ᠳᠦᠷᠪᠡᠨ ᠬᠠᠭᠠᠨᠲᠤ ᠤᠯᠤᠰ ᠤᠨ ᠲᠣᠶᠢᠮᠣ — ᠴᠠᠭᠠᠳᠠᠢ ᠬᠠᠭᠠᠨᠲᠤ ᠤᠯᠤᠰ
ᠨᠡᠶᠢᠲᠡᠯᠡᠭᠰᠡᠨ ᠴᠠᠭ᠄
2023/4/11
      ᠬᠤᠶᠠᠷ᠂ ᠴᠠᠭᠠᠳᠠᠢ ᠬᠠᠭᠠᠨᠲᠤ ᠤᠯᠤᠰ      ᠴᠠᠭᠠᠳᠠᠢ ᠬᠠᠭᠠᠨᠲᠤ ᠤᠯᠤᠰ ᠪᠣᠯ ᠴᠢᠩᠭᠢᠰ ᠤᠨ ᠬᠤᠶᠠᠳᠤᠭᠠᠷ ᠬᠦᠪᠡᠭᠦᠨ ᠴᠠᠭᠠᠳᠠᠢ ᠶᠢᠨ ᠬᠠᠷᠢᠶᠠᠲᠤ ᠬᠠᠭᠠᠨᠲᠤ ᠤᠯᠤᠰ ᠪᠣᠯᠣᠨ᠎ᠠ᠃ ᠴᠠᠭᠠᠳᠠᠢ ᠬᠠᠭᠠᠨᠲᠤ ᠤᠯᠤᠰ ᠬᠠᠮᠤᠭ ᠤᠨ ᠬᠦᠴᠦᠷᠬᠡᠭ ᠦᠶ᠎ᠡ ᠳᠡᠭᠡᠨ ᠬᠠᠮᠢᠶᠠᠷᠴᠤ ᠪᠠᠶᠢᠭᠰᠠᠨ ᠣᠷᠣᠨ ᠨᠢ ᠵᠡᠭᠦᠨᠰᠢ ᠲᠦᠷᠹᠡᠨ᠂ ᠯᠣᠪ ᠨᠠᠭᠤᠷ᠂ ᠪᠠᠷᠠᠭᠤᠨᠰᠢ ᠠᠮᠦ᠋ ᠮᠦᠷᠡᠨ᠂ ᠤᠮᠠᠷᠠᠰᠢ ᠲᠠᠷᠪᠠᠭᠠᠲᠠᠢ᠂ ᠡᠮᠦᠨᠡᠰᠢ ᠡᠾᠢᠩᠳᠦᠺᠦᠰ ᠠᠭᠤᠯᠠ ᠶᠢ ᠳᠠᠪᠠᠵᠤ ᠪᠠᠶᠢᠭᠰᠠᠨ ᠶᠤᠮ᠃      ᠴᠢᠩᠭᠢᠰ ᠬᠠᠭᠠᠨ᠂ ᠮᠣᠩᠭᠤᠯ ᠬᠠᠭᠠᠨᠲᠤ ᠤᠯᠤᠰ ᠢ ᠪᠠᠶᠢᠭᠤᠯᠤᠭᠠᠳ ᠴᠠᠭᠠᠳᠠᠢ ᠳᠤ ᠳᠦᠷᠪᠡᠨ ᠮᠢᠩᠭᠠᠨ ᠡᠷᠦᠬᠡ ᠬᠤᠪᠢᠶᠠᠨ ᠥᠭᠴᠡᠢ᠃ ᠬᠤᠵᠢᠮ ᠨᠢ ᠳᠠᠬᠢᠭᠠᠳ ᠬᠡᠦᠬᠡᠳ ᠲᠡᠭᠡᠨ ᠨᠤᠲᠤᠭ ᠬᠤᠪᠢᠶᠠᠨ ᠦᠭᠬᠦ ᠳᠡᠭᠡᠨ ᠴᠠᠭᠠᠳᠠᠢ ᠳᠤ ᠤᠶᠢᠭᠤᠷ ᠤᠨ ᠣᠷᠣᠨ ᠠᠴᠠ ᠠᠮᠦ᠋ ᠮᠦᠷᠡᠨ ᠬᠦᠷᠲᠡᠯᠡᠬᠢ ᠲᠠᠯ᠎ᠠ ᠨᠤᠲᠤᠭ ᠢ ᠬᠤᠪᠢᠶᠠᠨ ᠦᠭᠴᠡᠢ᠃ ᠭᠡᠪᠡᠴᠦ ᠡᠨᠡ ᠬᠦ ᠣᠷᠣᠨ ᠳᠠᠬᠢ ᠬᠤᠲᠠ ᠪᠠᠯᠭᠠᠰᠤ ᠶᠢ ᠶᠡᠭᠡ ᠬᠠᠭᠠᠨ ᠠᠴᠠ ᠰᠢᠭᠤᠳ ᠵᠠᠬᠢᠷᠴᠤ ᠪᠠᠶᠢᠵᠠᠢ᠃ ᠴᠠᠭᠠᠳᠠᠢ ᠶᠢᠨ ᠭᠤᠣᠯ ᠣᠷᠳᠣ ᠪᠣᠯ ᠠᠯᠮᠠᠯᠢᠺ ᠤᠨ ᠣᠷᠴᠢᠮ ᠪᠠᠶᠢᠳᠠᠭ᠃ ᠦᠭᠡᠳᠡᠢ ᠬᠠᠭᠠᠨ ᠤ ᠦᠶ᠎ᠡ ᠳᠤ᠂ ᠴᠠᠭᠠᠳᠠᠢ ᠠᠮᠦ᠋ ᠮᠦᠷᠡᠨ ᠳᠠᠭᠠᠤ ᠣᠷᠣᠨ ᠤ ᠬᠤᠲᠠ ᠪᠠᠯᠭᠠᠰᠤ ᠶᠢ ᠠᠪᠣᠨ᠎ᠠ ᠭᠡᠵᠦ ᠰᠢᠨᠤᠬᠠᠶᠢᠷᠠᠨ᠂ ᠦᠭᠡᠳᠡᠢ ᠶᠢᠨ ᠬᠤᠷᠢᠭᠯᠠᠯ ᠢᠶᠠᠷ ᠪᠦᠲᠦᠭᠰᠡᠨ ᠦᠬᠡᠢ᠃ 1241 ᠣᠨ ᠢ ᠴᠠᠭᠠᠳᠠᠢ ᠪᠡᠶ᠎ᠡ ᠪᠠᠷᠠᠵᠣ᠂ ᠲᠡᠭᠦᠨ ᠤ ᠣᠮᠪᠣᠯ ᠬᠠᠷ᠎ᠠ ᠬᠤᠯᠣᠭᠤ ᠴᠠᠭᠠᠳᠠᠢ ᠬᠠᠭᠠᠨᠲᠤ ᠤᠯᠤᠰ ᠤᠨ ᠡᠵᠡᠨ ᠪᠣᠯᠵᠠᠢ᠃ 1246 ᠣᠨ ᠳᠤ᠂ ᠭᠦᠶᠦᠭ ᠬᠠᠭᠠᠨ ᠰᠠᠭᠤᠭᠠᠳ᠂ ᠴᠠᠭᠠᠳᠠᠢ ᠶᠢᠨ ᠲᠠᠪᠤᠳᠤᠭᠠᠷ ᠬᠦᠦ ᠶᠢᠰᠦᠨᠮᠦ᠋ᠩᠬᠡ ᠲᠠᠢ ᠨᠠᠶᠢᠷ ᠲᠠᠢ ᠤᠴᠢᠷ ᠠᠴᠠ ᠬᠠᠷ᠎ᠠ ᠬᠤᠯᠣᠭᠤ ᠶᠢ ᠣᠮᠪᠣᠯ ᠤᠨ ᠬᠤᠪᠢ ᠪᠠᠷ ᠴᠠᠭᠠᠳᠠᠢ ᠬᠠᠭᠠᠨᠲᠤ ᠤᠯᠤᠰ ᠤᠨ ᠡᠵᠡᠨ ᠪᠣᠯᠣᠭᠰᠠᠨ ᠨᠢ ᠵᠦᠢ ᠦᠬᠡᠢ ᠭᠡᠳ ᠡᠵᠡᠨ ᠤ ᠰᠠᠭᠤᠷᠢ ᠠᠴᠠ  ᠨᠢ ᠪᠠᠭᠤᠯᠭᠠᠵᠤ᠂ ᠶᠢᠰᠦᠨᠮᠦ᠋ᠩᠭᠡ ᠶᠢ ᠴᠠᠭᠠᠳᠠᠢ ᠬᠠᠭᠠᠨᠲᠤ ᠤᠯᠤᠰ ᠤᠨ ᠡᠵᠡᠨ ᠪᠣᠯᠭᠠᠵᠠᠢ᠃ ᠭᠦᠶᠦᠭ ᠪᠡᠶ᠎ᠡ ᠪᠠᠷᠠᠭᠠᠳ ᠮᠦᠩᠬᠡ ᠮᠣᠩᠭᠤᠯ ᠬᠠᠭᠠᠨᠲᠤ ᠤᠯᠤᠰ ᠤᠨ ᠶᠡᠭᠡ ᠬᠠᠭᠠᠨ ᠰᠠᠭᠤᠵᠤ᠂ ᠶᠢᠰᠦᠨᠮᠦ᠋ᠩᠬᠡ ᠶᠢ ᠦᠭᠡᠳᠡᠢ ᠬᠠᠭᠠᠨ ᠤ ᠦᠷᠡᠳᠦᠰ ᠲᠠᠢ ᠬᠠᠮᠲᠤ ᠮᠦᠩᠬᠡ ᠬᠠᠭᠠᠨ ᠢ ᠡᠰᠡᠷᠭᠦᠴᠡᠭᠰᠡᠨ ᠭᠡᠵᠦ ᠶᠢᠰᠦᠨᠮᠦ᠋ᠩᠬᠡ ᠶᠢᠨ ᠡᠷᠬᠡ ᠶᠢ ᠠᠪᠴᠤ ᠬᠠᠷ᠎ᠠ ᠬᠤᠯᠤᠭᠤ ᠶᠢ ᠳᠠᠬᠢᠨ ᠴᠠᠭᠠᠳᠠᠢ ᠬᠠᠭᠠᠨᠲᠤ ᠤᠯᠤᠰ ᠤᠨ ᠡᠵᠡᠨ ᠢᠶᠠᠷ ᠲᠣᠮᠢᠯᠠᠵᠠᠢ᠃ ᠭᠡᠪᠡᠴᠦ ᠬᠠᠷ᠎ᠠ ᠬᠤᠯᠤᠭᠤ ᠵᠠᠮ ᠳᠠᠭᠠᠨ ᠡᠪᠡᠳᠴᠢᠨ ᠢᠶᠠᠷ ᠨᠠᠰᠤ ᠪᠠᠷᠠᠵᠤ᠂ ᠲᠡᠭᠦᠨ ᠤ ᠬᠠᠲᠤᠨ ᠣᠷᠬᠢᠨ᠎ᠠ ᠠᠯᠮᠠᠯᠢᠺ ᠲᠤ ᠣᠴᠢᠵᠦ ᠴᠠᠭᠠᠳᠠᠢ ᠬᠠᠭᠠᠨᠲᠤ ᠤᠯᠤᠰ ᠤᠨ ᠲᠦᠷᠦ ᠶᠢ ᠪᠠᠷᠢᠵᠦ ᠶᠢᠰᠦᠨᠮᠦ᠋ᠩᠬᠡ ᠶᠢ ᠠᠯᠠᠪᠠ᠃      1260 ᠣᠨ ᠳᠤ᠂ ᠬᠤᠪᠢᠯᠠᠢ ᠬᠠᠭᠠᠨ ᠰᠠᠭᠤᠭᠠᠳ᠂ ᠳᠤᠮᠳᠠᠳᠤ ᠠᠽᠢᠶ᠎ᠠ ᠶᠢ ᠡᠷᠬᠡᠰᠢᠶᠡᠯ ᠳᠡᠭᠡᠨ ᠣᠷᠣᠭᠤᠯᠬᠤ ᠶᠢᠨ ᠲᠦᠯᠦᠭᠡ ᠲᠡᠭᠦᠨ ᠢ ᠲᠠᠭᠠᠰᠢᠶᠠᠭᠰᠠᠨ ᠴᠠᠭᠠᠳᠠᠢ ᠶᠢᠨ ᠠᠴᠢ ᠬᠦᠦ ᠠᠪᠢᠰᠢᠬ᠎ᠠ ᠶᠢ ᠴᠠᠭᠠᠳᠠᠢ ᠬᠠᠭᠠᠨᠲᠤ ᠤᠯᠤᠰ ᠲᠤ ᠲᠣᠮᠢᠯᠠᠵᠤ ᠡᠵᠡᠨ ᠪᠣᠯᠭᠠᠬᠤ ᠪᠠᠷ ᠣᠷᠣᠯᠳᠣᠵᠠᠢ᠃ ᠭᠡᠪᠡᠴᠦ ᠵᠠᠮ ᠳᠠᠭᠠᠨ ᠠᠷᠢᠭᠪᠣᠬ᠎ᠠ᠂ ᠴᠠᠭᠠᠳᠠᠢ ᠶᠢᠨ ᠠᠴᠢ ᠬᠦᠦ ᠠᠯᠤᠬᠤ ᠶᠢ ᠲᠣᠮᠢᠯᠠᠵᠤ᠂ ᠠᠯᠮᠠᠯᠢᠺ ᠲᠤ ᠣᠴᠢᠵᠤ ᠴᠠᠭᠠᠳᠠᠢ ᠬᠠᠭᠠᠨᠲᠤ ᠤᠯᠤᠰ ᠢ ᠬᠠᠮᠢᠶᠠᠷᠤᠭᠤᠯᠪᠠ᠃ ᠡᠨᠡ ᠦᠶ᠎ᠡ ᠳᠤ᠂ ᠬᠤᠪᠢᠯᠠᠢ ᠪᠣᠯᠣᠨ ᠠᠷᠢᠭᠪᠣᠬ᠎ᠠ ᠬᠠᠭᠠᠨ ᠡᠷᠬᠡ ᠪᠣᠯᠢᠶᠠᠯᠳᠤᠭᠠᠳ ᠮᠣᠩᠭᠤᠯ ᠬᠠᠭᠠᠨᠲᠤ ᠤᠯᠤᠰ ᠨᠢᠭᠡᠨᠲᠡ ᠬᠠᠭᠠᠴᠠᠭᠰᠠᠨ ᠪᠠᠶᠢᠳᠠᠯ ᠳᠤ ᠣᠷᠣᠵᠠᠢ᠃ ᠠᠯᠤᠬᠤ ᠴᠦ ᠡᠨᠡ ᠲᠤᠬᠠᠢ ᠳᠤ ᠣᠷᠬᠢᠨ᠎ᠠ ᠶᠢᠨ ᠭᠠᠷ ᠠᠴᠠ ᠴᠠᠭᠠᠳᠠᠢ ᠬᠠᠭᠠᠨᠲᠤ ᠤᠯᠤᠰ ᠤᠨ ᠶᠡᠭᠡ ᠡᠷᠬᠡ ᠶᠢ ᠪᠤᠯᠢᠶᠠᠨ ᠠᠪᠤᠯ᠎ᠠ᠃ ᠪᠠᠰᠠ ᠤᠤᠯ ᠳᠠᠭᠠᠨ ᠮᠣᠩᠭᠤᠯ ᠤᠨ ᠶᠡᠭᠡ ᠬᠠᠭᠠᠨ ᠠᠴᠠ ᠰᠢᠭᠤᠳ ᠵᠠᠬᠢᠷᠴᠤ ᠪᠠᠶᠢᠭᠰᠠᠨ ᠳᠤᠮᠳᠠᠳᠤ ᠠᠽᠢᠶ᠎ᠠ ᠶᠢᠨ ᠣᠷᠣᠨ ᠤ ᠬᠤᠲᠠ ᠪᠠᠯᠭᠠᠰᠤ ᠨᠤᠭᠤᠳ ᠢ ᠡᠷᠬᠡᠰᠢᠶᠡᠯ ᠳᠡᠭᠡᠨ ᠣᠷᠣᠭᠤᠯᠪᠠ᠃ ᠢᠩᠭᠢᠭᠡᠳ ᠲᠡᠷᠡ ᠠᠷᠢᠭᠪᠣᠬ᠎ᠠ ᠶᠢᠨ ᠲᠣᠮᠢᠯᠠᠭᠰᠠᠨ ᠵᠣᠭᠤᠰ ᠵᠤᠭ᠎ᠠ᠂ ᠠᠮᠤ ᠪᠤᠳᠠᠭ᠎ᠠ᠂ ᠴᠡᠷᠢᠭ ᠤᠨ ᠬᠡᠷᠡᠭᠰᠡᠯ ᠵᠡᠷᠭᠡ ᠶᠠᠭᠤᠮ᠎ᠠ ᠶᠢ ᠠᠪᠴᠤ ᠡᠯᠴᠢ ᠶᠢ ᠪᠠᠷᠢᠪᠴᠢᠯᠠᠨ ᠠᠯᠠᠭᠠᠳ ᠳᠠᠬᠢᠨ ᠭᠡᠳᠡᠷᠭᠦ ᠪᠠᠨ ᠬᠤᠪᠢᠷᠠᠵᠤ ᠬᠤᠪᠢᠯᠠᠢ ᠬᠠᠭᠠᠨ ᠢ ᠳᠠᠭᠠᠪᠠ᠃ ᠬᠤᠪᠢᠯᠠᠢ ᠬᠠᠭᠠᠨ ᠠᠯᠲᠠᠢ ᠠᠭᠤᠯᠠ ᠠᠴᠠ ᠠᠮᠦ᠋ ᠮᠦᠷᠡᠨ ᠬᠦᠷᠲᠡᠯᠡᠬᠢ ᠥᠷᠭᠡᠨ ᠠᠭᠤᠳᠠᠮ ᠭᠠᠵᠠᠷ ᠢ ᠠᠯᠤᠬᠤ ᠳᠤ ᠱᠠᠩᠨᠠᠵᠠᠢ᠃ ᠠᠷᠢᠭᠪᠤᠬ᠎ᠠ ᠶᠡᠭᠡ ᠬᠢᠯᠢᠩᠨᠡᠵᠦ᠂ ᠦᠪᠡᠷ ᠤᠨ ᠪᠡᠶ᠎ᠡ ᠢᠶᠠᠷ ᠢᠶᠠᠨ ᠶᠡᠭᠡ ᠴᠡᠷᠢᠭ ᠳᠠᠶᠢᠴᠢᠯᠠᠨ ᠠᠯᠤᠬᠤ ᠶᠢ ᠳᠠᠶᠢᠯᠠᠪᠠ᠃ ᠲᠡᠭᠡᠭᠡᠳ ᠠᠯᠮᠠᠯᠢᠺ ᠵᠡᠷᠭᠡ ᠭᠠᠵᠠᠷ ᠢ ᠶᠡᠭᠡ ᠪᠠᠷ ᠪᠤᠯᠢᠶᠠᠨ ᠳᠡᠭᠡᠷᠡᠮᠳᠡᠪᠡ᠃ ᠠᠯᠤᠬᠤ ᠠᠷᠭ᠎ᠠ ᠪᠤᠰᠤ ᠬᠤᠲ᠋ᠠᠨ ᠳᠤ ᠳᠤᠲᠠᠭᠠᠵᠠᠢ᠃ ᠲᠡᠭᠦᠨ ᠠᠴᠠ ᠬᠤᠶᠢᠰᠢ ᠬᠤᠶᠠᠷ ᠲᠠᠯ᠎ᠠ ᠪᠠᠷ ᠢᠶᠠᠨ ᠡᠪᠰᠡᠵᠦ ᠠᠯᠤᠬᠤ᠂ ᠣᠷᠬᠢᠨ᠎ᠠ ᠶᠢ ᠬᠠᠲᠤᠨ ᠢᠶᠠᠨ ᠪᠣᠯᠭᠠᠭᠰᠠᠨ ᠪᠦᠭᠡᠳ ᠨᠣᠶᠠᠷᠬᠠᠯ ᠤᠨ ᠬᠦᠴᠦᠨ ᠢᠶᠠᠨ ᠴᠢᠩᠭᠠᠳᠬᠠᠵᠠᠢ᠃      1265 ᠣᠨ ᠳᠤ ᠠᠯᠤᠬᠤ ᠪᠡᠶ᠎ᠡ ᠪᠠᠷᠠᠵᠤ᠂ ᠣᠷᠬᠢᠨ᠎ᠠ ᠶᠡᠭᠡ ᠬᠠᠭᠠᠨ ᠬᠤᠪᠢᠯᠠᠢ ᠰᠡᠴᠡᠨ ᠤ ᠵᠦᠪᠰᠢᠶᠡᠷᠡᠯ ᠦᠬᠡᠢ ᠪᠠᠷ ᠦᠪᠡᠷ ᠤᠨ ᠬᠦᠪᠡᠭᠦᠨ ᠮᠣᠪᠷᠠᠭ ᠱᠠᠭ ᠢ ᠴᠠᠭᠠᠳᠠᠢ ᠬᠠᠭᠠᠨᠲᠤ ᠤᠯᠤᠰ ᠤᠨ ᠡᠵᠡᠨ ᠪᠣᠯᠭᠠᠪᠠ᠃ ᠬᠤᠪᠢᠯᠠᠢ ᠬᠠᠭᠠᠨ᠂ ᠴᠠᠭᠠᠳᠠᠢ ᠶᠢᠨ ᠵᠢᠴᠢ ᠬᠦᠦ ᠪᠠᠷᠠᠭ ᠲᠤ ᠵᠣᠣ ᠪᠢᠴᠢᠭ ᠪᠠᠷᠢᠭᠤᠯᠵᠤ᠂ ᠴᠠᠭᠠᠳᠠᠢ ᠬᠠᠭᠠᠨᠲᠤ ᠤᠯᠤᠰ ᠤᠨ ᠡᠵᠡᠨ ᠪᠣᠯᠭᠠᠬᠤ ᠪᠠᠷ ᠶᠠᠪᠤᠭᠤᠯᠪᠠ᠃ ᠪᠠᠷᠠᠭ ᠤᠯᠤᠰ ᠲᠠᠭᠠᠨ ᠪᠤᠴᠠᠭᠠᠳ ᠬᠤᠪᠢᠯᠠᠢ ᠶᠢᠨ ᠵᠣᠣ ᠪᠢᠴᠢᠭ ᠢ ᠭᠠᠷᠭᠠᠭᠰᠠᠨ ᠦᠬᠡᠢ᠂ ᠬᠠᠷᠢᠨ ᠬᠠᠭᠤᠷᠮᠠᠭ ᠢᠶᠠᠷ ᠮᠣᠪᠷᠠᠭ ᠱᠠᠭ ᠢ ᠬᠦᠷᠢᠶᠡᠯᠡᠵᠦ᠂ ᠴᠠᠭᠠᠳᠠᠢ ᠬᠠᠭᠠᠨᠲᠤ ᠤᠯᠤᠰ ᠤᠨ ᠡᠵᠡᠨ ᠪᠣᠯᠵᠠᠢ᠃ ᠤᠳᠠᠯ ᠦᠬᠡᠢ ᠪᠠᠷᠠᠭ᠂ ᠬᠤᠪᠢᠯᠠᠢ ᠬᠠᠭᠠᠨ ᠠᠴᠠ ᠤᠷᠪᠠᠵᠤ᠂ ᠤᠤᠯ ᠤᠨ ᠬᠤᠪᠢᠯᠠᠢ ᠬᠠᠭᠠᠨ ᠤ ᠬᠠᠷᠢᠶᠠᠲᠤ ᠣᠷᠣᠨ ᠪᠠᠶᠢᠭᠰᠠᠨ ᠬᠤᠲ᠋ᠠᠨ ᠭᠠᠵᠠᠷ ᠢ ᠪᠤᠯᠢᠶᠠᠨ ᠠᠪᠬᠤ ᠶᠢᠨ ᠬᠠᠮᠲᠤ᠂ ᠪᠠᠰᠠ ᠳᠤᠨᠳᠠᠳᠤ ᠠᠽᠢᠶ᠎ᠠ ᠣᠷᠣᠨ ᠤ ᠬᠤᠲᠠ ᠪᠠᠯᠭᠠᠰᠤ ᠶᠢ ᠬᠠᠶᠢᠳᠤ ᠲᠠᠢ ᠪᠤᠯᠢᠶᠠᠯᠴᠠᠨ ᠳᠠᠶᠢᠨ ᠡᠭᠦᠰᠭᠡᠭᠰᠡᠨ ᠪᠠᠶᠢᠨ᠎ᠠ᠂ ᠭᠡᠪᠡᠴᠦ ᠡᠴᠦᠰ ᠲᠡᠭᠡᠨ ᠳᠡᠶᠢᠯᠦᠭᠳᠡᠪᠡ᠃      1269 ᠣᠨ ᠳᠤ ᠪᠠᠷᠠᠭ ᠪᠣᠯᠣᠨ ᠬᠠᠶᠢᠳᠤ ᠡᠪᠰᠡᠵᠦ ᠶᠡᠭᠡ ᠬᠤᠷᠠᠯᠳᠠᠢ ᠬᠢᠵᠦ᠂ ᠳᠤᠮᠳᠠᠳᠤ ᠠᠽᠢᠶ᠎ᠠ ᠶᠢᠨ ᠣᠷᠣᠨ ᠨᠤᠲᠤᠭ ᠢ ᠬᠤᠪᠢᠶᠠᠯᠴᠠᠪᠠ᠃ ᠲᠡᠭᠦᠨ ᠠᠴᠠ ᠬᠤᠶᠢᠰᠢ ᠪᠠᠷᠠᠭ ᠪᠠᠰᠠ ᠬᠤᠪᠢᠶᠠᠨ ᠠᠪᠤᠭᠰᠠᠨ ᠬᠠᠷᠢᠶᠠᠲᠤ ᠨᠤᠲᠤᠭ ᠪᠠᠭ᠎ᠠ ᠭᠡᠵᠦ ᠠᠮᠦ᠋ ᠮᠦᠷᠡᠨ ᠢ ᠭᠡᠳᠦᠯᠵᠦ᠂ ᠬᠤᠷᠧᠰᠮ ᠵᠦᠭ ᠴᠡᠷᠢᠭ ᠣᠷᠣᠵᠠᠢ᠃ ᠭᠡᠪᠡᠴᠦ ᠢᠯ ᠬᠠᠭᠠᠨᠲᠤ ᠤᠯᠤᠰ ᠤᠨ ᠡᠵᠡᠨ ᠠᠪᠠᠬ᠎ᠠ ᠳᠤ ᠳᠡᠶᠢᠯᠦᠭᠳᠡᠭᠡᠳ ᠪᠤᠷᠤᠭᠤᠯᠠᠪᠠ᠃      1271 ᠣᠨ ᠳᠤ ᠪᠠᠷᠠᠭ ᠦᠬᠦᠵᠦ᠂ ᠬᠤᠲ᠋ᠠᠨ ᠵᠡᠷᠭᠡ ᠭᠠᠵᠠᠷ ᠡᠷᠭᠢᠭᠡᠳ ᠶᠤᠸᠠᠨ ᠤᠯᠤᠰ ᠤᠨ ᠵᠠᠬᠢᠷᠭᠠᠨ ᠳᠤ ᠣᠷᠣᠯ᠎ᠠ᠃ ᠪᠠᠷᠠᠭ ᠤᠨ ᠬᠦᠪᠡᠭᠦᠨ ᠳᠤᠸᠠ᠂ ᠬᠠᠶᠢᠳᠤ ᠶᠢᠨ ᠳᠡᠮᠵᠢᠯᠭᠡ ᠳᠣᠣᠷ᠎ᠠ ᠴᠠᠭᠠᠳᠠᠢ ᠬᠠᠭᠠᠨᠲᠤ ᠤᠯᠤᠰ ᠤᠨ ᠡᠵᠡᠨ ᠪᠣᠯᠵᠠᠢ᠃ ᠡᠭᠦᠨ ᠠᠴᠠ ᠡᠬᠢᠯᠡᠵᠦ ᠴᠠᠭᠠᠳᠠᠢ ᠬᠠᠭᠠᠨᠲᠤ ᠤᠯᠤᠰ ᠬᠠᠶᠢᠳᠤ ᠶᠢᠨ ᠡᠷᠬᠡᠰᠢᠶᠡᠯ ᠳᠤ ᠣᠷᠣᠪᠠ᠃ ᠳᠤᠸᠠ᠂ ᠬᠠᠶᠢᠳᠤ ᠶᠢ ᠳᠠᠭᠠᠵᠤ ᠬᠤᠪᠢᠯᠠᠢ ᠬᠠᠭᠠᠨ ᠲᠠᠢ ᠳᠠᠶᠢᠰᠤᠩᠨᠠᠵᠤ᠂ ᠦᠷᠭᠦᠯᠵᠢ ᠶᠤᠸᠠᠨ ᠤᠯᠤᠰ ᠤᠨ ᠬᠢᠯᠢ ᠬᠢᠵᠠᠭᠠᠷ ᠢ ᠲᠦᠢᠪᠡᠭᠡᠵᠦ᠂ ᠤᠶᠢᠭᠤᠷ ᠣᠷᠣᠨ ᠢ ᠪᠤᠯᠢᠶᠠᠵᠤ᠂ 1298 ᠣᠨ ᠳᠤ ᠠᠯᠳᠠᠢ ᠠᠭᠤᠯᠠ ᠳᠠᠭᠠᠤ ᠰᠠᠭᠤᠵᠤ ᠪᠠᠶᠢᠭᠰᠠᠨ ᠶᠤᠸᠠᠨ ᠤᠯᠤᠰ ᠤᠨ ᠴᠡᠷᠢᠭ ᠢ ᠬᠡᠨᠡᠳᠡᠭᠦᠯᠦᠨ ᠳᠠᠭᠠᠷᠢᠵᠤ᠂ ᠶᠤᠸᠠᠨ ᠤᠯᠤᠰ ᠤᠨ ᠵᠠᠩᠵᠤᠨ - ᠣᠩᠭᠤᠳ ᠠᠶᠢᠮᠠᠭ ᠤᠨ ᠲᠦᠷᠦᠭᠦᠦ ᠺᠦᠷᠺᠢᠰ ᠢ ᠪᠠᠷᠢᠪᠴᠢᠯᠠᠨ ᠠᠯᠠᠵᠤ᠂ 1301 ᠣᠨ ᠳᠤ ᠪᠠᠰᠠ ᠬᠠᠶᠢᠳᠤ ᠶᠢ ᠳᠠᠭᠠᠵᠤ ᠠᠯᠳᠠᠢ ᠠᠭᠤᠯᠠ ᠶᠢᠨ ᠣᠷᠴᠢᠮ ᠶᠤᠸᠠᠨ ᠤᠯᠤᠰ ᠤᠨ ᠶᠡᠭᠡ ᠴᠡᠷᠢᠭ ᠲᠠᠢ ᠰᠢᠷᠦᠭᠦᠨ ᠢᠶᠠᠷ ᠲᠤᠯᠤᠯᠳᠤᠵᠤ ᠪᠠᠶᠢᠬᠤ ᠳᠠᠭᠠᠨ ᠰᠣᠮᠣᠨ ᠳᠤ ᠰᠢᠷᠬᠠᠳᠤᠵᠤ᠂ ᠬᠠᠶᠢᠳᠤ ᠴᠦ ᠰᠢᠷᠬᠠᠳᠤᠭᠰᠠᠨ ᠪᠦᠭᠡᠳ ᠤᠳᠠᠯ ᠦᠬᠡᠢ ᠨᠠᠰᠤ ᠪᠠᠷᠠᠵᠠᠢ᠃ ᠢᠩᠭᠢᠭᠡᠳ ᠳᠤᠸᠠ ᠶᠢᠨ ᠡᠷᠬᠡ ᠰᠦᠷ ᠨᠢ ᠳᠣᠣᠷ᠎ᠠ ᠪᠠᠨ ᠪᠠᠭᠤᠷᠠᠪᠠ᠃ ᠬᠤᠵᠢᠮ ᠢ ᠳᠤᠸᠠ ᠠᠷᠭ᠎ᠠ ᠪᠤᠰᠤ ᠬᠠᠶᠢᠳᠤ ᠶᠢᠨ ᠬᠦᠪᠡᠭᠦᠨ ᠴᠡᠪᠡᠷ ᠲᠠᠢ ᠬᠠᠮᠲᠤ ᠪᠠᠷ ᠶᠤᠸᠠᠨ ᠤᠯᠤᠰ ᠤᠨ ᠲᠡᠮᠦᠷ ᠬᠠᠭᠠᠨ ᠠᠴᠠ ᠭᠤᠶᠤᠴᠢᠯᠠᠯ ᠡᠷᠢᠵᠦ ᠪᠠᠭᠤᠨ ᠦᠭᠴᠡᠢ᠃ ᠣᠳᠠᠯ ᠦᠬᠡᠢ ᠳᠤᠸᠠ᠂ ᠶᠤᠸᠠᠨ ᠤᠯᠤᠰ ᠤᠨ ᠶᠡᠭᠡ ᠴᠡᠷᠢᠭ ᠲᠠᠢ ᠨᠡᠶᠢᠯᠡᠵᠦ ᠴᠡᠪᠡᠷ ᠢ ᠳᠠᠭᠠᠷᠢᠨ ᠳᠡᠶᠢᠯᠵᠦ᠂ ᠤᠤᠯ ᠤᠨ ᠦᠭᠡᠳᠡᠢ ᠬᠠᠭᠠᠨᠲᠤ ᠤᠯᠤᠰ ᠢ ᠡᠵᠡᠯᠡᠪᠡ᠃      1306 ᠣᠨ ᠳᠤ ᠳᠤᠸᠠ ᠨᠠᠰᠤ ᠪᠠᠷᠠᠵᠤ᠂ ᠲᠡᠭᠦᠨ ᠤ ᠬᠦᠪᠡᠭᠦᠨ ᠺᠦᠨᠽᠧᠩ ᠰᠠᠭᠤᠷᠢᠨ ᠢ ᠵᠠᠯᠭᠠᠮᠵᠢᠯᠠᠵᠠᠢ᠃ ᠺᠦᠨᠽᠧᠩ ᠰᠠᠭᠤᠷᠢᠨ ᠢ ᠵᠠᠯᠭᠠᠮᠵᠢᠯᠠᠭᠠᠳ ᠶᠤᠸᠠᠨ ᠤᠯᠤᠰ ᠲᠠᠢ ᠨᠠᠶᠢᠷᠰᠠᠭ ᠲᠦᠷᠦ ᠶᠢᠨ ᠪᠣᠳᠣᠯᠭ᠎ᠠ ᠪᠠᠷ ᠬᠠᠷᠢᠯᠴᠠᠪᠠ᠃      1308 ᠣᠨ ᠳᠤ ᠶᠣᠸᠠᠨ ᠤᠯᠤᠰ ᠠᠴᠠ ᠰᠠᠮᠠᠷᠺᠠᠨᠳ᠋ ᠲᠤ ᠡᠯᠴᠢ ᠲᠣᠮᠢᠯᠠᠨ ᠣᠴᠢᠭᠤᠯᠤᠭᠰᠠᠨ ᠳᠤ ᠲᠡᠷᠡ ᠭᠠᠵᠠᠷ ᠤᠨ ᠲᠦᠮᠡᠨ ᠤ ᠨᠣᠶᠠᠨ᠂ ᠴᠢᠩᠭᠢᠰ ᠬᠠᠭᠠᠨ ᠤ ᠴᠠᠭ ᠦᠶ᠎ᠡ ᠳᠤ ᠪᠦᠷᠢᠳᠭᠡᠭᠰᠡᠨ ᠬᠦᠮᠦᠨ ᠠᠮᠠ ᠶᠢᠨ ᠲᠤᠭ᠎ᠠ ᠶᠢ ᠪᠦᠷᠢᠳᠭᠡᠵᠦ ᠲᠡᠮᠳᠡᠭᠯᠡᠭᠰᠡᠨ ᠬᠥᠬᠡ ᠳᠡᠪᠲᠡᠷ ᠢ ᠡᠯᠴᠢ ᠳᠤ ᠲᠤᠰᠢᠶᠠᠪᠠ᠃ ᠺᠦᠨᠽᠧᠩ ᠨᠠᠰᠤ ᠪᠠᠷᠠᠭᠠᠳ ᠡᠵᠡᠨ ᠰᠠᠭᠤᠷᠢ ᠶᠢ ᠣᠶᠢᠷ᠎ᠠ ᠲᠦᠷᠦᠯ ᠤᠨ ᠳ᠋ᠠᠷᠢᠬᠤ ᠭᠡᠳᠡᠭ ᠬᠦᠮᠦᠨ ᠡᠵᠡᠯᠡᠵᠡᠢ᠃ ᠲᠡᠭᠡᠭᠡᠳ ᠳᠤᠸᠠ ᠶᠢᠨ ᠣᠯᠠᠨ ᠬᠡᠦᠬᠡᠳ ᠬᠠᠮᠲᠤᠪᠠᠷ ᠴᠡᠷᠢᠭ ᠳᠠᠶᠢᠴᠢᠯᠠᠨ ᠳ᠋ᠠᠷᠢᠬᠤ ᠲᠠᠢ ᠪᠠᠶᠢᠯᠳᠤᠵᠤ᠂ ᠴᠠᠭᠠᠳᠠᠢ ᠬᠠᠭᠠᠨᠲᠤ ᠤᠯᠤᠰ ᠶᠡᠬᠡᠪᠡᠷ ᠰᠠᠮᠠᠭᠤᠷᠠᠪᠠ᠃ ᠴᠡᠪᠡᠷ ᠪᠠᠰᠠ ᠲᠣᠬᠢᠶᠠᠯ ᠢ ᠳᠠᠯᠢᠮᠳᠠᠭᠤᠯᠤᠨ᠂ ᠦᠭᠡᠳᠡᠢ ᠬᠠᠭᠠᠨᠲᠤ ᠤᠯᠤᠰ ᠢᠶᠠᠨ ᠰᠡᠷᠭᠦᠭᠡᠬᠦ ᠪᠠᠷ ᠣᠷᠣᠯᠳᠤᠵᠤ᠂ ᠳᠤᠸᠠ ᠶᠢᠨ ᠬᠦᠦ ᠺᠧᠪᠧᠩ ᠳ᠋ᠠᠷᠢᠬᠤ ᠶᠢ ᠠᠯᠠᠪᠠ᠃ ᠢᠩᠭᠢᠭᠡᠳ ᠶᠡᠭᠡ ᠬᠤᠷᠠᠯᠳᠠᠢ ᠬᠢᠵᠦ ᠠᠬ᠎ᠠ ᠶᠢᠨ ᠢᠶᠠᠨ ᠬᠦᠪᠡᠭᠦᠨ ᠡᠰᠡᠨ ᠪᠤᠬ᠎ᠠ ᠶᠢ ᠤᠯᠤᠰ ᠤᠨ ᠢᠶᠠᠨ ᠡᠵᠡᠨ ᠪᠣᠯᠭᠠᠪᠠ᠃ ᠡᠰᠡᠨ ᠪᠤᠬ᠎ᠠ ᠣᠷᠣᠨ ᠨᠤᠲᠤᠭ ᠢᠶᠠᠨ ᠦᠷᠭᠡᠳᠭᠡᠬᠦ ᠶᠢᠨ ᠲᠤᠰᠠᠳᠠ ᠶᠡᠭᠡ ᠴᠡᠷᠢᠭ ᠳᠠᠶᠢᠴᠢᠯᠠᠨ ᠶᠤᠸᠠᠨ ᠤᠯᠤᠰ ᠤᠨ ᠬᠢᠯᠢ ᠬᠢᠵᠠᠭᠠᠷ ᠢ ᠲᠦᠢᠪᠡᠭᠡᠵᠦ᠂ ᠶᠤᠸᠠᠨ ᠤ ᠴᠡᠷᠢᠭ ᠲᠤ ᠳᠡᠶᠢᠯᠦᠭᠳᠡᠪᠡ᠃ ᠡᠨᠡ ᠬᠦ ᠬᠤᠬᠢᠷᠠᠯ ᠢᠶᠠᠨ ᠨᠦᠬᠦᠪᠦᠷᠢᠯᠡᠬᠦ ᠶᠢᠨ ᠲᠦᠯᠦᠭᠡ ᠡᠰᠡᠨ ᠪᠤᠬ᠎ᠠ ᠢᠯ ᠬᠠᠭᠠᠨᠲᠤ ᠤᠯᠤᠰ ᠤᠨ ᠵᠦᠭ ᠳᠣᠪᠲᠣᠯᠪᠠ᠃ ᠶᠤᠸᠠᠨ ᠤᠯᠤᠰ ᠤᠨ ᠴᠡᠷᠢᠭ ᠡᠨᠡ ᠵᠠᠪᠰᠢᠶᠠᠨ ᠢ ᠳᠠᠯᠢᠮᠳᠠᠭᠤᠯᠤᠨ ᠳᠤᠮᠳᠠᠳᠤ ᠠᠽᠢᠶ᠎ᠠ ᠶᠢᠨ ᠲᠠᠯ᠎ᠠ ᠨᠤᠲᠤᠭ ᠲᠤ ᠰᠢᠪᠲᠤᠯᠤᠨ ᠣᠷᠣᠵᠠᠢ᠃ ᠡᠰᠡᠨ ᠪᠤᠬ᠎ᠠ ᠠᠷᠭ᠎ᠠ ᠪᠤᠰᠤ ᠬᠤᠷᠧᠰᠮ ᠠᠴᠠ ᠴᠡᠷᠢᠭ ᠢᠶᠠᠨ ᠠᠪᠴᠤ ᠡᠭᠡᠪᠡ᠃      1320 ᠣᠨ ᠳᠤ ᠡᠰᠡᠨ ᠪᠤᠬ᠎ᠠ ᠨᠠᠰᠤ ᠪᠠᠷᠠᠵᠣ᠂ ᠡᠾᠧᠪᠡᠢ ᠤᠯᠤᠰ ᠤᠨ ᠡᠵᠡᠨ ᠰᠠᠭᠤᠪᠠ᠃ 1323 ᠣᠨ ᠳᠤ ᠡᠾᠧᠪᠡᠢ ᠶᠤᠸᠠᠨ ᠤᠯᠤᠰ ᠲᠠᠢ ᠳᠠᠬᠢᠨ ᠡᠪᠰᠡᠯ᠎ᠡ᠃ ᠡᠭᠦᠨ ᠠᠴᠠ ᠬᠤᠶᠢᠰᠢ᠂ ᠬᠤᠶᠠᠷ ᠲᠠᠯ᠎ᠠ ᠪᠠᠷ ᠢᠶᠠᠨ ᠦᠷᠭᠦᠯᠵᠢ ᠡᠯᠴᠢ ᠲᠣᠮᠢᠯᠠᠵᠤ ᠨᠦᠬᠦᠷᠰᠡᠭ ᠬᠠᠷᠢᠴᠠᠵᠤ ᠪᠠᠶᠢᠵᠠᠢ᠃ ᠬᠤᠪᠢᠯᠠᠢ ᠶᠢᠨ ᠦᠶ᠎ᠡ ᠳᠤ᠂ ᠴᠠᠭᠠᠳᠠᠢ ᠬᠠᠭᠠᠨᠲᠤ ᠤᠯᠤᠰ ᠤᠨ ᠨᠣᠶᠠᠷᠬᠠᠯ ᠤᠨ ᠭᠤᠣᠯ ᠭᠠᠵᠠᠷ ᠨᠢ ᠪᠠᠷᠠᠭᠤᠨᠰᠢ ᠰᠢᠯᠵᠢᠭᠰᠡᠨ ᠪᠠᠶᠢᠯ᠎ᠠ᠃ ᠡᠾᠧᠪᠡᠢ ᠨᠢᠱᠠᠪᠤᠷ ᠣᠷᠴᠢᠮ ᠨᠢᠭᠡ ᠬᠤᠲᠠ ᠴᠣᠭᠴᠠᠯᠠᠵᠤ᠂ ᠬᠠᠷᠰᠢ ᠬᠡᠮᠡᠨ ᠨᠡᠷᠡᠶᠢᠳᠴᠦ ᠭᠤᠣᠯ ᠣᠷᠳᠣ ᠪᠠᠨ ᠪᠣᠯᠭᠠᠪᠠ᠃      1326 ᠣᠨ ᠳᠤ ᠡᠾᠧᠪᠡᠢ ᠦᠬᠦᠵᠦ᠂ ᠲᠡᠭᠦᠨ ᠤ ᠬᠦᠪᠡᠭᠦᠨ ᠡᠯᠵᠢᠭᠡᠳᠡᠢ ᠰᠠᠭᠤᠷᠢᠨ ᠢ ᠵᠠᠯᠭᠠᠮᠵᠢᠯᠠᠵᠠᠢ᠃ ᠶᠤᠸᠠᠨ ᠤᠯᠤᠰ ᠤᠨ ᠲᠦᠷᠦ ᠠᠴᠠ ᠮᠤᠬᠤᠯᠠᠢ ᠶᠢᠨ ᠲᠠᠪᠤᠳᠤᠭᠠᠷ ᠦᠶ᠎ᠡ ᠶᠢᠨ ᠣᠮᠪᠣᠯ ᠨᠠᠶᠢᠮᠠᠨᠳᠠᠢ ᠶᠢ ᠲᠣᠮᠢᠯᠠᠨ ︽ᠦᠭᠡᠳᠡᠢ ᠬᠠᠭᠠᠨ ᠤ ᠴᠠᠭ ᠦᠶ᠎ᠡ ᠳᠤ ᠴᠠᠭᠠᠳᠠᠢ ᠳᠤ ᠰᠡᠶᠢᠯᠵᠦ ᠦᠭᠭᠦᠭᠰᠡᠨ ᠬᠠᠰ ᠲᠠᠮᠠᠭ᠎ᠠ ᠶᠢ ᠬᠦᠷᠭᠡᠪᠡ︾᠃      1330 ᠣᠨ ᠳᠤ᠂ ᠡᠾᠧᠪᠡᠢ ᠶᠢᠨ ᠳᠡᠭᠦᠦ ᠲᠦᠷᠡᠢ ᠲᠡᠮᠦᠷ ᠬᠠᠭᠠᠨᠲᠤ ᠤᠯᠤᠰ ᠤᠨ ᠡᠵᠡᠨ ᠪᠣᠯᠵᠠᠢ᠃ ᠮᠦᠨ ᠣᠨ ᠳᠤ᠂ ᠶᠤᠸᠠᠨ ᠤᠯᠤᠰ ᠤᠨ ᠲᠦᠷᠦ ᠠᠴᠠ ︽ᠵᠢᠩ ᠱᠢ ᠳ᠋ᠠ ᠳ᠋ᠢᠶᠠᠨ︾ ᠬᠡᠮᠡᠬᠦ ᠳᠦᠷᠢᠮ ᠤᠨ ᠨᠣᠮ ᠢ ᠨᠡᠶᠢᠳᠡᠯᠡᠵᠦ᠂ ᠲᠤᠰ ᠨᠣᠮ ᠤᠨ ᠳᠠᠭᠠᠯᠳᠤᠭᠤᠯᠤᠯ ᠵᠢᠷᠤᠭ ᠲᠤ ᠴᠠᠭᠠᠳᠠᠢ ᠬᠠᠭᠠᠨᠲᠤ ᠤᠯᠤᠰ ᠢ ᠲᠦᠷᠡᠢ ᠲᠡᠮᠦᠷ ᠤᠨ ᠡᠷᠬᠡᠰᠢᠶᠡᠯ ᠳᠣᠣᠷ᠎ᠠ ᠪᠠᠶᠢᠨ᠎ᠠ ᠭᠡᠵᠦ ᠬᠡᠯᠡᠵᠡᠢ᠃ ᠮᠦᠨ ᠣᠨ ᠳᠤ᠂ ᠶᠤᠸᠠᠨ ᠤᠯᠤᠰ ᠤᠨ ᠲᠦᠷᠦ ᠠᠴᠠ ︽ᠵᠢᠩ ᠱᠢ ᠳ᠋ᠠ ᠳ᠋ᠢᠶᠠᠨ︾ ᠬᠡᠮᠡᠬᠦ ᠳᠦᠷᠢᠮ ᠤᠨ ᠨᠣᠮ ᠢ ᠨᠡᠶᠢᠳᠡᠯᠡᠵᠦ᠂ ᠲᠤᠰ ᠤᠨ ᠳᠠᠭᠠᠯᠳᠤᠭᠤᠯᠤᠯ ᠵᠢᠷᠤᠭ ᠲᠤ ᠴᠠᠭᠠᠳᠠᠢ ᠬᠠᠭᠠᠨᠲᠤ ᠤᠯᠤᠰ ᠢ ᠲᠦᠷᠡᠢ ᠲᠡᠮᠦᠷ ᠤᠨ ᠡᠷᠬᠡᠰᠢᠶᠡᠯ ᠳᠣᠣᠷ᠎ᠠ ᠪᠠᠶᠢᠨ᠎ᠠ ᠭᠡᠵᠦ ᠬᠡᠯᠡᠵᠡᠢ᠃      ᠴᠠᠭᠠᠳᠠᠢ ᠬᠠᠭᠠᠨᠲᠤ ᠤᠯᠤᠰ ᠪᠠ ᠬᠢᠪᠴᠠᠭ ᠬᠠᠭᠠᠨᠲᠤ ᠤᠯᠤᠰ᠂ ᠢᠯ ᠬᠠᠭᠠᠨᠲᠤ ᠤᠯᠤᠰ ᠲᠤᠬᠠᠢ ᠶᠢᠨ ᠦᠶ᠎ᠡ ᠳᠤ ᠴᠦᠮ ᠵᠡᠷᠭᠡᠴᠡᠨ ᠣᠷᠣᠰᠢᠵᠤ ᠪᠠᠶᠢᠪᠠ᠃      1331ᠣᠨ ᠳᠤ᠂ ᠡᠾᠧᠪᠡᠢ ᠶᠢᠨ ᠳᠡᠭᠦᠦ ᠲᠡᠷᠮᠡᠰᠢᠯᠢ ᠬᠠᠭᠠᠨᠲᠤ ᠤᠯᠤᠰ ᠤᠨ ᠡᠵᠡᠨ ᠪᠤᠯᠵᠤ᠂ ᠦᠩᠭᠡᠷᠡᠭᠰᠡᠨ ᠳᠤ ᠴᠠᠭᠠᠳᠠᠢ ᠬᠠᠭᠠᠨᠲᠤ ᠤᠯᠤᠰ ᠤᠨ ᠡᠵᠡᠨ ᠵᠢᠯ ᠪᠦᠷᠢ ᠵᠡᠭᠦᠨᠰᠢ ᠣᠴᠢᠵᠤ᠂ ᠬᠡᠷᠡᠭ ᠶᠠᠪᠤᠳᠠᠯ ᠢᠶᠠᠨ ᠵᠦᠪᠯᠡᠬᠦ ᠬᠠᠭᠤᠴᠢᠨ ᠲᠣᠭᠲᠠᠭᠠᠯ ᠢ ᠬᠠᠶᠠᠵᠤ᠂ ᠦᠷᠭᠦᠯᠵᠢ ᠪᠠᠷᠠᠭᠤᠨ ᠣᠷᠣᠨ ᠳᠠᠭᠠᠨ ᠰᠠᠭᠤᠬᠤ ᠪᠣᠯᠵᠠᠢ᠃ ᠲᠡᠷᠡ ᠡᠷᠬᠡ ᠠᠳᠬᠤᠵᠤ ᠪᠠᠶᠢᠬᠤ ᠳᠠᠭᠠᠨ ᠪᠤᠷᠬᠠᠨ ᠤ ᠱᠠᠰᠢᠨ ᠢ ᠲᠠᠶᠠᠭᠳᠠᠨ᠂ ᠢᠰᠯᠠᠮ ᠤᠨ ᠱᠠᠰᠢᠨ ᠢ ᠰᠢᠲᠦᠪᠡ᠃ 1334 ᠣᠨ ᠳᠤ᠂ ᠲᠦᠷᠡᠢ ᠲᠡᠮᠦᠷ ᠤᠨ ᠬᠦᠪᠡᠭᠦᠨ ᠪᠤᠽᠠᠨ ᠴᠡᠷᠢᠭ ᠳᠠᠶᠢᠴᠢᠯᠠᠨ ᠡᠵᠡᠨ ᠤ ᠡᠷᠬᠡ ᠶᠢ ᠪᠤᠯᠢᠶᠠᠯᠳᠤᠵᠠᠢ᠃ ᠲᠡᠷᠮᠡᠰᠢᠯᠢ ᠳᠡᠶᠢᠯᠦᠭᠳᠡᠨ ᠠᠯᠠᠭᠳᠠᠵᠠᠢ᠃ ᠪᠤᠽᠠᠨ ᠡᠷᠬᠡ ᠠᠳᠬᠤᠭᠠᠳ ᠲᠡᠷᠮᠡᠰᠢᠯᠢ ᠶᠢᠨ ᠢᠰᠯᠠᠮ ᠤᠨ ᠱᠠᠰᠢᠨ ᠢ ᠰᠢᠲᠦᠬᠦ ᠭᠡᠰᠡᠨ ᠢ ᠬᠦᠴᠦᠨ ᠦᠬᠡᠢ ᠪᠣᠯᠭᠠᠵᠤ᠂ ᠡᠾᠷᠢᠰᠲ᠋ᠤᠰ ᠤᠨ ᠱᠠᠰᠢᠨ᠂ ᠶᠦᠳᠠ ᠶᠢᠨ ᠱᠠᠰᠢᠨ ᠢ ᠬᠦᠨᠳᠦᠳᠭᠡᠪᠡ᠃ ᠪᠤᠽᠠᠨ ᠬᠡᠳᠦᠬᠡᠨ ᠰᠠᠷ᠎ᠠ ᠡᠷᠬᠡ ᠠᠳᠬᠤᠭᠠᠳ ᠳᠤᠸᠠ ᠶᠢᠨ ᠣᠮᠪᠣᠯ ᠴᠠᠩᠰᠢ ᠳᠤ ᠡᠷᠬᠡ ᠪᠠᠨ ᠪᠤᠯᠢᠶᠠᠯᠳᠤᠵᠠᠢ᠃ ᠴᠠᠩᠰᠢ ᠠᠯᠮᠠᠯᠢᠺ ᠲᠤ ᠦᠷᠬᠦᠯᠵᠢᠯᠡᠨ ᠰᠠᠭᠤᠵᠠᠢ᠃ ᠡᠭᠦᠨ ᠠᠴᠠ ᠡᠬᠢᠯᠡᠭᠡᠳ ᠠᠯᠮᠠᠯᠢᠺ ᠴᠠᠭᠠᠳᠠᠢ ᠬᠠᠭᠠᠨᠲᠤ ᠤᠯᠤᠰ ᠤᠨ ᠬᠠᠮᠤᠭ ᠤᠨ ᠶᠡᠭᠡ ᠬᠤᠲᠠ ᠪᠣᠯᠵᠠᠢ᠃ ᠷᠤᠮ ᠤᠨ ᠱᠠᠰᠢᠨ ᠤ ᠬᠠᠭᠠᠨ ᠠᠴᠠ ᠣᠯᠠᠨ ᠤᠳᠠᠭ᠎ᠠ ᠲᠣᠮᠢᠯᠠᠭᠰᠠᠨ ᠱᠠᠰᠢᠨ ᠰᠢᠲᠦᠯᠭᠡᠲᠡᠨ ᠪᠦᠷ ᠠᠯᠮᠠᠯᠢᠺ ᠲᠤ ᠢᠷᠡᠵᠦ ᠱᠠᠰᠢᠨ ᠢᠶᠠᠨ ᠰᠤᠷᠲᠠᠯᠴᠢᠯᠠᠬᠤ ᠪᠣᠯᠪᠠ᠃ ᠤᠳᠠᠯ ᠦᠭᠡᠢ ᠴᠠᠩᠰᠢ ᠠᠯᠠᠭᠳᠠᠵᠤ᠂ ᠲᠡᠭᠦᠨ ᠤ ᠳᠡᠭᠦᠦ ᠶᠠᠰᠦᠨᠲᠡᠮᠦᠷ ᠬᠠᠭᠠᠨᠲᠤ ᠤᠯᠤᠰ ᠤᠨ ᠡᠵᠡᠨ ᠪᠤᠯᠵᠠᠢ᠃ ᠰᠠᠶ᠋ᠢᠬᠠᠨ ᠤ ᠲᠦᠷᠹᠡᠨ ᠠᠴᠠ ᠮᠠᠯᠳᠠᠵᠤ ᠭᠠᠷᠭᠠᠭᠰᠠᠨ ᠤᠶᠢᠭᠤᠷ ᠬᠡᠯᠡ ᠪᠠᠷ ᠪᠢᠴᠢᠭᠳᠡᠭᠰᠡᠨ ᠨᠣᠮ ᠰᠤᠳᠤᠷ ᠲᠤ ᠡᠰᠡᠨ ᠪᠤᠬ᠎ᠠ ᠠᠴᠠ ᠶᠠᠰᠦᠨᠲᠡᠮᠦᠷ ᠬᠦᠷᠲᠡᠯᠡᠬᠢ ᠴᠠᠭᠠᠳᠠᠢ ᠬᠠᠭᠠᠨᠲᠤ ᠤᠯᠤᠰ ᠨᠢᠭᠡᠳᠦᠯᠲᠡᠢ ᠪᠠᠶᠢᠭᠰᠠᠨ ᠢ ᠨᠤᠲᠠᠯᠠᠪᠠ᠃ ᠬᠤᠵᠢᠮ ᠨᠢ ᠦᠭᠡᠳᠡᠢ ᠶᠢᠨ ᠬᠤᠶᠢᠴᠢ ᠦᠶ᠎ᠡ  ᠪᠣᠯᠬᠤ ᠪᠠᠷ ᠠᠯᠢ ᠰᠤᠯᠲᠠᠨ ᠶᠠᠰᠦᠨᠲᠡᠮᠦᠷ ᠤᠨ ᠡᠷᠬᠡ ᠶᠢ ᠪᠤᠯᠢᠶᠠᠵᠤ᠂ ᠢᠰᠯᠠᠮ ᠤᠨ ᠱᠠᠰᠢᠨ ᠢ ᠰᠢᠲᠦᠵᠦ᠂ ᠠᠯᠮᠠᠯᠢᠺ ᠲᠤ ᠢᠰᠯᠠᠮ ᠤᠨ ᠱᠠᠰᠢᠨ ᠢ ᠶᠡᠬᠡᠪᠡᠷ ᠬᠦᠭᠵᠢᠭᠦᠯᠵᠡᠢ᠃      1340 ᠣᠨ ᠳᠤ᠂ ᠠᠯᠮᠠᠯᠢᠺ ᠬᠤᠲᠠᠨ ᠳᠤ ᠡᠸᠦ᠋ᠷᠦᠫᠡ ᠠᠴᠠ ᠢᠷᠡᠭᠰᠡᠨ ᠨᠡᠯᠢᠶᠡᠳ ᠲᠣᠭᠠᠨ ᠤ ᠱᠠᠰᠢᠨᠲᠠᠨ ᠢ ᠠᠯᠠᠭᠰᠠᠨ ᠶᠠᠪᠤᠳᠠᠯ ᠭᠠᠷᠪᠠ᠃ ᠠᠯᠢ ᠰᠤᠯᠲᠠᠨ ᠠᠴᠠ ᠬᠤᠶᠢᠰᠢ ᠺᠦᠨᠽᠧᠩ ᠤᠨ ᠣᠮᠪᠤᠯ ᠮᠠᠬᠠᠮᠣ ᠴᠠᠭᠠᠳᠠᠢ ᠬᠠᠭᠠᠨᠲᠤ ᠤᠯᠤᠰ ᠤᠨ ᠡᠷᠬᠡ ᠶᠢ ᠠᠳᠬᠤᠪᠠ᠃ ᠤᠳᠠᠯ ᠦᠬᠡᠢ ᠴᠠᠭᠠᠳᠠᠢ ᠶᠢᠨ ᠬᠤᠶᠢᠴᠢ ᠦᠶ᠎ᠡ ᠶᠠᠰᠠᠬᠤᠷ ᠤᠨ ᠬᠦᠪᠡᠭᠦᠨ ᠺᠠᠽᠠᠨ᠂ ᠮᠠᠬᠠᠮᠣ ᠠᠴᠠ ᠡᠷᠬᠡ ᠪᠤᠯᠢᠶᠠᠵᠤ᠂ ᠴᠠᠭᠠᠳᠠᠢ ᠬᠠᠭᠠᠨᠲᠤ ᠤᠯᠤᠰ ᠤᠨ ᠡᠵᠡᠨ ᠪᠣᠯᠪᠠ᠃ 1346 ᠣᠨ ᠳᠤ᠂ ᠺᠠᠽᠠᠨ ᠰᠤᠯᠲᠠᠨ᠂ ᠶᠡᠭᠡ ᠲᠦᠰᠢᠮᠡᠯ ᠺᠠᠽᠠᠭᠠᠨ ᠲᠠᠢ ᠪᠠᠨ ᠲᠤᠯᠤᠯᠳᠤᠵᠤ ᠪᠠᠶᠢᠭᠠᠳ ᠦᠬᠦᠵᠡᠢ᠃ ᠡᠭᠦᠨ ᠠᠴᠠ ᠬᠤᠶᠢᠰᠢ ᠴᠠᠭᠠᠳᠠᠢ ᠬᠠᠭᠠᠨᠲᠤ ᠤᠯᠤᠰ ᠤᠨ ᠡᠵᠡᠨ᠂ ᠡᠷᠬᠡᠲᠦ ᠰᠠᠶᠢᠳ ᠤᠨ ᠡᠷᠬᠡ ᠪᠤᠯᠢᠶᠠᠯᠳᠤᠬᠤ ᠮᠠᠨᠤᠤᠯ ᠪᠣᠯᠵᠤ᠂ ᠡᠷᠬᠡᠲᠦ ᠰᠠᠶᠢᠳ ᠤᠳ ᠭᠠᠵᠠᠷ ᠭᠠᠵᠠᠷ ᠮᠠᠨᠤᠤᠯ ᠬᠠᠨ ᠪᠠᠶᠢᠭᠤᠯᠵᠤ᠂ ᠴᠠᠭᠠᠳᠠᠢ ᠬᠠᠭᠠᠨᠲᠤ ᠤᠯᠤᠰ ᠬᠠᠭᠠᠴᠠᠨ ᠰᠦᠢᠷᠡᠪᠡ᠃ ᠺᠠᠽᠠᠭᠠᠨ᠂ ᠪᠠᠷᠠᠭᠤᠨ ᠬᠡᠰᠡᠭ ᠢ ᠡᠵᠡᠯᠡᠵᠦ᠂ ᠦᠭᠡᠳᠡᠢ ᠶᠢᠨ ᠬᠤᠶᠢᠴᠢ ᠦᠶ᠎ᠡ ᠳ᠋ᠠᠰᠢᠮᠠᠨ ᠢ ᠬᠠᠨ ᠢᠶᠠᠷ ᠡᠷᠭᠦᠮᠵᠢᠯᠡᠭᠰᠡᠨ ᠪᠣᠯᠪᠠᠴᠤ ᠤᠳᠠᠭᠰᠠᠨ ᠦᠬᠡᠢ ᠲᠡᠭᠦᠨ ᠢ ᠠᠯᠠᠵᠤ᠂ ᠳᠤᠸᠠ ᠶᠢᠨ ᠣᠮᠪᠣᠯ ᠪᠠᠶᠠᠨ ᠬᠤᠷᠢ ᠶᠢ ᠬᠠᠨ ᠡᠷᠭᠦᠮᠵᠢᠯᠡᠵᠡᠢ᠃ ᠺᠠᠽᠠᠭᠠᠨ ᠨᠠᠰᠤ ᠪᠠᠷᠠᠭᠠᠳ ᠲᠡᠭᠦᠨ ᠤ ᠬᠦᠪᠡᠭᠦᠨ ᠤᠪᠠᠳᠤᠯᠠ᠂ ᠪᠠᠶᠠᠨ ᠬᠤᠷᠢ ᠬᠠᠨ ᠢ ᠠᠯᠠᠵᠤ᠂ ᠶᠡᠰᠦᠨᠲᠡᠮᠦᠷ ᠤᠨ ᠬᠦᠪᠡᠭᠦᠨ ᠲᠡᠮᠦᠷ ᠱᠠᠭ ᠢ ᠬᠠᠨ ᠪᠣᠯᠭᠠᠵᠠᠢ᠃ ᠣᠳᠣ ᠶᠢᠨ ᠰᠢᠨᠵᠢᠶᠠᠩ ᠤᠨ ᠡᠮᠦᠨ᠎ᠡ ᠣᠷᠣᠨ ᠢ ᠡᠵᠡᠯᠡᠵᠦ ᠪᠠᠶᠢᠭᠰᠠᠨ ᠢᠵᠠᠭᠤᠷᠲᠠᠨ ᠪᠤᠯᠠᠬᠢ᠂ ᠲᠣᠬᠤᠷᠣᠲ᠋ᠡᠮᠦᠷ ᠢ ᠡᠰᠡᠨ ᠪᠤᠬ᠎ᠠ ᠶᠢᠨ ᠬᠦᠪᠡᠭᠦᠨ ᠭᠡᠵᠦ 1348 ᠣᠨ ᠳᠤ ᠬᠠᠨ ᠡᠷᠭᠦᠮᠵᠢᠯᠡᠪᠡ᠃ ᠲᠣᠬᠤᠷᠣᠲ᠋ᠡᠮᠦᠷ ᠢᠰᠯᠠᠮ ᠤᠨ ᠱᠠᠰᠢᠨ ᠢ ᠰᠢᠲᠦᠵᠡᠢ᠃ ᠪᠠᠰᠠ ᠠᠯᠭᠤᠷ ᠢᠶᠠᠷ ᠴᠠᠭᠠᠳᠠᠢ ᠬᠠᠨ ᠤᠯᠤᠰ ᠤᠨ ᠵᠡᠭᠦᠨ ᠬᠡᠰᠡᠭ ᠢ ᠡᠵᠡᠮᠰᠢᠪᠡ᠃      1360 ᠣᠨ ᠠᠴᠠ ᠬᠤᠶᠢᠰᠢ ᠲᠡᠷᠡ ᠬᠤᠶᠠᠷᠲᠠ ᠶᠡᠭᠡ ᠴᠡᠷᠢᠭ ᠢᠶᠠᠨ ᠳᠠᠶᠢᠴᠢᠯᠠᠵᠤ᠂ ᠠᠮᠦ᠋ ᠮᠦᠷᠡᠨ ᠵᠦᠭ ᠳᠠᠭᠠᠷᠢᠨ ᠣᠷᠣᠵᠤ᠂ ᠡᠵᠡᠯᠡᠭᠰᠡᠨ ᠭᠠᠵᠠᠷ ᠲᠠᠭᠠᠨ ᠬᠦᠪᠡᠭᠦᠨ ᠢᠶᠠᠨ ᠦᠯᠡᠳᠡᠭᠡᠵᠦ ᠳᠠᠷᠬᠠᠯᠠᠨ ᠰᠠᠭᠤᠯᠭᠠᠵᠠᠢ᠃ ᠡᠶᠢᠮᠦ ᠠᠴᠠ ᠨᠢᠭᠡᠨᠲᠡ ᠬᠠᠭᠠᠴᠠᠭᠰᠠᠨ ᠴᠠᠭᠠᠳᠠᠢ ᠬᠠᠭᠠᠨᠲᠤ ᠤᠯᠤᠰ ᠲᠦᠷ ᠴᠠᠭ ᠨᠢᠭᠡᠳᠪᠡ᠃ 1362 ᠣᠨ ᠳᠤ ᠲᠣᠬᠤᠷᠣᠲ᠋ᠡᠮᠦᠷ ᠤᠨ ᠬᠦᠪᠡᠭᠦᠨ ᠢ ᠡᠵᠡᠯᠡᠵᠦ ᠪᠠᠶᠢᠭᠰᠠᠨ ᠣᠷᠣᠨ ᠠᠴᠠ ᠨᠢ ᠬᠦᠭᠡᠭᠡᠨ ᠶᠠᠪᠤᠭᠤᠯᠵᠤ᠂ ᠮᠠᠬᠠᠮᠣ ᠬᠠᠨ ᠤ ᠬᠦᠪᠡᠭᠦᠨ ᠠᠳᠢᠯ ᠰᠤᠯᠲᠠᠨ ᠢ ᠬᠠᠨ ᠪᠣᠯᠭᠠᠵᠠᠢ᠃ ᠡᠭᠦᠨ ᠠᠴᠠ ᠬᠤᠶᠢᠰᠢ ᠲᠡᠮᠦᠷ ᠤᠨ ᠰᠦᠷ ᠬᠦᠴᠦ ᠲᠦᠷᠭᠡᠨ ᠢᠶᠠᠷ ᠬᠦᠭᠵᠢᠵᠦ᠂ ᠲᠡᠷᠡ ᠪᠤᠰᠤᠳ ᠢ ᠢᠯᠠᠵᠤ᠂ ᠠᠳᠢᠯ ᠰᠤᠯᠲᠠᠨ ᠢ ᠠᠯᠠᠵᠤ᠂ ᠡᠯᠵᠢᠭᠡᠲᠡᠢ ᠶᠢᠨ ᠬᠦᠪᠡᠭᠦᠨ ᠬᠠᠪᠤᠯ ᠢ ᠬᠠᠨ ᠪᠣᠯᠭᠠᠵᠠᠢ᠃ ᠪᠠᠰᠠ ᠪᠤᠰᠤᠳ ᠡᠯ᠎ᠡ ᠭᠠᠵᠠᠷ ᠤᠨ ᠴᠡᠷᠢᠭ ᠤᠨ ᠡᠷᠬᠡᠲᠡᠨ ᠤ ᠣᠷᠣᠨ ᠨᠤᠲᠤᠭ ᠢ ᠲᠦᠪᠰᠢᠳᠭᠡᠵᠦ᠂ ᠦᠪᠡᠷ ᠤᠨ ᠪᠡᠶ᠎ᠡ ᠪᠠᠨ ᠰᠤᠯᠲᠠᠨ ᠭᠡᠵᠦ ᠨᠡᠷᠡᠯᠡᠵᠦ᠂ ᠲᠠᠰᠤᠷᠠᠯᠲᠠ ᠦᠬᠡᠢ ᠭᠠᠳᠠᠭᠰᠢ ᠨᠤᠲᠤᠭ ᠢᠶᠠᠨ ᠦᠷᠭᠡᠳᠭᠡᠪᠡ᠃ ᠢᠩᠭᠢᠭᠡᠳ ᠪᠠᠷᠠᠭᠤᠨ ᠴᠠᠭᠠᠳᠠᠢ ᠬᠠᠭᠠᠨᠲᠤ ᠤᠯᠤᠰ ᠨᠢ ᠲᠡᠮᠦᠷ ᠤᠨ ᠬᠠᠭᠠᠨᠲᠤ ᠤᠯᠤᠰ ᠪᠣᠯᠵᠠᠢ᠃ ᠲᠣᠬᠤᠷᠣᠲ᠋ᠡᠮᠦᠷ ᠤᠨ ᠬᠤᠶᠢᠴᠢ ᠦᠶ᠎ᠡ ᠵᠡᠭᠦᠨ ᠴᠠᠭᠠᠳᠠᠢ ᠬᠠᠭᠠᠨᠲᠤ ᠤᠯᠤᠰ ᠤᠨ ᠡᠷᠬᠡ ᠶᠢ ᠠᠳᠬᠤᠵᠤ᠂ ᠮᠢᠩ ᠤᠯᠤᠰ ᠤᠨ ᠡᠬᠢᠨ ᠤ ᠦᠶ᠎ᠡ ᠳᠤ ᠲᠣᠬᠤᠷᠣᠲ᠋ᠡᠮᠦᠷ ᠤᠨ ᠣᠮᠪᠣᠯ ᠪᠠᠱᠪᠠᠯᠢᠭ ᠲᠤ ᠰᠠᠭᠤᠵᠠᠢ᠃ 1418 ᠣᠨ ᠳᠤ᠂ ᠵᠡᠭᠦᠨ ᠴᠠᠭᠠᠳᠠᠢ ᠬᠠᠭᠠᠨᠲᠤ ᠤᠯᠤᠰ ᠤᠨ ᠡᠵᠡᠨ ᠭᠤᠣᠯ ᠣᠷᠳᠣ ᠪᠠᠨ ᠢᠯᠢᠪᠠᠯᠢᠭ ︵ᠣᠳᠣ ᠶᠢᠨ ᠰᠢᠨᠵᠢᠶᠠᠩ ᠤᠨ ᠢᠨᠢᠩ ᠳᠤ ᠪᠤᠢ︶ ᠲᠤ ᠨᠡᠭᠦᠯᠭᠡᠪᠡ᠃ ᠮᠢᠩ ᠤᠯᠤᠰ ᠤᠨ ᠨᠣᠮ ᠮᠠᠲ᠋ᠧᠷᠢᠶᠠᠯ ᠳᠤ ᠡᠨᠡ ᠬᠦ ᠬᠤᠲᠠ ᠶᠢᠨ ᠨᠡᠷ᠎ᠡ ᠪᠠᠷ ᠤᠯᠤᠰ ᠤᠨ ᠨᠡᠷ᠎ᠡ ᠪᠣᠯᠭᠠᠪᠠ᠃
ᠢᠷᠡᠯᠲᠡ᠄ ︽ᠮᠣᠩᠭᠤᠯ ᠬᠠᠭᠠᠨᠲᠤ ᠤᠯᠤᠰ ᠤᠨ ᠲᠣᠪᠴᠢ ᠲᠡᠦᠬᠡ︾ ᠨᠣᠮ