ᠳᠦᠷᠪᠡᠨ ᠬᠠᠭᠠᠨᠲᠤ ᠤᠯᠤᠰ ᠤᠨ ᠲᠣᠶᠢᠮᠣ — ᠬᠢᠪᠴᠠᠭ ᠬᠠᠭᠠᠨᠲᠤ ᠤᠯᠤᠰ
ᠨᠡᠶᠢᠲᠡᠯᠡᠭᠰᠡᠨ ᠴᠠᠭ᠄
2023/4/10
      ᠴᠢᠩᠭᠢᠰ ᠬᠠᠭᠠᠨ ᠠᠮᠢᠳᠤ ᠰᠡᠷᠡᠭᠦᠨ ᠪᠠᠶᠢᠬᠤ ᠳᠠᠭᠠᠨ ᠲᠦᠷᠪᠡᠨ ᠬᠦᠪᠡᠭᠦᠨ ᠳᠡᠭᠡᠨ ᠡᠵᠡᠮᠰᠢᠯ ᠣᠷᠣᠨ ᠬᠤᠪᠢᠳᠠᠨ ᠣᠯᠭᠤᠵᠠᠢ᠃ ᠣᠳᠣ ᠶᠢᠨ ᠠᠷᠠᠯ ᠲᠠᠩᠭᠢᠰ ᠠᠴᠠ ᠪᠠᠷᠠᠭᠤᠨᠰᠢ᠂ ᠺᠠᠰᠫᠢ ᠠᠴᠠ ᠪᠠᠷᠠᠭᠤᠨᠰᠢ᠂ ᠺᠠᠰᠫᠢ ᠶᠢᠨ ᠳᠠᠯᠠᠢ ᠠᠴᠠ ᠤᠮᠠᠷᠠᠰᠢᠬᠢ ᠨᠤᠲᠤᠭ ᠢ ᠠᠬᠠᠮᠠᠳ ᠬᠦᠦ ᠵᠦᠴᠢ ᠳᠡᠭᠡᠨ ᠥᠭᠪᠡ᠃ ᠠᠯᠲᠠᠢ ᠠᠭᠤᠯᠠ ᠠᠴᠠ ᠪᠠᠷᠠᠭᠤᠨᠰᠢ ᠠᠮᠦ᠋ ᠮᠦᠷᠡᠨ ᠬᠦᠷᠲᠡᠯ᠎ᠡ᠂ ᠲᠣᠬᠠᠶᠢᠯᠠᠪᠠᠯ ᠲᠡᠭᠷᠢ ᠠᠭᠤᠯᠠ ᠶᠢᠨ ᠠᠷᠤ ᠦᠪᠦᠷ᠂ ᠤᠭ ᠤᠨ ᠪᠠᠷᠠᠭᠤᠨ ᠯᠢᠶᠣᠣ ᠤᠯᠤᠰ ᠤᠨ ᠭᠠᠵᠠᠷ ᠨᠤᠲᠤᠭ ᠢ ᠳᠡᠳ᠋ ᠬᠦᠦ ᠴᠠᠭᠠᠳᠠᠢ ᠳᠠᠭᠠᠨ ᠣᠯᠭᠤᠵᠠᠢ᠃ ᠣᠳᠣ ᠶᠢᠨ ᠡᠯᠪᠡᠭ ᠭᠤᠣᠯ ᠤᠨ ᠳᠡᠭᠡᠳᠦ ᠤᠷᠤᠰᠬᠠᠯ ᠠᠴᠠ ᠪᠠᠷᠠᠭᠤᠨᠰᠢ ᠪᠠᠯᠬᠠᠰ ᠨᠠᠭᠤᠷ ᠤᠨ ᠵᠡᠭᠦᠨᠲᠡᠬᠢ᠂ ᠤᠭ ᠤᠨ ᠨᠠᠢᠮᠠᠨ ᠠᠶᠢᠮᠠᠭ ᠤᠨ ᠡᠵᠡᠮᠰᠢᠯ ᠨᠤᠲᠤᠭ ᠢ ᠭᠤᠷᠪᠠᠳᠤᠭᠠᠷ ᠬᠦᠦ ᠦᠭᠡᠳᠡᠢ ᠳᠡᠭᠡᠨ ᠥᠭᠭᠦᠭᠰᠡᠨ ᠪᠠᠶᠢᠯ᠎ᠠ᠃      ᠦᠭᠡᠳᠡᠢ ᠬᠠᠭᠠᠨ ᠪᠠ ᠮᠦᠩᠬᠡ ᠬᠠᠭᠠᠨ ᠤ ᠦᠶ᠎ᠡ ᠳᠤ᠂ ᠵᠦᠴᠢ ᠶᠢᠨ ᠬᠦᠪᠡᠭᠦᠨ ᠪᠠᠲᠤ 1235 ᠣᠨ ᠠᠴᠠ 1241 ᠣᠨ ᠬᠦᠷᠲᠡᠯ᠎ᠡ ᠴᠡᠷᠢᠭ ᠳᠠᠶᠢᠴᠢᠯᠠᠨ ᠪᠠᠷᠠᠭᠤᠨᠰᠢ ᠳᠠᠶᠢᠯᠠᠵᠦ ᠬᠢᠪᠴᠠᠭ ᠨᠤᠲᠤᠭ ᠢ ᠲᠦᠪᠰᠢᠳᠭᠡᠵᠦ ᠤᠮᠠᠷᠠᠰᠢ ᠣᠷᠣᠰ ᠤᠨ ᠨᠤᠲᠤᠭ ᠢ ᠳᠣᠪᠲᠣᠯᠵᠤ᠂ ᠪᠠᠷᠠᠭᠤᠨᠳᠠᠬᠢ ᠫᠤᠯᠱᠠ ᠶᠢ ᠡᠵᠡᠯᠡᠵᠦ᠂ ᠡᠮᠦᠨᠡᠰᠢ ᠮᠠᠵᠠᠷ ︵ᠬᠠᠩᠭᠠᠷᠢ︶ ᠶᠢ ᠳᠠᠶᠢᠯᠠᠵᠤ ᠳᠠᠭᠠᠭᠤᠯᠪᠠ᠃ ᠲᠣᠯᠣᠢ ᠶᠢᠨ ᠬᠦᠪᠡᠭᠦᠨ᠃ ᠮᠦᠩᠬᠡ ᠬᠠᠭᠠᠨ ᠤ ᠳᠡᠭᠦᠦ ᠦᠯᠡᠬᠦ 1253 ᠣᠨ ᠠᠴᠠ 1259 ᠣᠨ ᠬᠦᠷᠲᠡᠯ᠎ᠡ ᠪᠠᠷᠠᠭᠤᠨᠰᠢ ᠳᠠᠶᠢᠯᠠᠬᠤ ᠳᠠᠭᠠᠨ ᠢᠷᠡᠨ᠂ ᠪᠠᠭᠳᠠᠳ᠋ ᠢ ᠡᠵᠡᠯᠡᠨ᠂ ᠠᠷᠠᠪ ᠢ ᠳᠠᠶᠢᠯᠠᠨ ᠳᠠᠭᠠᠭᠤᠯᠤᠭᠰᠠᠨ ᠪᠠᠶᠢᠨ᠎ᠠ᠃ ᠲᠡᠭᠡᠭᠡᠳ ᠮᠣᠩᠭᠤᠯ ᠬᠠᠭᠠᠨᠲᠤ ᠤᠯᠤᠰ ᠤᠨ ᠨᠤᠲᠤᠭ ᠳᠡᠪᠢᠰᠭᠡᠷ ᠨᠢ ᠨᠡᠩ ᠦᠷᠭᠡᠵᠢᠵᠡᠢ᠃ ᠶᠠᠭ ᠡᠨᠡ ᠬᠦ ᠶᠠᠪᠤᠴᠠ ᠳᠤ ᠳᠦᠷᠪᠡᠨ ᠬᠠᠭᠠᠨᠲᠤ ᠤᠯᠤᠰ ᠪᠣᠢ ᠪᠣᠯᠣᠭᠰᠠᠨ ᠪᠢᠯᠡ᠃ ᠳᠠᠷᠤᠢ ᠵᠦᠴᠢ ᠬᠠᠭᠠᠨᠲᠤ ᠤᠯᠤᠰ ︵ᠪᠠᠰᠠ ᠬᠢᠪᠴᠠᠭ ᠬᠠᠭᠠᠨᠲᠤ ᠤᠯᠤᠰ ᠭᠡᠳᠡᠭ︶᠂ ᠦᠭᠡᠳᠡᠢ ᠬᠠᠭᠠᠨᠲᠤ ᠤᠯᠤᠰ᠂ ᠴᠠᠭᠠᠳᠠᠢ ᠬᠠᠭᠠᠨᠲᠤ ᠤᠯᠤᠰ᠂ ᠢᠯ ᠬᠠᠭᠠᠨᠲᠤ ᠤᠯᠤᠰ ᠵᠡᠷᠭᠡ ᠳᠦᠷᠪᠡᠨ ᠤᠯᠤᠰ ᠪᠣᠯᠣᠨ᠎ᠠ᠃      ᠨᠢᠭᠡ᠂ ᠬᠢᠪᠴᠠᠭ ᠬᠠᠭᠠᠨᠲᠤ ᠤᠯᠤᠰ      ᠬᠢᠪᠴᠠᠭ ᠬᠠᠭᠠᠨᠲᠤ ᠤᠯᠤᠰ ᠢ ᠪᠠᠰᠠ ᠠᠯᠳᠠᠨ ᠣᠷᠳᠣᠲᠤ ᠬᠠᠭᠠᠨᠲᠤ ᠤᠯᠤᠰ ᠪᠣᠶᠣ ᠵᠦᠴᠢ ᠬᠠᠭᠠᠨᠲᠤ ᠤᠯᠤᠰ ᠭᠡᠳᠡᠭ᠃ 1255 ᠣᠨ ᠳᠤ᠂ ᠴᠢᠩᠭᠢᠰ ᠬᠠᠭᠠᠨ ᠳᠦᠷᠪᠡᠨ ᠬᠦᠪᠡᠭᠦᠨ ᠳᠡᠭᠡᠨ ᠨᠤᠲᠤᠭ ᠬᠤᠪᠢᠶᠠᠵᠦ ᠦᠭᠬᠦ ᠦᠶ᠎ᠡ ᠳᠤ ᠤᠤᠭᠠᠨ ᠬᠦᠪᠡᠭᠦᠨ ᠵᠦᠴᠢ ᠳᠡᠭᠡᠨ ᠬᠤᠪᠢᠶᠠᠵᠤ ᠦᠭᠭᠦᠭᠰᠡᠨ ᠨᠤᠲᠤᠭ ᠪᠣᠯ ᠡᠷᠴᠢᠰ ᠭᠤᠣᠯ ᠠᠴᠠ ᠪᠠᠷᠠᠭᠤᠨᠰᠢᠬᠢ ᠬᠤᠷᠧᠰᠮ ᠠᠴᠠ ᠬᠤᠶᠢᠰᠢ ᠮᠣᠩᠭᠤᠯ ᠴᠡᠷᠢᠭ ᠤᠨ ᠮᠣᠷᠢᠨ ᠤ ᠲᠤᠭᠤᠷᠠᠢ ᠬᠦᠷᠦᠭᠰᠡᠨ ᠭᠠᠵᠠᠷ ᠢ ᠪᠦᠷ ᠪᠠᠭᠲᠠᠭᠠᠨ᠎ᠠ᠃ ᠵᠦᠴᠢ ᠶᠢᠨ ᠠᠮᠢᠳᠤ ᠰᠡᠷᠡᠭᠦᠨ ᠪᠠᠶᠢᠬᠤ ᠳᠠᠭᠠᠨ ᠨᠣᠶᠠᠷᠬᠠᠵᠤ ᠪᠠᠶᠢᠭᠰᠠᠨ ᠣᠷᠣᠨ ᠭᠡᠪᠡᠯ ᠦᠷᠡᠯ ᠭᠤᠣᠯ ᠠᠴᠠ ᠵᠡᠭᠦᠨᠰᠢ᠂ ᠬᠢᠪᠴᠠᠭ ᠤᠨ ᠲᠠᠯ᠎ᠠ ᠨᠤᠲᠤᠭ ᠤᠨ ᠵᠡᠭᠦᠨ ᠲᠠᠯ᠎ᠠ ᠪᠠ ᠠᠮᠦ᠋ ᠮᠦᠷᠡᠨ ᠰᠸᠢᠢᠷ — ᠳ᠋ᠠᠷᠢᠶᠠ ᠮᠦᠷᠡᠨ ᠤ ᠳᠣᠣᠷᠠᠳᠤ ᠤᠷᠤᠰᠬᠠᠯ ᠤᠨ ᠬᠤᠷᠧᠰᠮ ᠣᠷᠣᠨ ᠪᠣᠯᠣᠨ᠎ᠠ᠃      1236 —1240 ᠣᠨ ᠬᠦᠷᠲᠡᠯ᠎ᠡ ᠵᠦᠴᠢ ᠶᠢᠨ ᠬᠤᠶᠠᠳᠤᠭᠠᠷ ᠬᠦᠪᠡᠭᠦᠨ ᠪᠠᠲᠤ ᠦᠷᠡᠯ ᠭᠤᠣᠯ ᠠᠴᠠ ᠪᠠᠷᠠᠭᠤᠨᠰᠢ ᠸᠣᠯᠭ᠎ᠠ ᠭᠤᠣᠯ ᠳᠠᠭᠠᠤ ᠣᠷᠣᠨ ᠤ ᠬᠢᠪᠴᠠᠭ᠂ ᠪᠤᠯᠭᠠᠷᠢᠶ᠎ᠠ ᠵᠡᠷᠭᠡ ᠦᠨᠳᠦᠰᠦᠲᠡᠨ ᠨᠦᠭᠦᠳ ᠢ ᠲᠦᠪᠰᠢᠳᠭᠡᠵᠦ᠂ ᠣᠷᠣᠰ ᠤᠨ ᠡᠯ᠎ᠡ ᠭᠦᠩᠲᠦ ᠤᠯᠤᠰ ᠢ ᠠᠯᠪᠠᠳᠠᠨ ᠲᠦᠰᠢᠮᠡᠯ ᠪᠣᠯᠭᠠᠵᠤ ᠠᠯᠪᠠ ᠪᠠᠷᠢᠭᠤᠯᠤᠭᠰᠠᠨ ᠠᠵᠢ᠃ 1243 ᠣᠨ ᠳᠤ ᠪᠠᠲᠤ ᠬᠤᠶᠠᠳᠤᠭᠠᠷ ᠤᠳᠠᠭᠠᠨ ᠤ ᠪᠠᠷᠠᠭᠤᠨᠰᠢ ᠳᠠᠶᠢᠯᠠᠬᠤ ᠳᠠᠶᠢᠨ ᠢᠶᠠᠷ ᠳᠠᠮᠵᠢᠨ ᠸᠣᠯᠭ᠎ᠠ ᠭᠤᠣᠯ ᠤᠨ ᠬᠦᠪᠡᠭᠡ ᠳᠡᠭᠡᠷ᠎ᠡ ᠢᠷᠡᠵᠦ᠂ ᠵᠡᠭᠦᠨ ᠡᠷᠴᠢᠰ ᠭᠤᠣᠯ ᠠᠴᠠ ᠪᠠᠷᠠᠭᠤᠨᠰᠢ ᠣᠷᠣᠰ ᠬᠦᠷᠲᠡᠯ᠎ᠡ᠂ ᠡᠮᠦᠨᠡᠰᠢ ᠪᠠᠯᠬᠠᠱ ᠨᠠᠭᠤᠷ ᠠᠴᠠ ᠳᠣᠲᠣᠭᠠᠳᠤ ᠲᠠᠩᠭᠢᠰ᠂ ᠬᠠᠷ᠎ᠠ ᠲᠠᠩᠭᠢᠰ ᠠᠴᠠ ᠬᠤᠶᠢᠰᠢ ᠤᠮᠠᠷᠠᠲᠤ ᠲᠤᠶᠢᠯ ᠤᠨ ᠴᠠᠭᠠᠷᠢᠭ ᠣᠷᠴᠢᠮ ᠬᠦᠷᠲᠡᠯᠡᠬᠢ ᠦᠷᠭᠡᠨ ᠠᠭᠤᠳᠠᠮ ᠬᠢᠪᠴᠠᠭ ᠬᠠᠭᠠᠨᠲᠤ ᠤᠯᠤᠰ ᠢ ᠪᠠᠶᠢᠭᠤᠯᠪᠠ᠃      ᠬᠢᠪᠴᠠᠭ ᠬᠠᠭᠠᠨᠲᠤ ᠤᠯᠤᠰ ᠤᠨ ᠳᠣᠲᠣᠭᠠᠳᠤ ᠳᠤ ᠦᠨᠳᠦᠰᠦᠲᠡᠨ ᠤ ᠪᠦᠷᠢᠯᠳᠦᠭᠦᠨ ᠣᠯᠠᠨ᠂ ᠨᠡᠶᠢᠭᠡᠮ ᠤᠨ ᠬᠦᠭᠵᠢᠯᠲᠡ ᠶᠢᠨ ᠬᠡᠮᠵᠢᠶ᠎ᠡ ᠠᠳᠠᠯᠢ ᠦᠬᠡᠢ ᠪᠠᠶᠢᠪᠠ᠃ ᠬᠤᠷᠧᠰᠮ᠂ ᠸᠣᠯᠭ᠎ᠠ ᠭᠤᠣᠯ ᠤᠨ ᠳᠠᠭᠠᠤ ᠭᠧᠷᠮᠡᠨ᠂ ᠬᠤᠶᠢᠳᠤ ᠺᠡᠦ᠋ᠺᠡᠰ ᠵᠡᠷᠭᠡ ᠣᠷᠣᠨ ᠳᠤ ᠬᠤᠷᠧᠰᠮ ᠪᠤᠯᠭᠠᠷᠢᠶ᠎ᠠ᠂ ᠮᠣᠷᠳᠣᠳᠠ᠂ ᠠᠰᠦ᠋ᠰ᠂ ᠭᠷᠢᠭ᠂ ᠣᠷᠣᠰ ᠵᠡᠷᠭᠡ ᠬᠦᠮᠦᠰ ᠠᠮᠢᠳᠤᠷᠠᠵᠤ ᠪᠠᠶᠢᠪᠠ᠃ ᠡᠳᠡᠨᠠᠷ ᠭᠤᠣᠯᠳᠠᠭᠤ ᠲᠠᠷᠢᠶᠠᠯᠠᠩ ᠠᠵᠤ ᠠᠬᠤᠢ ᠪᠠ ᠠᠷᠠᠯᠵᠢᠶ᠎ᠠ ᠮᠠᠶᠢᠮᠠᠢ ᠬᠢᠵᠦ ᠨᠡᠯᠢᠶᠡᠳ ᠡᠷᠲᠡ ᠹᠸᠥᠳᠡᠯ ᠨᠡᠶᠢᠭᠡᠮ ᠳᠤ ᠰᠢᠯᠵᠢᠵᠡᠢ᠃ ᠸᠣᠯᠭ᠎ᠠ ᠭᠤᠣᠯ ᠤᠨ ᠳᠣᠣᠷᠠᠳᠤ ᠤᠷᠤᠰᠬᠠᠯ ᠤᠨ ᠪᠠᠲᠤ ᠰᠠᠷᠠᠢ᠂ ᠬᠤᠷᠧᠰᠮ ᠤᠨ ᠦᠷᠭᠨᠡᠴᠢ᠂ ᠭᠧᠷᠮᠡᠨ ᠤ ᠰᠤᠳᠠᠰ ᠪᠠ ᠠᠰᠦ᠋ᠰ ᠳᠠᠯᠠᠢ ᠳᠠᠭᠠᠤ ᠶᠢᠨ ᠬᠤᠲᠠ ᠪᠠᠯᠭᠠᠰᠤ ᠪᠣᠯ ᠠᠷᠠᠯᠵᠢᠶ᠎ᠠ ᠮᠠᠶᠢᠮᠠᠢ ᠶᠢᠨ ᠶᠡᠭᠡ ᠬᠤᠲᠠ ᠪᠦᠭᠡᠳ ᠪᠠᠷᠠᠭᠤᠨᠳᠠᠬᠢ ᠣᠷᠣᠨ ᠤ ᠠᠷᠠᠯᠵᠢᠶ᠎ᠠ ᠬᠤᠳᠠᠯᠳᠤᠭᠠᠨ ᠤ ᠲᠥᠪ ᠪᠣᠯᠣᠨ᠎ᠠ᠃ ᠡᠳᠡᠭᠡᠷ ᠣᠷᠣᠨ ᠤ ᠠᠵᠤ ᠠᠬᠤᠢ ᠨᠡᠯᠢᠶᠡᠳ ᠬᠦᠭᠵᠢᠩᠭᠦᠢ ᠴᠦ ᠬᠢᠪᠴᠠᠭ ᠤᠨ ᠲᠠᠯ᠎ᠠ ᠨᠤᠲᠤᠭ ᠳᠡᠭᠡᠷᠡᠬᠢ ᠮᠠᠯ ᠠᠵᠤ ᠠᠬᠤᠢ ᠪᠠᠷ ᠨᠡᠭᠦᠳᠡᠯᠯᠡᠨ ᠠᠮᠢᠳᠤᠷᠠᠵᠤ ᠪᠠᠶᠢᠭᠰᠠᠨ ᠬᠢᠪᠴᠠᠭ᠂ ᠺᠠᠩᠯᠢ᠂ ᠲᠦᠷᠺ᠂ ᠮᠣᠩᠭᠤᠯ ᠵᠡᠷᠭᠡ ᠦᠨᠳᠦᠰᠦᠲᠡᠨ ᠨᠦᠭᠦᠳ ᠨᠡᠯᠢᠶᠡᠳ ᠬᠤᠴᠣᠷᠣᠩᠭᠤᠢ ᠪᠠᠶᠢᠵᠤ᠂ ᠹᠸᠥᠳᠠᠯ ᠤᠨ ᠬᠠᠷᠢᠴᠠᠭ᠎ᠠ ᠰᠠᠶ᠋ᠢ ᠰᠠᠶ᠋ᠢ ᠡᠬᠢᠯᠡᠵᠦ ᠪᠠᠶᠢᠯ᠎ᠠ᠃ ᠭᠤᠣᠯ ᠨᠣᠶᠠᠷᠬᠠᠬᠤ ᠪᠠᠶᠢᠷᠢᠨ ᠳᠤ ᠪᠠᠶᠢᠭᠰᠠᠨ ᠮᠣᠩᠭᠤᠯ ᠬᠦᠮᠦᠨ᠂ ᠬᠦᠮᠦᠨ ᠤ ᠲᠤᠭ᠎ᠠ ᠪᠠᠷ ᠲᠤᠩ ᠪᠠᠭ᠎ᠠ ᠪᠠᠶᠢᠭᠰᠠᠨ ᠪᠣᠯᠬᠤᠷ ᠣᠷᠴᠢᠨ ᠲᠤᠭᠤᠷᠢᠨ ᠤ ᠬᠢᠪᠴᠠᠭ᠂ ᠲᠦᠷᠺᠴᠤᠳ ᠲᠤ ᠢᠳᠡᠭ ᠢᠳᠡᠭ ᠢᠶᠠᠷ ᠨᠦᠯᠦᠭᠡᠯᠡᠭᠳᠡᠵᠦ᠂ 14 ᠳ᠋ᠦ᠋ᠭᠡᠷ ᠵᠠᠭᠤᠨ ᠤ ᠡᠮᠦᠨᠡᠬᠢ ᠦᠶ᠎ᠡ ᠪᠣᠯᠣᠭᠠᠳ ᠨᠢᠭᠡᠨᠲᠡ ᠲᠦᠷᠺ ᠦᠭᠡ ᠪᠠᠷ ᠶᠠᠷᠢᠯᠴᠠᠬᠤ ᠪᠣᠯᠵᠠᠢ᠃ ᠬᠢᠪᠴᠠᠭ ᠬᠠᠭᠠᠨᠲᠤ ᠤᠯᠤᠰ ᠤᠨ ᠡᠯ᠎ᠡ ᠬᠤᠲᠠ᠂ ᠭᠠᠵᠠᠷ ᠣᠷᠣᠨ ᠪᠠ ᠬᠠᠷᠢᠶᠠᠲᠤ ᠣᠷᠣᠰ ᠤᠨ ᠡᠯ᠎ᠡ ᠭᠦᠩᠲᠦ ᠤᠯᠤᠰ ᠲᠤ ᠪᠠᠰᠬ᠎ᠠ ︵ᠳᠠᠷᠤᠭᠠᠴᠢ — ᠵᠣᠬᠢᠶᠠᠭᠴᠢ︶ ᠲᠣᠮᠢᠯᠠᠨ ᠨᠣᠶᠠᠷᠬᠠᠵᠤ ᠰᠠᠭᠤᠳᠠᠭ ᠪᠠᠶᠢᠯ᠎ᠠ᠃ ᠲᠡᠳᠡᠨ ᠠᠴᠠ ᠡᠯ᠎ᠡ ᠵᠦᠢᠯ ᠤᠨ ᠭᠠᠶᠢᠯᠢ ᠭᠤᠪᠴᠢᠭᠤᠷ᠂ ᠲᠦᠷᠢᠶᠡᠰᠦ ᠲᠠᠳᠠᠪᠤᠷᠢ ᠶᠢ ᠠᠯᠪᠠᠴᠢᠨ ᠲᠠᠲᠠᠳᠠᠭ ᠪᠠᠶᠢᠪᠠ᠃ ᠪᠠᠲᠤ᠂ ᠪᠠᠷᠠᠭᠤᠨᠰᠢ ᠳᠠᠶᠢᠯᠠᠬᠤ ᠳᠠᠶᠢᠨ ᠠᠴᠠ ᠪᠤᠴᠠᠵᠤ ᠢᠷᠡᠭᠰᠡᠨ ᠤ ᠳᠠᠷᠠᠭ᠎ᠠ᠂ ᠸᠣᠯᠭ᠎ᠠ ᠭᠤᠣᠯ ᠤᠨ ᠳᠣᠣᠷᠠᠳᠤ ᠤᠷᠤᠰᠬᠠᠯ ᠤᠨ ᠣᠷᠣᠨ ᠳᠤ ᠰᠠᠷᠠᠢ ᠬᠤᠲᠠ ︵ᠣᠳᠣ ᠶᠢᠨ ᠠᠰᠲᠷᠠᠬᠠᠨ ᠣᠷᠴᠢᠮ ᠪᠣᠢ︶ ᠶᠢ ᠪᠠᠶᠢᠭᠤᠯᠵᠠᠢ᠃ ᠬᠠᠭᠠᠨᠲᠤ ᠤᠯᠤᠰ ᠤᠨ ᠳᠣᠲᠤᠷ᠎ᠠ ᠪᠠᠲᠤ ᠶᠢᠨ ᠠᠷᠪᠠᠨ ᠭᠤᠷᠪᠠᠨ ᠠᠬ᠎ᠠ ᠳᠡᠭᠦᠦ ᠪᠠ ᠲᠡᠳᠡᠨᠠᠷ ᠤᠨ ᠦᠷᠡᠰ ᠪᠦᠷ ᠦᠶ᠎ᠡ ᠵᠠᠯᠭᠠᠮᠵᠢᠯᠠᠬᠤ ᠨᠤᠲᠤᠭ ᠳᠡᠪᠢᠰᠭᠡᠷ ᠬᠢᠭᠡᠳ ᠬᠠᠷᠢᠶᠠᠲᠤ ᠴᠡᠷᠢᠭ ᠲᠠᠢ᠃ ᠡᠳᠡᠭᠡᠷ ᠣᠷᠣᠨ ᠪᠠᠲᠤ ᠶᠢᠨ ᠬᠤᠶᠢᠴᠢ ᠦᠶ᠎ᠡ ᠳᠤ ᠬᠠᠷᠢᠶᠠᠯᠠᠭᠳᠠᠬᠤ ᠬᠠᠭᠠᠰ ᠲᠤᠰᠠᠭᠠᠷ ᠲᠣᠭᠲᠠᠨᠢᠭᠰᠠᠨ ᠤᠯᠤᠰ ᠤᠨ ᠰᠢᠨᠵᠢᠲᠡᠢ ᠪᠣᠯᠵᠤ ᠬᠦᠭᠵᠢᠵᠡᠢ᠃ ᠪᠠᠲᠤ᠂ ᠬᠢᠪᠴᠠᠭ ᠬᠠᠭᠠᠨᠲᠤ ᠤᠯᠤᠰ ᠢ ᠪᠠᠶᠢᠭᠤᠯᠤᠭᠠᠳ ᠴᠡᠷᠢᠭ᠂ ᠵᠠᠰᠠᠭ ᠤᠶᠠᠯᠳᠤᠭᠰᠠᠨ ᠨᠣᠶᠠᠷᠬᠠᠬᠤ ᠪᠠᠶᠢᠭᠤᠯᠤᠮᠵᠢ ᠶᠢ ᠪᠠᠷᠢᠮᠲᠠᠯᠠᠨ ᠢᠵᠠᠭᠤᠷᠲᠠᠳ ᠤᠨ ᠬᠠᠷᠢᠶᠠᠨ ᠳᠤ ᠪᠣᠢ ᠲᠦᠮᠡᠨ ᠡᠷᠦᠬᠡ᠂ ᠮᠢᠩᠭᠠᠨ ᠡᠷᠦᠬᠡ᠂ ᠵᠠᠭᠤᠨ ᠡᠷᠦᠬᠡ᠂ ᠠᠷᠪᠠᠨ ᠡᠷᠦᠬᠡ ᠶᠢᠨ ᠲᠦᠷᠦ ᠵᠠᠰᠠᠭ ᠤᠨ ᠦᠨᠳᠦᠰᠦᠨ ᠨᠢᠭᠡᠴᠡ ᠪᠠᠷ ᠢᠶᠠᠨ ᠴᠡᠷᠢᠭ ᠤᠨ ᠵᠣᠬᠢᠶᠠᠨ ᠪᠠᠶᠢᠭᠤᠯᠤᠯᠲᠠ ᠴᠦ ᠪᠣᠯᠭᠠᠵᠤ ᠪᠠᠶᠢᠪᠠ᠃      ᠪᠠᠲᠤ ᠶᠢᠨ ᠠᠬ᠎ᠠ ᠤᠷᠲᠤ ᠪᠣᠯᠣᠨ ᠲᠡᠭᠦᠨ ᠤ ᠬᠤᠶᠢᠴᠢ ᠦᠶ᠎ᠡ ᠣᠳᠤ ᠶᠢᠨ ᠪᠠᠷᠠᠭᠤᠨ ᠰᠢᠪᠡᠷ᠂ ᠬᠠᠰᠠᠬᠠᠰᠲ᠋ᠠᠨ ᠢ ᠡᠵᠡᠯᠡᠨ ᠴᠠᠭᠠᠨ ᠮᠠᠬᠠᠶᠢᠲᠤ ᠤᠯᠤᠰ ᠪᠠᠶᠢᠭᠤᠯᠪᠠ᠃      ᠭᠦᠶᠦᠭ ᠬᠠᠭᠠᠨ ᠨᠠᠰᠤ ᠪᠠᠷᠠᠭᠰᠠᠨ ᠤ ᠳᠠᠷᠠᠭ᠎ᠠ᠂ ᠪᠠᠲᠤ ᠲᠤᠯᠤᠢ ᠶᠢᠨ ᠶᠡᠭᠡ ᠬᠦᠦ ᠮᠦᠩᠭᠡ ᠶᠢ ᠳᠡᠮᠵᠢᠵᠦ ᠮᠣᠩᠭᠤᠯ ᠤᠨ ᠶᠡᠭᠡ ᠬᠠᠭᠠᠨ ᠤ ᠰᠠᠭᠤᠷᠢᠨ ᠳᠤ ᠡᠷᠬᠡ ᠭᠤᠣᠯᠴᠢᠯᠠᠨ ᠰᠠᠭᠤᠯᠭᠠᠭᠰᠠᠨ ᠪᠦᠭᠡᠳ ᠦᠭᠡᠳᠡᠢ᠂ ᠴᠠᠭᠠᠳᠠᠢ ᠬᠤᠶᠠᠷ ᠬᠠᠭᠠᠨᠲᠤ ᠤᠯᠤᠰ ᠤᠨ ᠢᠵᠠᠭᠤᠷᠲᠠᠳ ᠲᠤ ᠳᠠᠷᠤᠯᠲᠠ ᠦᠵᠡᠭᠦᠯᠵᠦ᠂ ᠵᠠᠪᠰᠢᠶᠠᠨ ᠢ ᠳᠠᠯᠢᠮᠳᠠᠭᠤᠯᠤᠨ ᠠᠮᠦ᠋ ᠮᠦᠷᠡᠨ᠂ ᠰᠸᠢᠢᠷ — ᠳ᠋ᠠᠷᠢᠶᠠ ᠮᠦᠷᠡᠨ ᠤ ᠭᠠᠵᠠᠷ ᠣᠷᠣᠨ ᠢ ᠡᠵᠡᠯᠡᠨ ᠥᠭᠴᠡᠢ᠃ 1255 ᠣᠨ ᠳᠤ ᠪᠠᠲᠤ ᠪᠡᠶ᠎ᠡ ᠪᠠᠷᠠᠪᠠ᠃      ᠪᠠᠲᠤ ᠶᠢᠨ ᠰᠠᠭᠤᠷᠢ ᠶᠢ ᠲᠡᠭᠦᠨ ᠤ ᠳᠡᠭᠦᠦ ᠪᠡᠷᠬᠡ ᠡᠷᠬᠡ ᠡᠵᠡᠯᠡᠪᠡ᠃ ᠲᠡᠭᠦᠨ ᠤ ᠡᠷᠬᠡ ᠠᠳᠬᠤᠭᠰᠠᠨ ︵1257 — 1268︶ ᠴᠠᠭ ᠦᠶ᠎ᠡ ᠠᠴᠠ ᠡᠬᠢᠯᠡᠵᠦ ᠠᠯᠳᠠᠨ ᠣᠷᠳᠣᠲᠤ ᠬᠠᠨ ᠤᠯᠤᠰ ᠨᠢ ᠨᠡᠷ᠎ᠡ ᠳᠡᠭᠡᠷ᠎ᠡ ᠪᠠᠨ ᠮᠣᠩᠭᠤᠯ ᠬᠠᠭᠠᠨᠲᠤ ᠤᠯᠤᠰ ᠤᠨ ᠬᠠᠷᠢᠶᠠᠲᠤ ᠤᠯᠤᠰ ᠭᠡᠭᠳᠡᠵᠦ ᠪᠠᠶᠢᠭᠰᠠᠨ ᠪᠣᠯᠪᠠᠴᠤ ᠦᠨᠡᠨ ᠬᠡᠷᠡᠭ ᠳᠡᠭᠡᠷ᠎ᠡ ᠪᠠᠨ ᠨᠢᠭᠡᠨᠲᠡ ᠲᠤᠰᠠᠭᠠᠷ ᠲᠣᠭᠲᠠᠨᠢᠭᠰᠠᠨ᠂ ᠪᠡᠶ᠎ᠡ ᠪᠠᠨ ᠳᠠᠭᠠᠭᠠᠭᠰᠠᠨ ᠤᠯᠤᠰ ᠤᠨ ᠰᠢᠨᠵᠢᠲᠡᠢ ᠪᠣᠯᠵᠠᠢ᠃ 13 ᠳ᠋ᠤᠭᠠᠷ ᠵᠠᠭᠤᠨ ᠤ ᠵᠢᠷᠠᠭᠠᠳ ᠣᠨ ᠤ ᠡᠬᠢ ᠪᠠᠷ ᠪᠣᠯᠭᠠᠷᠢᠶ᠎ᠠ ᠳᠤ ᠴᠢᠳᠬᠤᠭᠰᠠᠨ ᠵᠣᠭᠤᠰ ᠤᠨ ᠳᠡᠭᠡᠷ᠎ᠡ ᠠᠷᠢᠭᠪᠣᠬ᠎ᠠ ᠶᠢ ᠶᠡᠭᠡ ᠴᠠᠭᠠᠨ ᠬᠠᠭᠠᠨ ᠬᠡᠮᠡᠨ ᠡᠷᠭᠦᠮᠵᠢᠯᠡᠵᠦ᠂ ᠮᠣᠩᠭᠤᠯ ᠤᠨ ᠶᠡᠭᠡ ᠬᠠᠭᠠᠨ ᠤ ᠰᠠᠭᠤᠷᠢ ᠶᠢ ᠠᠷᠢᠭᠪᠣᠬ᠎ᠠ ᠳᠤ ᠥᠭᠬᠦ ᠰᠠᠨᠠᠭ᠎ᠠ ᠪᠡᠷᠬᠡ ᠡᠷᠬᠡ ᠳᠤ ᠪᠠᠶᠢᠭᠰᠠᠨ ᠪᠣᠯᠪᠠᠴᠤ 1260 — 1264 ᠣᠨ ᠬᠦᠷᠲᠡᠯ᠎ᠡ ᠲᠡᠷᠡ ᠠᠷᠢᠭᠪᠣᠬ᠎ᠠ ᠬᠢᠭᠡᠳ ᠬᠤᠪᠢᠯᠠᠢ ᠶᠢᠨ ᠬᠤᠭᠤᠷᠣᠨᠳᠣᠬᠢ ᠬᠠᠭᠠᠨ ᠡᠷᠬᠡ ᠶᠢᠨ ᠲᠡᠮᠡᠴᠡᠭᠡᠨ ᠳᠤ ᠣᠷᠣᠯᠴᠠᠭᠰᠠᠨ ᠦᠬᠡᠢ᠂ ᠬᠠᠷᠢᠨ ᠬᠤᠶᠠᠷ ᠲᠠᠯ᠎ᠠ ᠳᠤ ᠡᠯᠴᠢ ᠲᠣᠮᠢᠯᠠᠨ ᠡᠪᠰᠡᠬᠦ ᠶᠢ ᠬᠦᠰᠡᠵᠦ ᠪᠠᠶᠢᠪᠠ᠃      1262 ᠣᠨ ᠳᠤ ᠪᠠ 1265 — 1266 ᠣᠨ ᠤ ᠬᠤᠭᠤᠷᠣᠨᠳᠤ ᠪᠡᠷᠬᠡ᠂ ᠢᠯ ᠬᠠᠭᠠᠨᠲᠤ ᠤᠯᠤᠰ ᠲᠠᠢ ᠺᠡᠦ᠋ᠺᠡᠰ ᠣᠷᠣᠨ ᠢ ᠪᠤᠯᠢᠶᠠᠯᠳᠤᠬᠤ ᠶᠢᠨ ᠲᠦᠯᠦᠭᠡ ᠶᠧᠵᠢᠫᠲ ᠤᠯᠤᠰ ᠲᠠᠢ ᠬᠤᠯᠪᠣᠭ᠎ᠠ ᠪᠠᠶᠢᠭᠤᠯᠤᠨ ᠶᠧᠵᠢᠫᠲ ᠲᠠᠢ ᠠᠷᠠᠯᠵᠢᠶ᠎ᠠ ᠬᠤᠳᠠᠯᠳᠤᠭᠠᠨ ᠤ ᠬᠠᠷᠢᠴᠠᠭ᠎ᠠ ᠡᠭᠦᠰᠬᠡᠵᠦ ᠪᠠᠶᠢᠭᠰᠠᠨ ᠢᠶᠠᠷ ᠢᠰᠯᠠᠮ ᠤᠨ ᠰᠣᠶᠣᠯ ᠬᠢᠪᠴᠠᠭ ᠬᠠᠭᠠᠨᠲᠤ ᠤᠯᠤᠰ ᠢ ᠨᠦᠯᠦᠭᠡᠯᠡᠵᠦ ᠡᠬᠢᠯᠡᠪᠡ᠃ᠢᠯ ᠬᠠᠭᠠᠨᠲᠤ ᠤᠯᠤᠰ ᠤᠨ ᠳᠠᠶᠢᠨ ᠤ ᠶᠠᠪᠤᠳᠠᠯ ᠠᠴᠠ ᠪᠣᠯᠵᠤ᠂ ᠪᠡᠷᠬᠡ ᠵᠡᠭᠦᠨᠰᠢ ᠬᠠᠨᠳᠤᠬᠤ ᠲᠡᠩᠬᠡᠬᠡ ᠦᠬᠡᠢ ᠪᠣᠯᠵᠤ᠂ ᠠᠮᠦ᠋ ᠮᠦᠷᠡᠨ᠂ ᠰᠸᠢᠢᠷ — ᠳ᠋ᠠᠷᠢᠶᠠ ᠮᠦᠷᠡᠨ ᠤ ᠭᠠᠵᠠᠷ ᠨᠤᠲᠤᠭ ᠢ ᠴᠠᠭᠠᠳᠠᠢ ᠶᠢᠨ ᠣᠮᠪᠣᠯ ᠬᠦᠦ ᠠᠯᠤᠬᠤ ᠳᠤ ᠪᠤᠯᠢᠶᠠᠭᠳᠠᠪᠠ᠃ ᠡᠶᠢᠨ ᠬᠦ ᠪᠡᠷᠬᠡ ᠦᠭᠡᠳᠡᠢ ᠶᠢᠨ ᠣᠮᠪᠣᠯ ᠬᠠᠶᠢᠳᠤ ᠶᠢ ᠳᠡᠮᠵᠢᠵᠦ ᠠᠯᠤᠬᠤ ᠲᠠᠢ ᠪᠠᠶᠢᠯᠳᠤᠭᠰᠠᠨ ᠢᠶᠠᠷ ᠬᠠᠶᠢᠳᠤ ᠶᠡᠬᠡᠳᠡ ᠬᠦᠴᠦᠷᠬᠡᠭᠵᠢᠭᠰᠡᠨ ᠪᠠᠶᠢᠯ᠎ᠠ᠃      1266 ᠣᠨ ᠳᠤ ᠪᠡᠷᠬᠡ ᠨᠠᠰᠤ ᠪᠠᠷᠠᠵᠤ᠂ ᠮᠦᠩᠬᠡ ᠲᠡᠮᠦᠷ ᠰᠠᠭᠤᠷᠢᠨ ᠳᠤ ᠰᠠᠭᠤᠪᠠ᠃ ᠮᠦᠩᠬᠡ ᠲᠡᠮᠦᠷ᠂ ᠬᠤᠪᠢᠯᠠᠢ ᠶᠢᠨ ᠡᠷᠭᠦᠮᠵᠢᠯᠡᠯ ᠢ ᠣᠯᠵᠤ ᠪᠠᠶᠢᠭᠰᠠᠨ ᠪᠦᠭᠡᠳ ᠬᠤᠪᠢᠯᠠᠢ ᠶᠢᠨ ᠵᠠᠷᠯᠢᠭ ᠢᠶᠠᠷ ᠬᠠᠶᠢᠳᠤ ᠶᠢᠨ ᠵᠦᠭ ᠨᠢᠭᠡᠨ ᠰᠠᠯᠠᠭ᠎ᠠ ᠡᠰᠡᠷᠭᠦᠴᠡᠯ ᠤᠨ ᠴᠡᠷᠢᠭ ᠭᠠᠷᠭᠠᠵᠤ ᠪᠠᠶᠢᠭᠰᠠᠨ ᠪᠣᠯᠪᠠᠴᠤ ᠲᠡᠷᠡ ᠨᠢ ᠤᠳᠠᠯ ᠦᠬᠡᠢ ᠬᠠᠶᠢᠳᠤ ᠲᠠᠢ ᠡᠪᠰᠡᠭᠰᠡᠨ ᠠᠵᠢ᠃ ᠴᠠᠭᠠᠳᠠᠢ ᠶᠢᠨ ᠬᠤᠶᠢᠴᠢ ᠦᠶ᠎ᠡ ᠶᠢᠨ ᠪᠠᠷᠠᠭ᠂ ᠬᠢᠪᠴᠠᠭ ᠬᠠᠭᠠᠨᠲᠤ ᠤᠯᠤᠰ ᠢ ᠳᠠᠭᠠᠷᠢᠨ ᠳᠣᠪᠲᠣᠯᠬᠤ ᠳᠤ ᠲᠡᠷᠡ ᠬᠠᠶᠢᠳᠤ ᠲᠠᠢ ᠬᠤᠯᠪᠣᠭᠠᠲᠤ ᠴᠡᠷᠢᠭ ᠪᠠᠶᠢᠭᠤᠯᠵᠤ ᠪᠠᠷᠠᠭ ᠢ ᠳᠠᠶᠢᠯᠠᠪᠠ᠃ 1277 ᠣᠨ ᠳᠤ᠂ ᠮᠦᠩᠬᠡ ᠬᠠᠭᠠᠨ ᠤ ᠬᠦᠦ ᠰᠢᠯᠵᠢ ᠶᠤᠸᠠᠨ ᠤᠯᠤᠰ ᠠᠴᠠ ᠤᠷᠪᠠᠵᠤ ᠬᠠᠶᠢᠳᠤ ᠶᠢᠨ ᠳᠣᠪᠲᠣᠯᠣᠯ ᠢ ᠰᠡᠷᠡᠮᠵᠢᠯᠡᠨ ᠰᠠᠭᠤᠵᠣ ᠪᠠᠶᠢᠭᠰᠠᠨ ᠬᠤᠪᠢᠯᠠᠢ ᠶᠢᠨ ᠬᠦᠪᠡᠭᠦᠨ ᠨᠣᠮᠣᠬᠠᠨ ᠢ ᠪᠠᠷᠢᠪᠴᠢᠯᠠᠨ ᠠᠪᠤᠭᠠᠳ ᠬᠠᠶᠢᠳᠤ ᠲᠠᠢ ᠬᠤᠯᠪᠣᠭ᠎ᠠ ᠠᠪᠴᠤ ᠬᠢᠪᠴᠠᠭ ᠬᠠᠭᠠᠨᠲᠤ ᠤᠯᠤᠰ ᠲᠤ ᠬᠦᠷᠭᠡᠨ ᠣᠴᠢᠵᠣ ᠬᠡᠳᠦᠨ ᠵᠢᠯ ᠬᠤᠷᠢᠵᠤ ᠰᠠᠭᠤᠪᠠ᠃ 1282 ᠣᠨ ᠳᠤ ᠲᠣᠭᠲᠠᠭ᠎ᠠ ᠮᠦᠩᠬᠡ ᠬᠢᠪᠴᠠᠭ ᠤᠨ ᠡᠵᠡᠨ ᠪᠣᠯᠣᠮᠠᠭᠴᠠ ᠨᠣᠮᠣᠬᠠᠨ ᠢ ᠲᠠᠯᠪᠢᠨ ᠶᠠᠪᠤᠭᠤᠯᠵᠠᠢ᠃      ᠲᠣᠭᠲᠠᠭ᠎ᠠ ᠮᠦᠩᠬᠡ ︵1282 — 1287 ᠣᠨ ᠬᠦᠷᠲᠡᠯ᠎ᠡ ᠰᠠᠭᠤᠷᠢᠨ ᠳᠤ ᠪᠠᠶᠢᠪᠠ︶᠂ ᠲᠤᠯᠠ ᠪᠤᠬ᠎ᠠ ︵1287 — 1291 ᠣᠨ ᠬᠦᠷᠲᠡᠯ᠎ᠡ︶ ᠬᠤᠶᠠᠭᠤᠯᠠ ᠶᠢᠨ ᠰᠠᠭᠤᠷᠢᠨ ᠳᠤ ᠪᠠᠶᠢᠬᠤ ᠦᠶ᠎ᠡ ᠬᠠᠷ᠎ᠠ ᠲᠠᠩᠭᠢᠰ ᠤᠨ ᠭᠠᠵᠠᠷ ᠣᠷᠣᠨ ᠢ ᠤᠭᠰᠠᠭ᠎ᠠ ᠶᠢᠨ ᠸᠠᠩᠲᠤ ᠨᠣᠬᠠᠢ ᠡᠵᠡᠯᠡᠨ ᠰᠠᠭᠤᠵᠤ᠂ ᠡᠷᠬᠡ ᠰᠦᠷ ᠪᠠᠷ ᠢᠶᠠᠨ ᠬᠢᠪᠴᠠᠭ ᠤᠨ ᠪᠦᠬᠦᠶᠢᠯᠡ ᠮᠡᠳᠡᠯ ᠢ ᠡᠵᠡᠮᠰᠢᠵᠦ ᠪᠠᠶᠢᠭᠰᠠᠨ ᠠᠵᠢ᠃  ᠲᠣᠭᠲᠠᠭ᠎ᠠ ᠬᠠᠭᠠᠨ ︵1291 — 1313 ᠣᠨ ᠬᠦᠷᠲᠡᠯ᠎ᠡ ᠰᠠᠭᠤᠷᠢᠨ ᠳᠤ ᠪᠠᠶᠢᠪᠠ︶ ᠡᠷᠬᠡ ᠪᠠᠷᠢᠭᠰᠠᠨ ᠤ ᠳᠠᠷᠠᠭ᠎ᠠ᠂ 1300 ᠣᠨ ᠳᠤ ᠨᠣᠬᠠᠢ ᠶᠢ ᠳᠠᠶᠢᠯᠠᠵᠤ᠂ ᠬᠠᠭᠠᠨ ᠡᠷᠬᠡ ᠪᠠᠨ ᠪᠣᠯᠢᠶᠠᠨ ᠠᠪᠣᠭᠰᠠᠨ ᠪᠦᠭᠡᠳ ᠲᠣᠭᠲᠠᠭ᠎ᠠ 1302 ᠣᠨ ᠳᠤ ᠴᠡᠷᠢᠭ ᠭᠠᠷᠭᠠᠵᠤ ᠶᠤᠸᠠᠨ ᠤᠯᠤᠰ ᠢ ᠬᠠᠪᠰᠤᠷᠴᠤ ᠴᠠᠭᠠᠳᠠᠢ ᠬᠠᠭᠠᠨᠲᠤ ᠤᠯᠤᠰ ᠤᠨ ᠡᠵᠡᠨ ᠳᠤᠸᠠ ᠶᠢ ᠴᠣᠬᠢᠵᠣ᠂ ᠦᠭᠡᠳᠡᠢ ᠬᠠᠭᠠᠨᠲᠤ ᠤᠯᠤᠰ ᠤᠨ ᠴᠡᠪᠡᠷ ᠢ ᠳᠠᠶᠢᠯᠠᠪᠠ᠃ ᠳᠤᠸᠠ᠂ ᠴᠡᠪᠡᠷ ᠬᠤᠶᠠᠷ ᠳᠡᠶᠢᠯᠦᠭᠳᠡᠭᠡᠳ ᠶᠤᠸᠠᠨ ᠤᠯᠤᠰ ᠤᠨ ᠶᠡᠭᠡ ᠬᠠᠭᠠᠨ ᠢ ᠳᠠᠭᠠᠵᠠᠢ᠃      1308 ᠣᠨ ᠳᠤ ᠶᠣᠸᠠᠨ ᠤᠯᠤᠰ ᠤᠨ ᠬᠠᠶᠢᠰᠠᠨ ᠬᠠᠭᠠᠨ ᠲᠣᠭᠲᠠᠭ᠎ᠠ ᠬᠠᠭᠠᠨ ᠢ ᠨᠢᠩ ᠱᠦ ᠸᠠᠩ ᠡᠷᠭᠦᠮᠵᠢᠯᠡᠪᠡ᠃ ᠲᠣᠭᠲᠠᠭ᠎ᠠ 1313 ᠣᠨ ᠳᠤ ᠨᠠᠰᠤ ᠪᠠᠷᠠᠵᠠᠢ᠃ ᠲᠣᠭᠲᠠᠭ᠎ᠠ ᠶᠢ ᠨᠠᠰᠤ ᠪᠠᠷᠠᠭᠰᠠᠨ ᠤ ᠳᠠᠷᠠᠭ᠎ᠠ ᠲᠡᠭᠦᠨ ᠤ ᠠᠴᠢ ᠬᠦᠦ ᠦᠽᠢ ᠪᠠᠬᠢ ᠰᠠᠭᠤᠷᠢᠨ ᠳᠤ ᠰᠠᠭᠤᠵᠤ᠂ ᠳᠠᠷᠠᠭ᠎ᠠ ᠵᠢᠯ ᠨᠢ ᠶᠤᠸᠠᠨ ᠤᠯᠤᠰ ᠤᠨ ᠠᠶᠤᠷᠪᠠᠷᠠᠪᠳᠠ ᠬᠠᠭᠠᠨ ᠦᠽᠢ ᠪᠠᠬᠢ ᠶᠢ ᠬᠢᠪᠴᠠᠭ ᠤᠯᠤᠰ ᠤᠨ ᠵᠢᠩᠭᠢᠨᠢ ᠡᠵᠡᠨ ᠢᠶᠠᠷ ᠡᠷᠭᠦᠮᠵᠢᠯᠡᠪᠡ᠃ ᠡᠭᠦᠨ ᠠᠴᠠ ᠬᠤᠶᠢᠰᠢ ᠬᠢᠪᠴᠠᠭ ᠬᠠᠭᠠᠨᠲᠤ ᠤᠯᠤᠰ ᠪᠠ ᠶᠡᠭᠡ ᠶᠤᠸᠠᠨ ᠤᠯᠤᠰ ᠬᠤᠶᠠᠷ ᠲᠠᠯ᠎ᠠ ᠪᠠᠷ ᠢᠶᠠᠨ ᠦᠷᠭᠦᠯᠵᠢ ᠡᠯᠴᠢ ᠢᠯᠡᠭᠡᠵᠦ᠂ ᠡᠪ ᠨᠠᠶᠢᠷᠲᠠᠢ ᠪᠠᠶᠢᠭᠰᠠᠨ ᠶᠤᠮ᠃ 1336 ᠣᠨ ᠳᠤ ᠦᠽᠢ ᠪᠠᠬᠢ᠂ ᠶᠤᠸᠠᠨ ᠤᠯᠤᠰ ᠤᠨ ᠬᠠᠭᠠᠨ ᠳᠤ ᠬᠠᠷᠢᠶᠠᠲᠤ ᠣᠷᠣᠨ ᠤ ᠵᠢᠯ ᠤᠨ ᠱᠠᠩᠨᠠᠯ ᠢᠶᠠᠨ ᠴᠡᠷᠢᠭ ᠲᠡᠭᠡᠨ ᠬᠤᠪᠢᠶᠠᠵᠦ ᠥᠭᠭᠦᠨ᠎ᠡ ᠭᠡᠵᠦ ᠭᠤᠶᠤᠴᠢᠯᠠᠪᠠ᠃ ᠳᠠᠷᠠᠭ᠎ᠠ ᠵᠢᠯ ᠨᠢ ᠶᠤᠸᠠᠨ ᠤᠯᠤᠰ ᠠᠴᠠ ᠵᠦᠴᠢ ᠶᠢᠨ ᠦᠷᠡᠳᠦᠰ ᠲᠤ ᠵᠢᠯ ᠤᠨ ᠱᠠᠩᠨᠠᠯ ᠣᠯᠭᠤᠬᠤ ᠭᠠᠵᠠᠷ ᠢ ᠫᠢᠩᠶᠠᠩ ᠵᠡᠷᠭᠡ ᠬᠠᠷᠢᠶᠠᠲᠤ ᠣᠷᠣᠨ ᠭᠡᠵᠦ ᠬᠤᠪᠢᠶᠠᠵᠤ ᠥᠭᠭᠦᠭᠡᠳ ᠲᠤᠰᠬᠠᠢ ᠬᠦᠮᠦᠨ ᠭᠠᠷᠭᠠᠵᠤ ᠬᠠᠮᠢᠶᠠᠷᠤᠭᠤᠯᠪᠠ᠃ ᠦᠽᠢ ᠪᠠᠬᠢ ᠰᠠᠭᠤᠷᠢᠨ ᠳᠤ ᠪᠠᠶᠢᠬᠤ ᠳᠠᠭᠠᠨ ᠲᠥᠪ ᠲᠤ ᠲᠥᠪᠯᠡᠷᠡᠭᠦᠯᠦᠨ ᠵᠠᠬᠢᠷᠬᠤ ᠡᠷᠬᠡ ᠶᠢ ᠪᠠᠶᠢᠭᠤᠯᠵᠤ᠂ ᠪᠦᠬᠦ ᠤᠯᠤᠰ ᠢᠶᠠᠨ ᠡᠮᠬᠢᠯᠡᠨ ᠴᠡᠭᠴᠡᠯᠡᠭᠰᠡᠨ ᠢᠶᠠᠷ ᠲᠤᠬᠠᠢ ᠶᠢᠨ ᠦᠶ᠎ᠡ ᠨᠢ ᠬᠢᠪᠴᠠᠭ ᠬᠠᠭᠠᠨᠲᠤ ᠤᠯᠤᠰ ᠤᠨ ᠬᠠᠮᠤᠭ ᠤᠨ ᠬᠦᠴᠦᠷᠬᠡᠭ ᠴᠠᠭ ᠦᠶ᠎ᠡ ᠪᠣᠯᠣᠭᠰᠠᠨ ᠶᠤᠮ᠃ᠬᠢᠪᠴᠠᠭ ᠬᠠᠭᠠᠨᠲᠤ ᠤᠯᠤᠰ ᠤᠨ ᠨᠡᠶᠢᠰᠯᠡᠯ ᠬᠤᠲᠠ ᠪᠠᠨ ᠪᠡᠷᠬᠡ ᠰᠠᠷᠠᠢ ᠬᠤᠲᠠ ︵ᠣᠳᠤ ᠶᠢᠨ ᠣᠷᠣᠰ ᠤᠨ ᠸᠣᠯᠭᠠᠩᠷᠠᠲ ᠤᠨ ᠣᠷᠴᠢᠮ︶ ᠳᠤ ᠨᠡᠭᠦᠯᠭᠡᠪᠡ᠃ ᠡᠭᠦᠨ ᠤ ᠬᠠᠮᠲᠤ ᠢᠯ ᠬᠠᠭᠠᠨᠲᠤ ᠤᠯᠤᠰ ᠪᠠ ᠶᠧᠵᠢᠫᠲ ᠤᠯᠤᠰ ᠤᠳ ᠲᠠᠢ ᠭᠠᠳᠠᠭᠠᠳᠤ ᠠᠷᠠᠯᠵᠢᠶᠠᠨ ᠤ ᠬᠠᠷᠢᠯᠴᠠᠭ᠎ᠠ ᠲᠠᠢ ᠪᠠᠶᠢᠭᠰᠠᠨ ᠪᠣᠯᠬᠤᠷ ᠠᠷᠠᠯᠵᠢᠶ᠎ᠠ ᠬᠤᠳᠠᠯᠳᠤᠭ᠎ᠠ ᠶᠡᠬᠡᠳᠡ ᠬᠦᠭᠵᠢᠵᠦ ᠪᠠᠶᠢᠯ᠎ᠠ᠃      ᠦᠽᠢ ᠪᠠᠬᠢ ᠶᠢᠨ ᠦᠶ᠎ᠡ ᠳᠤ ᠸᠣᠯᠭ᠎ᠠ ᠭᠤᠣᠯ ᠤᠨ ᠳᠣᠣᠷᠠᠳᠤ ᠤᠷᠤᠰᠬᠠᠯ ᠳᠠᠭᠠᠤ ᠣᠷᠣᠨ ᠢᠶᠠᠷ ᠢᠰᠯᠠᠮ ᠤᠨ ᠱᠠᠰᠢᠨ ᠶᠡᠬᠡᠳᠡ ᠳᠡᠯᠭᠡᠷᠡᠵᠦ ᠪᠠᠶᠢᠭᠰᠠᠨ ᠪᠦᠭᠡᠳ ᠦᠽᠢ ᠪᠠᠬᠢ ᠠᠴᠠ ᠬᠤᠶᠢᠴᠢ ᠦᠶ᠎ᠡ ᠶᠢᠨ ᠬᠢᠪᠴᠠᠭ ᠬᠠᠭᠠᠨᠲᠤ ᠤᠯᠤᠰ ᠤᠨ ᠬᠠᠭᠠᠳ ᠢᠰᠯᠠᠮ ᠤᠨ ᠱᠠᠰᠢᠨ ᠢ ᠰᠢᠲᠦᠨ ᠪᠢᠰᠢᠷᠡᠳᠡᠭ ᠪᠠᠶᠢᠭᠰᠠᠨ ᠠᠴᠠ ᠬᠡᠰᠡᠭ ᠪᠦᠯᠦᠭ ᠮᠣᠩᠭᠤᠯᠴᠤᠳ ᠴᠦ ᠢᠰᠯᠠᠮᠵᠢᠵᠤ ᠪᠠᠶᠢᠵᠠᠢ᠃ ᠦᠽᠢ ᠪᠠᠬᠢ ᠶᠢᠨ ᠬᠦᠪᠡᠭᠦᠨ ᠵᠠᠨᠢ ᠪᠠᠬᠢ ︵1342 — 1357 ᠣᠨ︶ ᠪᠠ ᠣᠮᠪᠣᠯ ᠬᠦᠦ ᠪᠡᠷᠳᠢ ᠪᠠᠬᠢ ︵1357 — 1359 ᠣᠨ ᠳᠤ ᠡᠷᠬᠡ ᠮᠡᠳᠡᠵᠦ ᠪᠠᠶᠢᠪᠠ︶ ᠨᠠᠷ ᠰᠠᠭᠤᠷᠢᠨ ᠳᠤ ᠪᠠᠶᠢᠬᠤ ᠳᠠᠭᠠᠨ 1356 — 1359 ᠣᠨ ᠬᠦᠷᠲᠡᠯ᠎ᠡ ᠤᠷᠢᠳ ᠬᠤᠵᠢᠳ ᠬᠤᠶᠠᠷ ᠤᠳᠠᠭ᠎ᠠ ᠠᠽᠠᠷᠪᠠᠶᠢᠵᠠᠨ ᠵᠦᠭ ᠳᠠᠭᠠᠷᠢᠯᠲᠠ ᠬᠢᠭᠰᠡᠨ ᠪᠣᠯᠪᠠᠴᠤ ᠢᠯᠠᠯᠲᠠ ᠣᠯᠣᠭᠰᠠᠨ ᠦᠭᠡᠢ᠃ ᠢᠩᠭᠢᠭᠰᠡᠨ ᠢᠶᠠᠷ ᠰᠢᠷᠢᠶ᠎ᠡ ᠠᠴᠠ ᠭᠠᠵᠠᠷ ᠤᠨ ᠳᠤᠮᠳᠠᠳᠤ ᠲᠠᠩᠭᠢᠰ ᠬᠦᠷᠲᠡᠯᠡᠬᠢ ᠵᠠᠮ ᠨᠡᠪᠲᠡᠷᠡᠯᠭᠡ ᠶᠢ ᠡᠵᠡᠯᠡᠵᠦ ᠴᠢᠳᠠᠭᠰᠠᠨ ᠦᠭᠡᠢ ᠮᠦᠷᠲᠡᠬᠡᠨ ᠭᠠᠳᠠᠭᠠᠳᠤ ᠠᠷᠠᠯᠵᠢᠶ᠎ᠠ ᠨᠢ ᠬᠤᠷᠢᠭᠯᠠᠯᠲᠠ ᠳᠤ ᠤᠴᠠᠷᠠᠭᠰᠠᠨ ᠪᠠᠶᠢᠯ᠎ᠠ᠃      1357 ᠣᠨ ᠳᠤ ᠵᠠᠨᠢ ᠪᠠᠬᠢ ᠠᠯᠠᠭᠳᠠᠭᠰᠠᠨ ᠠᠴᠠ ᠡᠬᠢᠯᠡᠨ ᠬᠢᠪᠴᠠᠭ ᠬᠠᠭᠠᠨᠲᠤ ᠤᠯᠤᠰ ᠤᠨ ᠳᠣᠲᠣᠭᠠᠳᠤ ᠳᠤ ᠬᠢᠮᠤᠷᠠᠯᠳᠤᠭᠠᠨ ᠲᠠᠰᠤᠷᠠᠭ᠎ᠠ ᠦᠬᠡᠢ ᠪᠣᠯᠵᠤ 1357 — 1380 ᠣᠨ ᠬᠦᠷᠲᠡᠯᠡᠬᠢ ᠬᠤᠷᠢᠨ ᠬᠡᠳᠦᠬᠡᠨ ᠵᠢᠯ ᠤᠨ ᠳᠣᠲᠣᠷ᠎ᠠ ᠬᠠᠭᠠᠨᠲᠤ ᠤᠯᠤᠰ ᠤᠨ ᠬᠠᠭᠠᠨ ᠡᠷᠬᠡ ᠬᠤᠷᠢᠨ ᠬᠡᠳᠦ ᠤᠳᠠᠭ᠎ᠠ ᠰᠣᠯᠢᠭᠳᠠᠭᠰᠠᠨ ᠠᠵᠢ᠃ 1371 ᠣᠨ ᠠᠴᠠ ᠬᠤᠶᠢᠰᠢ ᠣᠷᠣᠰ ᠤᠨ ᠡᠯ᠎ᠡ ᠭᠦᠩᠲᠦ ᠤᠯᠤᠰ ᠬᠢᠪᠴᠠᠭ ᠬᠠᠭᠠᠨᠲᠤ ᠤᠯᠤᠰ ᠤᠨ ᠳᠣᠲᠣᠭᠠᠳᠤ ᠬᠢᠮᠤᠷᠠᠯᠳᠤᠭᠠᠨ ᠢ ᠦᠵᠡᠵᠦ ᠭᠠᠷᠤᠭᠠᠳ ᠡᠯᠪᠡᠭ ᠪᠠᠷᠢᠴᠠ ᠡᠷᠭᠦᠬᠦ ᠪᠠᠨ ᠪᠣᠯᠢᠪᠠ᠃ 1380 ᠣᠨ ᠳᠤ ᠣᠷᠳᠣ ᠶᠢᠨ ᠦᠷᠡᠳᠦᠰ ᠲᠣᠭᠲᠠᠮᠢᠰᠢ ᠬᠢᠪᠴᠠᠭ ᠬᠠᠭᠠᠨᠲᠤ ᠤᠯᠤᠰ ᠤᠨ ᠳᠣᠲᠣᠭᠠᠳᠤ ᠶᠢᠨ ᠲᠡᠮᠡᠴᠡᠯ ᠢ ᠳᠠᠷᠤᠩᠭᠤᠶᠢᠯᠠᠵᠤ ᠬᠢᠪᠴᠠᠭ ᠬᠠᠭᠠᠨᠲᠤ ᠤᠯᠤᠰ ᠤᠨ ᠡᠵᠡᠨ ᠪᠣᠯᠪᠠ᠃ ᠡᠭᠦᠨ ᠠᠴᠠ ᠡᠬᠢᠯᠡᠨ ᠬᠢᠪᠴᠠᠭ ᠬᠠᠭᠠᠨᠲᠤ ᠤᠯᠤᠰ ᠤᠨ ᠡᠷᠬᠡ ᠮᠡᠳᠡᠯ ᠵᠦᠴᠢ ᠶᠢᠨ ᠶᠡᠭᠡ ᠬᠦᠦ ᠤᠷᠲᠤ ᠶᠢᠨ ᠦᠷᠡᠳᠦᠰ ᠲᠤ ᠰᠢᠯᠵᠢᠪᠡ᠃      1382 ᠣᠨ ᠳᠤ ᠲᠣᠭᠲᠠᠮᠢᠰᠢ ᠮᠣᠰᠺᠧᠨ ᠶᠢ ᠡᠵᠡᠯᠡᠨ ᠠᠪᠴᠤ᠂ ᠣᠷᠣᠰ ᠬᠦᠮᠦᠨ ᠢ ᠠᠯᠪᠠᠳᠠᠨ ᠳᠠᠬᠢᠨ ᠭᠠᠶᠢᠯᠢ ᠭᠤᠪᠴᠢᠭᠤᠷ ᠲᠤᠰᠢᠶᠠᠯᠭᠠᠬᠤ ᠪᠣᠯᠪᠠ᠃ ᠲᠣᠭᠲᠠᠮᠢᠰᠢ ᠶᠢᠨ ᠬᠦᠴᠦᠷᠬᠡᠭᠵᠢᠭᠰᠡᠨ ᠶᠠᠪᠤᠳᠠᠯ ᠨᠢ ᠭᠡᠨᠡᠳᠲᠡ ᠶᠢᠨ ᠪᠢᠰᠢ᠂ ᠬᠠᠷᠢᠨ ᠳᠤᠮᠳᠠᠳᠤ ᠠᠽᠢᠶ᠎ᠠ ᠶᠢᠨ ᠨᠣᠶᠠᠷᠬᠠᠭᠴᠢ ᠲᠡᠮᠦᠷ ᠤᠨ ᠬᠦᠴᠦᠲᠡᠢ ᠳᠡᠮᠵᠢᠯᠭᠡ ᠳᠣᠣᠷ᠎ᠠ ᠬᠦᠴᠦᠷᠬᠡᠭᠵᠢᠭᠰᠡᠨ ᠬᠡᠷᠡᠭ ᠪᠠᠶᠢᠵᠠᠢ᠃ ᠭᠡᠳᠡᠯ᠎ᠡ ᠡᠨᠡ ᠬᠤᠶᠠᠷ ᠳᠡᠮᠡᠢ ᠤᠳᠠᠯ ᠦᠬᠡᠢ ᠡᠶ᠎ᠡ ᠮᠠᠭᠤᠳᠠᠵᠤ᠂ ᠬᠤᠶᠠᠭᠤᠯᠠ ᠶᠢᠨ ᠬᠤᠭᠤᠷᠣᠨᠳᠤ 1389 — 1395 ᠣᠨ ᠬᠦᠷᠲᠡᠯ᠎ᠡ ᠭᠤᠷᠪᠠ ᠤᠳᠠᠭᠠᠨ ᠤ ᠶᠡᠭᠡ ᠳᠠᠶᠢᠨ ᠪᠣᠯᠵᠤ ᠦᠩᠭᠡᠷᠡᠭᠰᠡᠨ ᠪᠦᠭᠡᠳ ᠲᠡᠮᠦᠷ ᠤᠨ ᠢᠯᠠᠯᠲᠠ ᠪᠠᠷ ᠳᠠᠭᠤᠰᠪᠠ᠃ ᠲᠡᠭᠡᠭᠡᠳ ᠲᠡᠮᠦᠷ ᠸᠣᠯᠭ᠎ᠠ ᠭᠤᠣᠯ ᠳᠠᠭᠠᠤ ᠣᠷᠣᠨ ᠤ ᠨᠡᠯᠢᠶᠡᠳ ᠣᠯᠠᠨ ᠬᠤᠲᠠ ᠪᠠᠯᠭᠠᠰᠤ ᠶᠢ ᠡᠵᠡᠯᠡᠨ᠂ ᠭᠧᠷᠮᠡᠨ ᠵᠡᠷᠭᠡ ᠭᠠᠵᠠᠷ ᠤᠨ ᠡᠯ᠎ᠡ ᠬᠤᠲᠠ ᠶᠢ ᠪᠣᠯᠢᠶᠠᠨ ᠠᠪᠤᠭᠰᠠᠨ ᠢᠶᠠᠷ ᠬᠢᠪᠴᠠᠭ ᠬᠠᠭᠠᠨᠲᠤ ᠤᠯᠤᠰ ᠤᠨ ᠠᠵᠤ ᠠᠬᠤᠢ ᠳᠣᠷᠣᠶᠢᠲᠠᠬᠤ ᠵᠦᠭ ᠲᠡᠭᠡᠨ ᠬᠠᠨᠳᠤᠭᠰᠠᠨ ᠪᠠᠶᠢᠯ᠎ᠠ᠃      14 ᠳ᠋ᠦ᠋ᠭᠡᠷ ᠵᠠᠭᠤᠨ ᠤ ᠶᠡᠷᠡᠭᠡᠳ ᠣᠨ ᠤ ᠰᠡᠭᠦᠯᠴᠢ ᠪᠠᠷ ᠴᠠᠭᠠᠨ ᠮᠠᠶᠢᠬᠠᠨᠲᠤ ᠤᠯᠤᠰ ᠤᠨ ᠨᠣᠶᠠᠨ ᠶᠧᠳᠡᠬᠦ ᠮᠠᠨᠤᠯ ᠬᠠᠭᠠᠨ ᠢᠶᠠᠨ ᠦᠳᠦᠭᠡᠭᠡᠳ ᠬᠢᠪᠴᠠᠭ ᠬᠠᠭᠠᠨᠲᠤ ᠤᠯᠤᠰ ᠤᠨ ᠶᠡᠬᠡᠩᠬᠢ ᠬᠡᠰᠡᠭ ᠣᠷᠣᠨ ᠨᠤᠲᠤᠭ ᠢ ᠨᠢᠭᠡᠳᠭᠡᠵᠦ ᠠᠪᠤᠭᠰᠠᠨ ᠪᠦᠭᠡᠳ ᠲᠡᠷᠡ ᠪᠠᠰᠠ 1399 ᠯᠢᠲᠸ᠎ᠠ ᠶᠢ ᠡᠵᠡᠯᠡᠵᠦ ᠲᠡᠳᠡᠨ ᠤ ᠦᠷᠭᠡᠳᠭᠡᠯ ᠢ ᠬᠤᠷᠢᠭᠯᠠᠪᠠ᠃      1408 ᠣᠨ ᠳᠤ ᠶᠧᠳᠡᠬᠦ ᠣᠷᠣᠰ ᠢ ᠳᠣᠪᠲᠣᠯᠣᠨ ᠣᠯᠠᠨ ᠬᠤᠲᠠ ᠰᠠᠭᠤᠷᠢᠨ ᠢ ᠡᠪᠳᠡᠭᠰᠡᠨ ᠪᠣᠯᠪᠠᠴᠤ ᠮᠣᠰᠺᠧᠨ ᠶᠢ ᠡᠵᠡᠯᠡᠵᠦ ᠴᠢᠳᠠᠭᠰᠠᠨ ᠦᠬᠡᠢ᠃ 1410 — 1412 ᠣᠨ ᠬᠦᠷᠲᠡᠯ᠎ᠡ ᠳᠣᠲᠣᠭᠠᠳᠤ ᠶᠢᠨ ᠬᠢᠮᠤᠷᠠᠯ ᠶᠡᠭᠡ ᠪᠠᠶᠢᠭᠰᠠᠨ ᠴᠦ ᠲᠡᠷᠡ ᠡᠷᠬᠡ ᠪᠠᠨ ᠠᠯᠳᠠᠵᠤ ᠳᠤᠲᠠᠭᠠᠨ ᠶᠠᠪᠤᠪᠠ᠃      15 ᠳ᠋ᠤᠭᠠᠷ ᠵᠠᠭᠤᠨ ᠤ ᠬᠤᠷᠢᠭᠠᠳ ᠣᠨ ᠤ ᠡᠬᠢᠨ ᠤ ᠦᠶ᠎ᠡ ᠳᠤ ᠰᠢᠪᠡᠷ ᠬᠠᠭᠠᠨᠲᠤ ᠤᠯᠤᠰ᠂ ᠬᠢᠪᠴᠠᠭ ᠬᠠᠭᠠᠨᠲᠤ ᠤᠯᠤᠰ ᠠᠴᠠ ᠰᠠᠯᠵᠤ ᠲᠤᠰᠠᠭᠠᠷ ᠲᠤᠭᠲᠠᠨᠢᠪᠠ᠃ 15 ᠳ᠋ᠤᠭᠠᠷ ᠵᠠᠭᠤᠨ ᠤ ᠳᠤᠮᠳᠠᠴᠢ ᠦᠶ᠎ᠡ ᠳᠤ ᠪᠠᠰᠠ ᠺᠠᠽᠠᠨ ᠬᠠᠭᠠᠨᠲᠤ ᠤᠯᠤᠰ ᠵᠠᠳᠠᠷᠠᠨ ᠭᠠᠷᠴᠤ ᠲᠤᠰᠬᠠᠢ ᠤᠯᠤᠰ ᠪᠣᠯᠣᠭᠰᠠᠨ ᠠᠵᠢ᠃ ᠵᠠᠯᠭᠠᠪᠠᠷ ᠠᠰᠲᠷᠠᠬᠠᠨ ᠬᠠᠭᠠᠨᠲᠤ ᠤᠯᠤᠰ ᠪᠣᠢ ᠪᠣᠯᠵᠤ᠂ ᠬᠢᠪᠴᠠᠭ ᠬᠠᠭᠠᠨᠲᠤ ᠤᠯᠤᠰ ᠤᠨ ᠡᠵᠡᠮᠰᠢᠯ ᠣᠷᠣᠨ ᠨᠢ ᠬᠢᠵᠠᠭᠠᠷᠲᠠᠢ ᠪᠣᠯᠣᠭᠰᠠᠨ ᠠᠴᠠ ᠣᠳᠤ ᠬᠢᠪᠴᠠᠭ ᠬᠠᠭᠠᠨᠲᠤ ᠤᠯᠤᠰ ᠭᠡᠵᠦ ᠳᠠᠭᠤᠳᠠᠬᠤ ᠦᠬᠡᠢ ᠬᠠᠷᠢᠨ ᠶᠡᠭᠡ ᠮᠠᠶᠢᠬᠠᠨᠲᠤ ᠬᠠᠭᠠᠨᠲᠤ ᠤᠯᠤᠰ ᠭᠡᠵᠦ ᠨᠡᠷᠡᠯᠡᠬᠦ ᠪᠣᠯᠵᠠᠢ᠃      1480 ᠣᠨ ᠳᠤ ᠶᠡᠭᠡ ᠮᠠᠶᠢᠬᠠᠨᠲᠤ ᠬᠠᠭᠠᠨᠲᠤ ᠤᠯᠤᠰ ᠤᠨ ᠬᠠᠨ ᠠᠭᠮ᠎ᠠ ᠴᠡᠷᠢᠭ ᠳᠠᠶᠢᠴᠢᠯᠠᠵᠤ ᠣᠷᠣᠰ ᠢ ᠳᠠᠶᠢᠯᠠᠷ᠎ᠠ ᠮᠣᠷᠳᠠᠭᠰᠠᠨ ᠪᠣᠯᠪᠠᠴᠤ ᠣᠷᠣᠰ ᠤᠨ ᠴᠡᠷᠢᠭ ᠤᠨ ᠬᠦᠴᠦᠨ ᠠᠴᠠ ᠰᠦᠷᠳᠡᠵᠦ ᠪᠠᠶᠢᠯᠳᠤᠭᠰᠠᠨ ᠦᠭᠡᠢ ᠪᠠᠷ ᠴᠡᠷᠢᠭ ᠡᠭᠡᠪᠡ᠃ 1502 ᠣᠨ ᠳᠤ ᠶᠡᠭᠡ ᠮᠠᠶᠢᠬᠠᠨᠲᠤ ᠬᠠᠭᠠᠨᠲᠤ ᠤᠯᠤᠰ ᠮᠦᠬᠦᠪᠡ᠃ 
ᠢᠷᠡᠯᠲᠡ᠄ ︽ᠮᠣᠩᠭᠤᠯ ᠬᠠᠭᠠᠨᠲᠤ ᠤᠯᠤᠰ ᠤᠨ ᠲᠣᠪᠴᠢ ᠲᠡᠦᠬᠡ︾ ᠨᠣᠮ