ᠤᠳᠤᠨ ᠤᠷᠤᠨ ᠤ ᠤᠬᠠᠭᠠᠨᠳᠠᠨ — — ᠦᠯᠦᠭ ᠪᠠᠬᠢ ᠬᠠᠨ
ᠨᠡᠶᠢᠲᠡᠯᠡᠭᠰᠡᠨ ᠴᠠᠭ᠄
2023/3/6
      ᠦᠯᠦᠭ ᠪᠠᠬᠢ ᠪᠤᠯ ᠪᠠᠷᠤᠯᠠᠰ ᠠᠶᠢᠮᠠᠭ ᠤᠨ ᠬᠦᠮᠦᠨ ᠪᠤᠯᠤᠨ᠎ᠠ᠃ 1394 ᠤᠨ ᠤ 3 ᠰᠠᠷ᠎ᠠ ᠶᠢᠨ 23 ᠤ ᠡᠳᠦᠷ᠂ ᠳᠡᠮᠦᠷ ᠬᠠᠭᠠᠨᠳᠤ ᠤᠯᠤᠰ ᠢ ᠡᠬᠦᠰᠭᠡᠨ ᠪᠠᠶᠢᠭᠤᠯᠤᠭᠴᠢ ᠳᠤᠭᠤᠯᠠᠩ ᠳᠡᠮᠦᠷ ᠤᠨ ᠠᠴᠢ ᠬᠦᠪᠡᠬᠦᠨ ᠪᠤᠯᠵᠦ ᠲᠦᠷᠦᠵᠡᠢ᠃       ᠦᠯᠦᠭ ᠪᠠᠬᠢ ᠬᠠᠷᠠᠬᠠᠨ ᠪᠠᠭ᠎ᠠ ᠠᠴᠠ ᠪᠠᠨ ᠰᠡᠴᠡᠨ ᠰᠡᠷᠬᠦᠯᠡᠩ ᠪᠦᠭᠡᠳ ᠰᠤᠷᠬᠤ ᠳᠤ ᠪᠠᠬ᠎ᠠ ᠲᠠᠢ ᠳᠤᠯᠠ ᠫᠧᠷᠰ᠂ ᠲᠦᠷᠺ᠂ ᠠᠷᠠᠪ ᠬᠡᠯᠡᠨ ᠳᠤ ᠨᠡᠪᠳᠡᠷᠡᠬᠡᠳ ᠂ ᠠᠷᠪᠠᠨ ᠳᠠᠪᠤᠬᠠᠨ ᠨᠠᠰᠤᠳᠠᠢ ᠳᠠᠭᠠᠨ ᠳᠡᠮᠦᠷ ᠬᠠᠭᠠᠨᠳᠤ ᠤᠯᠤᠰ ᠤᠨ ᠨᠡᠶᠢᠰᠯᠡᠯ ᠰᠠᠮᠠᠷᠺᠠᠨᠳ᠋ ᠤᠨ ᠡᠵᠡᠨ ᠨᠤᠶᠠᠨ ᠢᠶᠠᠷ ᠡᠷᠬᠦᠮᠵᠢᠯᠡᠭᠳᠡᠵᠡᠢ᠃ ᠡᠨᠡ ᠦᠶ᠎ᠡ ᠠᠴᠠ ᠡᠬᠢᠯᠡᠨ ᠳᠡᠷᠡ ᠢᠯ ᠬᠠᠭᠠᠨᠳᠤ ᠤᠯᠤᠰ ᠤᠨ ᠪᠠᠭᠳᠠᠳ᠋ ᠲᠤ ᠰᠦᠨᠳᠡᠷᠯᠡᠵᠦ ᠪᠠᠶᠢᠭ᠎ᠠ ᠤᠳᠤᠨ ᠤᠷᠤᠨ ᠤ ᠰᠤᠳᠤᠯᠤᠯ ᠤᠨ ᠤᠷᠬᠢᠯ ᠢ ᠪᠠᠭ᠋ᠠᠷᠬᠠᠬᠤ ᠪᠤᠯᠤᠭᠰᠠᠨ ᠪᠦᠭᠡᠳ ᠦᠪᠡᠷ ᠢᠶᠠᠨ ᠴᠦ ᠨᠢᠭᠡᠨ ᠳᠡᠶᠢᠮᠦᠷᠬᠦ ᠭᠠᠶᠢᠬᠠᠮᠰᠢᠭᠳᠤ ᠪᠠᠷᠢᠯᠭ᠎ᠠ ᠲᠠᠢ ᠪᠤᠯᠬᠤ ᠶᠢ ᠬᠦᠰᠡᠵᠦ ᠡᠬᠢᠯᠡᠪᠡ᠃ ᠬᠡᠪᠡᠴᠦ ᠤᠳᠤᠨ ᠤᠷᠤᠨ ᠤ ᠤᠷᠬᠢᠯ ᠢ ᠪᠠᠶᠢᠭᠤᠯᠬᠤ ᠶᠠᠪᠤᠳᠠᠯ ᠨᠢ ᠵᠦᠪᠬᠡᠨ ᠨᠢᠭᠡᠨ ᠪᠠᠷᠢᠯᠭ᠎ᠠ ᠶᠢᠨ ᠠᠵᠢᠯ ᠤᠨ ᠳᠡᠳᠦ᠋ᠢᠯᠡ ᠪᠢᠰᠢ᠂ ᠬᠠᠷᠢᠨ ᠤᠯᠠᠨ ᠳᠠᠯ᠎ᠠ ᠶᠢᠨ ᠰᠢᠨᠵᠢᠯᠡᠬᠦ ᠤᠬᠠᠭᠠᠨ ᠢ ᠬᠠᠮᠤᠷᠤᠭᠰᠠᠨ ᠶᠡᠷᠦᠩᠭᠡᠢ ᠰᠤᠳᠤᠯᠤᠯ ᠤᠨ ᠠᠵᠢᠯ ᠪᠤᠯᠬᠤ ᠶᠤᠮ᠃ ᠦᠭᠡᠷ᠎ᠡ ᠪᠠᠷ ᠬᠡᠯᠡᠪᠡᠯ ᠰᠢᠨᠵᠢᠯᠡᠬᠦ ᠤᠬᠠᠭᠠᠨ ᠤ ᠰᠤᠳᠤᠯᠤᠯ ᠤᠨ ᠡᠨᠡ ᠬᠦ ᠭᠠᠵᠠᠷ ᠢ ᠰᠤᠩᠭᠤᠬᠤ ᠳᠤ ᠳᠡᠯᠡᠭᠡᠢ ᠶᠢᠨ ᠴᠠᠭ ᠠᠭᠤᠷ ᠤᠨ ᠬᠤᠪᠢᠷᠠᠯᠳᠠ᠂ ᠳᠤᠬᠠᠢ ᠶᠢᠨ ᠭᠠᠵᠠᠷ ᠤᠷᠤᠨ ᠤ ᠳᠤᠯᠠᠭᠠᠨ ᠪᠠ ᠴᠢᠬᠢᠭ ᠨᠦᠢᠳᠠᠨ ᠵᠢᠴᠢ ᠡᠬᠦᠯᠡ ᠲᠠᠢ ᠡᠳᠦᠷ ᠬᠢᠭᠡᠳ ᠪᠦᠷᠬᠦᠭ ᠰᠦᠨᠢ ᠶᠢᠨ ᠳᠤᠭ᠎ᠠ ᠶᠢ ᠬᠦᠷᠳᠡᠯ᠎ᠡ ᠨᠡᠷᠢᠪᠴᠢᠯᠠᠨ ᠰᠢᠨᠵᠢᠵᠦ᠂ ᠳᠤᠭᠠᠴᠢᠨ ᠪᠤᠳᠤᠬᠤ ᠬᠡᠷᠡᠭᠳᠡᠢ ᠪᠠᠶᠢᠪᠠ᠃ ᠬᠡᠷᠡᠭ ᠶᠠᠪᠤᠳᠠᠯ ᠬᠡᠳᠦ᠋ᠢᠪᠡᠷ ᠡᠶᠢᠮᠦ ᠨᠠᠷᠢᠨ ᠪᠤᠳᠤᠯᠢᠶᠠᠨ ᠲᠠᠢ ᠪᠠᠶᠢᠭᠰᠠᠨ ᠴᠦ ᠰᠢᠨᠵᠢᠯᠡᠬᠦ ᠤᠬᠠᠭᠠᠨ ᠤ ᠳᠤᠷ᠎ᠠ ᠪᠠᠬ᠎ᠠ ᠳᠤ ᠳᠠᠳᠠᠭᠳᠠᠨ ᠤᠷᠤᠭᠰᠠᠨ ᠵᠠᠯᠠᠭᠤ ᠡᠷᠳᠡᠮᠳᠡᠨ ᠦᠯᠦᠭ ᠪᠠᠬᠢ᠂ ᠬᠤᠷᠴᠠ ᠰᠡᠷᠬᠦᠯᠡᠩ ᠤᠶᠤᠨ ᠤᠬᠠᠭᠠᠨ ᠪᠠ ᠳᠤᠬᠠᠢ ᠶᠢᠨ ᠦᠶ᠎ᠡ ᠶᠢᠨ ᠰᠢᠨᠵᠢᠯᠡᠬᠦ ᠤᠬᠠᠭᠠᠨᠳᠠᠳ ᠨᠠᠷ ᠤᠨ ᠬᠠᠪᠰᠤᠷᠤᠯᠭ᠎ᠠ ᠳᠡᠮᠵᠢᠯᠭᠡ ᠳᠤ ᠳᠦᠰᠢᠭᠯᠡᠨ᠂ ᠦᠩᠭᠡᠷᠡᠭᠰᠡᠨ ᠳᠤ ᠶᠡᠷᠦ ᠬᠢᠵᠦ ᠦᠵᠡᠭᠡ ᠦᠭᠡᠢ ᠰᠢᠨ᠎ᠡ ᠦᠢᠯᠡᠰ ᠢ ᠭᠠᠷᠳᠠᠨ ᠬᠢᠵᠦ ᠡᠬᠢᠯᠡᠵᠡᠢ᠃ ᠳᠡᠭᠡᠭᠡᠳ ᠦᠯᠦᠭ ᠪᠠᠬᠢ 10 ᠭᠠᠷᠤᠢ ᠵᠢᠯ ᠳᠡᠰᠪᠦᠷᠢ ᠬᠠᠳᠠᠭᠤᠵᠢᠯᠳᠠᠢ ᠳᠡᠮᠡᠴᠡᠭᠡᠳ 1420 ᠤᠨ ᠳᠤ 26 ᠨᠠᠰᠤᠳᠠᠢ ᠳᠠᠭᠠᠨ ᠰᠠᠮᠠᠷᠺᠠᠨᠳ᠋ ᠬᠤᠳᠠᠨ᠎ᠠ ᠤᠳᠤᠨ ᠤᠷᠤᠨ ᠰᠤᠳᠤᠯᠬᠤ ᠤᠷᠬᠢᠯ ᠢ ᠪᠠᠶᠢᠭᠤᠯᠤᠨ ᠪᠦᠳᠦᠭᠡᠪᠡ᠃ ᠡᠨᠡ ᠬᠦ ᠤᠳᠤᠨ ᠤᠷᠤᠨ ᠤ ᠰᠤᠳᠤᠯᠤᠯ ᠤᠨ ᠤᠷᠬᠢᠯ ᠨᠢ ᠬᠦᠷᠢᠶ᠎ᠡ ᠬᠡᠪᠴᠢᠶ᠎ᠡ ᠶᠢᠨ ᠦᠷᠭᠡᠨ ᠶᠡᠭᠡ ᠪᠠ ᠦᠨᠳᠦᠷ ᠤᠨ ᠬᠤᠪᠢ ᠳᠤ᠂ ᠪᠠᠭᠠᠵᠢ ᠬᠡᠷᠡᠭᠰᠡᠯ ᠤᠨ ᠪᠦᠷᠢᠨ ᠪᠦᠳᠦᠨ ᠪᠠ ᠨᠠᠷᠢᠯᠢᠭ ᠤᠨ ᠬᠤᠪᠢ ᠳᠤ ᠴᠦᠮ ᠳᠤᠬᠠᠢ ᠶᠢᠨ ᠦᠶ᠎ᠡ ᠶᠢᠨ ᠳᠡᠯᠡᠭᠡᠢ ᠶᠢᠨ ᠳᠡᠷᠢᠬᠦᠨ ᠤ ᠬᠡᠮᠵᠢᠶᠡᠨ ᠳᠤ ᠬᠦᠷᠦᠭᠰᠡᠨ ᠪᠠᠶᠢᠪᠠ᠃ ᠵᠢᠱᠢᠶᠡᠯᠡᠪᠡᠯ ᠳᠡᠬᠦᠨ ᠳᠤ ᠬᠡᠷᠡᠭᠯᠡᠬᠦ ᠪᠠᠷ ᠪᠡᠯᠡᠳᠭᠡᠭᠰᠡᠨ ᠮᠦᠴᠡ ᠶᠢᠨ ᠬᠡᠮᠵᠢᠬᠦᠷᠯᠢᠭ ᠤᠨ ᠷᠠᠳᠢᠤᠰ ᠨᠢ 40 ᠮᠧᠳ᠋ᠷ ᠤᠷᠳᠤ ᠪᠠᠶᠢᠳᠠᠭ᠃ ᠡᠶᠢᠮᠦ ᠠᠴᠠ ᠠᠩᠭ᠍ᠯᠢ ᠶᠢᠨ ᠰᠢᠨᠵᠢᠯᠡᠬᠦ ᠤᠬᠠᠭᠠᠨᠳᠠᠨ ᠰᠧᠳᠢᠹᠠᠨ ︽ᠪᠠᠶᠢᠭᠠᠯᠢ ᠶᠢᠨ ᠰᠢᠨᠵᠢᠯᠡᠬᠦ ᠤᠬᠠᠭᠠᠨ ᠤ ᠳᠡᠦᠭᠡ︾ ᠭᠡᠳᠡᠭ ᠵᠤᠬᠢᠶᠠᠯ ᠳᠠᠭᠠᠨ᠄ ︽ᠦᠯᠦᠭ ᠪᠠᠬᠢ ᠶᠢᠨ ᠪᠠᠶᠢᠭᠤᠯᠤᠭᠰᠠᠨ ᠤᠳᠤᠨ ᠤᠷᠤᠨ ᠢ ᠰᠤᠳᠤᠯᠬᠤ ᠤᠷᠬᠢᠯ ᠪᠤᠯ ᠮᠤᠩᠭᠤᠯ ᠬᠦᠮᠦᠨ ᠤ ᠰᠢᠨᠵᠢᠯᠡᠬᠦ ᠤᠬᠠᠭᠠᠨ ᠳᠤ ᠦᠵᠡᠬᠦᠯᠦᠭᠰᠡᠨ ᠬᠠᠮᠤᠭ ᠤᠨ ᠡᠴᠦᠰ ᠤᠨ ᠬᠡᠷᠡᠯ ᠬᠢᠯᠪᠠᠭ᠎ᠠ︾ ᠭᠡᠵᠦ ᠦᠨᠡᠯᠡᠭᠰᠡᠨ ᠪᠢᠯᠡ᠃       ᠦᠯᠦᠭ ᠪᠠᠬᠢ ᠬᠠᠨ ᠤ ᠪᠠᠶᠢᠭᠤᠯᠤᠭᠰᠠᠨ ᠤᠳᠤᠨ ᠤᠷᠤᠨ ᠤ ᠰᠤᠳᠤᠯᠤᠯ ᠤᠨ ᠤᠷᠬᠢᠯ 1417 ᠤᠨ ᠠᠴᠠ ᠡᠬᠢᠯᠡᠨ ᠦᠯᠦᠭ ᠪᠠᠬᠢ ᠤᠳᠤᠨ ᠤᠷᠤᠨ ᠢ ᠰᠤᠳᠤᠯᠬᠤ ᠬᠠᠳᠠᠭᠤᠵᠢᠯᠳᠠᠢ ᠠᠵᠢᠯ ᠢᠶᠠᠨ ᠭᠠᠷᠳᠠᠨ ᠬᠢᠵᠦ᠂ ᠠᠤᠭ᠎ᠠ ᠵᠤᠷᠢᠭ᠂ ᠦᠷᠭᠡᠨ ᠮᠡᠳᠡᠯᠭᠡ᠂ ᠬᠤᠷᠴᠠ ᠰᠡᠷᠭᠡᠢ ᠤᠶᠤᠨ ᠤᠬᠠᠭᠠᠨ ᠢᠶᠠᠷ ᠢᠶᠠᠨ ᠳᠡᠷᠡ ᠦᠶ᠎ᠡ ᠶᠢᠨ ᠠᠷᠠᠪ ᠤᠨ ᠰᠢᠨᠵᠢᠯᠡᠬᠦ ᠤᠬᠠᠭᠠᠨᠳᠠᠨ᠂ ᠡᠸᠦ᠋ᠷᠦᠫᠠ ᠶᠢᠨ ᠡᠷᠳᠡᠮᠳᠡᠳ ᠲᠤ ᠬᠦᠨ ᠪᠢᠰᠢᠷᠡᠭᠳᠡᠵᠦ ᠬᠦᠷᠢᠶᠡᠯᠡᠭᠳᠡᠭᠰᠡᠨ ᠠᠴᠠ ᠰᠠᠮᠠᠷᠺᠠᠨᠳ᠋ ᠤᠨ ᠤᠳᠤᠨ ᠤᠷᠤᠨ ᠤ ᠰᠤᠳᠤᠯᠤᠯ ᠤᠨ ᠤᠷᠬᠢᠯ ᠳᠤ ᠡᠷᠳᠡᠮᠳᠡᠨ ᠴᠢᠳᠠᠪᠤᠷᠢᠳᠠᠨ ᠮᠠᠰᠢ ᠤᠯᠠᠨ ᠬᠤᠷᠠᠨ ᠴᠤᠭᠯᠠᠷᠠᠭᠠᠳ᠂ ᠰᠢᠨᠵᠢᠯᠡᠬᠦ ᠤᠬᠠᠭᠠᠨ ᠤ ᠬᠦᠴᠢᠷ ᠰᠡᠳᠦᠪ ᠤᠳ ᠢ ᠤᠳᠠᠭ᠎ᠠ ᠳᠠᠷᠠᠭ᠎ᠠ ᠪᠠᠷ ᠳᠠᠶᠢᠯᠵᠦ ᠪᠠᠶᠢᠯ᠎ᠠ᠃ ᠳᠡᠶᠢᠨ ᠬᠦ ᠦᠯᠦᠭ ᠪᠠᠬᠢ 30 ᠵᠢᠯ ᠤᠨ ᠬᠠᠳᠠᠭᠤᠵᠢᠯᠳᠠᠢ ᠰᠤᠳᠤᠯᠤᠯ ᠢ ᠦᠩᠭᠡᠷᠡᠭᠡᠭᠡᠳ ︽ᠢᠵᠢ︾ ᠦᠭᠡᠷ᠎ᠡ ᠪᠠᠷ ᠬᠡᠯᠡᠪᠡᠯ ︽ᠤᠳᠤᠨ ᠤᠷᠤᠨ ᠤ ᠰᠢᠨ᠎ᠡ ᠬᠦᠰᠦᠨᠦᠭᠳᠦ︾ ᠶᠢ ᠵᠤᠬᠢᠶᠠᠨ ᠭᠠᠷᠭᠠᠪᠠ᠃ ᠳᠡᠬᠦᠨ ᠤ ᠡᠨᠡ ᠵᠤᠬᠢᠶᠠᠯ ᠪᠤᠯ ᠨᠠᠷᠠᠨ᠂ ᠰᠠᠷᠠᠨ᠂ ᠤᠳᠤᠨ ᠤ ᠡᠷᠬᠢᠬᠦ ᠬᠦᠰᠦᠨᠦᠭᠳᠦ ᠪᠠ 1018 ᠤᠳᠤᠨ ᠤ ᠪᠠᠶᠢᠷᠢᠰᠢᠯ ᠤᠨ ᠵᠢᠷᠤᠭ ᠢ ᠪᠠᠭᠳᠠᠭᠠᠭᠰᠠᠨ ᠲᠦᠷᠪᠡᠨ ᠪᠤᠳᠢ ᠵᠤᠬᠢᠶᠠᠯ ᠪᠤᠯᠬᠤ ᠶᠤᠮ᠃ ᠳᠡᠬᠦᠨ ᠤ ᠨᠢᠭᠡᠳᠦᠭᠡᠷ ᠭᠡᠰᠡᠭ ᠲᠤ ᠳᠤᠷᠤᠨᠠᠳᠡᠬᠢᠨ ᠤ ᠬᠡᠷᠡᠭᠯᠡᠳᠡᠭ ᠤᠨ ᠵᠢᠯ ᠤᠨ ᠳᠤᠭᠠᠯᠠᠯ ᠬᠢᠬᠦ ᠠᠷᠭ᠎ᠠ ᠶᠢ ᠪᠠᠭᠳᠠᠭᠠᠭᠰᠠᠨ ᠬᠡᠷᠤᠨᠤᠯᠤᠭ ᠤᠨ ᠨᠡᠷ᠎ᠡ᠂ ᠬᠤᠶᠠᠳᠤᠭᠠᠷ ᠭᠡᠰᠡᠭ ᠲᠤ ᠫᠠᠷᠠᠺᠠᠲ᠋ᠢᠭ ᠤᠨ ᠤᠳᠤᠨ ᠰᠤᠳᠤᠯᠤᠯ ᠤᠨ ᠠᠰᠠᠭᠤᠳᠠᠯ᠂ ᠭᠤᠷᠪᠠᠳᠤᠭᠠᠷ ᠭᠡᠰᠡᠭ ᠲᠤ ᠶᠢᠷᠳᠢᠨᠴᠦ ᠶᠢᠨ ᠳᠡᠯᠡᠭᠡᠢ ᠪᠠᠷ ᠳᠦᠪᠯᠡᠬᠦ ᠰᠢᠰᠲ᠋ᠧᠮ ᠤᠨ ᠦᠵᠡᠯ ᠤᠨ ᠦᠨᠳᠦᠰᠦᠨ ᠳᠡᠭᠡᠷ᠎ᠡ ᠡᠷᠬᠢᠰ ᠤᠨ ᠦᠵᠡᠭᠳᠡᠬᠦ ᠬᠦᠳᠡᠯᠭᠡᠭᠡᠨ ᠤ ᠳᠤᠬᠠᠢ᠂ ᠳᠦᠷᠪᠡᠳᠦᠭᠡᠷ ᠭᠡᠰᠡᠭ ᠲᠤ ᠵᠢᠷᠤᠬᠠᠢ ᠶᠢᠨ ᠳᠤᠭᠠᠨ ᠤ ᠮᠡᠳᠡᠭᠳᠡᠬᠦᠨ ᠤ ᠳᠤᠬᠠᠢ ᠵᠡᠷᠭᠡ ᠶᠢ ᠪᠠᠭᠳᠠᠭᠠᠵᠠᠢ᠃ ᠡᠶᠢᠮᠦ ᠠᠴᠠ ᠦᠯᠦᠭ ᠪᠠᠬᠢ ᠶᠢᠨ ︽ᠢᠵᠢ︾᠂ ᠳᠤᠬᠠᠶᠢᠯᠠᠪᠠᠯ ︽ᠤᠳᠤᠨ ᠤᠷᠤᠨ ᠤ ᠰᠢᠨ᠎ᠡ ᠬᠦᠰᠦᠨᠦᠭᠳᠦ︾ ᠶᠢᠨ ᠭᠤᠤᠯ ᠠᠭᠤᠯᠭ᠎ᠠ ᠨᠢ 15 ᠳ᠋ᠤᠭᠠᠷ ᠵᠠᠭᠤᠨ ᠤ ᠡᠬᠢᠨ ᠤ ᠬᠠᠭᠠᠰ ᠦᠶ᠎ᠡ ᠶᠢᠨ ᠳᠤᠷᠤᠨᠠᠳᠠᠬᠢᠨ ᠤ ᠤᠳᠤᠨ ᠤᠷᠤᠨ ᠤ ᠰᠤᠳᠤᠯᠤᠯ ᠤᠨ ᠳᠠᠯ᠎ᠠ ᠳᠤ ᠪᠦᠷᠢᠨ ᠳᠠᠶᠢᠯᠪᠤᠷᠢ ᠪᠤᠯᠤᠭᠰᠠᠨ ᠪᠦᠭᠡᠳ ᠳᠡᠬᠦᠨ ᠤ ᠰᠢᠨ᠎ᠡ ᠪᠠᠷ ᠬᠡᠮᠵᠢᠨ ᠳᠤᠭᠳᠠᠭᠠᠭᠰᠠᠨ ᠪᠠ ᠵᠢᠷᠤᠭᠯᠠᠭᠰᠠᠨ ᠤᠳᠤᠨ ᠭᠠᠷᠠᠭ ᠤᠨ ᠪᠠᠶᠢᠷᠢᠰᠢᠯ ᠨᠢ ᠡᠷᠳᠡᠨ ᠤ ᠭᠷᠸᠢᠭ ᠤᠨ ᠬᠢᠫᠠᠫᠠᠷᠠᠢ ᠶᠢᠨ ᠳᠤᠳᠠᠭᠳᠠᠯ ᠪᠠ ᠠᠯᠳᠠᠭ᠎ᠠ ᠶᠢ ᠵᠠᠰᠠᠨ ᠦᠭᠡᠷᠡᠴᠢᠯᠡᠵᠦ᠂ 16 ᠳ᠋ᠤᠭᠠᠷ ᠵᠠᠭᠤᠨ ᠤ ᠳᠤᠰᠬᠤᠸ᠋ · ᠪᠠᠷᠠᠬ᠎ᠠ ︵1546 — 1601︶ ᠠᠴᠠ ᠡᠮᠦᠨᠡᠬᠢ ᠤᠳᠤᠨ ᠤᠷᠤᠨ ᠤ ᠬᠠᠮᠤᠭ ᠤᠨ ᠤᠨᠤᠪᠴᠢᠳᠠᠢ ᠠᠵᠢᠭᠯᠠᠯᠳᠠ ᠪᠤᠯᠤᠭᠰᠠᠨ ᠪᠠᠶᠢᠨ᠎ᠠ᠃       ᠦᠯᠦᠭ ᠪᠠᠬᠢ ᠬᠠᠨ ᠤ ᠤᠳᠤᠨ ᠤᠷᠤᠨ ᠤ ᠰᠤᠳᠤᠯᠤᠯ ᠤᠨ ᠤᠷᠬᠢᠯ 1449 ᠤᠨ ᠤ 10 ᠰᠠᠷ᠎ᠠ ᠶᠢᠨ 27 ᠤ ᠡᠳᠦᠷ᠂ ᠦᠯᠦᠭ ᠪᠠᠬᠢ ᠨᠠᠰᠤ ᠪᠠᠷᠠᠭᠰᠠᠨ ᠠᠴᠠ ᠬᠤᠶᠢᠰᠢ ᠳᠡᠬᠦᠨ ᠤ ︽ᠤᠳᠤᠨ ᠤᠷᠤᠨ ᠤ ᠰᠢᠨ᠎ᠡ ᠬᠦᠰᠦᠨᠦᠭᠳᠦ︾ ᠨᠢ ᠰᠠᠮᠠᠷᠺᠠᠨᠳ᠋ ᠤᠨ ᠤᠳᠤᠨ ᠤᠷᠤᠨ ᠤ ᠤᠷᠬᠢᠯ ᠤᠨ ᠠᠵᠢᠯᠳᠠᠨ ᠠᠯ · ᠪᠤᠰᠢᠴᠢ ᠪᠠᠷ ᠳᠠᠮᠵᠢᠨ ᠤᠶᠢᠷ᠎ᠠ ᠳᠤᠷᠤᠨᠠᠳᠤ᠂ ᠡᠨᠡᠳᠭᠡᠭ᠂ ᠡᠸᠦ᠋ᠷᠦᠫᠠ ᠳᠤ ᠤᠷᠴᠢᠭᠤᠯᠤᠭᠳᠠᠨ ᠳᠠᠷᠬᠠᠭᠳᠠᠵᠠᠢ᠃ ᠳᠡᠬᠦᠨ ᠠᠴᠠ ᠬᠤᠶᠢᠰᠢ 1648 ᠤᠨ ᠳᠤ ᠠᠩᠭ᠍ᠯᠢ ᠶᠢᠨ ᠰᠢᠨᠵᠢᠯᠡᠬᠦ ᠤᠬᠠᠭᠠᠨ ᠤ ᠲᠦᠪ ᠪᠤᠯᠤᠭᠰᠠᠨ ᠤᠺᠠᠰᠫᠤᠷᠲ ᠬᠤᠳᠠᠨ᠎ᠠ ᠬᠡᠪᠯᠡᠭᠳᠡᠨ ᠭᠠᠷᠤᠭᠰᠠᠨ ᠪᠦᠭᠡᠳ ᠬᠤᠵᠢᠮ ᠨᠢ 1665 ᠤᠨ ᠳᠤ ᠳᠤᠮᠠᠰ ᠬᠠᠶᠢᠳᠤ ᠭᠡᠮᠡᠭᠴᠢ ᠬᠦᠮᠦᠨ ᠫᠧᠷᠰ᠂ ᠯᠠᠲ᠋ᠢᠨ ᠬᠡᠯᠡ ᠪᠠᠷ ᠤᠷᠴᠢᠭᠤᠯᠵᠦ ᠮᠦᠨ 1673 ᠤᠨ ᠳᠤ ᠫᠤᠯᠱᠠ ᠶᠢᠨ ᠡᠷᠳᠡᠮᠳᠡᠨ ᠭᠶᠧᠶᠤᠯ ︵1611 — 1687︶ ︽ᠤᠳᠤᠳᠤ ᠳᠡᠭᠷᠢ ᠶᠢᠨ ᠠᠲ᠋ᠠᠯᠡᠰ︾ ᠨᠡᠷ᠎ᠡ ᠲᠠᠢ ᠨᠤᠮ ᠪᠤᠯᠭᠠᠨ ᠬᠡᠪᠯᠡᠬᠦᠯᠪᠡ᠃ ᠳᠤᠰ ᠵᠤᠬᠢᠶᠠᠯ ᠢ 1968 ᠤᠨ ᠪᠤᠯᠤᠨ 1970 ᠤᠨ ᠳᠤ ᠵᠦᠪᠯᠡᠯᠳᠤ ᠬᠤᠯᠪᠤᠭᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠵᠢᠩᠬᠢᠨᠢ ᠬᠡᠰᠢᠬᠦᠨ᠂ ᠹᠢᠽᠢᠺ ᠤᠨ ᠤᠬᠠᠭᠠᠨᠳᠠᠨ᠂ ᠳᠤᠭᠠᠨ ᠤ ᠤᠬᠠᠭᠠᠨᠳᠠᠨ ᠸ᠊ · ᠫ᠊ · ᠰᠠᠶᠠᠯᠤᠸ᠋ ᠤᠨ ᠪᠡᠯᠡᠳᠭᠡᠯ ᠢᠶᠠᠷ ᠤᠷᠤᠰ᠂ ᠠᠩᠭ᠍ᠯᠢ᠂ ᠦᠽᠪᠧᠺ ᠬᠡᠯᠡᠨ ᠳᠤ ᠤᠷᠴᠢᠭᠤᠯᠤᠭᠳᠠᠨ ᠬᠡᠪᠯᠡᠭᠳᠡᠵᠡᠢ᠃       ᠦᠯᠦᠭ ᠪᠠᠬᠢ ᠬᠠᠨ ᠤ ︽ᠤᠳᠤᠨ ᠤᠷᠤᠨ ᠤ ᠰᠢᠨ᠎ᠡ ᠬᠦᠰᠦᠨᠦᠭᠳᠦ︾ ᠦᠯᠦᠭ ᠪᠠᠬᠢ ᠪᠤᠯ ᠤᠳᠤᠨ ᠤᠷᠤᠨ ᠢ ᠰᠤᠳᠤᠯᠬᠤ ᠭᠠᠷᠮᠠᠭᠠᠢ ᠰᠤᠳᠤᠯᠤᠭᠴᠢ ᠪᠤᠯᠬᠤ ᠪᠦᠭᠡᠳ ᠮᠦᠨ ᠴᠦ ᠠᠭᠤᠤ ᠶᠡᠭᠡ ᠳᠤᠭᠠᠨ ᠤ ᠤᠬᠠᠭᠠᠨᠳᠠᠨ ᠪᠤᠯᠬᠤ ᠶᠤᠮ᠃ ᠨᠠᠷᠠᠨ᠂ ᠰᠠᠷᠠᠨ᠂ ᠤᠳᠤᠨ ᠭᠠᠷᠠᠭ ᠤᠨ ᠭᠭ᠍ᠷᠳᠤᠯ᠂ ᠳᠤᠬᠢᠶᠠᠯ ᠢ ᠰᠤᠳᠤᠯᠬᠤ ᠪᠠ ᠴᠠᠭ ᠳᠤᠭᠠᠨ ᠤ ᠪᠢᠴᠢᠭ ᠢ ᠵᠤᠬᠢᠶᠠᠬᠤ ᠶᠢᠨ ᠳᠦᠯᠦᠭᠡ ᠳᠡᠷᠡ ᠪᠠᠰᠠ ᠳᠤᠭᠠᠨ ᠤ ᠤᠬᠠᠭᠠᠨ ᠢ ᠬᠦᠨᠵᠡᠭᠡᠢ ᠰᠤᠳᠤᠯᠤᠭᠰᠠᠨ ᠪᠠᠶᠢᠪᠠ᠃ ᠡᠬᠦᠨ ᠤ ᠤᠯᠠᠮ ᠠᠴᠠ ᠳᠡᠬᠦᠨ ᠤ ᠰᠤᠳᠤᠯᠤᠯᠭᠠᠨ ᠳᠤ ᠭᠸᠤᠮᠧᠳ᠋ᠷᠢ ᠶᠢᠨ ᠹᠦᠩᠺᠼ ᠤᠨ ᠬᠡᠳᠦᠨ ᠬᠦᠰᠦᠨᠦᠭᠳᠦ ᠪᠤᠢ ᠪᠤᠯᠤᠭᠰᠠᠨ ᠪᠠᠶᠢᠵᠠᠢ᠃ ᠳᠡᠬᠦᠨ ᠢ ᠨᠢ ᠳᠤᠷᠤᠨᠠᠳᠠᠬᠢᠨ ᠤ ᠨᠡᠷᠡᠳᠦ ᠡᠷᠳᠡᠮᠳᠡᠨ ᠴᠦ ᠯᠧᠺᠧᠽᠢ ᠪᠤᠯᠭᠠᠨ ᠤᠩᠰᠢᠭᠰᠠᠭᠠᠷ ᠢᠷᠡᠭᠰᠡᠨ ᠶᠤᠮ᠃ ᠦᠯᠦᠭ ᠪᠠᠬᠢ 1447 ᠤᠨ ᠳᠤ ᠳᠡᠮᠦᠷ ᠬᠠᠭᠠᠨᠳᠤ ᠤᠯᠤᠰ ᠤᠨ ᠬᠠᠭᠠᠨ ᠰᠠᠭᠤᠷᠢᠨ ᠳᠤ ᠰᠠᠭᠤᠭᠰᠠᠨ ᠪᠤᠯᠪᠠᠴᠤ ᠬᠤᠶᠠᠷ ᠵᠢᠯ ᠤᠨ ᠳᠠᠷᠠᠭ᠎ᠠ ᠨᠠᠰᠤ ᠪᠠᠷᠠᠵᠠᠢ᠃ ᠳᠡᠷᠡ ᠬᠡᠳᠦ᠋ᠢᠪᠡᠷ ᠠᠯᠳᠠᠨ ᠳᠡᠯᠡᠭᠡᠢ ᠠᠴᠠ ᠠᠩᠬᠢᠵᠢᠷᠠᠭᠠᠳ 500 ᠭᠠᠷᠤᠢ ᠵᠢᠯ ᠪᠤᠯᠵᠦ ᠪᠠᠶᠢᠭ᠎ᠠ ᠪᠤᠯᠪᠠᠴᠤ ᠳᠡᠬᠦᠨ ᠤ ᠬᠤᠴᠤᠷᠭᠠᠭᠰᠠᠨ ᠰᠢᠨᠵᠢᠯᠡᠬᠦ ᠤᠬᠠᠭᠠᠨ ᠤ ᠦᠷ᠎ᠡ ᠪᠦᠳᠦᠭᠡᠯ ᠨᠢ ᠬᠦᠮᠦᠨ ᠲᠦᠷᠦᠯᠬᠢᠳᠡᠨ ᠤ ᠰᠤᠶᠤᠯ ᠰᠢᠨᠵᠢᠯᠡᠬᠦ ᠤᠬᠠᠭᠠᠨ ᠤ ᠳᠡᠦᠭᠡᠨ ᠳᠤ ᠮᠦᠨ ᠬᠡᠷᠡᠯ ᠬᠢᠯᠪᠠᠭ᠎ᠠ ᠪᠠᠨ ᠰᠠᠴᠤᠷᠠᠭᠤᠯᠤᠭᠰᠠᠭᠠᠷ ᠪᠠᠶᠢᠭ᠎ᠠ ᠶᠤᠮ᠃
ᠢᠷᠡᠯᠲᠡ᠄ ᠮᠣᠩᠭᠤᠯ ᠰᠤᠳᠤᠯᠤᠯ ᠤᠨ ᠰᠤᠷᠠᠭ ᠵᠠᠩᠬᠢ ᠶᠢᠨ ᠰᠦᠯᠵᠢᠶ᠎ᠡ