ᠬᠦᠩᠰᠡᠩᠨᠤᠷᠪᠤ ᠸᠠᠩ
ᠨᠡᠶᠢᠲᠡᠯᠡᠭᠰᠡᠨ ᠴᠠᠭ᠄
2023/2/28
      ᠬᠦᠩᠰᠡᠩᠨᠤᠷᠪᠤ ᠸᠠᠩ ︵1871 — 1931 ᠤᠨ︶ ᠪᠤᠯ ᠴᠢᠩᠬᠢᠰ ᠬᠠᠭᠠᠨ ᠤ ᠦᠷᠯᠦᠭ ᠵᠠᠩᠵᠤᠨ ᠵᠡᠯᠮ᠎ᠡ ᠶᠢᠨ ᠬᠤᠶᠢᠴᠢᠰ᠂ ᠵᠤᠰᠤᠳᠤ ᠶᠢᠨ ᠴᠢᠭᠤᠯᠭᠠᠨ ᠤ ᠬᠠᠷᠠᠴᠢᠨ ᠪᠠᠷᠠᠭᠤᠨ ᠬᠤᠰᠢᠭᠤᠨ ᠤ ᠦᠶ᠎ᠡ ᠵᠠᠯᠭᠠᠮᠵᠢᠯᠠᠭᠰᠠᠨ ᠵᠠᠰᠠᠭᠳᠤ ᠴᠢᠨ ᠸᠠᠩ᠂ ᠵᠤᠰᠤᠳᠤ ᠶᠢᠨ ᠴᠢᠭᠤᠯᠭᠠᠨ ᠤ ᠳᠠᠷᠤᠭ᠎ᠠ ᠮᠦᠨ᠃ ᠳᠡᠷᠡᠪᠡᠷ ᠦᠷᠦᠭᠡᠯ ᠲᠠᠢ ᠳᠤᠳᠤᠨᠤ ᠪᠠᠷ ᠬᠠᠷᠢᠯᠴᠠᠳᠠᠭ᠂ ᠳᠠᠶᠢᠪᠤᠩ ᠳᠤᠭᠳᠠᠭᠤᠨ ᠵᠠᠩ ᠲᠠᠢ᠂ ᠮᠤᠩᠭᠤᠯ᠂ ᠬᠢᠳᠡᠳ᠂ ᠮᠠᠨᠵᠦ᠂ ᠲᠦᠪᠡᠳ ᠵᠡᠷᠭᠡ ᠬᠡᠳᠦᠨ ᠵᠦᠢᠯ ᠤᠨ ᠬᠡᠯᠡᠨ ᠳᠤ ᠨᠡᠪᠳᠡᠷᠡᠵᠦ᠂ ᠰᠢᠯᠦᠭ ᠤᠶᠠᠩᠭ᠎ᠠ ᠳᠤ ᠴᠠᠭᠠᠷᠠᠨ᠂ ᠤᠷᠠᠨ ᠪᠢᠴᠢᠯᠭᠡ᠂ ᠤᠷᠠᠨ ᠵᠢᠷᠤᠭ ᠲᠤ ᠠᠪᠢᠶᠠᠰᠯᠢᠭ  ᠪᠠᠶᠢᠵᠠᠢ᠃ ᠳᠡᠬᠦᠨ ᠤ ᠪᠢᠴᠢᠭᠰᠡᠨ ︽ᠵᠤ᠋ ᠶᠸᠦ ᠵᠠᠢ ᠶᠢᠨ ᠰᠢᠯᠦᠭ ᠤᠨ ᠳᠤᠪᠬᠢᠮᠠᠯ︾ ᠨᠢ ᠠᠷᠠᠳ ᠤᠨ ᠳᠤᠮᠳᠠ ᠳᠡᠯᠭᠡᠷᠡᠵᠦ ᠨᠡᠷ᠎ᠡ ᠨᠦᠯᠦᠭᠡ ᠲᠠᠢ ᠪᠤᠯᠤᠭᠰᠠᠨ ᠶᠤᠮ᠃       1898 ᠤᠨ ᠳᠤ ᠸᠠᠩᠳᠤᠤᠨᠠᠮᠵᠢᠯ ᠸᠠᠩ ᠡᠪᠡᠳᠴᠢᠨ ᠢᠶᠠᠷ ᠨᠠᠰᠤ ᠪᠠᠷᠠᠭᠰᠠᠨ ᠤ ᠳᠠᠷᠠᠭ᠎ᠠ ᠵᠢᠯ ᠤᠨ ᠬᠢᠨᠢ ᠬᠠᠪᠤᠷ ᠬᠦᠩᠰᠡᠩᠨᠤᠷᠪᠤ ᠬᠠᠷᠠᠴᠢᠨ ᠸᠠᠩ ᠤᠨ ᠰᠠᠭᠤᠷᠢᠨ ᠢ ᠵᠠᠯᠭᠠᠮᠵᠢᠯᠠᠪᠠ᠃ ᠬᠦᠩ ᠸᠠᠩ ᠪᠤᠯ ᠮᠤᠩᠭᠤᠯᠴᠤᠳ ᠤᠨ ᠤᠷᠴᠢᠨ ᠦᠶ᠎ᠡ ᠶᠢᠨ ᠳᠡᠦᠭᠡᠨ ᠳᠤ ᠴᠢᠬᠤᠯᠠ ᠪᠠᠶᠢᠷᠢ ᠰᠠᠭᠤᠷᠢ ᠶᠢ ᠡᠵᠡᠯᠡᠬᠦ ᠳᠡᠦᠭᠡᠨ ᠬᠦᠮᠦᠨ ᠪᠤᠯᠬᠤ ᠶᠤᠮ᠂ ᠮᠤᠩᠭᠤᠯ ᠦᠨᠳᠦᠰᠦᠳᠡᠨ ᠤ ᠪᠠᠨ ᠮᠠᠨᠳᠤᠯ ᠪᠠᠳᠠᠷᠠᠯ ᠪᠤᠯᠤᠨ ᠤᠷᠤᠨ ᠨᠤᠳᠤᠭ ᠤᠨ ᠢᠶᠠᠨ ᠤᠯᠤᠰ ᠲᠦᠷᠦ᠂ ᠠᠵᠦ ᠠᠬᠤᠢ᠂ ᠰᠤᠶᠤᠯ ᠤᠨ ᠬᠦᠭᠵᠢᠯᠳᠡ ᠶᠢᠨ ᠳᠦᠯᠦᠭᠡ ᠳᠡᠷᠡᠪᠡᠷ ᠠᠯᠢ ᠤᠯᠠᠨ ᠦᠭᠡᠷᠡᠴᠢᠯᠡᠯᠳᠡ ᠰᠢᠨᠡᠴᠢᠯᠡᠯᠳᠡ ᠬᠢᠵᠦ᠂ ᠴᠢᠮᠦᠭᠡ ᠪᠠᠨ ᠳᠤᠮᠳᠠᠷᠠᠯ᠎ᠠ ᠵᠢᠳᠬᠦᠵᠦ᠂ ᠵᠢᠷᠦᠭᠡ ᠰᠡᠳᠬᠢᠯ ᠢᠶᠠᠨ ᠵᠦᠳᠡᠭᠡᠵᠦ ᠢᠷᠡᠭᠰᠡᠨ ᠰᠡᠭᠡᠭᠡᠷᠡᠭᠰᠡᠨ ᠸᠠᠩ ᠪᠢᠯᠡ᠃ ᠳᠡᠷᠡᠪᠡᠷ ᠮᠤᠩᠭᠤᠯ ᠦᠨᠳᠦᠰᠦᠳᠡᠨ ᠤ ᠬᠦᠭᠵᠢᠯ ᠪᠠᠳᠠᠷᠠᠯ ᠳᠤ ᠶᠠᠨᠳᠠᠰᠢ ᠦᠭᠡᠢ ᠬᠤᠪᠢ ᠨᠡᠮᠡᠷᠢ ᠦᠵᠡᠬᠦᠯᠵᠦ᠂ ᠠᠷᠪᠠᠨ ᠳᠤᠮᠤ ᠦᠢᠯᠡᠰ ᠢ ᠮᠤᠩᠭᠤᠯ ᠤᠷᠤᠨ ᠳᠤ ᠠᠩᠬ᠎ᠠ ᠤᠳᠠᠭ᠎ᠠ ᠡᠬᠦᠰᠭᠡᠨ ᠪᠠᠶᠢᠭᠤᠯᠤᠭᠰᠠᠨ ᠶᠤᠮ᠃        ︵ᠨᠢᠭᠡ︶ 1901 ᠤᠨ ᠳᠤ ᠲᠡᠷᠡ ᠪᠠᠷ ᠦᠪᠦᠷ ᠮᠤᠩᠭᠤᠯ ᠤᠨ ᠠᠩᠬᠠᠳᠠᠭᠴᠢ ᠴᠡᠷᠢᠭ ᠤᠨ ᠰᠤᠷᠭᠠᠭᠤᠯᠢ — ᠱᠸᠦ ᠵᠦᠩ ᠡᠤ ᠰᠤᠷᠭᠠᠭᠤᠯᠢ ᠶᠢ ᠪᠠᠶᠢᠭᠤᠯᠵᠦ᠂ ᠶᠤᠸᠠᠨ ᠱᠢ ᠺᠠᠢ ᠪᠠᠷ ᠳᠠᠮᠵᠢᠭᠤᠯᠤᠨ᠂ ᠴᠡᠷᠢᠭ ᠤᠨ ᠰᠤᠷᠭᠠᠭᠤᠯᠢ ᠶᠢᠨ ᠪᠠᠭᠰᠢ ᠵᠠᠯᠠᠵᠦ᠂ ᠨᠢᠭᠡᠨ ᠠᠩᠬᠢ ᠰᠢᠯᠢᠳᠡᠭ ᠮᠤᠷᠢᠳᠤ ᠴᠡᠷᠢᠭ ᠢ ᠪᠠᠶᠢᠭᠤᠯᠵᠦ᠂ ᠰᠢᠨ᠎ᠡ ᠴᠡᠷᠢᠭ ᠠᠩᠬᠢ ᠶᠢᠨ ᠰᠤᠷᠭᠠᠭᠤᠯᠢᠯᠠᠯ ᠤᠨ ᠠᠷᠭ᠎ᠠ ᠪᠠᠷ ᠰᠤᠷᠢᠯᠳᠠ ᠪᠤᠯᠪᠠᠰᠤᠷᠠᠯ ᠬᠢᠯᠭᠡᠵᠡᠢ᠃       ︵ᠬᠤᠶᠠᠷ︶ ᠮᠤᠩᠭᠤᠯᠴᠤᠳ ᠤᠨ ᠳᠤᠮᠳᠠᠬᠢ ᠠᠩᠬᠠᠳᠠᠭᠴᠢ ᠠᠯᠪᠠᠨ ᠠᠴᠠ ᠡᠷᠬᠢᠯᠡᠭᠰᠡᠨ ᠰᠢᠨ᠎ᠡ ᠮᠠᠶ᠋ᠢᠭ ᠤᠨ ᠰᠤᠷᠭᠠᠭᠤᠯᠢ ᠪᠤᠯᠬᠤ ᠲᠦᠪ ᠴᠢᠭᠴᠢ ᠶᠢ ᠡᠷᠬᠢᠮᠯᠡᠬᠦ — ᠴᠦᠩ ᠵᠧᠩ ᠰᠤᠷᠭᠠᠭᠤᠯᠢ ᠶᠢ 1902 ᠤᠨ ᠳᠤ ᠸᠠᠩ ᠤᠨ ᠤᠷᠳᠤᠨ ᠤ ᠪᠠᠷᠠᠭᠤᠨ ᠶᠠᠮᠤᠨ ᠳᠠᠭᠠᠨ ᠡᠷᠬᠢᠯᠡᠨ ᠪᠠᠶᠢᠭᠤᠯᠵᠦ᠂ ᠤᠷᠤᠨ ᠨᠤᠳᠤᠭ ᠤᠨ ᠢᠶᠠᠨ ᠠᠮᠢᠳᠤᠷᠠᠯ ᠶᠠᠳᠠᠭᠤ ᠬᠡᠦᠭᠡᠳ ᠪᠠᠭᠠᠴᠤᠳ ᠢ ᠳᠦᠯᠦᠪᠦᠷᠢ ᠦᠭᠡᠢ ᠪᠠᠷ ᠡᠯᠰᠡᠵᠦ ᠰᠤᠷᠤᠯᠴᠠᠭᠤᠯᠪᠠ᠃ ᠰᠤᠷᠭᠠᠭᠤᠯᠢ ᠶᠢᠨ ᠪᠡᠯᠡᠳᠭᠡᠯ ᠳᠦᠬᠦᠭᠡᠷᠦᠮᠵᠢ ᠪᠦᠷᠢᠨ᠂ ᠬᠤᠨᠤᠬᠤ ᠦᠷᠦᠭᠡ᠂ ᠬᠤᠭᠤᠯᠠᠨ ᠭᠡᠷ᠂ ᠨᠤᠮ ᠤᠨ ᠰᠠᠩ ᠪᠦᠷ ᠪᠠᠶᠢᠭ᠎ᠠ ᠳᠤᠯᠠ ᠰᠤᠷᠭᠠᠭᠤᠯᠢ ᠳᠤ ᠰᠠᠭᠤᠬᠤ ᠳᠤᠷ᠎ᠠ ᠲᠠᠢ ᠨᠢ ᠦᠯᠡᠳᠡᠭᠡᠵᠦ ᠰᠠᠭᠤᠬᠤ ᠳᠤᠷ᠎ᠠ ᠦᠭᠡᠢ ᠨᠢ ᠮᠤᠷᠢᠨ ᠳᠡᠷᠭᠡ ᠪᠠᠷ ᠬᠦᠷᠭᠡᠵᠦ ᠪᠠᠶᠢᠪᠠ᠃       ︵ᠭᠤᠷᠪᠠ︶ 1904 ᠤᠨ ᠳᠤ ᠮᠤᠩᠭᠤᠯ ᠤᠨ ᠬᠠᠮᠤᠭ ᠤᠨ ᠠᠩᠬᠠᠳᠠᠭᠴᠢ ᠦᠬᠢᠳ ᠤᠨ ᠰᠤᠷᠭᠠᠭᠤᠯᠢ — ᠢᠤᠢ ᠵᠧᠩ ᠦᠬᠢᠳ ᠤᠨ ᠰᠤᠷᠭᠠᠭᠤᠯᠢ ᠶᠢ ᠪᠠᠶᠢᠭᠤᠯᠵᠠᠢ᠃ 1904 ᠤᠨ ᠳᠤ ᠬᠦᠩᠰᠡᠩᠨᠤᠷᠪᠤ ᠶᠠᠫᠤᠨ ᠳᠤ ᠨᠢᠭᠤᠴᠨ ᠪᠠᠷ ᠠᠶᠢᠯᠴᠢᠯᠠᠵᠦ᠂ ᠤᠯᠤᠰ ᠲᠦᠷᠦ᠂ ᠠᠵᠦ ᠠᠬᠤᠢ᠂ ᠴᠡᠷᠢᠭ ᠳᠠᠶᠢᠨ᠂ ᠰᠤᠷᠭᠠᠨ ᠬᠦᠮᠦᠵᠢᠯ ᠤᠨ ᠳᠠᠯ᠎ᠠ ᠪᠠᠷ ᠪᠠᠶᠢᠴᠠᠭᠠᠯᠳᠠ ᠬᠢᠵᠦ ᠶᠠᠪᠤᠬᠤ ᠳᠠᠭᠠᠨ ᠳᠤᠤᠺᠢᠤ᠋ ᠶᠢᠨ ᠵᠢᠰᠰᠸᠢᠢᠨ ᠦᠬᠢᠳ ᠤᠨ ᠰᠤᠷᠭᠠᠭᠤᠯᠢ ᠶᠢᠨ ᠵᠠᠬᠢᠷᠤᠯ ᠰᠢᠮᠤᠳᠠ ᠤᠲ᠋ᠠᠺᠤ ᠲᠠᠢ ᠠᠭᠤᠯᠵᠠᠭᠠᠳ ᠨᠢᠳᠦ ᠨᠡᠭᠡᠭᠡᠵᠦ᠂ ᠡᠮᠡᠭᠳᠡᠶᠢᠴᠤᠳ ᠢ ᠰᠤᠷᠭᠠᠬᠤ ᠳᠠᠯ᠎ᠠ ᠪᠠᠷ ᠰᠢᠨ᠎ᠡ ᠳᠠᠨᠢᠯᠳᠠ ᠲᠠᠢ ᠪᠤᠯᠵᠠᠢ᠃ ᠳᠡᠭᠡᠭᠡᠳ ᠨᠤᠳᠤᠭ ᠲᠠᠭᠠᠨ ᠪᠤᠴᠠᠵᠦ ᠢᠷᠡᠭᠰᠡᠨ ᠤ ᠳᠠᠷᠠᠭ᠎ᠠ ᠢᠤᠢ ᠵᠧᠩ ᠦᠬᠢᠳ ᠤᠨ ᠰᠤᠷᠭᠠᠭᠤᠯᠢ ᠶᠢ ᠪᠠᠶᠢᠭᠤᠯᠵᠦ᠂ 24 ᠰᠤᠷᠤᠭᠴᠢ ᠡᠯᠰᠡᠭᠰᠡᠨ ᠤ ᠳᠤᠳᠤᠷ᠎ᠠ ᠬᠦᠩᠰᠡᠩᠨᠤᠷᠪᠤ ᠶᠢᠨ ᠦᠬᠢᠨ ᠳᠠᠬᠦᠦ ᠴᠦ ᠪᠠᠶᠢᠭᠰᠠᠨ ᠶᠤᠮ᠃ ᠰᠤᠷᠭᠠᠭᠤᠯᠢ ᠶᠢᠨ ᠬᠡᠷᠡᠭ ᠶᠠᠪᠤᠳᠠᠯ ᠢ ᠳᠡᠬᠦᠨ ᠤ ᠬᠠᠳᠤᠨ ᠱᠠᠨ ᠺᠦᠨ ᠡᠷᠬᠢᠯᠡᠵᠦ᠂ ᠬᠢᠳᠡᠳ ᠮᠤᠩᠭᠤᠯ ᠡᠮᠡᠭᠳᠡᠢ ᠪᠠᠭᠰᠢ ᠵᠠᠯᠠᠵᠦ ᠬᠢᠴᠢᠶᠡᠯ ᠵᠢᠭᠠᠯᠭᠠᠵᠦ ᠪᠠᠶᠢᠪᠠ᠃ ᠶᠠᠫᠤᠨ ᠤ ᠬᠠᠭᠤᠷᠠᠢ ᠵᠠᠮ ᠤᠨ ᠴᠡᠷᠢᠭ ᠤᠨ ᠬᠡᠯᠳᠡᠰ ᠠᠴᠠ ᠺᠠᠸᠠᠬᠢᠷᠠ ᠲᠠᠳᠠᠺᠤ ︵ᠦᠨᠡᠨ ᠳᠡᠭᠡᠨ ᠬᠦᠩᠰᠡᠩᠨᠤᠷᠪᠤ ᠸᠠᠩ ᠤᠨ ᠤᠷᠤᠰ ᠤᠯᠤᠰ ᠯᠤᠭ᠎ᠠ ᠶᠢᠨ ᠬᠠᠷᠢᠯᠴᠠᠭ᠎ᠠ ᠶᠠᠪᠤᠯᠴᠠᠭ᠎ᠠ ᠶᠢ ᠳᠠᠩᠨᠠᠬᠤ ᠵᠤᠷᠢᠯᠭ᠎ᠠ ᠪᠠᠷ ᠢᠷᠡᠵᠡᠢ︶ ᠶᠢ ᠤᠷᠢᠵᠦ᠂ ᠶᠠᠫᠤᠨ ᠬᠡᠯᠡ᠂ ᠳᠤᠭ᠎ᠠ ᠪᠤᠳᠤᠯᠭ᠎ᠠ᠂ ᠭᠠᠷ ᠤᠷᠠᠯᠠᠯ᠂ ᠳᠠᠭᠤᠤ ᠬᠦᠭᠵᠢᠮ᠂ ᠵᠢᠷᠤᠭ᠂ ᠳᠠᠮᠢᠷ ᠵᠡᠷᠭᠡ ᠬᠢᠴᠢᠶᠡᠯ ᠢ ᠵᠢᠭᠠᠯᠭᠠᠵᠦ ᠪᠠᠶᠢᠵᠠᠢ᠃ ᠮᠦᠨ ᠳᠤᠰ ᠵᠢᠯ ᠬᠦᠩᠰᠡᠩᠨᠤᠷᠪᠤ ᠪᠠᠰᠠ ᠸᠠᠩ ᠤᠨ ᠤᠷᠳᠤᠨ ᠤ ᠪᠠᠷᠠᠭᠤᠨ ᠳᠠᠬᠢ ᠬᠠᠭᠤᠴᠢᠨ ᠤᠷᠳᠤᠨ ᠳᠤ ᠱᠸᠦ ᠵᠧᠩ ᠡᠤ ᠰᠤᠷᠭᠠᠭᠤᠯᠢ ᠶᠢ ᠪᠠᠶᠢᠭᠤᠯᠵᠦ᠂ ᠬᠤᠰᠢᠭᠤᠨ ᠤ ᠨᠤᠶᠠᠳ ᠤᠨ ᠬᠡᠦᠭᠡᠳ ᠳᠡᠬᠦᠦ ᠨᠠᠷ ᠤᠨ ᠳᠤᠳᠤᠷ᠎ᠠ ᠠᠴᠠ 30 ᠬᠦᠮᠦᠨ ᠢ ᠰᠤᠩᠭᠤᠵᠦ᠂ ᠠᠩᠬ᠎ᠠ ᠵᠡᠷᠭᠡ ᠶᠢᠨ ᠴᠡᠷᠢᠭ ᠤᠨ ᠨᠤᠶᠠᠨ ᠤ ᠡᠷᠳᠡᠮ ᠢ ᠰᠤᠷᠭᠠᠪᠠ᠃        ︵ᠳᠥᠷᠪᠡ︶ 1902 ᠤᠨ ᠳᠤ ᠦᠪᠦᠷ ᠮᠤᠩᠭᠤᠯ ᠤᠨ ᠠᠩᠬᠠᠳᠠᠭᠴᠢ ᠨᠤᠮ ᠤᠨ ᠰᠠᠩ ᠢ ᠪᠠᠶᠢᠭᠤᠯᠵᠦ᠂ ᠬᠡᠦᠭᠡᠳ ᠪᠠᠭᠠᠴᠤᠳ ᠤᠨ ᠨᠤᠮ ᠵᠤᠬᠢᠶᠠᠯ ᠤᠩᠰᠢᠬᠤ ᠳᠤ ᠳᠦᠬᠦᠮ ᠪᠤᠯᠭᠠᠵᠠᠢ᠃       ︵ᠲᠠᠪᠤ︶ ᠠᠩᠬ᠎ᠠ ᠤᠳᠠᠭ᠎ᠠ ᠶᠠᠫᠤᠨ ᠳᠤ ᠰᠤᠷᠤᠭᠴᠢ ᠳᠤᠮᠢᠯᠠᠨ ᠰᠤᠷᠤᠯᠴᠠᠭᠤᠯᠪᠠ᠃ ᠢᠤᠢ ᠵᠧᠩ ᠡᠮᠡᠭᠳᠡᠶᠢᠴᠤᠳ ᠤᠨ ᠰᠤᠷᠭᠠᠭᠤᠯᠢ ᠠᠴᠠ ᠰᠢᠯᠢᠳᠡᠭ ᠰᠤᠷᠤᠭᠴᠢᠳ ᠢ ᠰᠤᠩᠭᠤᠨ᠂ ᠳᠤᠤᠺᠢᠤ᠋ ᠶᠢᠨ ᠰᠢᠰᠰᠸᠢᠢᠨ ᠡᠮᠡᠭᠳᠡᠶᠢᠴᠤᠳ ᠤᠨ ᠰᠤᠷᠭᠠᠭᠤᠯᠢ ᠳᠤ 3 ᠬᠦᠮᠦᠨ᠂ ᠳᠤᠤᠺᠢᠤ᠋ ᠶᠢᠨ ᠡᠤ ᠵᠧᠨ ᠰᠤᠷᠭᠠᠭᠤᠯᠢ ᠳᠤ 5 ᠬᠦᠮᠦᠨ ᠢ ᠳᠤᠰ ᠳᠤᠮᠢᠯᠠᠨ ᠰᠤᠷᠤᠯᠴᠠᠭᠤᠯᠵᠠᠢ᠃ ᠳᠡᠷᠡᠪᠡᠷ ᠪᠠᠰᠠ ᠨᠢᠭᠡ ᠪᠦᠯᠦᠭ ᠰᠤᠷᠤᠭᠴᠢᠳ ᠢ ᠰᠤᠩᠭᠤᠨ ᠪᠤᠤ ᠳ᠋ᠢᠩ ᠤᠨ ᠠᠩᠬ᠎ᠠ ᠵᠡᠷᠭᠡ ᠶᠢᠨ ᠪᠠᠭᠰᠢ ᠶᠢᠨ ᠰᠤᠷᠭᠠᠭᠤᠯᠢ᠂ ᠱᠠᠩᠬᠠᠢ ᠶᠢᠨ ᠨᠠᠨᠶᠠᠩ ᠳᠤᠮᠳᠠᠳᠤ ᠰᠤᠷᠭᠠᠭᠤᠯᠢ᠂ ᠲᠢᠶᠠᠨᠵᠢᠨ ᠤ ᠤᠮᠠᠷᠠᠳᠤ ᠤᠷᠤᠨ ᠤ ᠴᠡᠷᠢᠭ ᠤᠨ ᠡᠷᠭᠡᠳᠡᠨ ᠤ ᠰᠤᠷᠭᠠᠭᠤᠯᠢ᠂ ᠪᠡᠭᠡᠵᠢᠩ ᠤᠨ ᠬᠠᠭᠤᠷᠠᠢ ᠵᠠᠮ ᠤᠨ ᠴᠡᠷᠢᠭ ᠤᠨ ᠰᠤᠷᠭᠠᠭᠤᠯᠢ᠂ ᠪᠤᠤ ᠳ᠋ᠢᠩ ᠤᠨ ᠨᠤᠶᠠᠨ ᠤ ᠰᠤᠷᠭᠠᠭᠤᠯᠢ᠂ ᠪᠡᠭᠡᠵᠢᠩ ᠤᠨ ᠬᠡᠮᠵᠢᠨ ᠵᠢᠷᠤᠬᠤ ᠰᠤᠷᠭᠠᠭᠤᠯᠢ ᠵᠡᠷᠭᠡ ᠰᠤᠷᠭᠠᠭᠤᠯᠢ ᠪᠠᠷ ᠳᠤᠮᠢᠯᠠᠨ ᠰᠤᠷᠤᠯᠴᠠᠭᠤᠯᠵᠦ ᠪᠠᠶᠢᠪᠠ᠃       ︵ᠵᠢᠷᠭᠤᠭ᠎ᠠ︶ ᠠᠩᠬ᠎ᠠ ᠤᠳᠠᠭ᠎ᠠ ᠰᠤᠨᠢᠨ ᠡᠷᠬᠢᠯᠡᠪᠡ᠃ ᠰᠢᠨ᠎ᠡ ᠵᠠᠰᠠᠭ ᠢᠶᠠᠨ ᠤᠬᠠᠭᠤᠯᠵᠦ᠂ ᠠᠷᠠᠳ ᠢ ᠰᠡᠭᠡᠭᠡᠷᠡᠬᠦᠯᠬᠦ ᠶᠢᠨ ᠳᠦᠯᠦᠭᠡ ᠰᠤᠨᠢᠨ ᠤ ᠬᠤᠷᠢᠶ᠎ᠠ ᠪᠠᠶᠢᠭᠤᠯᠵᠦ᠂ ᠡᠳᠦᠷ ᠠᠯᠤᠰᠯᠠᠪᠠᠯ ᠨᠢᠭᠡ ᠤᠳᠠᠭ᠎ᠠ ᠴᠢᠯᠠᠭᠤᠨ ᠪᠠᠷ ᠤᠨ ︽ᠢᠩ ᠪᠤᠤ︾ ᠰᠤᠨᠢᠨ ᠢ ᠳᠠᠷᠤᠮᠠᠯᠯᠠᠨ ᠤᠯᠤᠰ ᠤᠨ ᠳᠤᠳᠤᠭᠠᠳᠤ ᠭᠠᠳᠠᠭᠠᠳᠤ ᠶᠢᠨ ᠰᠤᠨᠢᠨ ᠮᠡᠳᠡᠭᠡ᠂ ᠰᠢᠨᠵᠢᠯᠡᠬᠦ ᠤᠬᠠᠭᠠᠨ ᠤ ᠮᠡᠳᠡᠯᠭᠡ᠂ ᠡᠯ᠎ᠡ ᠴᠢᠭᠤᠯᠭᠠᠨ ᠤ ᠪᠠᠶᠢᠳᠠᠯ ᠵᠡᠷᠭᠡ ᠶᠢ ᠨᠡᠶᠢᠳᠡᠯᠡᠵᠦ᠂ ᠳᠤᠰᠬᠠᠢ ᠬᠦᠮᠦᠨ ᠢᠶᠠᠷ ᠬᠤᠰᠢᠭᠤᠨ ᠤ ᠳᠤᠳᠤᠭᠠᠳᠤ ᠭᠠᠳᠠᠭᠠᠳᠤ ᠳᠤ ᠳᠠᠷᠬᠠᠭᠠᠯᠭᠠᠵᠦ ᠪᠠᠶᠢᠪᠠ᠃       ︵ᠳᠣᠯᠤᠭ᠎ᠠ︶ ᠠᠩᠬ᠎ᠠ ᠤᠳᠠᠭ᠎ᠠ ᠰᠢᠤᠳᠠᠨ᠂ ᠰᠢᠤᠳᠠᠨ ᠤ ᠵᠦᠢᠯ ᠢ ᠵᠦᠭᠡᠭᠡᠬᠦ᠂ ᠳ᠋ᠢᠶᠠᠨᠪᠤᠤ ᠬᠦᠯᠢᠶᠡᠨ ᠠᠪᠬᠤ ᠭᠠᠵᠠᠷ ᠢ ᠪᠠᠶᠢᠭᠤᠯᠵᠠᠢ᠃ ᠬᠠᠷᠠᠴᠢᠨ ᠬᠤᠰᠢᠭᠤᠨ ᠤ ᠵᠠᠮ ᠨᠡᠪᠳᠡᠷᠡᠯᠭᠡ ᠬᠤᠴᠤᠷᠤᠩᠭᠤᠢ ᠪᠠᠶᠢᠳᠠᠯ ᠢ ᠦᠭᠡᠷᠡᠴᠢᠯᠡᠬᠦ ᠶᠢᠨ ᠳᠦᠯᠦᠭᠡ ᠸᠧᠢ ᠴᠠᠩ ︵ᠠᠩᠨᠠᠭᠤᠷ ᠤᠨ ᠭᠠᠵᠠᠷ︶ ᠠᠴᠠ ᠸᠠᠩ ᠤᠨ ᠤᠷᠳᠤᠨ ᠬᠦᠷᠳᠡᠯᠡᠬᠢ 90 ᠭᠠᠵᠠᠷ ᠤᠨ ᠬᠡᠪᠴᠢᠶᠡᠨ ᠳᠤ ᠦᠪᠡᠷ ᠤᠨ ᠪᠡᠶ᠎ᠡ ᠪᠠᠷ ᠢᠶᠠᠨ ᠬᠠᠶᠢᠨ ᠪᠠᠶᠢᠴᠠᠭᠠᠵᠦ᠂ ᠴᠠᠬᠢᠯᠭᠠᠨ ᠤᠳᠠᠰᠤ ᠳᠠᠳᠠᠨ ᠳᠤᠳᠤᠷ ᠭᠠᠵᠠᠷ ᠲᠠᠢ ᠨᠡᠪᠳᠡᠷᠡᠯᠴᠡᠬᠦ ᠪᠤᠯᠭᠠᠵᠠᠢ᠃ ᠭᠤᠷᠪᠠᠨ ᠰᠢᠯᠢᠳᠡᠭ ᠮᠤᠩᠭᠤᠯ ᠵᠠᠯᠠᠭᠤ ᠶᠢ ᠰᠤᠩᠭᠤᠵᠦ᠂ 3 ᠡᠭᠡᠯᠵᠢ ᠪᠤᠯᠭᠠᠨ᠂ ᠪᠡᠭᠡᠵᠢᠩ — — ᠬᠠᠷᠠᠴᠢᠨ ᠤ ᠬᠤᠭᠤᠷᠤᠨᠳᠤ ᠰᠢᠤᠳᠠᠨ ᠪᠠᠶᠢᠭᠤᠯᠪᠠ᠃       ︵ᠨᠠᠢᠮᠠ︶ ᠠᠩᠬ᠎ᠠ ᠤᠳᠠᠭ᠎ᠠ ᠶᠡᠷᠦᠩᠭᠡᠶᠢᠯᠡᠭᠰᠡᠨ ᠴᠢᠨᠠᠷᠳᠠᠢ ᠦᠢᠯᠡᠳᠪᠤᠷᠢ ᠪᠠᠶᠢᠭᠤᠯᠵᠦ᠂ ᠲᠢᠶᠡᠨᠵᠢᠨ ᠤ ᠤᠮᠠᠷᠠᠳᠤ ᠤᠷᠤᠨ ᠳᠠᠬᠢ ᠴᠡᠷᠢᠭ ᠤᠨ ᠡᠷᠭᠡᠳᠡᠨ ᠤ ᠦᠢᠯᠡᠳᠪᠤᠷᠢ ᠳᠤ ᠳᠠᠳᠤᠯᠭ᠎ᠠ ᠬᠢᠵᠦ ᠢᠷᠡᠭᠰᠡᠨ ᠰᠤᠷᠤᠭᠴᠢ ᠶᠢ ᠮᠡᠷᠭᠡᠵᠢᠯᠳᠡᠨ ᠢᠶᠠᠷ ᠵᠠᠯᠠᠵᠦ᠂ ᠮᠤᠩᠭᠤᠯ ᠵᠠᠯᠠᠭᠤᠰ ᠢ ᠦᠢᠯᠡᠳᠪᠤᠷᠢ ᠳᠤ ᠤᠷᠤᠭᠤᠯᠵᠦ᠂ ᠪᠦᠰ ᠨᠡᠭᠡᠬᠦ ᠂ ᠪᠤᠳᠤᠭ ᠤᠷᠤᠭᠤᠯᠬᠤ᠂ ᠢᠰᠡᠬᠡᠢ ᠬᠢᠬᠦ᠂ ᠰᠠᠪᠤᠩ ᠬᠢᠬᠦ᠂ ᠯᠠ ᠬᠢᠬᠦ᠂ ᠪᠤᠳᠤᠭ ᠬᠢᠬᠦ ᠵᠡᠷᠭᠡ ᠠᠵᠢᠯ ᠢ ᠡᠷᠬᠢᠯᠡᠵᠡᠢ᠃ ᠴᠢᠩ ᠤᠨ ᠵᠠᠰᠠᠭ ᠤᠨ ᠤᠷᠳᠤᠨ ᠢᠶᠠᠷ ᠵᠦᠪᠰᠢᠶᠡᠷᠡᠬᠦᠯᠦᠨ ᠤᠷᠤᠰ ᠤᠨ ᠳ᠋ᠤᠤ ᠱᠧᠩ ᠪᠠᠩᠬᠢ ᠠᠴᠠ 3 ᠲᠦᠮᠡᠨ ᠯᠠᠩ ᠮᠦᠩᠬᠦ ᠵᠢᠭᠡᠯᠡᠨ ︽ᠰᠠᠨ ᠢ ᠭᠠᠳᠠᠭᠠᠳᠤ ᠪᠠᠩᠬᠢ︾ ᠶᠢ ᠪᠠᠶᠢᠭᠤᠯᠵᠠᠢ᠃       ︵ᠶᠢᠰᠦ︶ ᠬᠤᠰᠢᠭᠤᠨ ᠤ ᠪᠠᠨ ᠬᠤᠷᠢᠭᠠᠳ ᠵᠠᠯᠠᠭᠤ ᠶᠢ ᠡᠯᠰᠡᠵᠦ᠂ ᠸᠠᠩ ᠤᠨ ᠤᠷᠳᠤᠨ ᠳᠠᠭᠠᠨ ᠴᠠᠭᠳᠠᠭ᠎ᠠ ᠶᠢᠨ ᠳᠤᠪᠴᠢᠶ᠎ᠠ ᠪᠠᠶᠢᠭᠤᠯᠵᠦ᠂ ᠤᠷᠤᠨ ᠨᠤᠳᠤᠭ ᠤᠨ ᠠᠮᠤᠷ ᠳᠦᠪᠰᠢᠨ ᠢ ᠬᠠᠮᠠᠭᠠᠯᠠᠪᠠ᠃       ︵ᠠᠷᠪᠠ︶ ᠠᠩᠬ᠎ᠠ ᠤᠳᠠᠭ᠎ᠠ ᠡᠮᠦᠨᠡᠳᠦ ᠶᠢᠨ ᠢᠯᠠᠮ᠎ᠠ ᠶᠢ ᠤᠮᠠᠷᠠᠰᠢ ᠰᠢᠯᠵᠢᠬᠦᠯᠵᠦ᠂ ᠬᠦᠷᠢ ᠳᠡᠵᠢᠭᠡᠬᠦ ᠦᠢᠯᠡᠰ ᠢ ᠬᠦᠭᠵᠢᠬᠦᠯᠵᠡᠢ᠃ 1908 ᠤᠨ ᠳᠤ ᠬᠦᠩᠰᠡᠩᠨᠤᠷᠪᠤ ᠴᠢᠩ ᠤᠯᠤᠰ ᠤᠨ ᠵᠠᠰᠠᠭ ᠤᠨ ᠭᠠᠵᠠᠷ ᠲᠤ ︽ᠦᠴᠦᠭᠡᠨ ᠳᠡᠳᠦᠢ ᠦᠵᠡᠯᠳᠡ ᠨᠠᠢᠮᠠᠨ ᠵᠤᠷᠪᠤᠰ ᠢ ᠬᠢᠴᠢᠶᠡᠩᠬᠦ᠋ᠢᠯᠡᠪᠡ︾ ᠬᠡᠳᠡᠭ ᠠᠶᠢᠯᠠᠳᠬᠠᠯ ᠪᠢᠴᠢᠭ ᠡᠷᠬᠦᠵᠦ᠂ ᠵᠧᠵᠢᠶᠠᠩ ᠠᠴᠠ ᠬᠡᠳᠦᠨ ᠲᠦᠮᠡᠨ ᠢᠯᠠᠮ᠎ᠠ ᠶᠢᠨ ᠮᠤᠳᠤᠨ ᠤ ᠴᠢᠬᠢ ᠠᠪᠴᠢᠷᠠᠵᠦ᠂ ᠫᠦ᠋ ᠬᠤᠢ ᠰᠧ ᠰᠦᠮ᠎ᠡ ᠶᠢᠨ ᠡᠮᠦᠨ᠎ᠡ ᠪᠠ ᠸᠠᠩ ᠤᠨ ᠤᠷᠳᠤᠨ ᠤ ᠴᠡᠴᠡᠷᠯᠢᠭ ᠲᠤ ᠬᠡᠳᠦᠨ ᠵᠠᠭᠤᠨ ᠮᠤᠳᠤ ᠵᠠᠶᠢᠯᠠᠵᠦ᠂ ᠬᠦᠷᠢ ᠳᠡᠵᠢᠭᠡᠬᠦ ᠦᠢᠯᠡᠰ ᠢ ᠶᠡᠬᠡᠪᠡᠷ ᠬᠦᠭᠵᠢᠬᠦᠯᠵᠡᠢ᠃ ᠬᠠᠭᠤᠴᠢᠨ ᠲᠦᠷᠢᠮ ᠢ ᠦᠭᠡᠷᠡᠴᠢᠯᠡᠬᠦ ᠳᠠᠯ᠎ᠠ ᠪᠠᠷ ᠬᠦᠩᠰᠡᠩᠨᠤᠷᠪᠤ ᠪᠠᠰᠠ ᠡᠳᠦᠢ ᠳᠡᠳᠦᠢ ᠠᠵᠢᠯ ᠢ ᠬᠢᠭᠰᠡᠨ ᠪᠠᠶᠢᠨ᠎ᠠ᠃ ᠰᠦᠬᠦᠳᠴᠦ ᠮᠦᠷᠬᠦᠬᠦ ᠶᠢ ᠮᠡᠬᠦ᠋ᠢᠨ ᠶᠤᠰᠤᠯᠠᠬᠤ ᠪᠤᠯᠭᠠᠪᠠ᠃ ᠬᠡᠷᠯᠡᠬᠦ ᠳᠤ ᠪᠦᠷᠢᠯᠭᠡᠨ ᠰᠦᠢᠳᠭᠡᠬᠦ ᠶᠢ ᠡᠰᠡᠷᠬᠦᠴᠡᠵᠦ᠂ ᠰᠢᠨ᠎ᠡ ᠮᠠᠶ᠋ᠢᠭ ᠤᠨ ᠪᠤᠯᠪᠠᠰᠤᠨ ᠤᠷᠤᠭ ᠬᠤᠯᠪᠤᠬᠤ ᠶᠤᠰᠤ ᠶᠢ ᠡᠷᠬᠢᠮᠯᠡᠪᠡ᠃ ᠴᠦᠩ ᠵᠧᠩ ᠰᠤᠷᠭᠠᠭᠤᠯᠢ ᠶᠢᠨ ᠪᠠᠭᠰᠢ ᠰᠤᠷᠤᠭᠴᠢᠳ ᠤᠨ ᠳᠤᠳᠤᠷ᠎ᠠ ᠤᠷᠤᠨ ᠨᠤᠳᠤᠭ ᠤᠨ ᠵᠠᠰᠠᠭ ᠵᠠᠬᠢᠷᠭᠠᠨ ᠢ ᠰᠤᠳᠤᠯᠬᠤ ︽ᠳᠡᠭᠡᠳᠦ ᠡᠷᠳᠡᠮᠳᠦ ᠶᠢᠨ ᠰᠤᠷᠤᠭᠴᠢᠳ ᠤᠨ ᠬᠤᠷᠢᠶ᠎ᠠ︾ ᠪᠤᠯᠤᠨ ᠤᠯᠤᠰ ᠲᠦᠷᠦ ᠶᠢᠨ ᠪᠤᠯᠪᠠᠰᠤᠷᠠᠯ ᠤᠨ ᠠᠩᠬᠢ ᠶᠢ ᠵᠤᠬᠢᠶᠠᠨ ᠪᠠᠶᠢᠭᠤᠯᠵᠦ᠂ ᠤᠷᠤᠨ ᠨᠤᠳᠤᠭ ᠤᠨ ᠵᠠᠰᠠᠭ ᠵᠠᠬᠢᠷᠭᠠᠨ ᠢ ᠡᠷᠬᠢᠯᠡᠬᠦ ᠬᠦᠮᠦᠰ ᠢ ᠬᠦᠮᠦᠵᠢᠬᠦᠯᠦᠨ᠂ ᠨᠠᠰᠤ ᠠᠬᠢᠭᠰᠠᠨ ᠨᠢᠭᠡ ᠪᠦᠯᠦᠭ ᠵᠠᠯᠠᠨ ᠵᠠᠩᠬᠢ ᠶᠢ ᠳᠤᠰᠢᠶᠠᠯ ᠠᠴᠠ ᠨᠢ ᠪᠠᠭᠤᠯᠭᠠᠵᠦ᠂ ᠦᠵᠡᠯ ᠰᠠᠨᠠᠭ᠎ᠠ ᠪᠠᠷ ᠳᠠᠪᠰᠢᠩᠭᠤᠢ ᠵᠠᠯᠠᠭᠤᠰ ᠢ ᠳᠡᠪᠰᠢᠬᠦᠯᠦᠨ ᠬᠡᠷᠡᠭᠯᠡᠪᠡ᠃       ᠴᠠᠭᠠᠭᠴᠢᠨ ᠭᠠᠭ᠋ᠠᠢ ᠵᠢᠯ ᠤᠨ ᠬᠤᠪᠢᠰᠬᠠᠯ ᠠᠴᠠ ᠬᠤᠶᠢᠰᠢ ᠴᠢᠩ ᠤᠯᠤᠰ ᠤᠨ ᠬᠠᠭᠠᠨ ᠤ ᠰᠠᠭᠤᠷᠢ ᠭᠤᠶᠢᠪᠠᠯᠵᠠᠵᠦ᠂ ᠬᠠᠯᠬ᠎ᠠ ᠮᠤᠩᠭᠤᠯ ︽ᠳᠤᠰᠠᠭᠠᠷ ᠳᠤᠭᠳᠠᠨᠢᠭᠰᠠᠨ︾ ᠶᠠᠪᠤᠳᠠᠯ ᠨᠢ ᠬᠦᠩᠰᠡᠩᠨᠤᠷᠪᠤ ᠶᠢᠨ ᠦᠪᠦᠷ ᠮᠤᠩᠭᠤᠯ ᠢ ︽ᠳᠤᠰᠠᠭᠠᠷ ᠳᠤᠭᠳᠠᠨᠢᠭᠤᠯᠬᠤ︾ ᠭᠡᠰᠡᠨ ᠰᠠᠨᠠᠭ᠎ᠠ ᠶᠢ ᠬᠦᠭᠵᠢᠭᠡᠵᠡᠢ᠃ ᠳᠡᠷᠡ ᠬᠤᠰᠢᠭᠤᠨ ᠤ ᠨᠤᠶᠠᠳ ᠢᠶᠠᠨ ᠴᠤᠭᠯᠠᠭᠤᠯᠵᠦ᠄ ︽ᠤᠶᠢᠷ᠎ᠡ ᠶᠢᠨ ᠬᠡᠳᠦᠨ ᠵᠢᠯ ᠰᠤᠷᠭᠠᠭᠤᠯᠢ ᠪᠠᠶᠢᠭᠤᠯᠵᠦ᠂ ᠴᠡᠷᠢᠭ ᠪᠤᠯᠪᠠᠰᠤᠷᠠᠭᠤᠯᠤᠨ᠂ ᠦᠢᠯᠡᠳᠪᠤᠷᠢ ᠬᠤᠳᠠᠯᠳᠤᠭ᠎ᠠ ᠶᠢ ᠦᠷᠨᠢᠬᠦᠯᠦᠨ ᠬᠦᠭᠵᠢᠬᠦᠯᠦᠭᠰᠡᠨ ᠨᠢ ᠴᠦᠮ ᠮᠤᠩᠭᠤᠯ ᠦᠨᠳᠦᠰᠦᠳᠡᠨ ᠤ ᠳᠤᠰᠠᠭᠠᠷ ᠳᠤᠭᠳᠠᠨᠢᠬᠤ ᠳᠤ ᠪᠡᠯᠡᠳᠭᠡᠯ ᠠᠵᠢᠯ ᠬᠢᠭᠰᠡᠨ ᠶᠠᠪᠤᠳᠠᠯ ᠶᠤᠮ᠃ ᠤᠳᠤ ᠴᠢᠩ ᠤᠯᠤᠰ ᠤᠨ ᠲᠦᠷᠦ ᠨᠤᠷᠠᠵᠦ᠂ ᠢᠷᠭᠡᠨ ᠤᠯᠤᠰ ᠢ ᠡᠬᠢᠯᠡᠨ ᠪᠠᠶᠢᠭᠤᠯᠤᠭᠠᠳ᠂ ᠬᠠᠯᠬ᠎ᠠ ᠮᠤᠩᠭᠤᠯ ᠳᠤᠰᠠᠭᠠᠷ ᠳᠤᠭᠳᠠᠨᠢᠭᠰᠠᠨ ᠨᠢ ᠴᠢᠪᠬᠢᠮᠡᠨ ᠪᠢᠳᠡᠨ ᠤ ᠪᠤᠰᠤᠯᠴᠠᠬᠤ ᠴᠠᠭ ᠪᠤᠯᠤᠭᠰᠠᠨ ᠶᠤᠮ︾ ᠭᠡᠵᠦ ᠬᠡᠯᠡᠪᠡ᠃ ᠰᠡᠬᠦᠯᠡᠷ ᠨᠢ ᠬᠤᠰᠢᠭᠤᠨ ᠤ ᠨᠤᠶᠠᠳ ᠪᠠᠶᠠᠳ ᠢᠯᠡ ᠪᠠᠷ ᠡᠰᠡᠷᠬᠦᠴᠡᠭᠰᠡᠨ ᠠᠴᠠ ᠰᠠᠶ᠋ᠢ ᠦᠪᠦᠷ ᠮᠤᠩᠭᠤᠯ ᠢ ︽ᠳᠤᠰᠠᠭᠠᠷ ᠳᠤᠭᠳᠠᠨᠢᠭᠤᠯᠬᠤ︾ ᠭᠡᠰᠡᠨ ᠳᠦᠯᠦᠪᠯᠡᠭᠡ ᠪᠠᠨ ᠬᠠᠶᠠᠵᠠᠢ᠃       1912 ᠤᠨ ᠳᠤ ᠬᠦᠩᠰᠡᠩᠨᠤᠷᠪᠤ ᠿᠧᠾᠧ ᠶᠢᠨ ᠬᠢᠯᠢ ᠳᠤᠳᠤᠷᠠᠬᠢ ᠮᠤᠩᠭᠤᠯ ᠬᠤᠰᠢᠭᠤᠳ ᠢ ︽ᠦᠪᠡᠷᠳᠡᠭᠡᠨ ᠵᠠᠰᠠᠬᠤ︾ ᠪᠤᠯᠭᠠᠨ᠎ᠠ ᠭᠡᠵᠦ ᠳᠤᠷᠠᠳᠴᠦ ᠭᠠᠷᠭᠠᠪᠠ᠃ ᠶᠤᠸᠠᠨ ᠱᠢ ᠺᠠᠢ ᠰᠤᠨᠤᠰᠤᠭᠠᠳ ᠪᠠᠷᠰ ᠢ ᠦᠳᠦᠭᠡᠵᠦ ᠠᠭᠤᠯᠠᠨ ᠠᠴᠠ ᠰᠠᠯᠭᠠᠬᠤ ᠠᠷᠭ᠎ᠠ ᠶᠢ ᠬᠡᠷᠡᠭᠯᠡᠨ᠂ ᠬᠦᠩᠰᠡᠩᠨᠤᠷᠪᠤ ᠶᠢ ᠮᠤᠩᠭᠤᠯ ᠳᠦᠪᠡᠳ ᠤᠨ ᠲᠦᠷᠦ ᠶᠢ ᠵᠠᠰᠠᠬᠤ ᠶᠠᠪᠤᠳᠠᠯ ᠤᠨ ᠶᠠᠮᠤᠨ ᠤ ᠰᠠᠶᠢᠳ ᠪᠦᠭᠡᠳ ᠴᠢᠩ ᠸᠠᠩ ᠡᠷᠬᠦᠮᠵᠢᠯᠡᠨ ᠪᠡᠭᠡᠵᠢᠩ ᠳᠤ ᠰᠢᠯᠵᠢᠬᠦᠯᠦᠨ ᠠᠪᠠᠴᠢᠪᠠ᠃ ᠭᠤᠮᠢᠨᠳᠠᠩ ᠨᠠᠮ ᠨᠢ ᠪᠡᠭᠡᠵᠢᠩ ᠳᠤ ᠨᠠᠮ ᠢᠶᠠᠨ ᠦᠭᠡᠷᠡᠴᠢᠯᠡᠨ ᠪᠠᠶᠢᠭᠤᠯᠬᠤ ᠦᠶ᠎ᠡ ᠳᠤ ᠬᠦᠩᠰᠡᠩᠨᠤᠷᠪᠤ ᠬᠡᠷᠡᠭ ᠡᠷᠬᠢᠯᠡᠭᠴᠢ ᠶᠢᠨ ᠨᠢᠭᠡᠨ ᠢᠶᠠᠷ ᠰᠤᠩᠭᠤᠭᠳᠠᠵᠠᠢ᠃ ᠬᠦᠩᠰᠡᠩᠨᠤᠷᠪᠤ ᠪᠡᠭᠡᠵᠢᠩ ᠳᠤ ᠪᠠᠶᠢᠭ᠎ᠠ ᠬᠤᠭᠤᠴᠠᠭᠠᠨ ᠳᠠᠭᠠᠨ ᠮᠤᠩᠭᠤᠯ ᠲᠦᠪᠡᠳ ᠤᠨ ᠳᠤᠰᠬᠠᠢ ᠰᠤᠷᠭᠠᠭᠤᠯᠢ ︵ᠤᠳᠤᠬᠢ ᠲᠦᠪ ᠤᠨ ᠦᠨᠳᠦᠰᠦᠳᠡᠨ ᠤ ᠶᠡᠭᠡ ᠰᠤᠷᠭᠠᠭᠤᠯᠢ︶ ᠶᠢ ᠪᠠᠶᠢᠭᠤᠯᠤᠭᠰᠠᠨ ᠶᠠᠪᠤᠳᠠᠯ ᠪᠤᠯ ᠬᠠᠮᠤᠭ ᠤᠨ ᠶᠡᠭᠡ ᠠᠮᠵᠢᠯᠳᠠ ᠪᠤᠯᠬᠤ ᠶᠤᠮ᠃ 1919 ᠤᠨ ᠠᠴᠠ ᠬᠤᠶᠢᠰᠢ ᠯᠢ ᠳ᠋ᠠ ᠵᠤᠤ᠂ ᠳ᠋ᠧᠩ ᠵᠦᠩ ᠰᠢᠶᠧ᠂ ᠵᠤᠤ ᠱᠢ ᠶᠠᠨ ᠵᠡᠷᠭᠡ ᠬᠦᠮᠦᠰ ᠳᠤᠰ ᠰᠤᠷᠭᠠᠭᠤᠯᠢ ᠳᠤ ᠬᠢᠴᠢᠶᠡᠯ ᠤᠷᠤᠵᠦ᠂ ᠡᠪ ᠬᠠᠮᠳᠤ ᠶᠢᠨ ᠦᠵᠡᠯ ᠢ ᠰᠤᠷᠳᠠᠯᠴᠢᠯᠠᠵᠦ ᠪᠠᠶᠢᠵᠠᠢ᠃ ᠤᠯᠠᠭᠠᠨᠬᠦᠦ᠂ ᠯᠢ ᠢᠤᠢ ᡁᠢ ᠵᠡᠷᠭᠡ ᠬᠤᠵᠢᠮ ᠤᠨ ᠦᠪᠦᠷ ᠮᠤᠩᠭᠤᠯ ᠤᠨ ᠢᠷᠡᠭᠡᠳᠦᠢ ᠶᠢ ᠨᠦᠯᠦᠭᠡᠯᠡᠭᠰᠡᠨ ᠳᠡᠦᠭᠡᠳᠦ ᠬᠦᠮᠦᠰ ᠴᠦ ᠪᠦᠷ ᠳᠤᠰ ᠰᠤᠷᠭᠠᠭᠤᠯᠢ ᠠᠴᠠ ᠳᠡᠬᠦᠰᠦᠭᠰᠡᠨ ᠶᠤᠮ᠃       1928 ᠤᠨ ᠳᠤ ᠤᠮᠠᠷᠠᠰᠢ ᠳᠠᠶᠢᠯᠠᠬᠤ ᠳᠠᠶᠢᠨ ᠳᠠᠭᠤᠰᠴᠦ ᠪᠡᠭᠡᠵᠢᠩ ᠤᠨ ᠵᠠᠰᠠᠭ ᠤᠨ ᠭᠠᠵᠠᠷ ᠳᠠᠷᠬᠠᠭᠠᠭᠳᠠᠬᠤ ᠶᠢᠨ ᠳᠠᠭᠠᠤ ᠬᠦᠩᠰᠡᠩᠨᠤᠷᠪᠤ ᠴᠦ ᠲᠦᠷᠦ ᠠᠴᠠ ᠠᠩᠬᠢᠵᠢᠷᠠᠨ᠂ ᠰᠤᠯᠠ ᠰᠢᠯᠦᠭᠯᠡᠨ ᠠᠷᠬᠢᠳᠠᠵᠦ ᠰᠠᠭᠤᠬᠤ ᠠᠮᠢᠳᠤᠷᠠᠯ ᠢᠶᠠᠨ ᠡᠬᠢᠯᠡᠵᠡᠢ᠃ ᠳᠡᠭᠡᠭᠡᠳ 1930 ᠤᠨ ᠳᠤ ᠪᠡᠭᠡᠵᠢᠩ ᠳᠤ ᠡᠪᠡᠳᠴᠢᠨ ᠢᠶᠠᠷ ᠨᠠᠰᠤ ᠨᠦᠭᠴᠢᠪᠡ᠃  
ᠢᠷᠡᠯᠲᠡ᠄ ᠲᠥᠪ ᠲᠧᠯᠸᠢᠰ ᠤᠨ ᠮᠣᠩᠭᠤᠯ ᠰᠦᠯᠵᠢᠶ᠎ᠡ