ᠬᠠᠭᠠᠳ ᠠᠴᠠ ᠢᠯᠡᠭᠦᠦ ᠬᠦᠴᠦᠲᠡᠢ ᠬᠠᠰᠢᠷ ᠵᠠᠩᠵᠤᠨ ᠨᠤᠭᠠᠢ
ᠨᠡᠶᠢᠲᠡᠯᠡᠭᠰᠡᠨ ᠴᠠᠭ᠄
2023/2/20
      ᠦᠭᠡᠳᠡᠢ ᠬᠠᠭᠠᠨ ᠢ ᠨᠠᠰᠤ ᠪᠠᠷᠠᠭᠰᠠᠨ ᠤ ᠳᠠᠷᠠᠭ᠎ᠠ ᠲᠣᠷᠣᠨᠠᠲᠤ ᠡᠸᠦᠷᠦᠫᠡ ᠳᠤ ᠢᠯᠠᠭᠤᠭᠰᠠᠨ ᠠᠶᠠᠨ ᠳᠠᠶᠢᠨ ᠬᠢᠵᠦ ᠪᠠᠶᠢᠭᠰᠠᠨ ᠮᠣᠩᠭᠤᠯ ᠤᠨ ᠠᠷᠮᠢ ᠶᠢᠨ ᠵᠠᠩᠵᠤᠳ ᠢ ᠪᠠᠲᠤ ᠬᠠᠭᠠᠨ ᠴᠤᠭᠯᠠᠭᠤᠯᠵᠤ ᠬᠤᠷᠠᠯᠲᠠᠢ ᠬᠢᠭᠰᠡᠨ ᠪᠦᠭᠡᠳ ᠤᠭ ᠵᠦᠪᠯᠡᠯᠭᠡᠨ ᠢᠶᠠᠷ ᠦᠷᠦᠨ᠎ᠡ ᠵᠦᠭ ᠤᠨ ᠪᠠᠶᠢᠯᠳᠤᠭᠠᠨ ᠤ ᠠᠵᠢᠯᠯᠠᠭ᠎ᠠ ᠶᠢ ᠵᠣᠭᠰᠤᠭᠠᠵᠣ᠂ ᠮᠣᠩᠭᠤᠯ ᠭᠦᠷᠦᠨ ᠤ ᠪᠠᠷᠠᠭᠤᠨ ᠡᠮᠦᠨᠡᠲᠦ ᠬᠢᠯᠢ ᠶᠢ ᠤᠯᠳᠠᠸ᠋ ᠪᠤᠯᠭᠠᠷ ᠢᠶᠠᠷ ᠲᠣᠭᠲᠠᠭᠠᠬᠤ᠂ ᠴᠡᠷᠢᠭ ᠤᠨ ᠣᠯᠵᠠᠯᠠᠭᠳᠠᠭᠰᠠᠳ ᠤᠨ ᠪᠦᠭᠦᠳᠡ ᠶᠢ ᠨᠢ ᠰᠤᠯᠠᠯᠠᠨ ᠳᠠᠯᠪᠢᠬᠤ ᠪᠠᠷ ᠰᠢᠢᠳᠪᠦᠷᠢᠯᠡᠵᠦ᠂ ᠡᠨᠡᠬᠦ ᠬᠢᠯᠢ ᠣᠷᠴᠢᠮ ᠤᠨ ᠨᠤᠲᠤᠭ ᠳᠡᠪᠢᠰᠬᠡᠷ ᠤᠨ ᠵᠠᠬᠢᠷᠤᠭᠴᠢ ᠪᠠᠷ ᠨᠢ ᠲᠦᠮᠡᠲᠦ ᠶᠢᠨ ᠨᠣᠶᠠᠨ ᠨᠤᠭᠠᠢ ᠶᠢ ᠲᠣᠮᠢᠯᠠᠭᠰᠠᠨ ᠪᠠᠶᠢᠨ᠎ᠠ᠃ ᠡᠨᠡ ᠦᠶ᠎ᠡ ᠠᠴᠠ ᠡᠬᠢᠯᠡᠨ ᠨᠤᠭᠠᠢ ᠵᠠᠩᠵᠤᠨ ᠠᠯᠲᠠᠨ ᠣᠷᠳᠣᠨ ᠤ ᠤᠯᠤᠰ ᠳᠣᠲᠣᠷᠠᠬᠢ ᠪᠠᠶᠢᠷᠢ ᠰᠠᠭᠤᠷᠢ ᠶᠢ ᠪᠠᠲᠤᠳᠠᠢ ᠡᠵᠡᠯᠡᠵᠦ ᠡᠬᠢᠯᠡᠵᠡᠢ᠃ ᠨᠤᠭᠠᠢ ᠶᠢᠨ ᠭᠠᠷᠤᠯ ᠡᠭᠦᠰᠦᠯ ᠨᠢᠭᠡ ᠶᠡᠭᠡ ᠲᠣᠳᠣᠷᠬᠠᠢ ᠦᠭᠡᠢ᠃ ᠰᠤᠷᠪᠤᠯᠵᠢ ᠪᠢᠴᠢᠭ ᠤᠳ ᠲᠤ ᠲᠡᠭᠦᠨ ᠢ ᠵᠦᠴᠢ ᠶᠢᠨ ᠭᠤᠴᠢ ᠲᠠᠲ᠋ᠠᠷ ᠤᠨ ᠬᠦᠦ ᠭᠡᠯᠴᠡᠳᠡᠭ ᠴᠦ ᠲᠡᠭᠦᠨ ᠤ ᠡᠪᠦᠭᠡ ᠡᠴᠢᠭᠡ ᠨᠢ ᠪᠦᠹᠦ᠋ᠯᠠ ᠭᠡᠭᠴᠢ ᠪᠠᠶᠢᠭᠰᠠᠨ ᠠᠭᠠᠳ ᠨᠤᠭᠠᠢ ᠲᠡᠭᠦᠨ ᠤ ᠲᠠᠲᠠᠪᠤᠷᠢ ᠡᠮ᠎ᠡ ᠠᠴᠠ ᠲᠦᠷᠦᠭᠰᠡᠨ ᠤᠴᠢᠷ ᠬᠠᠭᠠᠨ ᠰᠢᠷᠡᠭᠡᠨ ᠳᠤ ᠰᠠᠭᠤᠬᠤ ᠡᠷᠬᠡ ᠦᠬᠡᠢ ᠪᠠᠶᠢᠭᠰᠠᠨ ᠬᠡᠳᠡᠭ᠃ ᠨᠤᠭᠠᠢ ᠠᠯᠲᠠᠨ ᠣᠷᠳᠣᠨ ᠤ ᠬᠠᠭᠠᠨ ᠪᠡᠷᠬᠡ ᠶᠢᠨ ᠨᠦᠯᠦᠭᠡ ᠪᠠᠷ ᠯᠠᠯᠤ ᠶᠢᠨ ᠱᠠᠰᠢᠨ ᠳᠤ ᠣᠷᠣᠭᠰᠠᠨ ᠬᠦᠮᠦᠨ ᠪᠠᠶᠢᠵᠠᠢ᠃      ᠭᠠᠳᠠᠨ᠎ᠠ ᠠᠴᠠ ᠵᠠᠨᠤᠯᠬᠢᠯᠠᠬᠤ ᠳᠠᠶᠢᠰᠣᠨ ᠦᠬᠡᠢ᠂ ᠢᠯ ᠬᠠᠭᠠᠨ ᠤ ᠭᠦᠷᠦᠨ ᠲᠠᠢ ᠬᠢᠯᠢᠯᠡᠵᠦ ᠪᠣᠢ ᠨᠠᠷᠢᠬᠠᠨ ᠵᠣᠷᠪᠣᠰ ᠭᠠᠵᠠᠷ ᠢ ᠡᠰᠡ ᠲᠣᠭᠠᠴᠠᠪᠠᠯ ᠬᠠᠯᠳᠠᠨ ᠳᠣᠪᠲᠣᠯᠬᠤ ᠶᠢ ᠤᠷᠢᠨ ᠳᠠᠭᠤᠳᠠᠬᠤ ᠮᠡᠲᠦ ᠰᠤᠯᠠ ᠳᠣᠷᠣᠢ ᠬᠥᠷᠰᠢ ᠤᠳ ᠢᠶᠠᠷ ᠬᠦᠷᠢᠶᠡᠯᠡᠭᠳᠡᠭᠰᠡᠨ ᠠᠯᠲᠠᠨ ᠣᠷᠳᠣᠨ ᠤ ᠤᠯᠤᠰ ᠠᠽᠢᠶ᠎ᠠ ᠲᠢᠪ ᠤᠨ ᠦᠷᠦᠨ᠎ᠡ ᠲᠠᠯ᠎ᠠ ᠶᠢᠨ ᠬᠠᠮᠤᠭ ᠤᠨ ᠬᠦᠴᠦᠷᠬᠡᠭ ᠤᠯᠤᠰ ᠪᠣᠯᠵᠤ ᠴᠢᠳᠠᠵᠠᠢ᠃ ᠡᠨᠡ ᠦᠶ᠎ᠡ ᠳᠤ ᠠᠯᠲᠠᠨ ᠣᠷᠳᠣᠨ ᠤ ᠮᠣᠩᠭᠤᠯᠴᠤᠳ ᠠᠷᠠᠯ ᠲᠠᠩᠭᠢᠰ ᠠᠴᠠ ᠺᠠᠷᠫᠠᠲ ᠤᠨ ᠠᠭᠤᠯᠠᠰ ᠬᠦᠷᠲᠡᠯᠡᠬᠢ ᠦᠷᠭᠡᠨ ᠠᠭᠤᠳᠠᠮ ᠨᠤᠲᠤᠭ ᠲᠤ ᠰᠣᠶᠣᠯᠲᠤ ᠣᠷᠣᠨ ᠨᠤᠭᠤᠳ ᠠᠴᠠ ᠰᠠᠭᠠᠳ ᠲᠤᠳᠬᠠᠷ ᠦᠵᠡᠯ ᠦᠬᠡᠢ᠂ ᠠᠳᠤᠭᠤ ᠮᠠᠯ ᠲᠠᠪᠠᠲᠠᠢ ᠢᠳᠡᠭᠡᠰᠢᠯᠡᠵᠦ᠂ ᠠᠶᠢᠯ ᠠᠶᠢᠮᠠᠭ ᠨᠢ ᠲᠤᠭ᠎ᠠ ᠲᠣᠶᠢᠮᠣ ᠦᠬᠡᠢ ᠮᠠᠯ ᠰᠦᠷᠦᠭ ᠲᠠᠢ ᠪᠠᠨ ᠬᠦᠨᠳᠡᠯᠡᠨ ᠭᠤᠯᠳᠤ ᠨᠡᠭᠦᠳᠡᠯᠯᠡᠨ ᠠᠮᠢᠳᠤᠷᠠᠵᠤ ᠪᠠᠶᠢᠯ᠎ᠠ᠃ ᠨᠤᠭᠠᠢ ᠪᠡᠷᠬᠡ ᠬᠠᠭᠠᠨ ᠤ ᠦᠶ᠎ᠡ ᠳᠤ ᠲᠦᠮᠡᠲᠦ ᠶᠢᠨ ᠵᠠᠬᠢᠷᠤᠭᠴᠢ ᠪᠠᠶᠢᠭᠠᠳ 1256 ᠣᠨ ᠳᠤ ᠢᠯ ᠬᠠᠭᠠᠳ ᠤᠨ ᠤᠯᠤᠰ ᠲᠠᠢ ᠠᠩᠬᠠᠨ ᠤ ᠳᠠᠶᠢᠨ ᠬᠢᠭᠡᠳ ᠶᠡᠬᠡᠳᠡ ᠳᠣᠪᠣᠶᠢᠨ ᠰᠢᠯᠭᠠᠷᠠᠭᠰᠠᠨ ᠲᠡᠭᠦᠨ ᠠᠴᠠ ᠬᠤᠶᠢᠰᠢ ᠲᠡᠷᠡ ᠪᠠᠷᠤᠭ 40 ᠵᠢᠯ ᠤᠨ ᠲᠤᠷᠰᠢ ᠠᠯᠲᠠᠨ ᠣᠷᠳᠣᠨ ᠤ ᠤᠯᠤᠰ ᠤᠨ ᠳᠣᠲᠣᠷᠠᠬᠢ ᠬᠠᠮᠤᠭ ᠤᠨ ᠨᠦᠯᠦᠭᠡ ᠪᠦᠬᠦᠢ ᠬᠦᠴᠦᠷᠬᠡᠭ ᠬᠦᠮᠦᠨ ᠤ ᠨᠢᠭᠡ ᠪᠣᠯᠣᠭᠰᠠᠨ ᠪᠠᠶᠢᠨ᠎ᠠ᠃ ᠭᠡᠬᠦ ᠳᠡᠭᠡᠨ ᠲᠡᠷᠡ ᠪᠡᠷᠬᠡ ᠬᠠᠭᠠᠨ ᠤ ᠦᠶ᠎ᠡ ᠳᠤ ᠤᠯᠤᠰ ᠲᠦᠷᠦ ᠶᠢᠨ ᠬᠡᠷᠡᠭ ᠲᠤ ᠣᠷᠣᠯᠴᠠᠵᠤ ᠵᠢᠷᠦᠬᠡᠯᠡᠳᠡᠭ ᠦᠬᠡᠢ ᠪᠠᠶᠢᠭᠰᠠᠨ ᠪᠦᠭᠡᠳ ᠪᠡᠷᠬᠡ ᠶᠢ ᠵᠠᠯᠭᠠᠮᠵᠢᠯᠠᠭᠴᠢ ᠮᠦᠩᠬᠡᠲᠡᠮᠦᠷ ᠬᠠᠭᠠᠨ ᠤ ᠦᠶ᠎ᠡ ᠠᠴᠠ ᠨᠤᠭᠠᠢ ᠶᠢᠨ ᠨᠡᠷ᠎ᠡ ᠨᠦᠯᠦᠭᠡ ᠡᠷᠡᠰ ᠨᠡᠮᠡᠭᠳᠡᠵᠡᠢ᠃ ᠮᠦᠩᠬᠡᠲᠡᠮᠦᠷ ᠤᠨ ᠨᠠᠵᠠᠭᠠᠢ᠂ ᠰᠤᠯᠠ ᠪᠠᠶᠢᠳᠠᠯ ᠢ ᠠᠰᠢᠭᠯᠠᠨ ᠲᠡᠭᠦᠨ ᠤ ᠡᠮᠦᠨ᠎ᠡ ᠠᠴᠠ ᠤᠯᠤᠰ ᠣᠷᠣᠨ ᠤ ᠳᠣᠲᠣᠭᠠᠳᠤ᠂ ᠭᠠᠳᠠᠭᠠᠳᠣ ᠪᠣᠳᠤᠯᠭ᠎ᠠ ᠶᠢ ᠠᠭᠠᠵᠢᠮ ᠠᠭᠠᠵᠢᠮ ᠢᠶᠠᠷ ᠭᠠᠷ ᠲᠠᠭᠠᠨ ᠠᠪᠴᠤ ᠡᠬᠢᠯᠡᠪᠡ᠃      ᠠᠯᠳᠠᠨ ᠣᠷᠳᠣᠨ ᠤ ᠤᠯᠤᠰ ᠤᠨ ᠡᠵᠡᠨ ᠪᠣᠯ ᠴᠣᠬᠤᠮ ᠳᠠᠭᠠᠨ ︽ᠬᠠᠭᠠᠳ ᠤᠨ ᠬᠠᠭᠠᠨ︾ ᠪᠠᠶᠢᠯ᠎ᠠ᠃ ᠣᠷᠣᠰ ᠤᠨ ᠶᠡᠭᠡ ᠸᠠᠩ ᠤᠨ ᠬᠡᠷᠬᠡᠮ᠂ ᠲᠡᠭᠦᠨ ᠤ ᠰᠢᠷᠡᠭᠡ ᠪᠣᠯ ᠳᠡᠷᠭᠡᠳᠡ ᠨᠢ ᠶᠠᠭᠤ ᠴᠦ ᠪᠢᠰᠢ ᠪᠠᠶᠢᠭᠰᠠᠨ ᠢᠶᠠᠷ ᠪᠠᠷᠠᠬᠤ ᠦᠬᠡᠢ ᠬᠠᠭᠠᠨ ᠠᠴᠠ ᠣᠷᠣᠰ ᠤᠨ ᠸᠠᠩ ᠤᠳ ᠤᠨ ᠠᠯᠢ ᠨᠢᠭᠡᠨ ᠳᠤ ᠦᠵᠡᠮᠵᠢ ᠪᠠᠷ ᠢᠶᠠᠨ ᠬᠦᠷᠲᠡᠭᠡᠵᠦ ᠠᠭᠰᠠᠨ ᠲᠡᠷᠡᠬᠦ ᠵᠠᠷᠯᠢᠭ ᠤᠨ ᠪᠢᠴᠢᠭ ᠨᠢ ᠲᠡᠳᠡᠨ ᠳᠤ ᠶᠠᠭᠤᠨ ᠠᠴᠠ ᠴᠦ ᠢᠯᠡᠭᠦᠦ ᠦᠨ᠎ᠡ ᠴᠡᠨ᠎ᠡ ᠲᠠᠢ ᠡᠳ᠋ ᠪᠠᠶᠢᠪᠠ᠃ ᠨᠤᠭᠠᠢ ᠡᠶᠢᠨᠬᠦ ᠠᠯᠳᠠᠨ ᠣᠷᠳᠣᠨ ᠤ ᠤᠯᠤᠰ ᠢ ᠦᠨᠳᠦᠰᠦᠯᠡᠨ ᠬᠦᠭᠵᠢᠭᠦᠯᠦᠭᠰᠡᠨ ᠭᠤᠷᠪᠠᠨ ᠴᠦ ᠬᠠᠭᠠᠨ ᠳᠤ ᠦᠨᠡᠨᠴᠢ ᠵᠢᠳᠬᠦᠵᠦ᠂ ᠲᠡᠳᠡᠨ ᠤ ᠡᠮᠦᠨ᠎ᠡ ᠪᠣᠯᠣᠨ ᠦᠷᠦᠨᠡᠲᠦ ᠳᠤ ᠶᠠᠪᠤᠭᠤᠯᠤᠭᠰᠠᠨ ᠠᠶᠠᠨ ᠳᠠᠶᠢᠨ ᠳᠤ ᠣᠷᠣᠯᠴᠠᠵᠤ᠂ ᠢᠯ ᠬᠠᠭᠠᠳ᠂ ᠸᠢᠽᠠᠨᠲ᠋ᠢ᠂ ᠫᠤᠯᠱᠠ᠂ ᠯᠢᠲ᠋ᠤᠸ᠋ ᠤᠨ ᠡᠰᠡᠷᠭᠦ ᠨᠡᠷ᠎ᠡ ᠨᠢᠭᠤᠷ ᠢ ᠣᠯᠭᠤᠨ᠂ ᠠᠯᠳᠠᠨ ᠣᠷᠳᠣᠨ ᠤ ᠤᠯᠤᠰ ᠢ ᠦᠨᠳᠦᠰᠦᠯᠡᠨ ᠪᠠᠶᠢᠭᠤᠯᠤᠭᠰᠠᠨ ᠠᠴᠠ ᠬᠤᠶᠢᠰᠢᠬᠢ ᠳᠥᠷᠪᠡᠨ ᠠᠷᠪᠠᠨ ᠵᠢᠯ ᠤᠨ ᠬᠤᠭᠤᠴᠠᠭᠠᠨ ᠳᠤ ᠨᠤᠭᠠᠢ ᠶᠢᠨ ᠵᠠᠬᠢᠷᠤᠭᠰᠠᠨ ᠤᠯᠤᠰ ᠤᠨ ᠬᠦᠴᠦ ᠴᠢᠳᠠᠯ  ᠨᠢ ᠬᠠᠷ᠎ᠠ ᠲᠠᠩᠭᠢᠰ ᠠᠴᠠ ᠤᠮᠠᠷ᠎ᠠ ᠵᠦᠭ ᠣᠷᠣᠰᠢᠬᠤ ᠦᠷᠡᠵᠢᠯ ᠰᠢᠮᠡᠲᠦ ᠰᠠᠶᠢᠬᠠᠨ ᠨᠤᠲᠤᠭ ᠲᠤ ᠦᠯᠡᠮᠵᠢᠬᠡᠨ ᠨᠡᠮᠡᠭᠳᠡᠵᠦ ᠪᠠᠬᠢᠵᠢᠵᠡᠢ᠃ ᠲᠡᠭᠦᠨ ᠤ ᠭᠤᠣᠯᠯᠠᠨ ᠵᠠᠬᠢᠷᠴᠤ ᠪᠠᠶᠢᠭᠰᠠᠨ ᠡᠮᠦᠨᠡᠲᠦ ᠣᠷᠣᠰ ᠤᠨ ᠲᠠᠯ᠎ᠠ ᠨᠣᠲᠤᠭ ᠤᠨ ᠨᠡᠭᠦᠳᠡᠯᠴᠢᠨ ᠠᠷᠠᠳ ᠲᠦᠮᠡᠨ ᠨᠦᠭᠦᠳ ᠮᠣᠩᠭᠤᠯᠴᠤᠳ ᠲᠤ ᠠᠭᠤᠰᠴᠤ᠂ ᠲᠡᠳᠡᠨ ᠤ ᠪᠣᠭᠤᠯ ᠪᠣᠯᠵᠤ᠂ ᠮᠠᠯ ᠰᠦᠷᠦᠭ ᠢ ᠨᠢ ᠠᠳᠤᠭᠤᠯᠠᠬᠤ ᠪᠣᠶᠣ ᠴᠡᠷᠢᠭ ᠨᠢ ᠪᠣᠯᠳᠠᠭ ᠪᠠᠶᠢᠪᠠ᠃ ᠠᠽᠢᠶ᠎ᠠ ᠶᠢᠨ ᠲᠠᠯ᠎ᠠ ᠨᠣᠲᠤᠭ ᠣᠳᠤ ᠪᠠᠷᠤᠭ ᠺᠠᠷᠫᠠᠲ ᠤᠨ ᠨᠢᠷᠤᠭᠤ ᠬᠦᠷᠲᠡᠯ᠎ᠡ ᠴᠡᠯᠡᠶᠢᠬᠦ ᠪᠣᠯᠵᠤ ᠲᠡᠭᠦᠨ ᠤ ᠬᠢᠵᠠᠭᠠᠷ ᠲᠤ ᠣᠷᠣᠰᠢᠬᠤ ᠤᠯᠤᠰ ᠣᠷᠣᠨ ᠨᠤᠭᠤᠳ ᠬᠠᠮᠠᠭᠠᠯᠠᠵᠤ ᠬᠤᠷᠢᠭᠯᠠᠬᠤ ᠨᠢ ᠪᠦᠦ ᠬᠡᠯᠡ ᠬᠠᠷᠢᠨ ᠴᠦ ᠦᠪᠡᠷᠰᠡᠳ ᠢᠶᠠᠨ ᠨᠡᠭᠦᠳᠡᠯᠴᠢᠳ ᠤᠨ ᠵᠡᠷᠯᠢᠭ ᠳᠣᠪᠲᠣᠯᠭᠠᠨ ᠤ ᠨᠣᠮᠣᠬᠠᠨ ᠬᠦᠯᠢᠴᠡᠩᠭᠦᠢ ᠫᠠᠢ ᠪᠣᠯᠬᠤ ᠨᠢ ᠶᠡᠭᠡ ᠪᠠᠶᠢᠪᠠ᠃      ᠨᠤᠭᠠᠢ ᠡᠨᠡ ᠦᠶ᠎ᠡ ᠠᠴᠠ ᠡᠬᠢᠯᠡᠨ ᠳᠤᠷᠠᠲᠠᠢ ᠬᠦᠮᠦᠨ ᠢᠶᠠᠨ ᠬᠠᠭᠠᠨ ᠰᠢᠷᠡᠭᠡᠨ ᠳᠤ ᠰᠠᠭᠤᠯᠭᠠᠨ ᠳᠤᠷ᠎ᠠ ᠦᠬᠡᠢ ᠪᠠᠨ ᠬᠦᠷᠦᠭᠰᠡᠨ ᠦᠶ᠎ᠡ ᠳᠡᠭᠡᠨ ᠠᠪᠴᠣ ᠬᠠᠶᠠᠬᠤ ᠬᠦᠴᠦ ᠲᠠᠢ ᠪᠣᠯᠵᠤ ᠠᠷᠠᠢ ᠯᠡ ᠦᠪᠡᠷ ᠢ ᠪᠠᠨ ᠬᠠᠭᠠᠨ ᠳᠤ ᠡᠷᠭᠦᠮᠵᠢᠯᠡᠬᠦ ᠶᠢ ᠲᠦᠪᠡᠳᠡᠭᠰᠡᠨ ᠦᠬᠡᠢ᠂ ᠬᠠᠷᠢᠨ ᠲᠡᠳᠡᠨ ᠢᠶᠠᠷ ᠭᠠᠷ ᠤᠨ ᠢᠶᠠᠨ ᠲᠣᠭᠯᠠᠭᠠᠮ ᠢ ᠬᠢᠬᠦ ᠪᠣᠯᠵᠠᠢ᠃ ᠨᠤᠭᠠᠢ ᠶᠢᠨ ᠤᠷᠲᠤ ᠭᠡᠭᠴᠢ ᠨᠢ ᠤᠯᠤᠰ ᠤᠨ ᠳᠣᠲᠤᠷᠠᠬᠢ ᠤᠯᠤᠰ ᠪᠣᠯᠣᠭᠰᠠᠨ ᠪᠦᠭᠡᠳ 1282 ᠣᠨ ᠠᠴᠠ ᠡᠬᠢᠯᠡᠨ ᠠᠯᠲᠠᠨ ᠣᠷᠳᠣᠨ ᠤ ᠤᠯᠤᠰ ᠠᠴᠠ ᠬᠡᠷᠡᠭ ᠳᠡᠭᠡᠷ᠎ᠡ ᠪᠠᠨ ᠪᠡᠶ᠎ᠡ ᠳᠠᠭᠠᠭᠠᠨ ᠲᠤᠰᠠᠭᠠᠷ ᠲᠣᠭᠲᠠᠨᠢᠬᠤ ᠪᠣᠯᠪᠠ᠃ ᠨᠤᠭᠠᠢ ᠵᠠᠩᠵᠤᠨ ᠢᠳᠡ ᠬᠦᠴᠦ ᠪᠠᠨ ᠠᠪᠤᠭᠰᠠᠨ ᠦᠶ᠎ᠡ ᠳᠡᠭᠡᠨ ᠮᠢᠰᠢᠷ ᠤᠨ ᠰᠦᠯᠲ᠋ᠠᠨ ᠪᠠᠶᠢᠪᠠᠷᠰ ᠤᠨ ᠰᠠᠨᠠᠯ ᠢ ᠬᠠᠭᠠᠨ ᠤ ᠡᠮᠦᠨ᠎ᠡ ᠠᠴᠠ ᠪᠠᠷᠤᠭ ᠯᠡ ᠪᠡᠶ᠎ᠡ ᠳᠠᠭᠠᠭᠠᠨ ᠬᠦᠯᠢᠶᠡᠨ ᠠᠪᠤᠨ ᠢᠯ ᠬᠠᠭᠠᠨ ᠤ ᠡᠰᠡᠷᠭᠦ ᠬᠡᠳᠦ ᠬᠡᠳᠦᠨ ᠤᠳᠠᠭ᠎ᠠ ᠵᠡᠪᠰᠡᠭ ᠵᠦᠷᠢᠭᠦᠯᠵᠦ ᠦᠭᠭᠦᠭᠡ ᠲᠠᠢ ᠠᠪᠣᠭ᠎ᠠ ᠲᠠᠢ ᠪᠠᠶᠢᠯᠳᠤᠵᠠᠢ᠃ ᠮᠦᠨ ᠡᠨᠡ ᠦᠶ᠎ᠡ ᠳᠤ ᠸᠢᠽᠠᠨᠲ ᠤᠨ ᠬᠠᠭᠠᠨ ᠦᠪᠡᠷ ᠤᠨ ᠠᠶᠤᠯ ᠦᠭᠡᠢ ᠪᠠᠶᠢᠳᠠᠯ ᠤᠨ ᠡᠭᠦᠳᠡᠨ ᠠᠴᠠ ᠥᠬᠢᠨ ᠢᠶᠠᠨ ᠨᠤᠭᠠᠢ ᠳᠤ ᠥᠭᠴᠦ ᠤᠷᠤᠭ ᠪᠠᠷᠢᠯᠳᠤᠭᠠᠳ ᠤᠯᠠᠮ ᠢᠶᠠᠷ ᠲᠡᠭᠦᠨ ᠳᠤ ᠴᠡᠷᠢᠭ ᠢᠶᠠᠨ ᠢᠲᠡᠭᠡᠨ ᠥᠭᠴᠦ ᠪᠤᠯᠭᠠᠷ ᠤᠨ ᠡᠰᠡᠷᠭᠦ ᠳᠠᠶᠢᠳᠤᠭᠤᠯᠵᠤ ᠪᠠᠶᠢᠪᠠ᠃ ᠳᠠᠷᠠᠭ᠎ᠠ ᠶᠢᠨ ᠡᠭᠡᠯᠵᠢᠨ ᠳᠤ ᠪᠤᠯᠭᠠᠷ ᠤᠨ ᠬᠠᠭᠠᠨ ᠥᠬᠢᠨ ᠢᠶᠠᠨ ᠨᠤᠭᠠᠢ ᠳᠤ ᠥᠭᠴᠦ᠂ ᠰᠧᠷᠪᠢ ᠶᠢᠨ ᠸᠠᠩᠲᠤ ᠤᠯᠤᠰ ᠢ ᠳᠠᠶᠢᠯᠠᠵᠤ ᠡᠵᠡᠯᠡᠬᠦ ᠳᠤ ᠨᠢ ᠲᠤᠰᠠᠯᠠᠪᠠ᠃ ᠨᠤᠭᠠᠢ ᠮᠦᠨ ᠦᠪᠡᠷ ᠤᠨ ᠬᠠᠷᠢᠶᠠᠨ ᠤ ᠣᠷᠣᠰ ᠤᠨ ᠨᠣᠶᠠᠳ ᠲᠠᠢ ᠬᠠᠮᠲᠤᠷᠠᠨ ᠯᠢᠲᠸ᠎ᠠ᠂ ᠫᠤᠯᠱᠠ ᠤᠳ ᠤᠨ ᠡᠰᠡᠷᠭᠦ ᠠᠮᠵᠢᠯᠲᠠ ᠲᠠᠢ ᠠᠶᠠᠨ ᠳᠠᠶᠢᠨ ᠬᠢᠵᠦ ᠣᠯᠵᠠ ᠣᠮᠤᠭ ᠲᠠᠢ ᠪᠤᠴᠠᠵᠤ ᠢᠷᠡᠵᠡᠢ᠃ ᠡᠶᠢᠨᠬᠦ ᠨᠤᠭᠠᠢ ᠦᠪᠡᠷ ᠤᠨ ᠲᠣᠭᠤᠷᠢᠨ ᠬᠦᠷᠢᠶᠡᠯᠡᠭᠰᠡᠨ ᠣᠷᠣᠨ ᠨᠤᠭᠤᠳ ᠲᠤ ᠡᠷᠬᠡ ᠬᠦᠴᠦ ᠶᠢ ᠣᠯᠣᠭᠰᠠᠨ ᠢᠶᠠᠷ ᠣᠷᠣᠰ ᠤᠳ ᠲᠡᠭᠦᠨ ᠢ ᠴᠠᠷᠢ ᠭᠡᠬᠦ ᠪᠣᠯᠪᠠ᠃ 1280 ᠣᠨ ᠳᠤ ᠠᠯᠪᠠᠨ ᠶᠣᠰᠣᠨ ᠤ ᠬᠠᠭᠠᠨ ᠭᠡᠭᠳᠡᠬᠦ ᠮᠦᠩᠬᠡᠲᠡᠮᠦᠷ ᠬᠤᠣᠷᠯᠠᠭᠳᠠᠭᠰᠠᠨ ᠢᠶᠠᠷ ᠲᠡᠭᠦᠨ ᠤ ᠳᠡᠭᠦᠦ ᠲᠣᠭᠲᠠᠮᠦ᠋ᠩᠬᠡ ᠳᠣᠯᠣᠭᠠᠨ ᠵᠢᠯ ᠬᠠᠭᠠᠨᠴᠢᠯᠠᠪᠠ᠃ ᠭᠡᠪᠡᠴᠦ ᠵᠢᠩᠬᠢᠨᠢ ᠡᠷᠬᠡ ᠮᠡᠳᠡᠯ ᠨᠤᠭᠠᠢ ᠶᠢᠨ ᠭᠠᠷ ᠲᠤ ᠪᠠᠶᠢᠯ᠎ᠠ᠃ 1287 ᠣᠨ ᠳᠤ ᠳᠤᠯᠠᠪᠤᠭᠤ ᠠᠯᠳᠠᠨ ᠣᠷᠳᠣᠨ ᠤ ᠤᠯᠤᠰ ᠤᠨ ᠬᠠᠭᠠᠨ ᠰᠢᠷᠡᠭᠡᠨ ᠳᠤ ᠨᠤᠭᠠᠢ ᠶᠢᠨ ᠳᠡᠮᠵᠢᠯᠭᠡ ᠶᠢ ᠬᠦᠯᠢᠶᠡᠨ ᠰᠠᠭᠤᠪᠠ᠃ ᠳᠤᠯᠠᠪᠤᠭᠤ ᠶᠢ ᠬᠠᠭᠠᠨ ᠰᠢᠷᠡᠭᠡᠨ ᠳᠤ ᠰᠠᠭᠤᠵᠤ ᠪᠠᠶᠢᠬᠤ ᠦᠶ᠎ᠡ ᠳᠤ ᠬᠠᠭᠠᠨ ᠤ ᠵᠠᠰᠠᠭᠯᠠᠯ ᠤᠨ ᠨᠡᠷ᠎ᠡ ᠬᠦᠨᠳᠦ ᠱᠠᠯᠠ ᠳᠠᠭᠠᠨ ᠬᠦᠷᠲᠡᠯ᠎ᠡ ᠤᠨᠠᠭᠰᠠᠨ ᠦᠶ᠎ᠡ ᠪᠠᠶᠢᠯ᠎ᠠ᠃      ᠲᠡᠦᠬᠡᠴᠢᠳ ᠡᠨᠡ ᠬᠤᠶᠠᠷ ᠬᠠᠭᠠᠨ ᠢ ᠬᠠᠭᠤᠷᠮᠠᠴᠢ ᠬᠠᠭᠠᠳ ᠭᠡᠵᠦ ᠨᠡᠷᠡᠯᠡᠭᠰᠡᠨ ᠪᠠᠶᠢᠳᠠᠭ ᠨᠢ ᠦᠨᠡᠨ ᠴᠢᠨᠠᠷᠲᠠᠢ ᠪᠦᠬᠦ ᠠᠵᠢᠯ ᠬᠡᠷᠡᠭ ᠢ ᠨᠤᠭᠠᠢ ᠭᠠᠷᠳᠠᠨ ᠬᠢᠵᠦ ᠪᠠᠶᠢᠭᠰᠠᠨ ᠳᠤ ᠣᠷᠣᠰᠢᠨ᠎ᠠ᠃ ᠳᠤᠯᠠᠪᠤᠭᠤ᠂ ᠨᠤᠭᠠᠢ ᠬᠤᠶᠠᠷ 1285 ᠣᠨ ᠳᠤ ᠭᠠᠯᠢᠼ ᠤᠨ ᠵᠠᠷᠢᠮ ᠸᠠᠩ ᠢ ᠭᠠᠵᠠᠷᠴᠢᠨ ᠢᠶᠠᠷ ᠠᠪᠤᠨ ᠤᠩᠭᠠᠷ ᠤᠷᠤᠭᠤ ᠳᠣᠪᠲᠤᠯᠪᠠ᠃ ᠲᠡᠳᠡ ᠸᠢᠰᠯᠠ ᠮᠦᠷᠡᠨ ᠤ ᠡᠷᠭᠢ ᠬᠦᠷᠲᠡᠯ᠎ᠡ ᠳᠣᠪᠲᠣᠯᠵᠤ᠂ ᠫᠤᠯᠱᠠ ᠶᠢ ᠰᠦᠢᠳᠭᠡᠨ ᠡᠵᠡᠯᠡᠭᠰᠡᠨ ᠪᠣᠯᠪᠠᠴᠤ ᠪᠠᠲᠤ ᠬᠠᠭᠠᠨ ᠤ ᠪᠠᠶᠢᠯᠳᠤᠨ ᠳᠠᠭᠠᠭᠤᠯᠤᠯ ᠤᠨ ᠦᠶ᠎ᠡ ᠰᠢᠭ ᠵᠦᠪᠬᠡᠨ ᠲᠣᠨᠣᠨ ᠳᠡᠭᠡᠷᠡᠮᠳᠡᠭᠡᠳ ᠪᠤᠴᠠᠵᠠᠢ᠃ ᠵᠠᠷᠢᠮ ᠮᠡᠳᠡᠭᠡ ᠪᠠᠷ 20 ᠮᠢᠩᠭᠠᠨ ᠬᠦᠮᠦᠨ ᠢ ᠣᠯᠵᠠᠯᠠᠨ ᠠᠪᠴᠢᠷᠠᠭᠰᠠᠨ ᠪᠠᠶᠢᠨ᠎ᠠ᠃      1290 ᠣᠨ ᠭᠡᠬᠦ ᠳᠤ ᠨᠤᠭᠠᠢ ᠶᠢᠨ ᠨᠡᠷ᠎ᠡ ᠬᠦᠨᠳᠦ ᠲᠤᠶᠢᠯ ᠳᠠᠭᠠᠨ ᠬᠦᠷᠴᠦ ᠡᠵᠡᠨᠲᠦ ᠤᠯᠤᠰ ᠤᠨ ᠡᠮᠦᠨ᠎ᠡ ᠡᠲᠡᠭᠡᠳ ᠲᠤ ᠣᠷᠣᠰᠢᠬᠤ ᠪᠤᠯᠭᠠᠷ᠂ ᠰᠧᠷᠪᠢ ᠤᠳ ᠲᠡᠭᠦᠨ ᠳᠤ ᠠᠯᠪᠠᠨ ᠶᠣᠰᠣᠭᠠᠷ ᠲᠠᠭᠠᠨ ᠣᠷᠣᠵᠠᠢ᠃ ᠳᠤᠯᠠᠪᠤᠭᠤ ᠬᠠᠭᠠᠨ ᠦᠪᠡᠷ ᠢ ᠪᠠᠨ ᠶᠠᠮᠠᠷ ᠴᠦ ᠨᠡᠷ᠎ᠡ ᠬᠦᠨᠳᠦ ᠦᠬᠡᠢ ᠨᠢᠭᠡᠨ ᠪᠣᠯᠵᠤ ᠬᠤᠪᠢᠷᠠᠬᠤ ᠶᠢ ᠵᠦᠭᠡᠷ ᠬᠠᠷᠠᠭᠠᠳ ᠰᠠᠭᠤᠭᠰᠠᠨ ᠦᠬᠡᠢ᠃ ᠤᠳᠠᠯ ᠦᠬᠡᠢ ᠳᠤᠯᠠᠪᠤᠭᠤ᠂ ᠨᠤᠭᠠᠢ ᠬᠤᠶᠠᠷ ᠤᠨ ᠬᠤᠭᠤᠷᠣᠨᠳᠣᠬᠢ ᠵᠦᠷᠢᠴᠡᠯ ᠬᠤᠷᠴᠠᠳᠴᠤ ᠪᠠᠶᠠᠰ ᠢ ᠤᠰᠠᠳᠬᠠᠬᠤ ᠵᠠᠮ ᠳᠤ ᠣᠷᠣᠵᠠᠢ᠃ ᠡᠨᠡ ᠦᠶ᠎ᠡ ᠳᠤ ᠨᠤᠭᠠᠢ ᠵᠠᠯᠢ ᠬᠡᠷᠡᠭᠯᠡᠭᠰᠡᠨ ᠪᠠᠶᠢᠨ᠎ᠠ᠃ ᠨᠤᠭᠠᠢ ᠳᠤᠯᠠᠪᠤᠭᠤ ᠶᠢᠨ ᠡᠬᠡ ᠲᠠᠢ ᠬᠤᠯᠪᠣᠭ᠎ᠠ ᠲᠣᠭᠲᠠᠭᠠᠵᠤ ᠢᠲᠡᠭᠡᠯ ᠢ ᠨᠢ ᠣᠯᠣᠭᠰᠠᠨ ᠠᠵᠤᠭᠤ᠃ ᠲᠡᠷᠡ ᠪᠠᠷ᠄ ︽ᠴᠢᠨᠤ ᠬᠦᠦ ᠴᠢᠨᠢ ᠨᠠᠰᠤ ᠵᠠᠯᠠᠭᠤᠬᠠᠨ ᠬᠠᠭᠠᠨ᠃ ᠪᠢ ᠲᠡᠭᠦᠨ ᠢ ᠳᠣᠲᠣᠭᠠᠳᠤ ᠶᠢᠨ ᠠᠵᠢᠯ ᠬᠡᠷᠡᠭ ᠢᠶᠠᠨ ᠬᠡᠷᠬᠢᠨ ᠳᠣᠳᠣᠷᠬᠠᠶᠢᠯᠠᠬᠤ᠂ ᠲᠢᠭ ᠵᠢᠷᠤᠮ ᠲᠣᠭᠲᠠᠭᠠᠬᠤ ᠳᠤ ᠬᠡᠷᠡᠭ ᠲᠠᠢ ᠠᠷᠭ᠎ᠠ ᠪᠠᠷᠢᠯ ᠳᠤ ᠰᠤᠷᠭᠠᠬᠤ ᠬᠡᠷᠡᠭᠲᠡᠢ ᠪᠠᠶᠢᠨ᠎ᠠ᠃ ᠢᠩᠬᠢᠬᠦ ᠶᠢᠨ ᠲᠤᠯᠠᠳᠠ ᠲᠡᠷᠡ ᠦᠪᠡᠷ ᠠᠴᠠ ᠨᠢ ᠥᠭᠡᠷ᠎ᠡ ᠬᠡᠨ ᠴᠦ ᠪᠠᠶᠢᠬᠤ ᠶᠣᠰᠣ ᠦᠬᠡᠢ︾ ᠭᠡᠵᠦ ᠡᠬᠡ ᠳᠤᠨᠢ ᠬᠡᠯᠡᠭᠦᠯᠪᠡ᠃ ᠡᠬᠡ ᠨᠢ ᠳᠤᠯᠠᠪᠤᠭᠤ ᠶᠢ ᠢᠳᠬᠠᠵᠤ ᠴᠡᠷᠢᠭ ᠢ ᠨᠢ ᠳᠠᠷᠠᠭᠠᠯᠠᠭᠠᠳ ᠨᠤᠭᠠᠢ ᠳᠤ ᠤᠷᠢᠯᠭ᠎ᠠ ᠶᠠᠪᠤᠭᠤᠯᠵᠠᠢ᠃ ᠳᠠᠶᠢᠨ ᠡᠬᠢᠯᠡᠭᠰᠡᠨ ᠢᠶᠠᠷ ᠲᠡᠷᠡ ᠬᠤᠶᠠᠷ ᠠᠭᠤᠯᠵᠠᠤ ᠪᠠᠶᠢᠭᠠᠳ ᠶᠠᠷᠢᠯᠴᠠᠵᠤ ᠪᠠᠶᠢᠭᠠᠳ ᠳᠤᠯᠠᠪᠤᠭᠤ ᠮᠡᠬᠡᠯᠡᠭᠳᠡᠭᠰᠡᠨ ᠢᠶᠠᠨ ᠣᠶᠢᠯᠠᠭᠠᠵᠠᠢ᠃ ᠡᠨᠡ ᠦᠶ᠎ᠡ ᠳᠤ ᠨᠤᠭᠠᠢ ᠶᠢᠨ ᠴᠡᠷᠢᠭ ᠳᠤᠯᠠᠪᠤᠭᠤ ᠶᠢ ᠲᠣᠭᠤᠷᠢᠨ ᠵᠣᠭᠰᠣᠵᠤ ᠪᠠᠶᠢᠭᠠᠳ ᠲᠡᠭᠦᠨ ᠤ ᠲᠤᠰᠢᠶᠠᠯ ᠢᠶᠠᠷ ᠮᠦᠨ ᠠᠴᠠ ᠨᠢ ᠪᠠᠭᠤᠯᠭᠠᠨ ᠢᠷᠡᠬᠦ ᠳᠤ ᠨᠤᠭᠠᠢ ᠳᠡᠷᠭᠡᠳᠡ ᠪᠠᠨ ᠵᠣᠷᠢᠭᠤᠳᠠ ᠠᠪᠴᠢᠷᠠᠭᠰᠠᠨ ᠲᠤᠺᠲ᠋ᠤᠭ᠎ᠠ ᠳᠤ ᠬᠠᠨᠳᠤᠨ᠄ ︽ᠡᠨᠡ ᠬᠦᠮᠦᠨ ᠴᠢᠨᠤ ᠡᠴᠢᠭᠡ ᠶᠢᠨ᠂ ᠮᠦᠨ ᠦᠪᠡᠷ ᠤᠨ ᠴᠢᠨᠢ ᠬᠠᠭᠠᠨ ᠰᠢᠷᠡᠭᠡ ᠶᠢ ᠡᠵᠡᠯᠡᠭᠰᠡᠨ ᠶᠤᠮ᠃ ᠮᠦᠨ ᠴᠢᠨᠤ ᠪᠣᠰᠣᠳ ᠠᠬ᠎ᠠ ᠳᠡᠭᠦᠦ ᠨᠠᠷ ᠲᠠᠢ ᠴᠢᠨᠢ ᠬᠠᠮᠲᠤᠷᠠᠨ ᠴᠢᠮ᠎ᠠ ᠶᠢ ᠠᠯᠠᠬᠤ ᠪᠠᠷ ᠵᠦᠪᠰᠢᠶᠡᠷᠡᠯᠴᠡᠵᠦ ᠪᠠᠶᠢᠭ᠎ᠠ ᠲᠤᠯᠠ ᠴᠢᠨᠤ ᠭᠠᠷ ᠲᠤ ᠦᠭᠭᠦᠯ᠎ᠡ︾ ᠭᠡᠮᠡᠨ ᠦᠭᠦᠯᠡᠭᠡᠳ ᠳᠤᠯᠠᠪᠤᠭᠤ ᠬᠠᠭᠠᠨ ᠢ ᠬᠦᠨᠦᠭᠡᠯᠭᠡᠪᠡ᠃ ᠳᠠᠷᠠᠭ᠎ᠠ ᠪᠠᠷ ᠨᠢ ᠨᠤᠭᠠᠢ ᠲᠤᠺᠲ᠋ᠤᠭ᠎ᠠ ᠶᠢ ᠠᠯᠲᠠᠨ ᠣᠷᠳᠣᠨ ᠤ ᠤᠯᠤᠰ ᠤᠨ ᠬᠠᠭᠠᠨ ᠪᠣᠯᠭᠠᠭᠰᠠᠨ ᠪᠠᠶᠢᠨ᠎ᠠ᠃ ᠨᠤᠭᠠᠢ ᠡᠨᠡ ᠦᠶ᠎ᠡ ᠠᠴᠠ ᠢᠯ ᠬᠠᠭᠠᠳ ᠤᠨ ᠤᠯᠤᠰ ᠢ ᠤᠳᠠᠭ᠎ᠠ ᠳᠠᠷᠠᠭᠠᠯᠠᠨ ᠵᠠᠬᠢᠷᠴᠤ ᠪᠠᠶᠢᠭᠰᠠᠨ ᠠᠪᠠᠭ᠎ᠠ᠂ ᠠᠷᠢᠭᠤᠨ ᠬᠠᠭᠠᠨ ᠨᠠᠷ ᠲᠠᠢ ᠬᠤᠯᠪᠣᠭ᠎ᠠ ᠲᠣᠭᠲᠠᠵᠤ ᠳᠠᠶᠢᠨ ᠪᠠᠶᠢᠯᠳᠤᠭᠠᠨ ᠢᠶᠠᠨ ᠵᠣᠭᠰᠣᠭᠠᠨ ᠨᠠᠶᠢᠷᠠᠮᠳᠠᠵᠦ᠂ ᠭᠦᠩᠵᠦ ᠰᠣᠯᠢᠯᠴᠠᠨ ᠬᠤᠲᠠ ᠤᠷᠤᠭ ᠪᠣᠯᠵᠤ ᠪᠠᠶᠢᠵᠠᠢ᠃ ᠲᠤᠺᠲ᠋ᠤᠭ᠎ᠠ ᠬᠠᠭᠠᠨ ᠴᠦ ᠦᠪᠡᠷ ᠤᠨ ᠬᠤᠪᠢ ᠪᠠᠷ ᠡᠳᠡᠭᠡᠷ ᠤᠨ ᠰᠡᠭᠦᠯ ᠳᠤ ᠢᠯ ᠬᠠᠭᠠᠨ ᠪᠣᠯᠣᠭᠰᠠᠨ ᠭᠠᠽᠠᠨ ᠲᠠᠢ ᠨᠠᠶᠢᠷᠠᠮᠳᠠᠨ ᠡᠯᠴᠢ ᠰᠣᠯᠢᠯᠴᠠᠬᠤ ᠪᠣᠯᠵᠠᠢ᠃ ᠡᠶᠢᠨᠬᠦ ᠨᠤᠭᠠᠢ ᠵᠠᠩᠵᠤᠨ ᠪᠣᠯᠣᠨ ᠲᠤᠺᠲ᠋ᠤᠭ᠎ᠠ ᠬᠠᠭᠠᠨ ᠠᠯᠢ ᠠᠯᠢ ᠨᠢ ᠢᠯ ᠬᠠᠭᠠᠳ ᠲᠠᠢ ᠬᠤᠯᠪᠣᠭ᠎ᠠ ᠲᠣᠭᠲᠠᠵᠤ ᠨᠠᠶᠢᠷᠠᠮᠳᠠᠬᠤ ᠴᠢᠭ ᠢ ᠪᠠᠷᠢᠵᠤ ᠪᠠᠶᠢᠪᠠ᠃ ᠡᠨᠡ ᠦᠶ᠎ᠡ ᠪᠣᠯ ᠢᠯ ᠬᠠᠭᠠᠳ ᠪᠣᠯᠣᠨ ᠠᠯᠳᠠᠨ ᠣᠷᠳᠣᠨ ᠤ ᠤᠯᠤᠰ ᠤᠨ ᠬᠤᠭᠤᠷᠤᠨᠳᠤ ᠬᠡᠰᠡᠭᠬᠡᠨ ᠵᠠᠭᠤᠷ᠎ᠠ ᠨᠠᠶᠢᠷᠠᠮᠳᠠᠵᠤ ᠪᠠᠶᠢᠭᠰᠠᠨ ᠡᠭᠦᠯᠡᠨ ᠴᠢᠯᠦᠭᠡᠨ ᠤ ᠨᠠᠷᠠ ᠰᠢᠭ᠋ ᠬᠤᠭᠤᠴᠠᠭ᠎ᠠ ᠪᠠᠶᠢᠭᠰᠠᠨ ᠪᠢᠯᠡ᠃      ᠲᠤᠺᠲ᠋ᠤᠭ᠎ᠠ ᠶᠢ ᠬᠠᠭᠠᠨ ᠰᠠᠭᠤᠭᠰᠠᠨ ᠤ ᠡᠬᠢᠨ ᠤ ᠵᠢᠯ ᠤᠳ ᠲᠤ ᠨᠤᠭᠠᠢ ᠵᠠᠩᠵᠤᠨ ᠠᠯᠳᠠᠨ ᠣᠷᠳᠣᠨ ᠤ ᠤᠯᠤᠰ ᠳᠣᠲᠣᠷ᠎ᠠ ᠪᠦᠷᠢᠨ ᠡᠷᠬᠡᠲᠦ ᠡᠵᠡᠨ ᠪᠠᠶᠢᠪᠠ ᠃ ᠡᠶᠢᠮᠦ ᠠᠴᠠ ᠴᠦ ᠲᠤᠺᠲ᠋ᠤᠭ᠎ᠠ ᠡᠭᠦᠨ ᠤ ᠶᠠᠭᠤ ᠭᠡᠰᠡᠨ ᠶᠢ ᠦᠭᠡ ᠳᠠᠭᠠᠣ ᠦᠬᠡᠢ ᠭᠦᠢᠴᠡᠯᠳᠦᠭᠦᠯᠬᠦ ᠪᠣᠯᠵᠠᠢ᠃ ᠲᠤᠬᠠᠶᠢᠯᠠᠪᠠᠯ᠂ ᠲᠤᠺᠲ᠋ᠤᠭ᠎ᠠ ᠨᠤᠭᠠᠢ ᠶᠢᠨ ᠬᠠᠲᠤᠨ ᠪᠠᠶᠢᠯᠠᠺ ᠢ ᠬᠦᠯᠢᠶᠡᠨ ᠠᠪᠴᠣ ᠬᠡᠳᠦᠨ ᠡᠳᠦᠷ ᠨᠠᠶᠢᠷᠠᠯᠠᠭᠤᠯᠤᠨ ᠠᠮᠠᠷᠠᠭᠠᠭᠠᠳ ᠬᠡᠷᠡᠭ ᠵᠣᠷᠢᠭ ᠢ ᠨᠢ ᠠᠰᠠᠭᠤᠬᠤ ᠳᠤ᠄ ︽ᠴᠢᠨᠤ ᠵᠠᠮ ᠳᠡᠭᠡᠷ᠎ᠡ ᠦᠷᠭᠡᠰᠦᠲᠦ ᠪᠣᠳᠠ ᠦᠯᠡᠳᠡᠵᠡᠢ᠂ ᠲᠡᠭᠦᠨ ᠢ ᠴᠡᠪᠡᠷᠯᠡᠬᠦ ᠬᠡᠷᠡᠭᠲᠡᠢ︾ ᠭᠡᠪᠡ᠃ ᠲᠤᠺᠲ᠋ᠤᠭ᠎ᠠ ︽ᠶᠠᠮᠠᠷ ᠦᠷᠭᠡᠰᠦᠲᠦ ᠪᠣᠳᠠ ᠪᠠᠶᠢᠨ᠎ᠠ︾ ᠬᠡᠮᠡᠪᠡᠰᠦ ᠨᠦᠬᠦᠷ ᠤᠨ ᠢᠶᠠᠨ ᠵᠢᠭᠠᠵᠤ ᠦᠭᠭᠦᠭᠰᠡᠨ 23 ᠨᠣᠶᠠᠨ ᠢ ᠨᠡᠷᠡᠯᠡᠬᠦ ᠳᠤ ᠲᠤᠺᠲ᠋ᠤᠭ᠎ᠠ ᠲᠡᠳᠡᠨ ᠢ ᠳᠠᠭᠤᠳᠠᠨ ᠢᠷᠡᠭᠦᠯᠦᠭᠡᠳ ᠪᠦᠭᠦᠳᠡ ᠶᠢ ᠨᠢ ᠴᠠᠭᠠᠵᠠᠯᠠᠭᠰᠠᠨ ᠭᠡᠳᠡᠭ᠃ ᠡᠶᠢᠨᠬᠦ ᠣᠯᠠᠨ ᠨᠣᠶᠠᠳ ᠢ ᠠᠯᠠᠭᠰᠠᠨ ᠨᠢ ᠲᠤᠺᠲ᠋ᠤᠭ᠎ᠠ ᠶᠢᠨ ᠪᠠᠶᠢᠳᠠᠯ ᠢ ᠶᠡᠬᠡᠳᠡ ᠰᠤᠯᠠᠷᠠᠭᠤᠯᠤᠭᠰᠠᠨ ᠶᠤᠮ᠃ ᠭᠡᠬᠦ ᠳᠡᠭᠡᠨ ᠲᠡᠷᠡ ᠪᠠᠷ ᠨᠤᠭᠠᠢ ᠶᠢᠨ ᠡᠰᠡᠷᠭᠦ ᠲᠡᠮᠡᠴᠡᠬᠦ ᠵᠣᠷᠢᠭ ᠬᠦᠴᠦ ᠲᠠᠢ ᠬᠦᠮᠦᠨ ᠪᠠᠶᠢᠵᠠᠢ᠃ ᠣᠷᠣᠰ ᠤᠨ 14 ᠬᠤᠲᠠ ᠶᠢ ᠳᠠᠶᠢᠯᠠᠷ᠎ᠠ ᠴᠣᠬᠢᠵᠦ ᠡᠷᠬᠡ ᠴᠢᠯᠦᠭᠡᠨ ᠤ ᠲᠦᠯᠦᠭᠡ ᠬᠢ ᠡᠷᠡᠮᠡᠯᠵᠡᠯ᠂ ᠲᠡᠮᠡᠴᠡᠯ ᠢ ᠨᠢ ᠳᠠᠷᠤᠭᠰᠠᠨ ᠬᠤᠶᠢᠨ᠎ᠠ ᠪᠠᠨ ᠲᠤᠺᠲ᠋ᠤᠭ᠎ᠠ ᠬᠠᠭᠠᠨ ᠴᠡᠷᠢᠭ ᠢᠶᠠᠨ ᠡᠮᠦᠨᠡᠲᠦ ᠣᠷᠣᠰ ᠤᠷᠤᠭᠤ ᠬᠦᠳᠡᠯᠭᠡᠪᠡ᠃ 1298 ᠣᠨ ᠳᠤ ᠨᠤᠭᠠᠢ ᠲᠤᠺᠲ᠋ᠤᠭ᠎ᠠ ᠬᠤᠶᠠᠷ ᠤᠨ ᠬᠤᠭᠤᠷᠤᠨᠳᠤ ᠠᠩᠬᠠᠨ ᠤ ᠲᠤᠯᠤᠯᠳᠤᠭᠠᠨ ᠪᠣᠯᠬᠤ ᠳᠤ ᠲᠡᠷᠡ ᠪᠠᠷ ᠳ᠋ᠨᠧᠫᠷ ᠮᠦᠷᠡᠨ ᠳᠡᠭᠡᠷᠡᠬᠢ ᠨᠤᠭᠠᠢ ᠶᠢᠨ ᠴᠡᠷᠢᠭ ᠤᠨ ᠬᠦᠷᠢᠶ᠎ᠡ ᠶᠢ ᠳᠣᠪᠲᠤᠯᠤᠨ ᠣᠷᠣᠵᠦ ᠴᠣᠬᠢᠭᠠᠳ᠂ ᠬᠦᠢᠲᠡᠨ ᠪᠣᠯᠵᠤ ᠮᠦᠷᠡᠨ ᠬᠥᠯᠳᠡᠬᠦ ᠶᠢ ᠬᠦᠯᠢᠶᠡᠨ ᠰᠠᠭᠤᠪᠠ᠃ ᠭᠡᠪᠡᠴᠦ ᠲᠡᠷᠡ ᠵᠢᠯ ᠠᠭᠠᠷ ᠳᠤᠯᠠᠭᠠᠨ ᠪᠠᠶᠢᠭᠰᠠᠨ ᠠᠴᠠ ᠮᠦᠷᠡᠨ ᠤ ᠤᠰᠤ ᠬᠦᠯᠳᠡᠭᠰᠨ ᠦᠬᠡᠢ᠃ ᠡᠶᠢᠨᠬᠦ ᠨᠤᠭᠠᠢ ᠴᠠᠭ ᠬᠤᠨᠵᠢᠵᠣ ᠰᠦᠷᠬᠦ ᠲᠤᠯᠤᠯᠳᠤᠭᠠᠨ ᠳᠤ ᠪᠡᠯᠡᠳᠭᠡᠬᠦ ᠴᠠᠭ ᠣᠯᠳᠠᠭᠠᠳ᠂ ᠤᠯᠠᠮ ᠢᠶᠠᠷ ᠬᠠᠭᠠᠨ ᠤ ᠴᠡᠷᠢᠭ ᠢ ᠪᠤᠲᠠ ᠴᠣᠬᠢᠵᠠᠢ᠃ ᠲᠤᠺᠲ᠋ᠤᠭ᠎ᠠ ᠬᠠᠭᠠᠨ ᠵᠢᠭᠤᠳᠠᠭᠠᠳ ᠣᠳᠴᠤ ᠳᠠᠬᠢᠨ ᠶᠡᠭᠡ ᠴᠡᠷᠢᠭ ᠬᠤᠷᠠᠮᠳᠤᠯᠠᠭᠤᠯᠪᠠ᠃ ᠨᠤᠭᠠᠢ ᠲᠤᠺᠲ᠋ᠤᠭ᠎ᠠ ᠶᠢᠨ ᠡᠰᠡᠷᠭᠦ ᠢᠯ ᠬᠠᠭᠠᠳ ᠤᠨ ᠤᠯᠤᠰ ᠲᠠᠢ ᠬᠤᠯᠪᠣᠭ᠎ᠠ ᠲᠣᠭᠲᠠᠭᠠᠬᠤ ᠶᠢ ᠣᠷᠣᠯᠳᠤᠭᠰᠠᠨ ᠴᠦ ᠲᠡᠨᠳᠡ ᠡᠨᠡ ᠦᠶ᠎ᠡ ᠶᠢᠨ ᠬᠠᠮᠤᠭ ᠤᠨ ᠠᠯᠤᠰ ᠤᠨ ᠬᠠᠷᠠᠭ᠎ᠠ ᠲᠠᠢ ᠤᠬᠠᠭᠠᠯᠢᠭ ᠬᠠᠭᠠᠨ ᠭᠠᠽᠠᠨ ᠬᠠᠭᠠᠨᠴᠢᠯᠠᠵᠦ ᠪᠠᠶᠢᠭᠰᠠᠨ ᠲᠤᠯᠠ ᠬᠤᠭᠤᠷᠤᠨᠳᠤ ᠶᠢᠨ ᠬᠡᠷᠡᠭᠦᠯ ᠮᠠᠷᠭᠤᠭᠠᠨ ᠢ ᠬᠤᠷᠴᠠᠳᠬᠠᠵᠤ ᠭᠠᠭᠠᠷᠠᠭᠤᠯᠬᠤ ᠨᠢ ᠶᠡᠭᠡ ᠵᠠᠰᠠᠭ ᠬᠠᠥᠯᠢ ᠳᠤ ᠬᠠᠷᠰᠢ ᠦᠢᠯᠡ ᠬᠡᠮᠡᠨ ᠠᠯᠳᠠᠨ ᠣᠷᠳᠣᠨ ᠤ ᠢᠷᠭᠡᠨ ᠤ ᠳᠠᠶᠢᠨ ᠳᠤ ᠣᠷᠣᠯᠴᠠᠬᠤ ᠠᠴᠠ ᠲᠠᠲᠠᠭᠠᠯᠵᠠᠵᠠᠢ᠃      ᠤᠳᠠᠯ ᠦᠬᠡᠢ 1300 ᠣᠨ ᠳᠤ ᠨᠤᠭᠠᠢ᠂ ᠲᠤᠺᠲ᠋ᠤᠭ᠎ᠠ ᠨᠠᠷ ᠤᠨ ᠬᠤᠭᠤᠷᠤᠨᠳᠤ ᠰᠢᠢᠳᠪᠦᠷᠢᠯᠡᠬᠦ ᠲᠤᠯᠤᠯᠳᠤᠭᠠᠨ ᠪᠣᠯᠣᠭᠰᠠᠨ ᠪᠠᠶᠢᠨ᠎ᠠ᠃ ᠡᠨᠡ ᠲᠤᠯᠤᠭᠠᠨ ᠠᠴᠠ ᠡᠮᠦᠨ᠎ᠡ ᠨᠤᠭᠠᠢ ᠶᠢᠨ ᠮᠡᠳᠡᠯ ᠳᠤ ᠪᠠᠶᠢᠭᠰᠠᠨ ᠮᠠᠭᠠᠵᠢ᠂ ᠰᠦᠳᠡᠭᠦᠨ᠂ ᠤᠳᠠᠷᠭᠠᠵᠢ᠂ ᠠᠾᠪᠤᠭ᠂ ᠲᠠᠶᠢᠲ᠋ᠠ ᠨᠠᠷ ᠤᠨ ᠨᠣᠶᠠᠳ 30000 ᠴᠡᠷᠢᠭ ᠢᠶᠠᠨ ᠠᠪᠤᠭᠠᠳ ᠲᠤᠺᠲ᠋ᠤᠭ᠎ᠠ ᠶᠢᠨ ᠲᠠᠯ᠎ᠠ ᠳᠤ ᠣᠷᠣᠵᠠᠢ᠃ ᠬᠠᠭᠠᠨ ᠪᠣᠯᠣᠨ ᠬᠦᠴᠦᠷᠬᠡᠭ ᠵᠠᠬᠢᠷᠣᠭᠴᠢ ᠵᠠᠩᠵᠤᠨ ᠬᠤᠶᠠᠷ ᠤᠨ ᠶᠡᠭᠡ ᠴᠡᠷᠢᠭ ᠲᠤᠯᠭᠠᠷᠠᠨ ᠪᠠᠶᠢᠯᠳᠤᠬᠤ ᠳᠤ ᠨᠢᠭᠡ ᠡᠳᠦᠷᠴᠢ ᠶᠢᠨ ᠭᠠᠵᠠᠷ ᠦᠯᠡᠳᠡᠭᠡᠳ ᠪᠠᠶᠢᠬᠤ ᠳᠤ ᠨᠣᠭᠠᠢ ᠪᠤᠭ᠎ᠠ ᠭᠡᠳᠡᠭ ᠬᠦᠮᠦᠨ ᠢ 100 ᠬᠦᠮᠦᠨ ᠵᠠᠬᠢᠷᠣᠭᠤᠯᠣᠨ ᠲᠠᠩᠨᠠᠭᠤᠯ ᠳᠤ ᠶᠠᠪᠤᠭᠤᠯᠤᠭᠰᠠᠨ ᠪᠣᠯᠪᠠᠴᠤ ᠲᠡᠳᠡ ᠨᠢ ᠲᠤᠺᠲ᠋ᠤᠭ᠎ᠠ ᠶᠢᠨ ᠴᠡᠷᠢᠭ ᠲᠤ ᠪᠠᠷᠢᠭᠳᠠᠵᠤ᠂ ᠪᠤᠭ᠎ᠠ ᠭᠠᠭᠴᠠᠭᠠᠷ ᠢᠶᠠᠨ ᠵᠢᠭᠤᠳᠠᠨ ᠭᠠᠷᠴᠠᠢ᠃ ᠠᠳᠡ ᠠᠴᠠ ᠲᠤᠺᠲ᠋ᠤᠭ᠎ᠠ ᠬᠠᠭᠠᠨ ᠨᠤᠭᠠᠢ ᠵᠠᠩᠵᠤᠨ ᠤ ᠪᠠᠶᠢᠯᠳᠤᠭᠠᠨ ᠤ ᠲᠠᠺᠲ᠋ᠢᠺ ᠢ ᠲᠠᠭᠠᠪᠤᠷᠢᠯᠠᠨ ᠮᠡᠳᠡᠭᠰᠡᠨ ᠪᠣᠯᠣᠯᠲᠠᠢ᠃ ᠬᠤᠶᠠᠷ ᠲᠠᠯ᠎ᠠ ᠶᠢᠨ ᠴᠡᠷᠢᠭ ᠲᠤᠯᠤᠭᠠᠨ ᠳᠤ ᠣᠷᠣᠵᠦ ᠵᠢᠭᠤᠷᠠᠯᠳᠤᠨ ᠪᠠᠶᠢᠯᠳᠤᠭᠰᠠᠭᠠᠷ ᠣᠷᠣᠢ ᠨᠠᠷᠠ ᠵᠢᠷᠭᠠᠵᠤ ᠪᠠᠶᠢᠬᠤ ᠳᠤ ᠬᠡᠦᠬᠡᠳ ᠤᠳ ᠪᠣᠯᠣᠨ ᠴᠡᠷᠢᠭ ᠤᠳ ᠨᠢ ᠳᠠᠶᠢᠯᠳᠡᠨ ᠵᠢᠭᠤᠳᠠᠭᠠᠵᠤ᠂ ᠨᠤᠭᠠᠢ ᠪᠠᠷᠤᠭ ᠭᠠᠭᠴᠠᠭᠠᠷ ᠰᠢᠬᠠᠭᠤ ᠦᠯᠡᠳᠡᠵᠡᠢ᠃ ᠲᠡᠭᠦᠨ ᠤ ᠨᠠᠰᠤ ᠦᠨᠳᠦᠷ ᠪᠣᠯᠣᠭᠰᠠᠨ ᠪᠣᠯᠬᠤᠷ ᠵᠣᠪᠬᠢ ᠨᠢ ᠤᠨᠵᠢᠵᠤ᠂ ᠰᠣᠷᠮᠤᠤᠰᠤ ᠬᠦᠮᠦᠰᠬᠡ ᠨᠢ ᠨᠢᠳᠦ ᠶᠢ ᠨᠢ ᠳᠠᠷᠤᠵᠤ ᠶᠠᠭᠤᠮ᠎ᠠ ᠬᠠᠷᠠᠵᠤ ᠴᠢᠳᠠᠬᠤ ᠦᠬᠡᠢ ᠪᠣᠯᠣᠭᠰᠠᠨ ᠪᠠᠶᠢᠪᠠ᠃ ᠲᠡᠭᠦᠨ ᠢ ᠲᠤᠺᠲ᠋ᠤᠭ᠎ᠠ ᠶᠢᠨ ᠴᠡᠷᠢᠭ ᠲᠤ ᠠᠯᠪᠠ ᠬᠠᠭᠠᠵᠤ ᠪᠠᠶᠢᠭᠰᠠᠨ ᠣᠷᠣᠰ ᠴᠡᠷᠢᠭ ᠪᠠᠷᠢᠵᠤ ᠠᠪᠬᠤ ᠳᠤ ᠨᠢ ᠨᠤᠭᠠᠢ ᠦᠪᠡᠷ ᠤᠨ ᠨᠡᠷ᠎ᠡ ᠶᠢ ᠬᠡᠯᠡᠵᠦ᠄ ︽ᠨᠠᠮ᠎ᠠ ᠶᠢ ᠠᠯᠠᠯ ᠦᠬᠡᠢ ᠲᠤᠺᠲ᠋ᠤᠭ᠎ᠠ ᠳᠡᠭᠡᠷ᠎ᠡ ᠠᠪᠠᠴᠢᠵᠤ ᠦᠢᠭ᠃ ᠪᠢ ᠲᠡᠭᠦᠨ ᠲᠠᠢ ᠬᠡᠯᠡᠯᠴᠡᠭᠡ ᠬᠢᠬᠦ ᠶᠢ ᠬᠦᠰᠡᠵᠦ ᠪᠠᠶᠢᠨ᠎ᠠ︾ ᠭᠡᠬᠦ ᠳᠤ ᠦᠬᠡᠨ ᠳᠤᠨᠢ ᠣᠷᠣᠯ ᠦᠬᠡᠢ ᠨᠤᠭᠠᠢ ᠶᠢ ᠠᠯᠠᠵᠤ ᠲᠣᠯᠣᠭᠠᠢ ᠶᠢ ᠲᠠᠰᠤᠳᠠᠨ ᠠᠪᠤᠭᠠᠳ ᠲᠤᠺᠲ᠋ᠤᠭ᠎ᠠ ᠬᠠᠭᠠᠨ ᠳᠡᠭᠡᠷ᠎ᠡ ᠠᠪᠴᠢᠷᠠᠵᠠᠢ᠃ ᠭᠡᠪᠡᠴᠦ ᠲᠤᠺᠲ᠋ᠤᠭ᠎ᠠ ᠬᠠᠭᠠᠨ ᠬᠢᠯᠢᠩᠨᠡᠨ ᠠᠭᠤᠷᠯᠠᠵᠤ᠂ ᠴᠢᠩᠭᠢᠰ ᠬᠠᠭᠠᠨ ᠤ ᠤᠯᠠᠮᠵᠢᠯᠠᠯ ᠤᠨ ᠳᠠᠭᠠᠤ ᠡᠵᠡᠨ ᠵᠠᠬᠢᠷᠤᠭᠴᠢ ᠶᠢᠨ ᠪᠡᠶ᠎ᠡ ᠳᠤ ᠠᠶᠤᠮᠰᠢᠭ ᠦᠬᠡᠢ ᠬᠠᠯᠳᠠᠭᠰᠠᠨ ᠬᠡᠮᠡᠨ ᠲᠡᠷᠡ ᠣᠷᠣᠰ ᠴᠡᠷᠢᠭ ᠢ ᠴᠠᠭᠠᠵᠠ ᠪᠠᠷ ᠠᠪᠴᠤ ︽ᠦᠪᠡᠷ ᠬᠡᠨ ᠨᠢᠭᠡᠨ ᠪᠠᠰᠠ ᠡᠶᠢᠮᠦ ᠬᠡᠷᠡᠭ ᠬᠢᠴᠢᠭᠡᠳ ᠳᠠᠬᠢᠭᠠᠳ ᠢᠷᠡᠬᠦ ᠦᠬᠡᠢ ᠪᠠᠶᠢᠯᠭᠠᠬᠤ ᠶᠢᠨ ᠲᠤᠯᠠᠳᠠ ᠰᠢᠭᠦᠬᠦ ᠳᠡᠬᠦᠨ ᠢ ᠴᠠᠭᠠᠵᠠᠯᠠᠬᠤ ᠶᠢ ᠱᠠᠭᠠᠷᠳᠠᠵᠤ ᠪᠠᠶᠢᠭ᠎ᠠ ᠶᠤᠮ︾ ᠬᠡᠮᠡᠨ ᠬᠡᠯᠡᠭᠰᠡᠨ ᠭᠡᠳᠡᠭ᠃      ᠡᠶᠢᠨᠬᠦ ᠳᠦᠴᠢᠭᠡᠳ ᠵᠢᠯ ᠠᠯᠳᠠᠨ ᠣᠷᠳᠣᠨ ᠤ ᠤᠯᠤᠰ ᠤᠨ ᠠᠮᠢᠳᠤᠷᠠᠯ ᠳᠤ ᠢᠳᠡᠪᠬᠢ ᠲᠠᠢ ᠣᠷᠣᠯᠴᠠᠵᠦ᠂ ᠭᠠᠳᠠᠭᠠᠳᠤ ᠶᠢᠨ ᠬᠢᠨ ᠲᠡᠭᠦᠨ ᠢ ᠬᠠᠭᠠᠨ ᠬᠡᠮᠡᠨ ᠡᠷᠭᠦᠮᠵᠢᠯᠡᠨ ᠲᠤᠰᠬᠠᠶᠢᠯᠠᠨ ᠡᠯᠴᠢ ᠵᠠᠷᠤᠵᠦ᠂ ᠡᠯᠴᠢ ᠶᠢ ᠬᠦᠯᠢᠶᠡᠨ ᠠᠪᠴᠣ᠂ ᠬᠠᠭᠠᠨ ᠤ ᠵᠢᠩᠳᠠᠭᠠᠨ ᠳᠤ ᠦᠵᠡᠵᠦ ᠪᠠᠶᠢᠭᠰᠠᠨ ᠬᠦᠴᠦᠳᠦ ᠨᠤᠭᠠᠢ ᠵᠠᠩᠵᠤᠨ ᠤ ᠠᠮᠢᠳᠤᠷᠠᠯ ᠡᠮᠬᠡᠨᠢᠯ ᠲᠠᠢ ᠪᠠᠷ ᠲᠡᠭᠦᠰᠦᠭᠰᠡᠨ ᠠᠵᠢ᠃ ᠭᠡᠪᠡᠴᠦ ᠲᠡᠭᠦᠨ ᠤ ᠦᠢᠯᠡ ᠬᠡᠷᠡᠭ ᠲᠡᠦᠬᠡᠨ ᠳᠤ ᠲᠣᠳᠣ ᠪᠠᠷ ᠳᠤᠷᠠᠶᠢᠨ ᠦᠯᠡᠳᠡᠵᠦ᠂ ᠳᠣᠷᠣᠨᠠᠲᠤ ᠡᠸᠦᠷᠦᠫᠡ ᠶᠢᠨ ᠣᠷᠣᠨ ᠨᠤᠭᠤᠳ ᠢ ᠨᠣᠮᠣᠬᠠᠳᠬᠠᠵᠦ᠂ ᠬᠦᠴᠦᠷᠬᠡᠭ ᠠᠯᠳᠠᠨ ᠣᠷᠳᠣ ᠶᠢᠨ ᠤᠯᠤᠰ ᠤᠨ ᠲᠡᠷᠢᠭᠦᠨ ᠵᠠᠩᠵᠤᠨ ᠪᠠᠶᠢᠭᠰᠠᠨ ᠢᠶᠠᠷ ᠨᠢ ᠬᠦᠮᠦᠰ ᠳᠤᠷᠠᠰᠬᠤ ᠪᠣᠯᠵᠠᠢ᠃ ᠨᠤᠭᠠᠢ ᠶᠢᠨ ᠡᠵᠡᠮᠰᠢᠯ ᠨᠤᠲᠤᠭ ᠲᠡᠭᠦᠨᠴᠢᠯᠡᠨ ᠠᠩᠬ᠎ᠠ ᠦᠪᠡᠷ ᠤᠨ ᠠᠷᠮᠢ ᠶᠢ ᠪᠠᠶᠢᠭᠤᠯᠵᠤ ᠡᠬᠢᠯᠡᠭᠰᠡᠨ ᠭᠠᠵᠠᠷ ᠨᠢ ᠠᠯᠳᠠᠨ ᠣᠷᠳᠣ ᠶᠢᠨ ᠡᠮᠦᠨᠡᠲᠦ ᠬᠡᠰᠡᠭ ᠲᠤ ᠪᠠᠶᠢᠭᠰᠠᠨ ᠪᠦᠭᠡᠳ ᠨᠤᠭᠠᠢ ᠲᠡᠨᠳᠡᠬᠢ ᠶᠢᠨ ᠪᠦᠷᠢᠨ ᠡᠷᠬᠡᠲᠦ ᠡᠵᠡᠨ ᠪᠠᠶᠢᠭᠰᠠᠨ ᠶᠤᠮ᠃ ᠲᠡᠷᠡ ᠨᠤᠲᠤᠭ ᠤᠨ ᠵᠠᠷᠢᠮ ᠣᠪᠣᠭ ᠠᠶᠢᠮᠠᠭ ᠤᠳ ᠦᠪᠡᠷᠰᠡᠳ ᠢ ᠪᠠᠨ ᠨᠤᠭᠠᠶᠢᠴᠤᠳ ᠬᠡᠬᠦ ᠪᠣᠯᠵᠤ᠂ ᠡᠳᠦᠭᠡ ᠶᠢᠨ ᠨᠤᠭᠠᠢ ᠬᠡᠮᠡᠬᠦ ᠵᠢᠵᠢᠭ ᠦᠨᠳᠦᠰᠦᠳᠡᠨ ᠡᠭᠦᠰᠦᠭᠰᠡᠨ ᠲᠡᠦᠬᠡ ᠡᠶᠢᠮᠦ ᠠᠵᠢ᠃
ᠢᠷᠡᠯᠲᠡ᠄ ︽ᠮᠣᠩᠭᠤᠯᠴᠤᠳ ᠤᠨ ᠲᠡᠦᠬᠡᠨ ᠳᠤ ᠠᠯᠳᠠᠷᠰᠢᠭᠰᠠᠨ 33 ᠴᠤᠤᠲᠤ︾ ᠨᠣᠮ ᠠᠴᠠ