ᠬᠦᠰᠡᠬᠦᠢ ᠬᠢᠭᠡᠳ ᠲᠡᠭᠦᠨ ᠤ ︽ᠢᠳᠡᠭᠡᠨ ᠤᠮᠳᠠᠭᠠᠨ ᠤ ᠵᠢᠩᠬᠢᠨᠢ ᠲᠤᠪᠴᠢ︾
ᠨᠡᠶᠢᠲᠡᠯᠡᠭᠰᠡᠨ ᠴᠠᠭ᠄
2023/3/15
      ᠬᠦᠰᠡᠬᠦᠢ ᠪᠤᠯ ᠶᠤᠸᠠᠨ ᠤᠯᠤᠰ ᠤᠨ ᠦᠶ᠎ᠡ ᠶᠢᠨ ᠬᠦᠮᠦᠨ᠂ ᠮᠤᠩᠭᠤᠯ ᠦᠨᠳᠦᠰᠦᠳᠡᠨ ᠤ ᠠᠯᠳᠠᠷᠳᠤ ᠰᠢᠮ᠎ᠡ ᠲᠡᠵᠢᠭᠡᠯ ᠤᠨ ᠤᠬᠠᠭᠠᠨᠳᠠᠨ ᠪᠠ ᠢᠳᠡᠭᠡᠨ ᠤᠮᠳᠠᠭᠠᠨ ᠤ ᠤᠬᠠᠭᠠᠨᠳᠠᠨ᠂ ᠪᠠᠷᠤᠭ 12 ᠳ᠋ᠤᠭᠠᠷ ᠵᠠᠭᠤᠨ ᠤ ᠰᠡᠭᠦᠯᠴᠢ ᠪᠠ 13 ᠳ᠋ᠤᠭᠠᠷ ᠵᠠᠭᠤᠨ ᠤ ᠡᠬᠢᠨ ᠤ ᠦᠶ᠎ᠡ ᠳᠤ ᠠᠮᠢᠳᠤᠷᠠᠵᠤ ᠪᠠᠶᠢᠪᠠ᠃ ᠬᠦᠰᠡᠬᠦᠢ ᠶᠤᠸᠠᠨ ᠤᠯᠤᠰ ᠤᠨ ᠶᠠᠨ ᠢᠤ ︵ᠦᠯᠡᠭᠦᠦ ᠢᠪᠡᠭᠡᠯᠳᠦ︶ ᠶᠢᠨ ᠤᠨ ᠤᠳ ᠲᠤ ︵1314 — 1320 ᠤᠨ︶ ᠬᠠᠭᠠᠨ ᠤ ᠤᠷᠳᠤᠨ ᠲᠤᠲᠤᠷᠠᠬᠢ ᠢᠳᠡᠭᠡᠨ ᠤᠮᠳᠠᠭᠠᠨ ᠤ ᠵᠠᠬᠢᠷᠤᠨ ᠬᠠᠮᠢᠶᠠᠷᠤᠭᠴᠢ ᠲᠤᠲᠤᠭᠠᠳᠤ ᠡᠮᠴᠢ ᠪᠠᠶᠢᠵᠤ᠂ ᠬᠤᠪᠢᠯᠠᠢ ᠬᠠᠭᠠᠨ ᠠᠴᠠ ᠬᠤᠶᠢᠰᠢᠬᠢ ᠮᠤᠩᠭᠤᠯ ᠬᠠᠭᠠᠳ ᠤᠨ ᠤᠷᠳᠤᠨ᠎ᠠ ᠪᠤᠳᠠᠳᠠᠢ ᠬᠡᠷᠡᠭᠯᠡᠭᠳᠡᠭᠰᠡᠭᠡᠷ ᠢᠷᠡᠭᠰᠡᠨ ᠤᠯᠠᠨ ᠲᠦᠷᠦᠯ ᠤᠨ ᠭᠠᠶᠢᠬᠠᠮᠰᠢᠭᠳᠤ ᠡᠷᠬᠢᠮ ᠦᠨᠡᠳᠦ ᠢᠳᠡᠭᠡᠨ ᠤᠮᠳᠠᠭᠠᠨ᠂ ᠲᠠᠩ ᠲᠠᠯᠬ᠎ᠠ᠂ ᠬᠠᠨᠳᠠ ᠵᠢᠭᠤᠷᠠᠮᠠᠯ ᠵᠡᠷᠭᠡ ᠡᠮ ᠠᠳᠢᠰ ᠪᠤᠯᠤᠨ ᠠᠯᠳᠠᠷᠳᠤ ᠡᠷᠳᠡᠮᠳᠡᠨ ᠡᠮᠴᠢ ᠨᠠᠷ ᠤᠨ ᠲᠤᠷᠰᠢᠯᠭᠠᠳᠤ ᠵᠤᠷ ᠪᠠ ᠨᠢᠭᠤᠴᠠ ᠵᠤᠷ ᠤᠳ ᠢ ᠴᠤᠭᠯᠠᠭᠤᠯᠤᠨ ᠡᠮᠬᠢᠳᠭᠡᠵᠤ᠂ ᠶᠤᠸᠠᠨ ᠤ ᠲᠢᠶᠠᠨ ᠯᠢ ᠶᠢᠨ ᠭᠤᠷᠪᠠᠳᠤᠭᠠᠷ ᠤᠨ ︵1330 ᠤᠨ︶ ᠳᠤ ︽ᠢᠳᠡᠭᠡᠨ ᠤᠮᠳᠠᠭᠠᠨ ᠤ ᠵᠢᠩᠬᠢᠨᠢ ᠲᠤᠪᠴᠢ︾ ᠭᠡᠬᠦ ᠪᠦᠳᠦᠭᠡᠯ ᠢ ᠨᠠᠶᠢᠷᠠᠭᠤᠯᠤᠨ ᠵᠤᠬᠢᠶᠠᠪᠠ᠃ ᠲᠤᠰ ᠪᠦᠳᠦᠭᠡᠯ ᠳᠤ ᠂ ᠤᠷᠠᠨ ᠵᠤᠬᠢᠶᠠᠯᠴᠢ ᠢᠤᠢ ᠵᠢᠢ ᠤᠳᠤᠷᠢᠳᠬᠠᠯ ᠪᠢᠴᠢᠵᠤ ᠦᠭᠭᠦᠭᠰᠡᠨ ᠪᠦᠭᠡᠳ ᠶᠤᠸᠠᠨ ᠤ ᠵᠠᠰᠠᠭ ᠤᠨ ᠭᠠᠵᠠᠷ ᠠᠴᠠ ᠰᠠᠶᠢᠯᠪᠤᠷᠢᠯᠠᠨ ᠲᠠᠷᠤᠮᠠᠯᠯᠠᠵᠤ ᠲᠠᠷᠬᠠᠭᠠᠬᠤ ᠶᠢ ᠲᠡᠷᠡ ᠲᠤᠬᠠᠢ ᠳᠤ ᠨᠢ ᠵᠠᠷᠯᠠᠭᠰᠠᠨ ᠪᠠᠶᠢᠪᠠ᠃       ᠰᠢᠮ᠎ᠡ ᠲᠡᠵᠢᠭᠡᠯ ᠤᠨ ᠤᠬᠠᠭᠠᠨ ᠤ ᠲᠠᠯ᠎ᠠ ᠪᠠᠷ ᠬᠦᠰᠡᠬᠦᠢ ᠶᠢᠨ ︽ᠢᠳᠡᠭᠡᠨ ᠤᠮᠳᠠᠭᠠᠨ ᠤ ᠵᠢᠩᠬᠢᠨᠢ ᠲᠤᠪᠴᠢ︾ ᠭᠡᠬᠦ ᠪᠦᠳᠦᠭᠡᠯ ᠳᠤ᠂ ᠢᠳᠡᠭᠡᠨ ᠤᠮᠳᠠᠭᠠᠨ ᠤ ᠠᠷᠢᠭᠤᠨ ᠴᠡᠪᠡᠷ᠂ ᠵᠢᠷᠮᠤᠰᠤᠨ ᠪᠠ ᠨᠢᠯᠬᠠᠰ ᠢ ᠪᠤᠶᠢᠵᠢᠭᠤᠯᠬᠤ᠂ ᠤᠷᠭᠤᠮᠠᠯ ᠲᠠᠷᠢᠬᠤ ᠵᠡᠷᠭᠡ ᠶᠢ ᠪᠦᠷ ᠰᠠᠶᠢᠬᠠᠨ ᠦᠭᠦᠯᠡᠭᠰᠡᠨ ᠪᠦᠭᠡᠳ ᠲᠡᠷᠡᠴᠢᠯᠡᠨ ᠬᠢᠳᠠᠳ᠂ ᠮᠤᠩᠭᠤᠯ᠂ ᠬᠤᠳᠤᠩ᠂ ᠵᠦᠷᠴᠢᠳ ᠵᠡᠷᠭᠡ ᠦᠨᠳᠦᠰᠦᠳᠡᠨ ᠤ ᠢᠳᠡᠭᠡᠨ ᠤᠮᠳᠠᠭᠠᠨ ᠤ ᠲᠤᠷᠰᠢᠯᠭ᠎ᠠ ᠶᠢ ᠬᠤᠷᠠᠮᠳᠤᠭᠤᠯᠤᠨ ᠰᠢᠮ᠎ᠡ ᠲᠡᠵᠢᠭᠡᠯ ᠤᠨ ᠤᠬᠠᠭᠠᠨ ᠤ ᠠᠭᠤᠯᠭ᠎ᠠ ᠪᠦᠬᠦᠢ ᠢᠳᠡᠭᠡᠨ ᠤᠮᠳᠠᠭᠠᠨ ᠪᠠ ᠨᠤᠭᠤᠭ᠎ᠠ ᠵᠠᠭᠤᠰᠢ ᠶᠢᠨ ᠠᠷᠭ᠎ᠠ ᠮᠡᠷᠭᠡᠵᠢᠯ ᠢ ᠮᠠᠰᠢ ᠤᠯᠠᠨ ᠳ᠋ᠦᠩᠨᠡᠵᠤ ᠭᠠᠷᠭᠠᠭᠰᠠᠨ ᠪᠠᠶᠢᠪᠠ᠃ ︽ᠢᠳᠡᠭᠡᠨ ᠤᠮᠳᠠᠭᠠᠨ ᠤ ᠵᠢᠩᠬᠢᠨᠢ ᠲᠤᠪᠴᠢ︾ ᠭᠡᠬᠦ ᠨᠤᠮ ᠪᠤᠯ ᠢᠳᠡᠭᠡᠨ ᠤᠮᠳᠠᠭᠠᠨ ᠪᠤᠯᠤᠨ ᠰᠢᠮ᠎ᠡ ᠲᠡᠵᠢᠭᠡᠯ ᠤᠨ ᠲᠤᠬᠠᠢ ᠲᠤᠰᠬᠠᠢ ᠵᠤᠬᠢᠶᠠᠨ ᠪᠦᠳᠦᠭᠡᠭᠰᠡᠨ ᠪᠦᠳᠦᠭᠡᠯ ᠪᠤᠯᠤᠨ᠎ᠠ᠃ ᠮᠠᠨ ᠤ ᠤᠯᠤᠰ ᠤᠨ ᠲᠡᠤᠬᠡᠨ ᠳᠤ ᠬᠡᠳᠦ᠋ᠢᠪᠡᠷ ᠵᠸᠤ ᠶᠢᠨ ᠲᠦᠷᠦ ᠠᠴᠠ ᠡᠬᠢᠯᠡᠵᠤ ᠢᠳᠡᠭᠡᠨ ᠤᠮᠳᠠᠭᠠᠨ ᠤ ᠲᠤᠰᠬᠠᠢ ᠡᠮᠴᠢ ᠲᠠᠢ ᠪᠤᠯᠵᠤ᠂ ᠢᠳᠡᠭᠡᠨ ᠤᠮᠳᠠᠭᠠᠨ ᠢᠶᠠᠷ ᠪᠡᠶ᠎ᠡ ᠪᠠᠨ ᠵᠠᠰᠠᠵᠤ ᠰᠤᠪᠢᠯᠠᠬᠤ ᠲᠤᠬᠠᠢ ᠮᠠᠲ᠋ᠧᠷᠢᠶᠠᠯ ᠪᠤᠯᠤᠨ ᠨᠤᠮ ᠪᠢᠴᠢᠭ ᠪᠠᠰᠠ ᠡᠳᠦᠢ ᠲᠡᠳᠦᠢ ᠬᠡᠪᠯᠡᠭᠳᠡᠭᠰᠡᠨ ᠪᠤᠯᠪᠠᠴᠤ ᠡᠷᠡᠭᠦᠯ ᠴᠢᠬᠢᠷᠠᠭ ᠬᠦᠮᠦᠰ ᠲᠤ ᠢᠳᠡᠭᠡᠨ ᠤᠮᠳᠠᠭᠠᠨ ᠤ ᠰᠢᠮ᠎ᠡ ᠲᠡᠵᠢᠭᠡᠯ ᠢᠶᠠᠷ ᠪᠡᠶ᠎ᠡ ᠮᠠᠬᠠᠪᠤᠳ ᠢ ᠲᠦᠯᠵᠢᠭᠦᠯᠦᠨ ᠰᠢᠮᠡᠵᠢᠭᠦᠯᠵᠤ ᠴᠢᠬᠢᠷᠠᠭᠵᠢᠭᠤᠯᠬᠤ ᠵᠤᠷᠢᠯᠭ᠎ᠠ ᠳᠤ ᠬᠦᠷᠭᠡᠭᠦ ᠶᠠᠪᠤᠳᠠᠯ ᠢ ᠦᠭᠦᠯᠡᠭᠰᠡᠨ ᠲᠠᠯ᠎ᠠ ᠪᠠᠷ᠂ ᠶᠤᠸᠠᠨ ᠤᠯᠤᠰ ᠤᠨ ᠦᠶ᠎ᠡ ᠶᠢᠨ ᠬᠦᠰᠡᠬᠦᠢ ᠶᠢᠨ ᠨᠠᠶᠢᠷᠠᠭᠤᠯᠤᠨ ᠵᠤᠬᠢᠶᠠᠨ ᠪᠦᠳᠦᠭᠡᠭᠰᠡᠨ ︽ᠢᠳᠡᠭᠡᠨ ᠤᠮᠳᠠᠭᠠᠨ ᠤ ᠵᠢᠩᠬᠢᠨᠢ ᠲᠤᠪᠴᠢ︾ ᠪᠤᠯ ᠬᠠᠮᠤᠭ ᠠᠩᠬᠠᠨ ᠤ ᠪᠦᠳᠦᠭᠡᠯ ᠪᠤᠯᠬᠤ ᠶᠤᠮ᠃ ᠡᠮ ᠡᠮᠨᠡᠯᠭᠡ ᠶᠢᠨ ᠲᠡᠤᠬᠡ ᠶᠢ ᠰᠢᠨᠵᠢᠯᠡᠨ ᠰᠤᠳᠤᠯᠵᠤ ᠪᠠᠶᠢᠭ᠎ᠠ ᠡᠷᠳᠡᠮᠳᠡᠳ ᠤᠨ ᠦᠵᠡᠬᠦ ᠪᠠᠷ᠂ ᠲᠤᠰ ᠪᠦᠳᠦᠭᠡᠯ ᠪᠤᠯ ᠮᠠᠨ ᠤ ᠤᠯᠤᠰ ᠤᠨ ᠬᠠᠮᠤᠭ ᠡᠷᠳᠡ ᠨᠠᠶᠢᠷᠠᠭᠤᠯᠤᠨ ᠵᠤᠬᠢᠶᠠᠨ ᠪᠦᠳᠦᠭᠡᠭᠰᠡᠨ ᠨᠢᠭᠡᠨ ᠢᠵᠢ ᠪᠦᠷᠢᠨ ᠪᠦᠳᠦᠨ ᠢᠳᠡᠭᠡᠨ ᠤᠮᠳᠠᠭᠠᠨ ᠤ ᠵᠠᠰᠠᠯ ᠤᠨ ᠪᠦᠳᠦᠭᠡᠯ ᠪᠤᠯᠬᠤ ᠶᠤᠮ᠃ ᠬᠡᠳᠦ᠋ᠢᠪᠡᠷ ᠲᠡᠭᠦᠨ ᠢ ︿ᠢᠳᠡᠭᠡᠨ ᠤᠮᠳᠠᠭᠠᠨ ᠤ ᠵᠢᠩᠬᠢᠨᠢ ᠲᠤᠪᠴᠢ﹀ ᠭᠡᠵᠤ ᠨᠡᠷᠡᠶᠢᠳᠦᠭᠰᠡᠨ ᠪᠤᠯᠪᠠᠴᠤ ᠦᠨᠡᠨ ᠳᠡᠭᠡᠨ ᠲᠤᠰ ᠪᠦᠳᠦᠭᠡᠯ ᠳᠤ ᠡᠮ ᠡᠮᠨᠡᠯᠭᠡ ᠡᠷᠡᠭᠦᠯ ᠬᠠᠮᠠᠭᠠᠯᠠᠯ ᠤᠨ ᠵᠦᠢᠯᠡᠰ ᠢ ᠬᠠᠮᠤᠷᠤᠨ ᠪᠠᠭᠳᠠᠭᠠᠵᠤ ᠤᠷᠤᠭᠤᠯᠤᠭᠰᠠᠨ ᠪᠠᠶᠢᠪᠠ᠃       ᠲᠤᠰ ᠪᠦᠳᠦᠭᠡᠯ ᠤᠨ ᠲᠤᠬᠠᠢ ᠴᠠᠩ ᠫᠦ᠋ ᠯᠠᠨ ᠰᠢ ᠭᠡᠬᠦ ᠶᠡᠭᠡ ᠲᠦᠰᠢᠮᠡᠯ ᠡᠵᠡᠨ ᠳᠤ ᠡᠷᠭᠦᠭᠰᠡᠨ ᠠᠶᠢᠯᠠᠳᠬᠠᠯ ᠤᠨ ᠪᠢᠴᠢᠭ ᠪᠤᠯᠤᠨ ᠢᠤᠢ ᠵᠢᠢ ᠭᠡᠬᠦ ᠶᠡᠭᠡ ᠲᠦᠰᠢᠮᠡᠯ ᠬᠠᠭᠠᠨ ᠤ ᠵᠠᠷᠯᠢᠭ ᠢ ᠬᠦᠯᠢᠶᠡᠨ ᠪᠢᠴᠢᠭᠰᠡᠨ ᠤᠷᠤᠰᠢᠯ ᠳᠤ᠄ ︽᠁ ᠡᠨᠡ ᠪᠢᠴᠢᠭ ᠪᠤᠯᠪᠠᠰᠤ ᠲᠤᠬᠠᠢ ᠶᠢᠨ ᠦᠶ᠎ᠡ ᠶᠢᠨ ᠲᠡᠭᠡᠳᠦ ᠡᠷᠳᠡᠮᠳᠡᠨ ᠡᠮᠴᠢ ᠶᠢᠨ ᠦᠭᠦᠯᠡᠯ ᠵᠤᠬᠢᠶᠠᠯ ᠮᠦᠨ ᠪᠤᠯᠠᠢ᠃ ᠠᠶ᠎ᠠ᠂ ᠪᠢᠴᠢᠭ ᠡᠷᠭᠦᠭᠴᠢ ᠵᠢᠢ ᠢᠨᠦ ᠦᠨᠡᠬᠡᠷ ᠤᠷᠠᠨ ᠨᠠᠷᠢᠨ ᠮᠡᠷᠭᠡᠵᠢᠯ ᠳᠤ ᠨᠡᠪᠳᠡᠷᠡᠵᠤ ᠦᠨᠡᠨᠴᠢ ᠰᠢᠳᠤᠷᠭᠤ ᠰᠡᠳᠬᠢᠯ ᠢᠶᠠᠨ ᠭᠦᠢᠴᠡᠳᠭᠡᠵᠦᠬᠦᠢ ᠬᠡᠮᠡᠪᠡᠰᠦ ᠪᠤᠯᠤᠮᠤᠢ᠃ ᠡᠨᠡᠬᠦ ᠪᠢᠴᠢᠭ ᠢ ᠲᠤᠮᠳᠠᠳᠤ ᠤᠷᠳᠤᠨ ᠳᠤ ᠡᠷᠭᠦᠨ ᠲᠡᠪᠰᠢᠭᠦᠯᠦᠭᠰᠡᠨ᠎ᠡ ᠬᠢᠨᠠᠵᠤ ᠰᠤᠶᠤᠷᠬᠠᠵᠤᠬᠤᠢ᠂ ᠡᠪᠦᠭᠡ ᠲᠡᠭᠡᠳᠦᠰ ᠤᠨ ᠦᠯᠡᠳᠡᠭᠡᠭᠰᠡᠨ ᠡᠷᠡᠭᠦᠯ ᠬᠠᠮᠠᠭᠠᠯᠠᠯ ᠤᠨ ᠲᠤᠬᠠᠢ ᠰᠤᠷᠭᠠᠯ ᠢ ᠬᠢᠴᠢᠶᠡᠩᠭᠦ᠋ᠢᠯᠡᠨ ᠪᠤᠳᠤᠵᠤ᠂ ᠦᠵᠡᠯ ᠪᠤᠳᠤᠯ ᠢᠶᠠᠨ ᠬᠠᠯᠠᠰᠢᠷᠠᠯ ᠦᠭᠡᠢ ᠲᠡᠯᠭᠡᠨ ᠲᠤᠷᠠᠳᠤᠭᠰᠠᠨ ᠠᠨᠤ ᠴᠤᠬᠤᠮ ᠬᠦ ᠪᠤᠭᠳᠠ ᠡᠵᠡᠨ ᠤ ᠡᠷᠡᠭᠦᠯ ᠲᠡᠩᠭᠡᠯᠡᠬᠦᠨ ᠳᠤ ᠲᠤᠰᠠᠯᠠᠬᠤ ᠪᠠᠷ ᠦᠯᠦ ᠪᠠᠷᠠᠮ᠂ ᠴᠢᠨᠠᠭᠰᠢᠳᠠ ᠢᠷᠭᠡᠳ ᠲᠦᠮᠡᠨ ᠳᠤ ᠦᠷᠦᠰᠢᠶᠡᠯ ᠬᠡᠰᠢᠭ ᠦᠵᠡᠭᠦᠯᠬᠦ ᠠᠳᠠᠪᠠᠰᠢ ᠰᠠᠶᠢᠨ ᠰᠠᠨᠠᠭ᠎ᠠ ᠪᠤᠢ ‍ᠶ᠎ᠡ᠃ ᠲᠡᠶᠢᠮᠦ ᠶᠢᠨ ᠲᠤᠯᠠ ᠲᠤᠰ ᠪᠢᠴᠢᠭ ᠢ ᠰᠠᠶᠢᠯᠪᠤᠷᠢᠯᠠᠨ ᠲᠠᠷᠤᠮᠯᠯᠠᠭᠤᠯᠤᠭᠠᠳ ᠤᠯᠠᠨ᠎ᠠ ᠦᠷᠭᠡᠨ ᠲᠠᠷᠬᠠᠭᠠᠳᠤᠭᠠᠢ ᠭᠡᠵᠤ ᠲᠤᠲᠤᠭᠠᠳᠤ ᠶᠠᠪᠤᠳᠠᠯ ᠤᠨ ᠶᠠᠮᠤᠨ ᠵᠦᠩ ᠵᠧᠩ ᠶᠤᠸᠠᠨ ᠳᠤ ᠵᠠᠷᠯᠢᠭ ᠪᠠᠭᠤᠯᠭᠠᠪᠠ᠃ ᠡᠨᠡ ᠢᠨᠦ ᠮᠦᠨ ᠨᠢᠭᠡᠯᠡ ᠬᠦᠮᠦᠨ ᠢ ᠠᠮᠤᠷᠵᠢᠭᠤᠯᠤᠭᠠᠳ ᠪᠠᠷᠠᠬᠤ ᠦᠭᠡᠢ᠂ ᠲᠡᠯᠡᠬᠡᠢ ᠳ᠋ᠠᠬᠢᠨ ᠤ ᠢᠷᠭᠡᠳ ᠢ ᠴᠦᠮ ᠠᠮᠤᠷᠵᠢᠭᠤᠯᠵᠤ᠂ ᠨᠢᠭᠡᠯᠡ ᠬᠦᠮᠦᠨ ᠢ ᠤᠷᠳᠤ ᠨᠠᠰᠤᠯᠠᠭᠤᠯᠬᠤᠨ ᠢᠶᠠᠷ ᠦᠭᠡᠢ᠂ ᠲᠡᠯᠡᠬᠡᠢ ᠳ᠋ᠠᠬᠢᠨ ᠤ ᠢᠷᠭᠡᠳ ᠲᠤ ᠴᠦᠮ ᠨᠠᠰᠤᠨ ᠬᠤᠳᠤᠭ ᠨᠡᠮᠡᠭᠳᠡᠭᠦᠯᠰᠦᠭᠡᠢ ᠭᠡᠵᠤ ᠵᠤᠷᠢᠭᠰᠡᠨ ᠲᠤᠯᠠ ᠦᠨᠡᠬᠡᠷ ᠢᠷᠭᠡᠳ ᠵᠠᠭᠤᠨ ᠤᠪᠤᠭᠳᠠᠨ ᠳᠤ ᠬᠠᠶᠢᠷᠠᠯᠠᠭᠰᠠᠨ ᠪᠤᠶᠠᠨ ᠬᠡᠰᠢᠭ ᠢᠨᠦ ᠦᠯᠡᠭᠦᠦ ᠠᠴᠠ ᠦᠯᠡᠭᠦᠦ ᠪᠤᠯᠠᠢ ᠁︾ ᠭᠡᠰᠡᠨ ᠪᠠᠶᠢᠪᠠ᠃       ᠲᠡᠤᠬᠡᠨ ᠲᠡᠮᠳᠡᠭᠯᠡᠯ ᠢ ᠦᠨᠳᠦᠰᠦᠯᠡᠪᠡᠯ᠂ ᠬᠦᠰᠡᠬᠦᠢ ᠶᠢᠨ ︽ᠢᠳᠡᠭᠡᠨ ᠤᠮᠳᠠᠭᠠᠨ ᠤ ᠵᠢᠩᠬᠢᠨᠢ ᠲᠤᠪᠴᠢ︾ ᠭᠡᠬᠦ ᠪᠦᠳᠦᠭᠡᠯ ᠪᠤᠯ ᠤᠯᠠᠨ ᠵᠦᠢᠯ ᠤᠨ ᠰᠢᠮ᠎ᠡ ᠲᠡᠵᠢᠭᠡᠯᠳᠦ ᠢᠳᠡᠭᠡᠨ ᠤᠮᠳᠠᠭᠠᠨ ᠪᠤᠯᠤᠨ ᠰᠢᠮ᠎ᠡ ᠲᠡᠵᠢᠭᠡᠯ ᠤᠨ ᠡᠮ ᠵᠢᠴᠢ ᠢᠳᠡᠭᠡᠨ ᠤᠮᠳᠠᠭᠠᠨ ᠤ ᠡᠷᠡᠭᠦᠯ ᠬᠠᠮᠠᠭᠠᠯᠠᠯ᠂ ᠢᠳᠡᠭᠡᠨ ᠤ ᠬᠤᠤᠷᠠᠳᠠᠯᠭ᠎ᠠ ᠵᠡᠷᠭᠡ ᠶᠢᠨ ᠲᠤᠬᠠᠢ ᠭᠦᠨᠵᠡᠭᠡᠢ ᠰᠤᠳᠤᠯᠤᠭᠰᠠᠨ ᠪᠦᠳᠦᠭᠡᠯ ᠪᠤᠯᠤᠨ᠎ᠠ᠃ ᠬᠦᠰᠡᠬᠦᠢ ᠦᠩᠭᠡᠷᠡᠭᠰᠡᠨ ᠲᠦᠷᠦ ᠶᠢᠨ ᠰᠢᠳᠡᠷ ᠵᠠᠷᠤᠭᠳᠠᠭᠴᠢ ᠪᠠᠶᠢᠭᠰᠠᠨ ᠠᠴᠠ ᠪᠠᠨ ᠲᠡᠭᠡᠳᠦ ᠡᠵᠡᠨ ᠳᠤ ᠡᠷᠭᠦᠵᠤ ᠲᠡᠪᠰᠢᠭᠦᠯᠦᠨ ᠬᠡᠷᠡᠭᠯᠡᠭᠰᠡᠨ ᠭᠠᠶᠢᠬᠠᠮᠰᠢᠭᠳᠤ ᠡᠷᠬᠢᠮ ᠨᠠᠨᠳᠢᠨ ᠴᠠᠪ ᠵᠠᠭᠤᠰᠢ ᠬᠢᠬᠦ ᠠᠷᠭ᠎ᠠ ᠬᠢᠭᠡᠳ ᠤᠯᠠᠨ ᠡᠷᠳᠡᠮᠳᠡᠨ ᠡᠮᠴᠢ ᠶᠢᠨ ᠲᠤᠷᠰᠢᠯᠭᠠᠳᠤ ᠵᠤᠷ᠂ ᠨᠢᠭᠤᠴᠠ ᠵᠤᠷ ᠪᠠ ᠶᠠᠷᠤ ᠶᠢᠨ ᠬᠡᠷᠡᠭᠯᠡᠭᠡᠨ ᠤ ᠵᠦᠢᠯᠡᠰ ᠤᠨ ᠠᠮᠳᠠ ᠶᠢ ᠵᠤᠬᠢᠴᠠᠭᠤᠯᠬᠤ ᠠᠷᠭ᠎ᠠ ᠲᠡᠮ ᠢ ᠡᠮᠬᠢᠳᠭᠡᠨ ᠲᠡᠪᠳᠡᠷ ᠪᠤᠯᠭᠠᠭᠰᠠᠨ ᠤ ᠵᠤᠷᠢᠯᠭ᠎ᠠ ᠨᠢ ᠶᠠᠭ ᠲᠡᠭᠦᠨ ᠤ ᠪᠦᠳᠦᠭᠡᠯ ᠤᠨ ᠤᠷᠤᠰᠢᠯ ᠳᠤ ᠢᠤᠢ ᠵᠢᠢ ᠶᠢᠨ ᠪᠢᠴᠢᠭᠰᠡᠨ ᠰᠢᠭ ᠢᠶᠠᠷ ᠭᠠᠭᠴᠠ ᠬᠠᠭᠠᠨ ᠡᠵᠡᠨ ᠨᠢᠭᠡᠯᠡ ᠬᠦᠮᠦᠨ ᠤ ᠲᠦᠯᠦᠭᠡ ᠪᠢᠰᠢ᠂ ᠬᠠᠷᠢᠨ ᠠᠷᠠᠳ ᠢᠷᠭᠡᠳ ᠵᠠᠭᠤᠨ ᠤᠪᠤᠭᠳᠠᠨ ᠢ ᠠᠮᠤᠷᠵᠢᠭᠤᠯᠤᠨ᠂ ᠲᠡᠯᠡᠬᠡᠢ ᠳ᠋ᠠᠬᠢᠨ ᠤ ᠬᠦᠮᠦᠨ ᠤ ᠨᠠᠰᠤᠨ ᠬᠤᠳᠤᠭ ᠢ ᠨᠡᠮᠡᠭᠳᠡᠭᠦᠯᠬᠦ ᠶᠢᠨ ᠲᠦᠯᠦᠭᠡ ᠪᠠᠶᠢᠬᠤ ᠳᠤ ᠤᠷᠤᠰᠢᠨ᠎ᠠ᠃       ᠬᠦᠰᠡᠬᠦᠢ ᠶᠢᠨ ︽ᠢᠳᠡᠭᠡᠨ ᠤᠮᠳᠠᠭᠠᠨ ᠤ ᠵᠢᠩᠬᠢᠨᠢ ᠲᠤᠪᠴᠢ︾ ᠭᠡᠬᠦ ᠪᠦᠳᠦᠭᠡᠯ ᠨᠢ ᠨᠡᠶᠢᠳᠡ ᠭᠤᠷᠪᠠᠨ ᠪᠤᠳᠢ᠃ ᠲᠦᠷᠦᠭᠦᠦ ᠪᠤᠳᠢ ᠳᠤ᠂ ᠠᠵᠤ ᠲᠦᠷᠦᠬᠦ ᠶᠢᠨ ᠴᠡᠭᠡᠷᠯᠡᠬᠦ ᠵᠦᠢᠯ᠂ ᠵᠢᠷᠮᠦᠰᠦᠯᠡᠭᠰᠡᠳ ᠤᠨ ᠢᠳᠡᠭᠡᠨ ᠤᠮᠳᠠᠭᠠᠨ ᠪᠤᠯᠤᠨ ᠰᠢᠮ᠎ᠡ ᠲᠡᠵᠢᠭᠡᠯ ᠤᠨ ᠲᠤᠬᠠᠢ ᠴᠡᠭᠡᠷᠯᠡᠯ᠂ ᠭᠠᠶᠢᠬᠠᠮᠰᠢᠭᠳᠤ ᠨᠠᠨᠳᠢᠨ ᠢᠳᠡᠰᠢ ᠤᠤᠭᠤᠰᠢ ᠶᠢᠨ ᠵᠦᠢᠯ ᠵᠡᠷᠭᠡ ᠪᠠᠭᠳᠠᠭᠰᠠᠨ ᠪᠠᠶᠢᠪᠠ︔ ᠬᠤᠶᠠᠳᠤᠭᠠᠷ ᠪᠤᠳᠢ ᠳᠤ᠂ ᠲᠠᠩ ᠲᠠᠯᠬ᠎ᠠ᠂ ᠬᠠᠨᠳᠠ ᠰᠢᠷᠭᠡᠭᠡᠮᠡᠯ᠂ ᠠᠷᠰᠢ ᠰᠠᠬᠢᠭᠤᠯᠰᠤᠨ ᠤ ᠢᠳᠡᠭᠡᠨ ᠤᠮᠳᠠᠭᠠᠨ᠂ ᠲᠦᠷᠪᠡᠨ ᠤᠯᠠᠷᠢᠯ ᠳᠤ ᠡᠳ᠋ᠯᠡᠪᠡᠰᠦ ᠵᠤᠬᠢᠬᠤ ᠵᠦᠢᠯ᠂ ᠲᠠᠪᠤᠨ ᠠᠮᠳᠠ ᠶᠢᠨ ᠭᠦᠶᠦᠳᠡᠯ᠂ ᠢᠳᠡᠭᠡᠨ ᠤᠮᠳᠠᠭᠠᠨ ᠤ ᠵᠠᠰᠠᠯ᠂ ᠡᠮ ᠤᠤᠭᠤᠬᠤ ᠳᠤ ᠴᠡᠭᠡᠷᠯᠡᠬᠦ ᠵᠦᠢᠯ᠂ ᠢᠳᠡᠭᠡᠨ ᠤᠮᠳᠠᠭᠠᠨ ᠤ ᠠᠰᠢᠭ ᠬᠤᠤᠷ ᠪᠠ ᠬᠠᠷᠰᠢᠯᠳᠤᠬᠤ ᠵᠢᠴᠢ ᠬᠤᠤᠷᠠᠳᠠᠭᠳᠠᠬᠤ᠂ ᠠᠷᠢᠶᠠᠳᠠᠨ ᠵᠢᠭᠦᠷᠳᠡᠨ ᠤ ᠬᠡᠪ ᠤᠨ ᠪᠤᠰᠤ ᠪᠠᠶᠢᠳᠠᠯ ᠵᠡᠷᠭᠡ ᠠᠭᠤᠯᠭ᠎ᠠ ᠶᠢ ᠪᠠᠭᠳᠠᠭᠠᠭᠰᠠᠨ ᠪᠠᠶᠢᠪᠠ︔ ᠭᠤᠷᠪᠠᠳᠤᠭᠠᠷ ᠪᠤᠳᠢ ᠳᠤ᠂ ᠠᠮᠤ ᠪᠤᠳᠠᠭ᠎ᠠ ᠪᠠ ᠲᠠᠪᠤᠨ ᠲᠠᠷᠢᠶ᠎ᠠ᠂ ᠠᠷᠢᠶᠠᠳᠠᠨ ᠵᠢᠭᠦᠷᠳᠡᠨ ᠵᠢᠭᠠᠰᠤ ᠵᠢᠷᠭᠠᠬᠠᠢ᠂ ᠨᠤᠭᠤᠭ᠎ᠠ ᠵᠢᠮᠢᠰ ᠤᠨ ᠠᠮᠳᠠ ᠪᠠ ᠲᠡᠭᠦᠨ ᠤ ᠦᠢᠯᠡᠳᠦᠯ ᠢ ᠲᠠᠨᠢᠯᠴᠠᠭᠤᠯᠤᠭᠰᠠᠨ ᠪᠠᠶᠢᠪᠠ᠃ ᠲᠤᠰ ᠪᠦᠳᠦᠭᠡᠯ ᠳᠡᠭᠡᠨ ᠪᠠᠰᠠ ᠤᠯᠠᠨ ᠵᠢᠷᠤᠭ ᠬᠠᠳᠠᠵᠤ ᠡᠮ ᠡᠮᠨᠡᠯᠭᠡ ᠪᠤᠯᠤᠨ ᠢᠳᠡᠭᠡᠨ ᠤᠮᠳᠠᠭᠠᠨ ᠤ ᠤᠴᠢᠷ ᠢ ᠤᠷᠠᠯᠢᠭ ᠨᠠᠷᠢᠯᠢᠭ ᠰᠠᠶᠢᠬᠠᠨ ᠬᠠᠷᠠᠭᠤᠯᠤᠭᠰᠠᠨ ᠪᠠᠶᠢᠪᠠ᠃ ᠲᠤᠰ ᠪᠦᠳᠦᠭᠡᠯ ᠳᠤ᠂ ᠦᠩᠭᠡᠷᠡᠭᠰᠡᠨ ᠤ ᠨᠡᠷ᠎ᠡ ᠲᠠᠢ ᠠᠯᠳᠠᠷ ᠲᠠᠢ ᠡᠮᠴᠢ ᠨᠠᠷ ᠤᠨ ᠲᠤᠷᠰᠢᠯᠭᠠᠳᠤ ᠵᠤᠷ ᠪᠠ ᠨᠢᠭᠤᠴᠠ ᠵᠤᠷ ᠤᠨ ᠠᠭᠤᠯᠭ᠎ᠠ ᠶᠢ ᠨᠠᠶᠢᠷᠠᠭᠤᠯᠤᠨ ᠤᠷᠤᠭᠤᠯᠤᠭᠰᠠᠨ ᠢᠶᠠᠷ ᠪᠠᠷᠠᠬᠤ ᠦᠭᠡᠢ᠂ ᠮᠤᠩᠭᠤᠯᠴᠤᠳ ᠤᠨ ᠢᠳᠡᠰᠢ ᠤᠤᠭᠤᠰᠢ ᠶᠢᠨ ᠤᠨᠴᠠᠯᠢᠭ ᠪᠦᠬᠦᠢ ᠤᠯᠠᠭᠠᠨ ᠴᠠᠭᠠᠨ ᠢᠳᠡᠭᠡᠨ ᠤᠮᠳᠠᠭᠠᠨ ᠤ ᠵᠦᠢᠯᠡᠰ ᠢ ᠴᠤ ᠵᠠᠭᠤᠢ ᠤᠯᠠᠨ ᠨᠠᠶᠢᠷᠠᠭᠤᠯᠤᠨ ᠤᠷᠤᠭᠤᠯᠤᠭᠰᠠᠨ ᠪᠠᠶᠢᠪᠠ᠃ ᠮᠢᠩ ᠤᠯᠤᠰ ᠤᠨ ᠠᠯᠳᠠᠷᠳᠤ ᠡᠮᠴᠢ ᠯᠢ ᠱᠢ ᠵᠧᠨ ᠤ ᠨᠠᠶᠢᠷᠠᠭᠤᠯᠤᠨ ᠵᠤᠬᠢᠶᠠᠭᠰᠠᠨ ︽ᠡᠪᠡᠰᠦᠨ ᠡᠮ ᠤᠨ ᠲᠤᠪᠴᠢ︾ ᠬᠡᠮᠡᠬᠦ ᠪᠦᠳᠦᠭᠡᠯ ᠳᠡᠭᠡᠨ ᠬᠦᠰᠡᠬᠦᠢ ᠶᠢᠨ ︽ᠢᠳᠡᠭᠡᠨ ᠤᠮᠳᠠᠭᠠᠨ ᠤ ᠵᠢᠩᠬᠢᠨᠢ ᠲᠤᠪᠴᠢ︾ ᠭᠡᠬᠦ ᠪᠦᠳᠦᠭᠡᠯ ᠠᠴᠠ ᠵᠤᠬᠢᠬᠤ ᠬᠡᠮᠵᠢᠶᠡᠨ ᠤ ᠡᠰᠢ ᠲᠠᠲᠠᠵᠤ ᠬᠡᠷᠡᠭᠯᠡᠭᠰᠡᠨ ᠪᠠᠶᠢᠪᠠ᠃       ᠬᠦᠰᠡᠬᠦᠢ ᠦᠪᠡᠷ ᠤᠨ ᠡᠨᠡᠬᠦ ᠪᠦᠳᠦᠭᠡᠯ ᠳᠡᠭᠡᠨ ᠰᠢᠮ᠎ᠡ ᠲᠡᠵᠢᠭᠡᠯ ᠤᠨ ᠰᠤᠳᠤᠯᠤᠯ ᠤᠨ ᠡᠮᠨᠡᠯᠭᠡ ᠶᠢᠨ ᠦᠢᠯᠡᠳᠦᠯ ᠢ ᠴᠢᠬᠤᠯᠠᠴᠢᠯᠡᠨ ᠦᠵᠡᠵᠤ᠂ ᠬᠠᠮᠤᠭ ᠰᠠᠶᠢᠨ ᠡᠮ ᠢ ᠴᠦᠬᠡᠨ ᠤᠤᠭᠤᠵᠤ᠂ ᠶᠠᠷᠤ ᠶᠢᠨ ᠴᠠᠭ ᠲᠠᠭᠠᠨ ᠰᠢᠮ᠎ᠡ ᠲᠡᠵᠢᠭᠡᠯ ᠢ ᠢᠯᠡᠭᠦᠬᠡᠨ ᠨᠦᠬᠦᠪᠦᠷᠢᠯᠡᠬᠦ ᠶᠢ ᠠᠩᠬᠠᠷᠤᠨ ᠵᠤᠬᠢᠴᠠᠭᠤᠯᠪᠠᠯ ᠡᠮ ᠤᠤᠭᠤᠬᠤ ᠦᠭᠡᠢ ᠪᠤᠯᠪᠠᠴᠤ ᠡᠪᠡᠳᠴᠢᠨ ᠢ ᠡᠳᠡᠭᠡᠷᠡᠭᠦᠯᠦᠨ ᠵᠠᠰᠠᠵᠤ ᠪᠤᠯᠤᠨ᠎ᠠ ᠭᠡᠵᠤ ᠦᠵᠡᠭᠰᠡᠨ ᠪᠠᠶᠢᠪᠠ᠃ ᠲᠡᠷᠡ ᠪᠠᠰᠠ ᠬᠠᠪᠤᠷ ᠵᠤᠨ ᠨᠠᠮᠤᠷ ᠡᠪᠦᠯ ᠤᠨ ︽ᠲᠦᠷᠪᠡᠨ ᠤᠯᠠᠷᠢᠯ ᠳᠤ ᠵᠤᠬᠢᠴᠠᠭᠤᠯᠤᠨ︾ ᠶᠠᠮᠠᠷ ᠢᠳᠡᠭᠡᠨ ᠢ ᠢᠳᠡᠬᠦ ᠲᠤᠬᠠᠢ ᠴᠤ ᠰᠠᠶᠢᠬᠠᠨ ᠶᠠᠷᠢᠭᠰᠠᠨ ᠪᠠᠶᠢᠪᠠ᠃ ᠲᠤᠬᠠᠶᠢᠯᠠᠪᠠᠯ᠄ ᠲᠦᠷᠪᠡᠨ ᠤᠯᠠᠷᠢᠯ ᠳᠤ ᠰᠠᠶᠢᠳᠤᠷ ᠵᠤᠬᠢᠴᠠᠭᠤᠯᠵᠤ᠂ ᠢᠳᠡᠭᠡᠨ ᠤᠮᠳᠠᠭᠠᠨ ᠤ ᠬᠡᠮᠵᠢᠶ᠎ᠡ ᠶᠢ ᠬᠢᠴᠢᠶᠡᠨ ᠲᠡᠩᠨᠡᠭᠦᠯᠵᠤ᠂ ᠶᠠᠪᠤᠳᠠᠯ ᠮᠦᠷ ᠢ ᠲᠡᠮᠡᠶᠢᠷᠡᠭᠦᠯᠦᠨ ᠦᠯᠦ ᠰᠠᠮᠠᠭᠤᠷᠠᠭᠤᠯᠵᠤ᠂ ᠲᠠᠪᠤᠨ ᠴᠤᠯᠤ ᠵᠢᠷᠭᠤᠭᠠᠨ ᠰᠠᠪᠠ ᠶᠢ ᠲᠠᠪᠤᠨ ᠠᠮᠳᠠ ᠪᠠᠷ ᠡᠶᠡᠯᠳᠦᠭᠦᠯᠦᠨ ᠲᠡᠵᠢᠭᠡᠪᠡᠰᠦ ᠴᠤᠯᠤ ᠰᠠᠪᠠ ᠠᠨᠤ ᠰᠠᠶᠢᠵᠢᠷᠠᠵᠤ᠂ ᠬᠡᠢ ᠴᠢᠰᠤ ᠶᠢ ᠰᠢᠮᠡᠵᠢᠭᠦᠯᠦᠨ ᠲᠦᠯᠵᠢᠭᠦᠯᠵᠤ᠂ ᠴᠤᠭ ᠰᠦᠯᠳᠡ ᠪᠠᠶᠠᠰᠤᠩᠭᠤᠢ ᠲᠡᠩᠭᠡᠯᠡᠬᠦᠨ᠂ ᠰᠠᠨᠠᠭ᠎ᠠ ᠰᠡᠳᠬᠢᠯ ᠠᠮᠤᠷ ᠲᠤᠭᠳᠠᠭᠤᠨ ᠪᠤᠯᠬᠤ ᠳᠤ ᠡᠯ᠎ᠡ ᠵᠦᠢᠯ ᠤᠨ ᠡᠳᠡᠭᠡᠳ ᠭᠡᠮ ᠪᠡᠶ᠎ᠡ ᠳᠤᠷ ᠨᠡᠷᠪᠡᠵᠤ ᠦᠯᠦ ᠴᠢᠳᠠᠬᠤ᠂ ᠬᠦᠢᠳᠡᠨ ᠬᠠᠯᠠᠭᠤᠨ ᠤ ᠬᠤᠤᠷᠠᠳᠤ ᠠᠮᠢᠰᠬᠤᠯ ᠳᠤ ᠴᠤ ᠦᠯᠦ ᠠᠪᠳᠠᠭᠳᠠᠬᠤ ᠤᠴᠢᠷ ᠠᠴᠠ ᠬᠦᠮᠦᠨ ᠤ ᠪᠡᠶ᠎ᠡ ᠠᠶᠠᠨᠳᠠᠭᠠᠨ ᠠᠮᠤᠷ ᠲᠦᠪᠰᠢᠨ ᠢᠶᠠᠷ ᠠᠵᠤ ᠲᠦᠷᠦᠭᠦ ᠠᠵᠠ ᠵᠢᠷᠭᠠᠯ ᠢ ᠡᠳ᠋ᠯᠡᠵᠤ ᠴᠢᠳᠠᠬᠤ ᠪᠤᠯᠤᠨ᠎ᠠ ᠭᠡᠵᠤ ᠦᠵᠡᠳᠡᠭ ᠪᠦᠭᠡᠳ ᠲᠡᠷᠡ ᠪᠠᠰᠠ ᠡᠪᠡᠳᠴᠢᠨ ᠦᠭᠡᠢ ᠡᠷᠡᠭᠦᠯ ᠦᠶ᠎ᠡ ᠳᠡᠭᠡᠨ ᠰᠡᠷᠭᠡᠶᠢᠯᠡᠨ ᠠᠰᠠᠷᠠᠬᠤ ᠶᠢ ᠠᠩᠬᠠᠷᠬᠤ ᠠᠴᠠ ᠪᠢᠰᠢ᠂ ᠡᠪᠡᠳᠴᠢᠯᠡᠭᠰᠡᠨ ᠤ ᠬᠤᠶᠢᠨ᠎ᠠ ᠡᠮᠴᠢᠯᠡᠬᠦ ᠪᠠᠷ ᠭᠤᠤᠯᠯᠠᠬᠤ ᠦᠭᠡᠢ ᠪᠠᠶᠢᠬᠤ ᠤᠴᠢᠷ ᠠᠨᠤ ᠤᠭᠤᠭᠠᠳᠠ ᠢᠳᠡᠭᠡᠨ ᠤᠮᠳᠠᠭᠠᠨ ᠤ ᠵᠢᠩᠬᠢᠨᠢ ᠶᠤᠰᠤᠨ ᠢ ᠬᠦᠨᠳᠦᠳᠭᠡᠵᠤ ᠡᠮ ᠠᠳᠢᠰ ᠢ ᠲᠡᠳ᠋ᠯᠡᠭᠦᠯᠬᠦ ᠰᠠᠨᠠᠭ᠎ᠠ ᠪᠤᠶᠤ ᠭᠡᠵᠤ ᠦᠵᠡᠳᠡᠭ ᠪᠠᠶᠢᠪᠠ᠃ ᠲᠡᠷᠡ ᠪᠠᠰᠠ ᠬᠠᠪᠤᠷ ᠨᠠᠮᠤᠷ ᠵᠤᠨ ᠡᠪᠦᠯ ᠲᠦᠷᠪᠡᠨ ᠤᠯᠠᠷᠢᠯ ᠤᠨ ᠠᠷᠭ᠎ᠠ ᠪᠢᠯᠢᠭ ᠤᠨ ᠠᠭᠤᠷ ᠲᠤ ᠡᠪᠡᠳᠴᠢᠯᠡᠬᠦ ᠨᠢ ᠲᠤᠬᠠᠢ ᠶᠢᠨ ᠨᠦᠭᠦᠴᠡᠯ ᠳᠤ ᠦᠯᠦ ᠵᠤᠬᠢᠴᠠᠭᠰᠠᠨ ᠠᠴᠠ ᠪᠤᠯᠪᠠ᠃ ᠲᠡᠶᠢᠮᠦ ᠠᠴᠠ ᠪᠡᠶ᠎ᠡ ᠪᠠᠨ ᠰᠠᠶᠢᠬᠠᠨ ᠴᠢᠳᠠᠮᠠᠭᠠᠢ ᠠᠷᠠᠴᠢᠯᠠᠵᠤ ᠴᠢᠳᠠᠬᠤ ᠬᠦᠮᠦᠨ ᠰᠠᠶ᠋ᠢ ᠠᠷᠪᠢᠳᠬᠤ ᠪᠠᠷᠠᠭᠳᠠᠬᠤ ᠭᠡᠮ ᠠᠴᠠ ᠵᠠᠶᠢᠯᠠᠰᠭᠢᠵᠤ ᠭᠤᠤᠯ ᠲᠠᠮᠢᠷ ᠢᠶᠠᠨ ᠬᠠᠮᠠᠭᠠᠯᠠᠵᠤ ᠬᠤᠤᠷ ᠭᠡᠮ ᠳᠤ ᠨᠡᠷᠪᠡᠭᠳᠡᠬᠦ ᠠᠴᠠ ᠵᠤᠪᠠᠭ᠋ᠤ ᠤᠴᠢᠷ ᠦᠭᠡᠢ᠂ ᠲᠡᠶᠢᠮᠦ ᠠᠴᠠ᠂ ᠡᠮ ᠠᠳᠢᠰ ᠢ ᠠᠷᠪᠢᠨ ᠤᠤᠭᠤᠬᠤ ᠠᠴᠠ ᠬᠠᠷᠢᠨ ᠪᠡᠶ᠎ᠡ ᠪᠠᠨ ᠢᠯᠡᠭᠦᠬᠡᠨ ᠴᠢᠳᠠᠮᠠᠭᠠᠢ ᠰᠠᠶᠢᠬᠠᠨ ᠠᠰᠠᠷᠠᠵᠤ ᠰᠤᠪᠢᠯᠠᠵᠤ ᠴᠢᠳᠠᠬᠤ ᠳᠤ ᠬᠦᠷᠬᠦ ᠦᠭᠡᠢ ᠭᠡᠵᠤ ᠦᠵᠡᠳᠡᠭ ᠪᠠᠶᠢᠪᠠ᠃       ᠬᠦᠰᠡᠬᠦᠢ ᠲᠤᠰ ︽ᠢᠳᠡᠭᠡᠨ ᠤᠮᠳᠠᠭᠠᠨ ᠤ ᠵᠢᠩᠬᠢᠨᠢ ᠲᠤᠪᠴᠢ︾ ᠭᠡᠬᠦ ᠪᠦᠳᠦᠭᠡᠯ ᠳᠡᠭᠡᠨ ᠢᠳᠡᠭᠡᠨ ᠤᠮᠳᠠᠭᠠᠨ ᠪᠠ ᠪᠡᠶ᠎ᠡ ᠮᠠᠬᠠᠪᠤᠳ᠂ ᠡᠷᠡᠭᠦᠯ ᠬᠠᠮᠠᠭᠠᠯᠠᠯ ᠤᠨ ᠬᠠᠷᠢᠴᠠᠭ᠎ᠠ ᠶᠢ ᠭᠦᠨᠵᠡᠭᠡᠢ ᠶᠠᠷᠢᠪᠠ᠃ ᠲᠡᠷᠡ᠂ ︽ᠶᠠᠷᠤᠨᠢ ᠪᠡᠶ᠎ᠡ ᠮᠠᠬᠠᠪᠤᠳ ᠢᠶᠠᠨ ᠰᠠᠶᠢᠨ ᠠᠰᠠᠷᠠᠵᠤ ᠰᠤᠪᠢᠯᠠᠵᠤ ᠴᠢᠳᠠᠬᠤ ᠬᠦᠮᠦᠨ ᠰᠠᠶ᠋ᠢ ᠢᠡᠳᠡᠭᠡᠨ ᠤᠮᠳᠠᠭᠠᠨ ᠢ ᠲᠡᠷᠢᠭᠦᠨ ᠳᠤ ᠲᠠᠯᠪᠢᠵᠤ ᠬᠦᠨᠳᠦᠳᠭᠡᠵᠤ ᠦᠵᠡᠳᠡᠭ︾᠂ ︽ᠠᠯᠢᠪᠠ ᠢᠳᠡᠭᠡᠨ ᠤᠮᠳᠠᠭᠠᠨ ᠤ ᠰᠢᠮ᠎ᠡ ᠲᠠᠮᠢᠷ ᠬᠠᠷᠢᠯᠴᠠᠨ ᠬᠠᠷᠰᠢᠯᠳᠤᠪᠠᠰᠤ ᠲᠠᠮᠢᠷ ᠬᠦᠴᠦᠨ ᠢ ᠬᠦᠨᠦᠭᠡᠵᠤ᠂ ᠢᠳᠡᠭᠡᠨ ᠤᠮᠳᠠᠭᠠᠨ ᠤ ᠦᠨᠦᠷ ᠠᠮᠳᠠ ᠦᠯᠦ ᠨᠡᠶᠢᠴᠡᠪᠡᠰᠦ ᠴᠤᠭ ᠲᠦᠷᠰᠦ ᠶᠢ ᠭᠡᠮᠳᠦᠭᠡᠮᠦᠢ᠃ ᠲᠦᠷᠰᠦ ᠢᠨᠦ ᠤᠤᠯ ᠠᠴᠠ ᠲᠠᠪᠤᠨ ᠠᠮᠳᠠ ᠶᠢ ᠰᠢᠩᠭᠡᠭᠡᠨ ᠠᠪᠤᠭᠠᠳ ᠰᠠᠶ᠋ᠢ ᠪᠡᠶ᠎ᠡ ᠴᠤᠭᠴᠠ ᠶᠢ ᠪᠦᠳᠦᠭᠡᠳᠡᠭ ᠪᠠᠶᠢᠨ᠎ᠠ᠃ ᠲᠡᠶᠢᠮᠦ ᠠᠴᠠ ᠪᠤᠭᠳᠠ ᠡᠷᠳᠡᠮᠳᠡᠨ ᠢᠨᠦ ᠶᠠᠭᠤᠨ ᠤᠷᠢᠳᠠ ᠢᠳᠡᠭᠡᠨ ᠤᠮᠳᠠᠭᠠᠨ ᠤ ᠴᠡᠭᠡᠷᠯᠡᠯ ᠢ ᠪᠠᠷᠢᠮᠳᠠᠯᠠᠵᠤ ᠮᠠᠬᠠᠪᠤᠳ ᠤᠨ ᠵᠢᠩᠬᠢᠨᠢ ᠴᠢᠨᠡᠷ ᠢᠶᠠᠨ ᠦᠯᠦ ᠠᠯᠳᠠᠭᠤᠯᠤᠨ᠂ ᠲᠠᠷᠠᠭ᠎ᠠ ᠠᠨᠤ ᠰᠠᠶ᠋ᠢ ᠡᠮ ᠠᠳᠢᠰ ᠢ ᠦᠢᠯᠡᠳᠴᠦ ᠡᠪᠡᠳᠴᠢᠨ ᠡᠮᠬᠡᠭ ᠠᠴᠠ ᠰᠡᠷᠭᠡᠶᠢᠯᠡᠳᠡᠭ ᠪᠠᠶᠢᠨ᠎ᠠ᠃ ᠶᠠᠷᠤᠨᠢ ᠡᠮ ᠤᠨ ᠲᠤᠲᠤᠷ᠎ᠠ ᠶᠡᠭᠡ ᠬᠤᠤᠷ ᠲᠠᠢ ᠵᠦᠢᠯ ᠪᠤᠢ︾᠂ ︽ᠢᠳᠡᠭᠡᠨ ᠤᠮᠳᠠᠭᠠᠨ ᠤ ᠲᠦᠷᠦᠯ ᠪᠦᠷᠢ ᠳᠤ ᠴᠦᠮ ᠠᠮᠳᠠ ᠴᠢᠨᠡᠷ ᠪᠠᠶᠢᠬᠤ ᠪᠤᠯᠪᠠᠴᠤ ᠭᠠᠭᠴᠠ ᠬᠦ ᠲᠡᠳᠡᠭᠡᠷ ᠤᠨ ᠤᠬᠢ ᠰᠢᠮ᠎ᠡ ᠶᠢ ᠴᠢᠬᠤᠯᠠᠴᠢᠯᠠᠵᠤ᠂ ᠠᠴᠢ ᠲᠤᠰᠠ ᠦᠵᠡᠭᠦᠯᠬᠦ ᠢᠨᠦ ᠲᠤᠬᠢᠷᠠᠬᠤ ᠡᠰᠡᠬᠦ᠂ ᠰᠢᠨ᠎ᠡ ᠬᠠᠭᠤᠴᠢᠨ ᠤ ᠢᠯᠭᠠᠪᠤᠷᠢ᠂ ᠪᠦᠯᠢᠶᠡᠨ ᠰᠡᠷᠢᠭᠦᠨ ᠬᠠᠯᠠᠭᠤᠨ ᠬᠦᠢᠳᠡᠨ ᠤ ᠴᠢᠨᠡᠷ ᠪᠠ ᠲᠠᠪᠤᠨ ᠠᠮᠳᠠ ᠶᠢᠨ ᠭᠦᠶᠦᠳᠡᠯ ᠵᠡᠷᠭᠡ ᠶᠢ ᠴᠦᠮ ᠬᠢᠨᠠᠵᠤ ᠲᠤᠲᠤᠯᠠᠬᠤ ᠬᠡᠷᠡᠭᠳᠡᠢ᠃ ᠡᠰᠡ ᠲᠡᠶᠢᠮᠦ ᠪᠦᠬᠡᠰᠦ ᠢᠳᠡᠭᠡᠨ ᠤᠮᠳᠠᠭᠠᠨ ᠤ ᠶᠠᠮᠠᠷ ᠨᠢᠭᠡᠨ ᠠᠮᠳᠠ ᠳᠤ ᠰᠢᠨᠤᠬᠠᠶᠢᠷᠠᠵᠤ᠂ ᠰᠢᠨ᠎ᠡ ᠬᠠᠭᠤᠴᠢᠨ ᠢ ᠴᠤ ᠢᠯᠭᠠᠵᠤ ᠰᠢᠯᠢᠬᠦ ᠦᠭᠡᠢ᠂ ᠬᠤᠭᠤᠯᠠ ᠤᠮᠳᠠ ᠶᠢ ᠪᠠᠵᠠᠭᠠᠬᠤ ᠳᠠᠭᠠᠨ ᠵᠤᠬᠢᠬᠤ ᠠᠷᠭ᠎ᠠ ᠬᠡᠮᠵᠢᠶ᠎ᠡ ᠪᠠᠨ ᠠᠯᠳᠠᠬᠤ ᠮᠡᠳᠦ ᠶᠢᠨ ᠶᠠᠪᠤᠳᠠᠯ ᠠᠨᠤ ᠴᠦᠮ ᠡᠪᠡᠳᠴᠢᠯᠡᠬᠦ ᠶᠢᠨ ᠦᠨᠳᠦᠰᠦ ᠰᠢᠯᠳᠠᠭᠠᠨ ᠮᠦᠨ︾᠂ ︽ᠠᠮᠳᠠᠳᠠᠢ ᠰᠢᠮᠡᠳᠡᠳᠡᠢ ᠢᠳᠡᠰᠢ ᠤᠤᠭᠤᠰᠢ ᠳᠤ ᠬᠡᠳᠦᠷᠬᠡᠢ ᠰᠢᠨᠤᠷᠬᠠᠶᠢᠭᠠᠳ ᠴᠡᠭᠡᠷᠯᠡᠯ ᠢ ᠤᠮᠠᠷᠳᠠᠨ ᠲᠡᠪᠴᠢᠪᠡᠰᠦ ᠡᠪᠡᠳᠴᠢᠨ ᠡᠮᠬᠡᠭ ᠢᠨᠦ ᠦᠯᠦ ᠮᠡᠳᠡᠭᠳᠡᠮ᠎ᠡ ᠨᠢᠭᠤᠴᠠ ᠲᠠᠯᠳᠠ ᠪᠠᠷ ᠢᠷᠡᠬᠦ ᠶᠤᠮ᠃ ᠡᠨᠡ ᠢᠨᠦ ᠴᠢᠪ ᠬᠡᠮᠡᠨ ᠨᠢᠭᠡᠨ ᠴᠠᠭ ᠤᠨ ᠠᠮᠳᠠᠷᠬᠠᠨ ᠳᠤ ᠠᠪᠳᠠᠭᠳᠠᠭᠠᠳ ᠵᠠᠭᠤᠨ ᠨᠠᠰᠤᠯᠠᠬᠤ ᠪᠡᠶ᠎ᠡ ᠪᠠᠨ ᠪᠤᠳᠤᠯᠬᠢᠯᠠᠭᠰᠠᠨ ᠦᠭᠡᠢ ᠶᠠᠪᠤᠳᠠᠯ ᠮᠦᠨ ᠲᠤᠯᠠ ᠶᠠᠭᠤᠳᠠᠢ ᠬᠠᠷᠠᠮᠰᠠᠯᠳᠠᠢ ᠠᠵᠢ᠃ ᠡᠷᠳᠡᠮᠳᠡᠨ ᠡᠮᠴᠢ ᠰᠦᠨ ᠰᠧ ᠮᠢᠶᠤᠤ ᠶᠢᠨ ᠦᠭᠦᠯᠡᠭᠰᠡᠨ ᠢᠨᠦ᠄ ᠡᠮᠴᠢ ᠪᠤᠯᠤᠭᠰᠠᠳ ᠡᠪᠡᠳᠴᠢᠨ ᠦᠵᠡᠭᠦᠷ ᠲᠤᠷ ᠬᠠᠮᠤᠭ ᠲᠡᠷᠢᠭᠦᠨ ᠳᠤ ᠡᠪᠡᠳᠴᠢᠯᠡᠭᠰᠡᠨ ᠦᠨᠳᠦᠰᠦ ᠰᠢᠯᠳᠠᠭᠠᠨ ᠢ ᠰᠢᠨᠵᠢᠯᠡᠨ ᠲᠤᠲᠤᠯᠠᠬᠤ ᠪᠦᠭᠡᠳ ᠡᠪᠡᠳᠴᠢᠨ ᠶᠠᠭᠠᠬᠢᠵᠤ ᠬᠦᠳᠡᠯᠦᠭᠰᠡᠨ ᠢ ᠤᠶᠢᠯᠭᠠᠭᠰᠠᠨ ᠤ ᠰᠡᠭᠦᠯᠡᠷ᠂ ᠤᠷᠢᠳᠠᠪᠡᠷ ᠢᠳᠡᠭᠡᠨ ᠤᠮᠳᠠᠭᠠᠨ ᠢᠶᠠᠷ ᠵᠠᠰᠠᠵᠤ ᠰᠤᠪᠢᠯᠠᠭᠠᠳ ᠬᠡᠷᠪᠡ ᠡᠳᠡᠭᠡᠷᠡᠬᠦ ᠦᠭᠡᠢ ᠪᠤᠯ ᠰᠠᠢ ᠡᠮ ᠠᠳᠢᠰ ᠦᠭᠴᠦ ᠡᠪᠡᠳᠴᠢᠨ ᠤ ᠠᠷᠪᠠᠨ ᠤ ᠶᠢᠰᠦᠨ ᠬᠤᠪᠢ ᠶᠢ ᠠᠷᠢᠯᠭᠠᠳᠤᠭᠠᠢ ᠬᠡᠮᠡᠵᠦᠬᠦᠢ︾᠂ ︽ᠪᠡᠶ᠎ᠡ ᠪᠠᠨ ᠰᠠᠶᠢᠳᠤᠷ ᠭᠠᠮᠨᠠᠨ ᠠᠷᠴᠢᠯᠠᠵᠤ ᠴᠢᠳᠠᠬᠤ ᠬᠦᠮᠦᠨ ᠤᠷᠢᠳᠠᠪᠡᠷ ᠦᠯᠦᠰᠴᠦ ᠪᠠᠶᠢᠭᠠᠳ ᠰᠠᠶ᠋ᠢ ᠢᠳᠡᠬᠦ ᠪᠦᠭᠡᠳ ᠬᠡᠳᠦᠷᠬᠡᠢ ᠴᠠᠳᠳᠠᠯ᠎ᠠ ᠢᠳᠡᠬᠦ ᠦᠭᠡᠢ᠂ ᠤᠷᠢᠳᠠᠪᠡᠷ ᠤᠮᠳᠠᠭᠠᠰᠴᠤ ᠪᠠᠶᠢᠭᠠᠳ ᠰᠠᠶ᠋ᠢ ᠤᠤᠭᠤᠬᠤ ᠪᠦᠭᠡᠳ ᠬᠡᠳᠦᠷᠬᠡᠢ ᠤᠤᠭᠤᠬᠤ ᠦᠭᠡᠢ᠂ ᠢᠳᠡᠵᠤ ᠤᠤᠭᠤᠬᠤ ᠳᠠᠭᠠᠨ ᠢᠯᠡᠭᠦᠦ ᠬᠡᠳᠦᠨ ᠤᠳᠠᠭ᠎ᠠ ᠢᠳᠡᠬᠦ ᠤᠤᠭᠤᠬᠤ ᠪᠦᠭᠡᠳ ᠪᠠᠭ᠎ᠠ ᠬᠡᠮᠵᠢᠶ᠎ᠡ ᠶᠢ ᠡᠷᠬᠢᠮᠯᠡᠵᠤ᠂ ᠨᠢᠭᠡᠯᠡ ᠲᠡᠭᠡᠷ᠎ᠡ ᠬᠡᠮᠵᠢᠶ᠎ᠡ ᠠᠴᠠ ᠲᠠᠪᠠᠳᠠᠯ᠎ᠠ ᠴᠢᠮᠠᠯᠠᠬᠤ ᠶᠢ ᠡᠷᠬᠢᠮᠯᠡᠬᠦ ᠦᠭᠡᠢ᠃ ᠶᠠᠷᠤ ᠠᠴᠠ ᠴᠠᠳᠬᠤᠯᠠᠩ ᠠᠴᠠ ᠦᠯᠦᠰᠬᠦᠯᠡᠩ ᠳᠤ ᠬᠦᠷᠬᠦ ᠪᠠ ᠦᠯᠦᠰᠬᠦᠯᠡᠩ ᠠᠴᠠ ᠴᠠᠳᠬᠤᠯᠠᠩ ᠪᠤᠯᠬᠤ ᠪᠠᠶᠢᠳᠠᠯ ᠢᠶᠠᠷ ᠬᠡᠯᠡᠪᠡᠯ ᠬᠡᠳᠦ ᠴᠠᠳᠬᠤᠯᠠᠩ ᠪᠤᠯᠪᠠᠯ ᠠᠭᠤᠰᠭᠢ ᠶᠢ ᠭᠡᠮᠳᠦᠭᠡᠵᠤ᠂ ᠦᠯᠦᠰᠬᠦᠯᠡᠩ ᠪᠤᠯᠪᠠᠯ ᠲᠠᠮᠢᠷ ᠢ ᠬᠦᠨᠦᠭᠡᠳᠡᠭ᠃ ᠴᠠᠳᠬᠤᠯᠠᠩ ᠤᠨ ᠲᠡᠷᠡ ᠲᠠᠷᠤᠢ ᠳᠤ ᠨᠢ ᠬᠡᠪᠳᠡᠵᠤ ᠦᠯᠦ ᠪᠤᠯᠤᠮᠤᠢ᠃ ᠡᠰᠡ ᠪᠦᠭᠡᠰᠦ ᠡᠪᠡᠳᠴᠢᠨ ᠪᠦᠬᠦᠨ ᠢ ᠡᠭᠦᠰᠭᠡᠬᠦ ᠪᠤᠯᠤᠨ᠎ᠠ︾᠂ ︽ᠦᠷᠯᠦᠭᠡ ᠡᠷᠳᠡ ᠳᠤ ᠰᠢᠳᠦ ᠪᠠᠨ ᠤᠭᠢᠶᠠᠬᠤ ᠨᠢ ᠤᠷᠤᠢ ᠤᠨᠳᠠᠬᠤ ᠠᠴᠠ ᠤᠷᠢᠳ ᠤᠭᠢᠶᠠᠬᠤ ᠶᠢ ᠦᠯᠦ ᠬᠦᠷᠦᠮᠦᠢ︾ ᠭᠡᠬᠦ ᠮᠡᠳᠦ ᠪᠠᠷ ᠡᠷᠡᠭᠦᠯ ᠡᠩᠭᠡ ᠶᠢᠨ ᠤᠴᠢᠷ ᠤᠬᠠᠭᠠᠨ ᠤ ᠲᠤᠬᠠᠢ ᠤᠯᠠᠨ ᠲᠠᠯ᠎ᠠ ᠪᠠᠷ ᠶᠠᠷᠢᠭᠰᠠᠨ ᠪᠠᠶᠢᠪᠠ᠃       ᠬᠦᠰᠡᠬᠦᠢ ᠶᠢᠨ 650 ᠭᠠᠷᠤᠢ ᠵᠢᠯ ᠤᠨ ᠡᠮᠦᠨ᠎ᠡ ᠶᠠᠷᠢᠭᠰᠠᠨ ᠡᠳᠡᠭᠡᠷ ᠢᠳᠡᠭᠡᠨ ᠤᠮᠳᠠᠭᠠᠨ ᠪᠤᠯᠤᠨ ᠪᠡᠶ᠎ᠡ ᠮᠠᠬᠠᠪᠤᠳ᠂ ᠡᠷᠡᠭᠦᠯ ᠬᠠᠮᠠᠭᠠᠯᠠᠯ ᠤᠨ ᠬᠠᠷᠢᠴᠠᠭ᠎ᠠ ᠬᠤᠯᠪᠤᠭ᠎ᠠ ᠶᠢᠨ ᠲᠤᠬᠠᠢ ᠦᠵᠡᠯᠳᠡ ᠲᠠᠨᠢᠯᠳᠠ ᠨᠢ ᠤᠳᠤ ᠦᠶ᠎ᠡ ᠶᠢᠨ ᠬᠦᠮᠦᠰ ᠤᠨ ᠡᠮ ᠡᠮᠨᠡᠯᠭᠡ ᠶᠢᠨ ᠤᠬᠠᠭᠠᠨ ᠪᠠ ᠪᠡᠶ᠎ᠡ ᠪᠠᠨ ᠠᠰᠠᠷᠠᠬᠤ ᠶᠢᠨ ᠶᠤᠰᠤᠨ ᠲᠠᠢ ᠨᠡᠶᠢᠴᠡᠵᠤ ᠪᠠᠶᠢᠭ᠎ᠠ ᠪᠤᠯᠬᠤᠷ ᠦᠨᠦᠳᠦᠷ ᠴᠤ ᠮᠦᠨ ᠡᠷᠬᠢᠮᠯᠡᠭᠳᠡᠵᠤ ᠪᠠᠶᠢᠨ᠎ᠠ᠃       ᠬᠦᠰᠡᠬᠦᠢ ᠶᠢᠨ ︽ᠢᠳᠡᠭᠡᠨ ᠤᠮᠳᠠᠭᠠᠨ ᠤ ᠵᠢᠩᠬᠢᠨᠢ ᠲᠤᠪᠴᠢ︾ ᠭᠡᠬᠦ ᠪᠦᠳᠦᠭᠡᠯ ᠪᠤᠯ ᠮᠠᠨ ᠤ ᠤᠯᠤᠰ ᠤᠨ ᠡᠷᠳᠡᠨ ᠤ ᠦᠶ᠎ᠡ ᠳᠠᠬᠢ ᠢᠳᠡᠭᠡᠨ ᠤᠮᠳᠠᠭᠠᠨ ᠤ ᠲᠤᠬᠠᠢ ᠦᠭᠦᠯᠡᠭᠰᠡᠨ ᠬᠠᠮᠤᠭ ᠠᠩᠬᠠᠨ ᠤ ᠨᠢᠭᠡᠨ ᠢᠵᠢ ᠪᠦᠳᠦᠭᠡᠯ ᠪᠤᠯᠤᠨ᠎ᠠ᠃ ᠵᠤᠬᠢᠶᠠᠭᠴᠢ ᠲᠤᠰ ᠪᠦᠳᠦᠭᠡᠯ ᠢᠶᠠᠨ ᠲᠤᠭᠤᠷᠪᠢᠨ ᠪᠢᠴᠢᠬᠦ ᠳᠡᠭᠡᠨ ᠮᠠᠰᠢ ᠶᠡᠭᠡ ᠬᠦᠴᠦ ᠬᠦᠳᠡᠯᠮᠦᠷᠢ ᠵᠠᠷᠤᠴᠠᠭᠤᠯᠤᠭᠰᠠᠨ ᠪᠦᠭᠡᠳ ᠦᠩᠭᠡᠷᠡᠭᠰᠡᠨ ᠦᠶ᠎ᠡ ᠶᠢᠨ ᠪᠠ ᠲᠤᠬᠠᠢ ᠶᠢᠨ ᠦᠶ᠎ᠡ ᠶᠢᠨ ᠰᠢᠮ᠎ᠡ ᠲᠡᠵᠢᠭᠡᠯ ᠤᠨ ᠤᠬᠠᠭᠠᠨ ᠤ ᠲᠤᠬᠠᠢ ᠤᠯᠠᠨ ᠠᠷᠪᠢᠨ ᠨᠤᠮ ᠰᠤᠳᠤᠷ ᠪᠤᠯᠤᠨ ᠤᠷᠢᠳᠤᠬᠢ ᠬᠦᠮᠦᠰ ᠤᠨ ᠲᠤᠷᠰᠢᠯᠭ᠎ᠠ ᠰᠤᠷᠭᠠᠮᠵᠢ ᠶᠢ ᠦᠨᠳᠦᠰᠦᠯᠡᠵᠤ ᠨᠠᠶᠢᠷᠠᠭᠤᠯᠤᠨ ᠵᠤᠬᠢᠶᠠᠨ ᠪᠦᠳᠦᠭᠡᠵᠤ᠂ ᠰᠢᠮ᠎ᠡ ᠲᠡᠵᠢᠭᠡᠯ ᠤᠨ ᠲᠠᠯ᠎ᠠ ᠠᠴᠠ ᠬᠦᠮᠦᠰ ᠤᠨ ᠪᠡᠶ᠎ᠡ ᠮᠠᠬᠠᠪᠤᠳ ᠤᠨ ᠡᠷᠡᠭᠦᠯ ᠴᠢᠬᠢᠷᠠᠭ ᠲᠤ ᠬᠤᠯᠪᠤᠭᠳᠠᠬᠤ ᠠᠯᠢ ᠤᠯᠠᠨ ᠦᠵᠡᠯᠳᠡ ᠶᠢ ᠲᠤᠷᠠᠳᠤᠭᠰᠠᠨ ᠪᠠᠶᠢᠪᠠ᠃ ᠰᠢᠨᠵᠢᠯᠡᠬᠦ ᠤᠬᠠᠭᠠᠨ ᠤ ᠲᠠᠯ᠎ᠠ ᠠᠴᠠ ᠨᠢ ᠠᠪᠴᠤ ᠦᠵᠡᠪᠡᠯ᠂ ᠪᠢᠳᠠ ᠬᠦᠰᠡᠬᠦᠢ ᠲᠡᠳᠡᠭᠡᠷ ᠦᠵᠡᠯᠳᠡ ᠤᠶᠢᠯᠭᠠᠯᠳᠠ ᠶᠢ ᠦᠨᠦᠳᠦᠷ ᠠᠪᠴᠤ ᠶᠠᠷᠢᠯᠴᠠᠬᠤ ᠳᠤ ᠲᠡᠷᠡ ᠪᠦᠬᠦᠨ ᠢᠶᠠᠷ ᠢᠶᠠᠨ ᠵᠦᠪ ᠭᠡᠰᠡᠨ ᠦᠨᠡᠯᠡᠯᠳᠡ ᠬᠢᠬᠦ ᠳᠤ ᠪᠡᠷᠬᠡ ᠲᠠᠢ ᠪᠤᠯᠪᠠᠴᠤ ᠭᠤᠤᠯ ᠠᠭᠤᠯᠭ᠎ᠠ ᠶᠠᠷᠦᠩᠭᠡᠢ ᠴᠢᠭᠯᠡᠯ ᠨᠢ ᠦᠢᠯᠡᠳᠦᠯᠭᠡ ᠲᠤᠷᠰᠢᠯᠭ᠎ᠠ ᠪᠠᠷ ᠲᠠᠮᠵᠢᠨ ᠭᠡᠷᠡᠴᠢᠯᠡᠭᠳᠡᠭᠰᠡᠨ ᠰᠢᠨᠵᠢᠯᠡᠬᠦ ᠤᠬᠠᠭᠠᠨᠴᠢ ᠰᠢᠨᠵᠢ ᠴᠢᠨᠡᠷ ᠪᠦᠬᠦᠢ ᠵᠦᠢᠯ ᠪᠠᠶᠢᠭᠰᠠᠨ ᠪᠤᠶᠤ ᠰᠢᠨᠵᠢᠯᠡᠬᠦ ᠤᠬᠠᠭᠠᠨ ᠤ ᠵᠢᠮ᠎ᠡ ᠶᠤᠰᠤᠨ ᠳᠤ ᠨᠡᠶᠢᠴᠡᠬᠦ ᠵᠦᠢᠯ ᠪᠠᠶᠢᠭᠰᠠᠨ ᠶᠤᠮ᠃ ᠲᠤᠰ ᠪᠦᠳᠦᠭᠡᠯ ᠳᠤ ᠲᠠᠨᠢᠯᠴᠠᠭᠤᠯᠤᠭᠰᠠᠨ ᠠᠯᠢ ᠤᠯᠠᠨ ᠢᠳᠡᠭᠡᠨ ᠤᠮᠳᠠᠭᠠᠨ᠂ ᠠᠮᠢᠳᠠᠨ ᠤᠷᠭᠤᠮᠠᠯ ᠤᠨ ᠵᠦᠢᠯᠡᠰ ᠪᠠ ᠲᠡᠭᠦᠨ ᠢ ᠬᠢᠵᠤ ᠪᠤᠯᠪᠠᠰᠤᠷᠠᠭᠤᠯᠬᠤ ᠂ ᠲᠤᠬᠠᠢ ᠶᠢᠨ ᠲᠡᠷᠡᠬᠦ ᠢᠳᠡᠭᠡᠨ ᠤᠮᠳᠠᠭᠠᠨ ᠤ ᠠᠰᠢᠭ ᠬᠤᠤᠷ᠎ᠠ ᠶᠢ ᠤᠶᠢᠯᠭᠠᠬᠤ ᠵᠢᠴᠢ ᠮᠤᠩᠭᠤᠯ᠂ ᠬᠢᠳᠠᠳ᠂ ᠬᠤᠳᠤᠩ᠂ ᠵᠦᠷᠴᠢᠳ ᠵᠡᠷᠭᠡ ᠦᠨᠳᠦᠰᠦᠳᠡᠨ ᠤ ᠠᠷᠠᠳ ᠲᠦᠮᠡᠨ ᠤ ᠢᠳᠡᠭᠡᠨ ᠤᠮᠳᠠᠭᠠᠨ ᠤ ᠵᠦᠢᠯᠡᠰ ᠪᠤᠯᠤᠨ ᠲᠡᠳᠡᠨᠦᠰ ᠤᠨ ᠡᠨᠡ ᠲᠤᠬᠠᠢ ᠠᠷᠭ᠎ᠠ ᠲᠤᠷᠰᠢᠯᠭ᠎ᠠ ᠶᠢ ᠰᠤᠷᠤᠯᠴᠠᠬᠤ ᠳᠤ ᠰᠡᠭᠦᠯᠴᠢ ᠶᠢᠨ ᠦᠶ᠎ᠡ ᠪᠤᠯᠵᠤ ᠢᠷᠡᠭᠡᠳ ᠶᠡᠭᠡ ᠨᠦᠯᠦᠭᠡ ᠲᠤᠰᠬᠠᠯ ᠦᠵᠡᠭᠦᠯᠦᠭᠰᠡᠨ ᠪᠠᠶᠢᠪᠠ᠃       ᠦᠩᠭᠡᠷᠡᠭᠰᠡᠨ ᠤ ᠵᠠᠷᠢᠮ ᠲᠡᠤᠬᠡ ᠶᠢᠨ ᠨᠤᠮ ᠰᠤᠳᠤᠷ ᠲᠤ ᠲᠡᠮᠳᠡᠭᠯᠡᠭᠰᠡᠨ ᠢ ᠦᠨᠳᠦᠰᠦᠯᠡᠪᠡᠯ᠂ ᠬᠦᠰᠡᠬᠦᠢ ᠪᠤᠯ ︽ᠢᠳᠡᠭᠡᠨ ᠳᠤ ᠬᠤᠤᠷᠠᠳᠠᠭᠳᠠᠬᠤ︾ ᠭᠡᠬᠦ ᠦᠭᠡ ᠶᠢ ᠬᠠᠮᠤᠭ ᠲᠦᠷᠦᠭᠦᠨ ᠳᠤ ᠬᠡᠷᠡᠭᠯᠡᠭᠰᠡᠨ ᠬᠦᠮᠦᠨ ᠪᠦᠭᠡᠳ ᠢᠳᠡᠭᠡᠨ ᠳᠤ ᠬᠤᠤᠷᠠᠳᠠᠭᠳᠠᠬᠤ ᠰᠢᠯᠳᠠᠭᠠᠨ ᠢ ᠵᠢᠭᠠᠵᠤ ᠭᠠᠷᠭᠠᠬᠤ ᠳᠠᠭᠠᠨ ᠵᠠᠷᠢᠮ ᠢᠳᠡᠭᠡᠨ ᠨᠢ ᠬᠤᠤᠷ᠎ᠠ ᠠᠭᠤᠯᠤᠭᠳᠠᠵᠤ ᠪᠠᠶᠢᠬᠤ ᠠᠴᠠ ᠪᠤᠯᠪᠠ︔ ᠵᠠᠷᠢᠮ ᠢᠳᠡᠭᠡᠨ ᠨᠢ ᠬᠤᠤᠷ᠎ᠠ ᠦᠭᠡᠢ ᠪᠤᠯᠪᠠᠴᠤ ᠶᠠᠮᠠᠷ ᠨᠢᠭᠡᠨ ᠰᠢᠯᠳᠠᠭᠠᠨ ᠠᠴᠠ ᠪᠤᠯᠵᠤ ᠬᠤᠤᠷᠠᠳᠤ ᠡᠰ ᠡᠭᠦᠰᠴᠤ ᠬᠤᠤᠷᠠᠳᠤ ᠢᠳᠡᠭᠡᠨ ᠪᠤᠯᠬᠤ︔ ᠵᠠᠷᠢᠮ ᠵᠦᠢᠯ ᠤᠨ ᠢᠳᠡᠭᠡᠨ ᠢ ᠬᠤᠯᠢᠵᠤ ᠢᠳᠡᠭᠰᠡᠨ ᠠᠴᠠ ᠪᠤᠯᠵᠤ ᠬᠠᠷᠰᠢᠯᠳᠤᠬᠤ ᠡᠰ ᠡᠭᠦᠰᠦᠨ ᠬᠤᠤᠷᠠᠳᠤ ᠢᠳᠡᠭᠡᠨ ᠪᠤᠯᠬᠤ ᠭᠡᠬᠦ ᠮᠡᠳᠦ ᠭᠡᠵᠤ ᠦᠵᠡᠭᠰᠡᠨ ᠪᠠᠶᠢᠪᠠ᠃       ᠮᠤᠩᠭᠤᠯᠴᠤᠳ ᠤᠨ ᠲᠤᠮᠳᠠ ᠤᠳᠤ ᠪᠤᠯᠳᠠᠯ᠎ᠠ ︽ᠢᠳᠡᠭᠡᠨ ᠳᠤ ᠬᠤᠤᠷᠠᠳᠠᠭᠳᠠᠬᠤ︾ ᠶᠢ ᠬᠡᠷᠰᠡᠤᠯᠠᠵᠤ᠂ ᠢᠳᠡᠭᠡᠨ ᠤᠮᠳᠠᠭᠠᠨ ᠤ ᠵᠦᠢᠯ ᠢ ᠬᠤᠭᠤᠷᠤᠨᠳᠤ ᠨᠢ ᠲᠠᠭᠠᠷᠠᠭᠤᠯᠵᠤ᠂ ᠡᠪᠡᠳᠴᠢᠨ ᠡᠮᠬᠡᠭ ᠤᠯᠬᠤ ᠠᠴᠠ ᠰᠡᠷᠭᠡᠶᠢᠯᠡᠬᠦ ᠤᠯᠠᠨ ᠵᠦᠢᠯ ᠤᠨ ᠨᠠᠷᠢᠨ ᠠᠷᠭ᠎ᠠ ᠤᠬᠠᠭᠠᠨ ᠢ ᠬᠡᠷᠡᠭᠯᠡᠵᠤ ᠪᠠᠶᠢᠭᠰᠠᠭᠠᠷ ᠪᠠᠶᠢᠨ᠎ᠠ᠃ ᠬᠦᠰᠡᠬᠦᠢ ᠶᠢᠨ ︽ᠢᠳᠡᠭᠡᠨ ᠤᠮᠳᠠᠭᠠᠨ ᠤ ᠵᠢᠩᠬᠢᠨᠢ ᠲᠤᠪᠴᠢ︾ ᠭᠡᠬᠦ ᠪᠦᠳᠦᠭᠡᠯ ᠪᠤᠯ ᠶᠤᠸᠠᠨ ᠤᠯᠤᠰ ᠤᠨ ᠦᠶ᠎ᠡ ᠶᠢᠨ ᠰᠢᠮ᠎ᠡ ᠲᠡᠵᠢᠭᠡᠯ ᠤᠨ ᠤᠬᠠᠭᠠᠨ ᠤ ᠲᠠᠯ᠎ᠠ ᠪᠠᠷ ᠬᠢ ᠮᠤᠩᠭᠤᠯᠴᠤᠳ ᠤᠨ ᠰᠢᠨᠵᠢᠯᠡᠬᠦ ᠤᠬᠠᠭᠠᠨ ᠤ ᠴᠢᠬᠤᠯᠠ ᠶᠡᠭᠡ ᠪᠦᠳᠦᠭᠡᠯ ᠪᠤᠯᠤᠨ᠎ᠠ᠃ ᠲᠤᠰ ᠪᠦᠳᠦᠭᠡᠯ ᠨᠢ ᠮᠠᠨ ᠤ ᠤᠯᠤᠰ ᠤᠨ ᠡᠷᠳᠡᠨ ᠤ ᠤᠷᠭᠤᠮᠠᠯ ᠤᠨ ᠵᠦᠢᠯᠡᠰ ᠤᠨ ᠰᠤᠳᠤᠯᠤᠯ᠂ ᠰᠢᠮ᠎ᠡ ᠲᠡᠵᠢᠭᠡᠯ ᠤᠨ ᠤᠬᠠᠭᠠᠨ᠂ ᠢᠳᠡᠭᠡᠨ ᠤᠮᠳᠠᠭᠠᠨ ᠤ ᠲᠡᠤᠬᠡ ᠵᠡᠷᠭᠡ ᠶᠢ ᠰᠢᠨᠵᠢᠯᠡᠵᠤ ᠰᠤᠳᠤᠯᠬᠤ ᠳᠤ ᠮᠠᠰᠢ ᠴᠢᠬᠤᠯᠠ ᠠᠴᠢ ᠬᠤᠯᠪᠤᠭᠳᠠᠯ ᠲᠠᠢ ᠪᠠᠶᠢᠬᠤ ᠪᠠ ᠮᠠᠰᠢ ᠴᠢᠬᠤᠯᠠ ᠰᠢᠨᠵᠢᠯᠡᠬᠦ ᠤᠬᠠᠭᠠᠨ ᠤ ᠠᠴᠢ ᠬᠤᠯᠪᠤᠭᠳᠠᠯ ᠲᠠᠢ ᠶᠤᠮ᠃
ᠢᠷᠡᠯᠲᠡ᠄ ᠲᠥᠪ ᠲᠧᠯᠸᠢᠰ ᠤᠨ ᠮᠣᠩᠭᠤᠯ ᠰᠦᠯᠵᠢᠶ᠎ᠡ