠵᠢ ᠶᠤᠮ᠃ ᠲᠡᠷᠡ ᠪᠠᠷ 1453 ᠣᠨ ᠤ ᠡᠪᠦᠯ ᠮᠣᠩᠭᠤᠯ ᠤᠨ ᠶᠡᠭᠡ ᠬᠠᠭᠠᠨ ᠤ ᠰᠢᠷᠡᠭᠡᠨ ᠳᠤ ᠰᠠᠭᠤᠵᠤ᠂ ᠶᠡᠭᠡ ᠶᠤᠸᠠᠨ ᠤᠯᠤᠰ ᠤᠨ ᠲᠡᠭᠷᠢᠯᠢᠭ ᠪᠣᠭᠳᠠ ᠬᠠᠭᠠᠨ ᠭᠡᠵᠦ ᠡᠷᠭᠦᠮᠵᠢᠯᠡᠭᠳᠡᠨ ᠲᠤᠩᠬᠠᠭᠯᠠᠪᠠ᠃ ᠲᠡᠷᠡ ᠪᠠᠷ ᠬᠠᠭᠠᠨ ᠪᠣᠯᠣᠭᠠᠳ ᠲᠦᠷᠦ ᠶᠢᠨ ᠠᠯᠪᠠᠨ ᠲᠤᠰᠢᠶᠠᠯ ᠢ ᠵᠣᠬᠢᠰᠲᠠᠢ ᠬᠤᠪᠢᠶᠠᠷᠢᠯᠠᠭ᠎ᠠ ᠦᠬᠡᠢ ᠶᠢᠨ ᠤᠯᠠᠮ ᠠᠴᠠ ᠲᠡᠭᠦᠨ ᠤ ᠰᠢᠳᠠᠷ ᠳᠠᠶᠢᠴᠢᠨ ᠲᠦᠰᠢᠮᠡᠳ ᠨᠢ ᠭᠤᠮᠣᠳᠠᠨ ᠬᠤᠷᠤᠰᠬᠤ ᠪᠣᠯᠵᠠᠢ᠃ ᠲᠤᠬᠠᠶᠢᠯᠠᠪᠠᠯ ᠬᠠᠭᠠᠨ ᠤ ᠶᠡᠭᠡ ᠲᠦᠰᠢᠮᠡᠯ᠂ ᠪᠠᠷᠠᠭᠤᠨ ᠭᠠᠷ ᠤᠨ ᠴᠢᠩᠰᠠᠩ ᠪᠠᠭᠠᠲᠤᠳ ᠤᠨ ᠠᠯᠠᠭᠲᠡᠮᠦᠷ ᠪᠣᠯᠣᠨ ᠵᠡᠭᠦᠨ ᠭᠠᠷ ᠤᠨ ᠴᠢᠩᠰᠠᠩ ᠠᠰᠤᠳ ᠤᠨ ᠬᠠᠳᠠᠨᠲᠡᠮᠦᠷ ᠬᠤᠶᠠᠷ ᠨᠢᠭᠡ ᠡᠳᠦᠷ ᠡᠰᠡᠨ ᠳᠤ ᠪᠠᠷᠠᠬᠠᠯᠬᠠᠵᠤ᠄ ︽ᠡᠰᠡᠨ ᠴᠢ ᠪᠦᠬᠦ ᠮᠣᠩᠭᠤᠯ ᠤᠨ ᠶᠡᠭᠡ ᠬᠠᠭᠠᠨ ᠰᠠᠭᠤᠪᠠ᠃ ᠤᠭ ᠤᠨ ᠲᠠᠶᠢᠱᠢ ᠴᠣᠯᠠ ᠪᠠᠨ ᠮᠠᠨ ᠳᠤ ᠦᠭᠭᠦᠭᠡᠴᠢ︾ ᠭᠡᠬᠦ ᠳᠤ ︽ᠪᠢ ᠴᠣᠯᠠ ᠪᠠᠨ ᠬᠦᠦ ᠳᠡᠭᠡᠨ ᠥᠭᠴᠡᠢ︾ ᠭᠡᠵᠢ ᠬᠠᠷᠢᠭᠤᠯᠬᠤ ᠳᠤ᠂ ᠲᠡᠳᠡ᠄ ︽ᠠᠯᠠᠭᠲᠡᠮᠦᠷ ᠤᠨ ᠪᠠᠭᠠᠲᠤᠷ ᠢᠶᠠᠷ᠂ ᠬᠠᠳᠠᠨᠲᠡᠮᠦᠷ ᠤᠨ ᠬᠠᠲᠠᠭᠤ ᠵᠣᠷᠢᠭ ᠢᠶᠠᠷ᠂ ᠠᠪᠳᠤᠷᠠ ᠰᠡᠴᠡᠨ ᠤ ᠠᠷᠭ᠎ᠠ ᠪᠠᠷ ᠣᠶᠢᠷᠠᠳ ᠤᠨ ᠲᠦᠷᠦ ᠶᠢ ᠠᠪᠴᠤ ᠬᠠᠭᠠᠨ ᠰᠠᠭᠤᠪᠠ ᠴᠢ᠂ ᠭᠠᠭᠴᠠ ᠴᠢᠨᠤ ᠬᠦᠴᠦ ᠪᠢᠯᠡ ᠦᠷ︾ ᠭᠡᠵᠦ ᠡᠷᠡᠰ ᠬᠡᠯᠡᠭᠡᠳ ᠭᠠᠷᠴᠤ ᠣᠳᠣᠭᠰᠠᠨ ᠪᠠᠶᠢᠨ᠎ᠠ᠃ ᠤᠯᠠᠮ ᠢᠶᠠᠷ ᠲᠡᠳᠡ ᠡᠰᠡᠨ ᠤ ᠡᠰᠡᠷᠭᠦ ᠪᠣᠰᠤᠯᠭ᠎ᠠ ᠭᠠᠷᠭᠠᠬᠤ ᠳᠤ᠂ ᠡᠰᠡᠨ ᠭᠡᠨᠡᠳᠡᠨ ᠳᠡᠶᠢᠯᠳᠡᠵᠦ ᠵᠢᠭᠤᠳᠠᠨ ᠶᠠᠪᠤᠭᠰᠠᠭᠠᠷ ᠠᠯᠠᠭᠳᠠᠭᠰᠠᠨ ᠪᠠᠶᠢᠨ᠎ᠠ᠃       ᠡᠶᠢᠨᠬᠦ ᠣᠶᠢᠷᠠᠳ ᠤᠨ ᠲᠣᠭᠤᠭᠠᠨ᠂ ᠡᠰᠡᠨ ᠲᠠᠶᠢᠱᠢ᠂ ᠲᠠᠶᠢᠰᠤᠩ ᠬᠠᠭᠠᠨ ᠨᠠᠷ ᠤᠨ ᠬᠠᠮᠲᠤ ᠶᠢᠨ ᠴᠢᠷᠮᠠᠶᠢᠯᠲᠠ ᠪᠠᠷ ᠪᠣᠢ ᠪᠣᠯᠣᠭᠰᠠᠨ ᠮᠣᠩᠭᠤᠯ ᠤᠨ ᠤᠯᠤᠰ ᠲᠦᠷᠦ ᠶᠢᠨ ᠨᠢᠭᠡᠳᠦᠯ ᠨᠢ ᠲᠤᠩ ᠣᠬᠤᠷ ᠬᠤᠭᠤᠴᠠᠭ᠎ᠠ ᠲᠠᠢ ᠬᠡᠪᠡᠷᠡᠭ ᠪᠠᠶᠢᠭᠰᠠᠨ ᠨᠢ ᠡᠰᠡᠨ ᠲᠠᠶᠢᠱᠢ ᠲᠦᠷᠦ ᠶᠢᠨ ᠡᠷᠭᠢᠯᠲᠡ ᠬᠢᠵᠦ ᠪᠦᠬᠦ ᠡᠷᠬᠡ ᠮᠡᠳᠡᠯ ᠢ ᠭᠠᠷ ᠲᠠᠭᠠᠨ ᠲᠦᠪᠯᠡᠷᠡᠭᠦᠯᠦᠨ ᠬᠠᠭᠠᠨ ᠰᠢᠷᠡᠭᠡ ᠶᠢ ᠪᠤᠯᠢᠶᠠᠨ ᠠᠪᠤᠭᠰᠠᠨ ᠦᠶ᠎ᠡ ᠠᠴᠠ ᠢᠯᠡᠷᠡᠵᠦ᠂ ᠮᠣᠩᠭᠤᠯ ᠣᠷᠣᠨ ᠢ ᠲᠤᠶᠢᠯᠳᠠᠭᠤᠯᠬᠤ ᠪᠣᠯᠪᠠ᠃      ᠭᠡᠪᠡᠴᠦ ᠡᠰᠡᠨ ᠮᠣᠩᠭᠤᠯ ᠤᠨ ᠲᠠᠷᠠᠬᠠᠢ ᠪᠤᠲᠠᠷᠬᠠᠢ ᠪᠠᠶᠢᠳᠠᠯ ᠢ ᠨᠢᠭᠡᠨ ᠴᠠᠭ ᠲᠤ ᠠᠷᠢᠯᠭᠠᠵᠤ᠂ ᠤᠯᠤᠰ ᠲᠦᠷᠦ ᠶᠢᠨ ᠲᠦᠷ ᠨᠢᠭᠡᠳᠦᠯ ᠢ ᠪᠣᠢ ᠪᠣᠯᠭᠠᠬᠤ ᠳᠤ ᠣᠷᠤᠭᠤᠯᠤᠭᠰᠠᠨ ᠬᠦᠴᠦᠨ ᠵᠢᠳᠬᠦᠯ᠂ ᠬᠤᠪᠢ ᠨᠡᠮᠡᠷᠢ ᠶᠢ ᠲᠡᠦᠬᠡ ᠰᠣᠳᠤᠷ ᠲᠤ ᠨᠠᠭᠠᠰᠢ ᠲᠠᠢ ᠦᠨᠡᠯᠡᠵᠦ᠂ ︽ᠳᠦᠴᠢᠨ ᠳᠥᠷᠪᠡᠨ ᠬᠤᠶᠠᠷ ᠢ ᠨᠢᠭᠡᠳᠬᠡᠭᠰᠡᠨ︾ ᠭᠡᠵᠦ ᠲᠡᠮᠳᠡᠭᠯᠡᠨ ᠦᠯᠡᠳᠡᠭᠡᠵᠡᠢ᠃
ᠢᠷᠡᠯᠲᠡ᠄ ︽ᠮᠣᠩᠭᠤᠯᠴᠤᠳ ᠤᠨ ᠲᠡᠦᠬᠡᠨ ᠳᠤ ᠠᠯᠳᠠᠷᠰᠢᠭᠰᠠᠨ 33 ᠴᠤᠤᠲᠤ︾ ᠨᠤᠮ ᠠᠴᠠ