ᠳᠦᠷᠪᠡᠨ ᠶᠡᠭᠡ ᠬᠠᠭᠠᠨᠲᠤ ᠤᠯᠤᠰ ᠤᠨ ᠲᠣᠶᠢᠮᠣ — ᠦᠭᠡᠳᠡᠢ ᠬᠠᠭᠠᠨᠲᠤ ᠤᠯᠤᠰ
ᠨᠡᠶᠢᠲᠡᠯᠡᠭᠰᠡᠨ ᠴᠠᠭ᠄
2023/4/12
      ᠦᠭᠡᠳᠡᠢ ᠬᠠᠭᠠᠨᠲᠤ ᠤᠯᠤᠰ ᠪᠣᠯ ᠦᠭᠡᠳᠡᠢ ᠶᠢᠨ ᠣᠮᠪᠣᠯ ᠬᠠᠶᠢᠳᠤ ᠶᠢᠨ ᠪᠠᠶᠢᠭᠤᠯᠤᠭᠰᠠᠨ ᠬᠠᠭᠠᠨᠲᠤ ᠤᠯᠤᠰ ᠪᠣᠯᠣᠨ᠎ᠠ᠃ ᠴᠢᠩᠭᠢᠰ ᠬᠠᠭᠠᠨ ᠬᠡᠦᠬᠡᠳ ᠲᠡᠭᠡᠨ ᠨᠤᠲᠤᠭ ᠬᠤᠪᠢᠶᠠᠵᠤ ᠥᠭᠬᠦ ᠦᠶ᠎ᠡ ᠳᠤ ᠭᠤᠷᠪᠠᠳᠤᠭᠠᠷ ᠬᠦᠪᠡᠭᠦᠨ ᠦᠭᠡᠳᠡᠢ ᠳᠤ ᠡᠮᠢᠯ ︵ᠰᠢᠨᠵᠢᠶᠠᠩ ᠤᠨ ᠡᠮᠢᠯ ᠰᠢᠶᠠᠨ︶᠂ ᠬᠤᠪᠤᠭ ︵ᠣᠳᠣ ᠶᠢᠨ ᠰᠢᠨᠵᠢᠶᠠᠩ ᠤᠨ ᠬᠤᠪᠤᠭᠰᠠᠶᠢᠷ ᠮᠣᠩᠭᠤᠯ ᠦᠨᠳᠦᠰᠦᠲᠡᠨ ᠤ ᠦᠪᠡᠷᠲᠡᠭᠡᠨ ᠵᠠᠰᠠᠬᠤ ᠰᠢᠶᠠᠨ︶ ᠤᠨ ᠭᠠᠵᠠᠷ ᠣᠷᠣᠨ ᠢ ᠬᠤᠪᠢᠶᠠᠵᠤ ᠦᠭᠴᠡᠢ᠃ ᠦᠭᠡᠳᠡᠢ ᠰᠠᠭᠤᠷᠢᠨ ᠳᠤ ᠪᠠᠶᠢᠬᠤ ᠳᠤ ᠪᠠᠨ ᠡᠮᠢᠯ ᠣᠷᠣᠨ ᠢ ᠤᠤᠭᠠᠨ ᠬᠦᠪᠡᠭᠦᠨ ᠭᠦᠶᠦᠭ ᠤᠨ ᠬᠠᠷᠢᠶᠠᠲᠤ ᠣᠷᠣᠨ ᠪᠣᠯᠭᠠᠵᠤ᠂ ᠳᠡᠳ᠋ ᠬᠦᠪᠡᠭᠦᠨ ᠭᠦᠳᠡᠨ ᠳᠡᠭᠡᠨ ᠡᠾᠧᠰᠢ ᠳᠠᠭᠠᠤ ᠣᠷᠣᠨ ᠢ ᠬᠤᠪᠢᠶᠠᠨ ᠦᠭᠴᠦ ᠵᠠᠬᠢᠷᠤᠭᠤᠯᠪᠠ᠃      ᠭᠦᠶᠦᠭ ᠬᠠᠭᠠᠨ ᠨᠠᠰᠤ ᠪᠠᠷᠠᠭᠠᠳ᠂ ᠮᠦᠩᠬᠡ ᠬᠠᠭᠠᠨ ᠰᠠᠭᠤᠷᠢᠨ ᠳᠤ ᠰᠠᠭᠤᠭᠰᠠᠨ ᠨᠢ ᠮᠣᠩᠭᠤᠯ ᠤᠨ ᠶᠡᠭᠡ ᠬᠠᠭᠠᠨ ᠡᠷᠬᠡ᠂ ᠦᠭᠡᠳᠡᠢ ᠶᠢᠨ ᠤᠭᠰᠠᠭ᠎ᠠ ᠠᠴᠠ ᠲᠣᠯᠣᠢ ᠶᠢᠨ ᠤᠭᠰᠠᠭᠠᠨ ᠳᠤ ᠰᠢᠯᠵᠢᠭᠰᠡᠨ ᠬᠡᠷᠡᠭ ᠪᠣᠯᠵᠠᠢ᠃ ᠦᠭᠡᠳᠡᠢ ᠶᠢᠨ ᠤᠭᠰᠠᠭ᠎ᠠ ᠶᠢᠨ ᠬᠤᠶᠢᠴᠢᠰ ᠳᠣᠲᠣᠷ᠎ᠠ ᠭᠦᠳᠡᠨ᠂ ᠮᠦᠩᠬᠡ ᠬᠠᠭᠠᠨ  ᠲᠠᠢ ᠳᠣᠲᠣᠨᠣ ᠰᠠᠶᠢᠨ ᠶᠠᠪᠤᠯᠴᠠᠵᠤ᠂ ᠮᠦᠩᠬᠡ ᠬᠠᠭᠠᠨ ᠤ ᠢᠲᠡᠭᠡᠯ ᠢ ᠣᠯᠣᠭᠰᠠᠨ ᠪᠢᠯᠡ᠃      ᠮᠦᠩᠬᠡ ᠬᠠᠭᠠᠨ ᠡᠾᠧᠰᠢ ᠶᠢᠨ ᠳᠠᠭᠠᠤ ᠣᠷᠣᠨ ᠢ ᠪᠠᠰᠠ ᠭᠦᠳᠡᠨ ᠳᠤ ᠬᠤᠪᠢᠶᠠᠵᠤ ᠥᠭᠪᠡ᠃ ᠭᠦᠳᠡᠨ ᠠᠴᠠ ᠪᠤᠰᠤᠳ ᠦᠭᠡᠳᠡᠢ ᠶᠢᠨ ᠬᠤᠶᠢᠴᠢᠰ ᠪᠣᠯᠬᠤ ᠸᠠᠩ ᠨᠠᠷ ᠤᠨ ᠣᠯᠠᠩᠬᠢ ᠨᠢ ᠮᠦᠩᠬᠡ ᠬᠠᠭᠠᠨ ᠳᠤ ᠴᠦᠯᠡᠭᠳᠡᠵᠡᠢ᠃ ᠮᠠᠷᠢ ︵ᠦᠭᠡᠳᠡᠢ ᠶᠢᠨ ᠳᠣᠯᠣᠳᠤᠭᠠᠷ ᠬᠦᠪᠡᠭᠦᠨ︶ ᠶᠢ ᠡᠷᠴᠢᠰ ᠭᠤᠣᠯ ᠳᠠᠭᠠᠤ ᠶᠠᠪᠤᠭᠤᠯᠵᠤ᠂ ᠬᠠᠳᠠᠨ ︵ᠦᠭᠡᠳᠡᠢ ᠶᠢᠨ ᠵᠢᠷᠭᠤᠳᠤᠭᠠᠷ ᠬᠦᠦ︶ ᠢ ᠪᠠᠱᠪᠠᠯᠢᠭ ᠲᠤ ᠶᠠᠪᠤᠭᠤᠯᠵᠤ᠂ ᠬᠠᠶᠢᠳᠤ ︵ᠦᠭᠡᠳᠡᠢ ᠶᠢᠨ ᠲᠠᠪᠤᠳᠤᠭᠠᠷ ᠬᠦᠦ ᠬᠠᠰᠢ ᠶᠢᠨ ᠬᠦᠪᠡᠭᠦᠨ︶ ᠶᠢ ᠬᠠᠶᠠᠯᠢᠭ ︵ᠪᠠᠯᠬᠠᠱ ᠨᠠᠭᠤᠷ ᠤᠨ ᠵᠡᠭᠦᠨ ᠳᠤ ᠪᠣᠢ︶ ᠲᠤ ᠶᠠᠪᠤᠭᠤᠯᠵᠤ᠂ ᠲᠤᠭᠲᠠᠭ᠎ᠠ ︵ᠦᠭᠡᠳᠡᠢ ᠶᠢᠨ ᠳᠦᠷᠪᠡᠳᠦᠭᠡᠷ ᠬᠦᠦ᠂ ᠬᠠᠷᠠᠴᠠᠷ ᠤᠨ ᠬᠦᠪᠡᠭᠦᠨ︶ ᠶᠢ ᠡᠮᠢᠯ ᠳᠤ ᠶᠠᠪᠤᠭᠤᠯᠵᠤ᠂ ᠮᠦᠩᠬᠡᠪᠠᠲᠤ ︵ᠭᠦᠳᠡᠨ ᠤ ᠬᠦᠪᠡᠭᠦᠨ︶ ᠪᠠ ᠦᠭᠡᠳᠡᠢ ᠶᠢᠨ ᠭᠤᠷᠪᠠᠳᠤᠭᠠᠷ ᠬᠠᠲᠤᠨ ᠭᠦᠳᠡᠨᠢ ᠲᠠᠢ ᠬᠠᠮᠲᠤᠪᠠᠷ ᠭᠦᠳᠡᠨ ᠤ ᠨᠤᠲᠤᠭ ᠠᠴᠠ ᠪᠠᠷᠠᠭᠤᠨᠰᠢ ᠶᠠᠪᠤᠭᠤᠯᠵᠤ᠂ ᠰᠢᠷᠡᠮᠦᠨ ︵ᠦᠭᠡᠳᠡᠢ ᠶᠢᠨ ᠭᠤᠷᠪᠠᠳᠤᠭᠠᠷ ᠬᠦᠦ ᠬᠦᠴᠦ ᠶᠢᠨ ᠬᠦᠪᠡᠭᠦᠨ︶ ᠬᠤᠴᠠ᠂ ᠨᠤᠬᠤ ︵ᠪᠦᠷ ᠭᠦᠶᠦᠭ ᠬᠠᠭᠠᠨ ᠤ ᠬᠦᠪᠡᠭᠦᠨ︶ ᠨᠠᠷ ᠢ ᠵᠦᠩᠶᠤᠸᠠᠨ ᠣᠷᠣᠨ ᠪᠣᠶᠣ ᠰᠣᠯᠣᠩᠭᠤᠰ ᠲᠤ ᠴᠦᠯᠡᠵᠦ᠂ ᠴᠡᠷᠢᠭ ᠳᠠᠶᠢᠨ ᠳᠤ ᠶᠠᠪᠤᠭᠤᠯᠪᠠ᠃ ᠢᠩᠭᠢᠭᠡᠳ ᠦᠭᠡᠳᠡᠢ ᠶᠢᠨ ᠤᠤᠯ ᠤᠨ ᠬᠠᠷᠢᠶᠠᠲᠤ ᠤᠯᠤᠰ ᠢ ᠬᠡᠳᠦ ᠬᠡᠳᠦᠨ ᠵᠢᠵᠢᠭ ᠢ ᠬᠠᠷᠢᠶᠠᠲᠤ ᠣᠷᠣᠨ ᠪᠣᠯᠭᠠᠵᠠᠢ᠃ ᠮᠦᠩᠬᠡ ᠬᠠᠭᠠᠨ ᠪᠡᠶ᠎ᠡ ᠪᠠᠷᠠᠭᠠᠳ ᠠᠷᠢᠭᠪᠤᠬ᠎ᠠ ᠪᠠ ᠬᠤᠪᠢᠯᠠᠢ ᠶᠡᠭᠡ ᠬᠠᠭᠠᠨ ᠤ ᠡᠷᠬᠡ ᠶᠢ ᠪᠤᠯᠢᠶᠠᠯᠳᠤᠨ ᠳᠠᠶᠢᠯᠠᠯᠳᠤᠵᠦ ᠪᠠᠶᠢᠭ᠎ᠠ ᠦᠶ᠎ᠡ ᠳᠤ᠂ ᠬᠠᠶᠢᠳᠤ ᠠᠷᠢᠭᠪᠤᠬ᠎ᠠ ᠶᠢ ᠳᠠᠭᠠᠵᠤ ᠬᠤᠪᠢᠯᠠᠢ ᠲᠠᠢ ᠳᠠᠶᠢᠰᠤᠩᠨᠠᠪᠠ᠃      ᠠᠷᠢᠭᠪᠤᠬ᠎ᠠ ᠢᠯᠠᠭᠳᠠᠭᠰᠠᠨ ᠤ ᠳᠠᠷᠠᠭ᠎ᠠ᠂ ᠬᠠᠶᠢᠳᠤ ᠮᠦᠨ ᠬᠤᠪᠢᠯᠠᠢ ᠶᠢ ᠳᠠᠭᠠᠭᠰᠠᠨ ᠦᠬᠡᠢ᠂ 1268 ᠣᠨ ᠠᠴᠠ ᠡᠬᠢᠯᠡᠵᠦ ᠴᠡᠷᠢᠭ ᠢᠶᠠᠨ ᠳᠠᠶᠢᠴᠢᠯᠠᠨ ᠶᠡᠭᠡ ᠬᠡᠮᠵᠢᠶ᠎ᠡ ᠪᠠᠷ ᠶᠤᠸᠠᠨ ᠤᠯᠤᠰ ᠤᠨ ᠬᠢᠯᠢ ᠬᠢᠵᠠᠭᠠᠷ ᠢ ᠳᠠᠬᠢᠨ ᠳᠠᠪᠲᠠᠨ ᠳᠠᠭᠠᠷᠢᠪᠠ᠃ ᠬᠠᠶᠢᠳᠤ ᠪᠣᠯᠣᠨ ᠴᠠᠭᠠᠳᠠᠢ ᠬᠠᠭᠠᠨᠲᠤ ᠤᠯᠤᠰ ᠤᠨ ᠡᠵᠡᠨ ᠪᠠᠷᠠᠭ ᠤᠷᠢᠲᠠ ᠳᠠᠶᠢᠯᠠᠯᠳᠤᠵᠤ ᠪᠠᠶᠢᠭᠰᠠᠨ ᠪᠣᠯᠪᠠᠴᠤ ᠬᠤᠵᠢᠮ ᠨᠢ ᠡᠪᠰᠡᠨ᠂ ᠢᠯ ᠭᠤᠣᠯ ᠤᠨ ᠬᠠᠪᠴᠢᠯ ᠳᠠᠭᠠᠤ ᠣᠷᠣᠨ ᠪᠠ ᠺᠠᠱᠭᠠᠷ ᠣᠷᠣᠨ ᠢ ᠡᠵᠡᠯᠡᠵᠦ᠂ ᠪᠠᠰᠠ ᠦᠭᠡᠳᠡᠢ᠂ ᠴᠠᠭᠠᠳᠠᠢ᠂ ᠵᠦᠴᠢ ᠶᠢᠨ ᠭᠤᠷᠪᠠᠨ ᠤᠭᠰᠠᠭ᠎ᠠ ᠶᠢᠨ ᠸᠠᠩ ᠨᠠᠷ ᠢ ᠴᠤᠭᠯᠠᠭᠤᠯᠵᠤ᠂ ᠳᠠᠯᠠᠰ ︵ᠣᠳᠣ ᠶᠢᠨ ᠳᠠᠯᠠᠰ ᠭᠤᠣᠯ︶ ᠭᠤᠣᠯ ᠤᠨ ᠬᠦᠪᠡᠭᠡ ᠳᠡᠭᠡᠷ᠎ᠡ ᠶᠡᠭᠡ ᠬᠤᠷᠠᠯᠳᠠᠢ ᠬᠢᠵᠡᠢ᠃ ᠴᠠᠭᠠᠳᠠᠢ ᠬᠠᠭᠠᠨᠲᠤ ᠤᠯᠤᠰ ᠤᠨ ᠡᠵᠡᠨ ᠪᠠᠷᠠᠭ ᠦᠬᠦᠭᠡᠳ᠂ ᠴᠠᠭᠠᠳᠠᠢ ᠬᠠᠭᠠᠨᠲᠤ ᠤᠯᠤᠰ ᠦᠨᠡᠨ ᠳᠡᠭᠡᠷ᠎ᠡ ᠪᠠᠨ ᠬᠠᠶᠢᠳᠤ ᠶᠢᠨ ᠬᠠᠷᠢᠶᠠᠲᠤ ᠣᠷᠣᠨ ᠪᠣᠯᠪᠠ᠃ ᠴᠠᠭᠠᠳᠠᠢ ᠬᠠᠭᠠᠨᠲᠤ ᠤᠯᠤᠰ ᠤᠨ ᠡᠵᠡᠨ ᠳᠤᠸᠠ ᠴᠦ ᠬᠠᠶᠢᠳᠤ ᠶᠢ ᠳᠠᠭᠠᠵᠤ᠂ ᠣᠯᠠᠨᠲᠠ ᠶᠤᠸᠠᠨ ᠤᠯᠤᠰ ᠤᠨ ᠪᠠᠷᠠᠭᠤᠨ ᠬᠤᠶᠢᠳᠤ ᠬᠢᠯᠢ ᠬᠢᠵᠠᠭᠠᠷ ᠢ ᠲᠦᠢᠪᠡᠭᠡᠵᠡᠢ᠃      ᠬᠠᠶᠢᠳᠤ ᠶᠢᠨ ᠨᠣᠶᠠᠷᠬᠠᠯ ᠤᠨ ᠳᠣᠣᠷᠠᠬᠢ ᠦᠭᠡᠳᠡᠢ ᠬᠠᠭᠠᠨᠲᠤ ᠤᠯᠤᠰ ᠤᠨ ᠡᠷᠬᠡᠰᠢᠶᠡᠯ ᠨᠤᠲᠤᠭ ᠪᠣᠯ ᠪᠠᠷᠠᠭᠤᠨᠳᠠᠬᠢ ᠺᠠᠱᠭᠠᠷ ᠪᠠ ᠳᠠᠯᠠᠰ ᠭᠤᠣᠯ ᠤᠨ ᠬᠠᠪᠴᠢᠯ ᠬᠦᠷᠴᠦ᠂ ᠡᠮᠦᠨᠡᠰᠢ ᠲᠡᠭᠷᠢ ᠠᠭᠤᠯᠠ ᠶᠢᠨ ᠡᠮᠦᠨ᠎ᠡ ᠲᠠᠯ᠎ᠠ ᠶᠢᠨ ᠣᠯᠠᠨ ᠬᠤᠲᠠ ᠪᠠᠭᠲᠠᠳᠠᠭ᠃ ᠵᠡᠭᠦᠨᠰᠢ ᠬᠠᠷ᠎ᠠ ᠬᠤᠰᠢᠭᠤ ︵ᠣᠳᠤ ᠶᠢᠨ ᠰᠢᠨᠵᠢᠶᠠᠩ ᠤᠨ ᠲᠦᠷᠹᠡᠨ︶ ᠳᠤ ᠲᠤᠯᠵᠤ᠂ ᠬᠤᠶᠢᠰᠢ ᠡᠷᠴᠢᠰ ᠭᠤᠤᠯᠠᠭ ᠤᠨ ᠳᠡᠭᠡᠳᠦ ᠤᠷᠤᠰᠬᠠᠯ ᠤᠨ ᠬᠡᠰᠡᠭ ᠭᠠᠵᠠᠷ ᠢ ᠬᠠᠮᠤᠷᠴᠠᠢ᠃ ᠢᠯ ᠭᠤᠣᠯ ᠪᠠ ᠳᠠᠯᠠᠰ ᠭᠤᠣᠯ ᠳᠠᠭᠠᠤ ᠣᠷᠣᠨ ᠢ ᠭᠤᠣᠯ ᠣᠷᠣᠨ ᠪᠣᠯᠭᠠᠵᠤ᠂ ᠲᠤᠬᠠᠢ ᠶᠢᠨ ᠦᠶ᠎ᠡ ᠶᠢᠨ ᠳᠤᠮᠳᠠᠳᠤ ᠠᠽᠢᠶ᠎ᠠ ᠶᠢᠨ ᠨᠢᠭᠡᠨ ᠬᠦᠴᠦᠷᠬᠡᠭ ᠤᠯᠤᠰ ᠪᠣᠯᠪᠠ᠃ ᠬᠠᠶᠢᠳᠤ ᠶᠢᠨ ᠪᠠᠶᠢᠭᠤᠯᠤᠭᠰᠠᠨ ᠦᠭᠡᠳᠡᠢ ᠬᠠᠭᠠᠨᠲᠤ ᠤᠯᠤᠰ᠂ ᠶᠤᠸᠠᠨ ᠤᠯᠤᠰ ᠤᠨ ᠤᠯᠤᠰ ᠲᠦᠷᠦ᠂ ᠴᠡᠷᠢᠭ ᠤᠨ ᠶᠠᠪᠤᠳᠠᠯ ᠤᠨ ᠬᠦᠭᠵᠢᠯᠲᠡ ᠪᠠ ᠶᠤᠸᠠᠨ ᠤᠯᠤᠰ ᠬᠢᠭᠡᠳ ᠪᠠᠷᠠᠭᠤᠨ ᠣᠷᠣᠨ ᠤ ᠡᠯ᠎ᠡ ᠬᠠᠭᠠᠨᠲᠤ ᠤᠯᠤᠰ ᠤᠨ ᠬᠠᠷᠢᠴᠠᠭ᠎ᠠ᠂ ᠵᠡᠭᠦᠨᠰᠢ ᠪᠠᠷᠠᠭᠤᠨᠰᠢ ᠬᠠᠷᠢᠯᠴᠠᠨ ᠶᠠᠪᠤᠯᠴᠠᠬᠤ ᠵᠡᠷᠭᠡ ᠲᠠᠯ᠎ᠠ ᠳᠤ ᠶᠡᠭᠡ ᠬᠠᠷᠰᠢᠯ ᠦᠵᠡᠭᠦᠯᠪᠡ᠃ ᠳᠤᠮᠳᠠᠳᠤ ᠠᠽᠢᠶ᠎ᠠ ᠳᠠᠬᠢ ᠮᠣᠩᠭᠤᠯ ᠤᠨ ᠵᠠᠷᠢᠮ ᠭᠠᠵᠠᠷ ᠣᠷᠣᠨ ᠳᠡᠭᠡᠷᠡᠬᠢ ᠳᠤᠷᠠᠳᠤᠭᠰᠠᠨ ᠰᠢᠯᠲᠠᠭᠠᠨ ᠠᠴᠠ ᠪᠣᠯᠵᠤ ᠣᠯᠠᠨᠲᠠ ᠰᠦᠢᠳᠴᠦ᠂ ᠣᠯᠠᠨ ᠲᠣᠭᠠᠨ ᠤ ᠠᠷᠠᠳ ᠢᠷᠭᠡᠳ ᠳᠣᠲᠣᠭᠰᠢ ᠨᠡᠭᠦᠳᠡᠯᠯᠡᠬᠦ ᠪᠣᠯᠵᠠᠢ᠃      1301 ᠣᠨ ᠳᠤ᠂ ᠬᠠᠶᠢᠳᠤ ᠶᠤᠸᠠᠨ ᠤᠯᠤᠰ ᠤᠨ ᠬᠢᠯᠢ ᠬᠢᠵᠠᠭᠠᠷ ᠲᠠᠢ ᠬᠠᠯᠳᠠᠵᠤ᠂ ᠦᠪᠡᠷ ᠢᠶᠠᠨ ᠲᠡᠷᠡ ᠳᠠᠶᠢᠨ ᠳᠤ ᠰᠢᠷᠬᠠᠳᠤᠭᠠᠳ ᠡᠭᠡᠬᠦ ᠵᠠᠮ ᠳᠠᠭᠠᠨ ᠦᠬᠦᠪᠡ᠃ ᠲᠡᠭᠡᠭᠡᠳ ᠲᠡᠭᠦᠨ ᠤ ᠬᠦᠪᠡᠭᠦᠳ ᠴᠡᠪᠡᠷ ᠬᠠᠭᠠᠨᠲᠤ ᠤᠯᠤᠰ ᠤᠨ ᠡᠵᠡᠨ ᠰᠠᠭᠤᠯ᠎ᠠ᠃ ᠦᠭᠡᠳᠡᠢ ᠬᠠᠭᠠᠨ ᠤ ᠬᠤᠶᠢᠴᠢ ᠶᠢᠨ ᠦᠷ᠎ᠡ ᠬᠡᠦᠬᠡᠳ ᠨᠢ ᠬᠠᠭᠠᠨᠲᠤ ᠡᠷᠬᠡ ᠶᠢ ᠪᠤᠯᠢᠶᠠᠯᠳᠤᠬᠤ ᠵᠦᠷᠢᠴᠡᠯ ᠪᠠ ᠬᠠᠭᠠᠴᠠᠯ ᠡᠭᠦᠰᠴᠡᠢ᠃ ᠡᠶᠢᠮᠦ ᠠᠴᠠ ᠦᠭᠡᠳᠡᠢ ᠬᠠᠭᠠᠨᠲᠤ ᠤᠯᠤᠰ ᠤᠨ ᠢᠳᠡ ᠬᠦᠴᠦᠨ ᠳᠣᠷᠣᠶᠢᠳᠠᠵᠤ ᠡᠬᠢᠯᠡᠭᠰᠡᠨ ᠪᠢᠯᠡ᠃      1303 ᠣᠨ ᠳᠤ ᠳᠤᠸᠠ ᠪᠠ ᠴᠡᠪᠡᠷ ᠶᠤᠸᠠᠨ ᠤᠯᠤᠰ ᠲᠤ ᠡᠯᠴᠢ ᠲᠣᠮᠢᠯᠠᠵᠤ᠂ ᠡᠪᠰᠡᠨ ᠳᠠᠭᠠᠬᠤ ᠶᠢ ᠭᠤᠶᠤᠴᠢᠯᠠᠪᠠ᠃ ᠲᠡᠭᠡᠭᠡᠳ ᠶᠤᠸᠠᠨ ᠤᠯᠤᠰ ᠤᠨ ᠶᠡᠭᠡ ᠬᠠᠭᠠᠨ ᠲᠡᠮᠦᠷ ᠭᠤᠶᠤᠴᠢᠯᠠᠯ ᠢ ᠵᠦᠪᠰᠢᠶᠡᠷᠡᠵᠡᠢ᠃ 1304 ᠣᠨ ᠳᠤ᠂ ᠳᠤᠸᠠ᠂ ᠴᠡᠪᠡᠷ ᠢ ᠳᠠᠭᠠᠷᠢᠵᠤ᠂ ᠦᠭᠡᠳᠡᠢ ᠬᠠᠭᠠᠨᠲᠤ ᠤᠯᠤᠰ ᠤᠨ ᠪᠠᠷᠠᠭᠤᠨ ᠣᠷᠣᠨ ᠤ ᠣᠯᠠᠨ ᠬᠤᠲᠠ ᠶᠢ ᠶᠡᠭᠡ ᠪᠠᠷ ᠳᠡᠭᠡᠷᠡᠮᠳᠡᠯ᠎ᠡ᠃ ᠡᠨᠡ ᠦᠶ᠎ᠡ ᠳᠤ᠂ ᠶᠤᠸᠠᠨ ᠤᠯᠤᠰ ᠤᠨ ᠶᠡᠭᠡ ᠬᠠᠭᠠᠨ ᠲᠡᠮᠦᠷ ᠤᠨ ᠠᠴᠢ ᠬᠦᠪᠡᠭᠦᠨ ᠬᠠᠶᠢᠰᠠᠨ ᠶᠡᠭᠡ ᠴᠡᠷᠢᠭ ᠢᠶᠠᠨ ᠳᠠᠶᠢᠴᠢᠯᠠᠵᠤ᠂ ᠠᠯᠳᠠᠢ ᠠᠭᠤᠯᠠ ᠶᠢ ᠳᠠᠪᠠᠨ᠂ ᠴᠡᠪᠡᠷ ᠤᠨ ᠴᠡᠷᠢᠭ ᠢ ᠶᠡᠬᠡᠪᠡᠷ ᠳᠡᠶᠢᠯᠪᠡ᠃ ᠴᠡᠪᠡᠷ ᠣᠷᠣᠨ ᠬᠤᠲᠠ ᠭᠡᠷ ᠣᠭᠤᠴᠢᠬᠤ ᠠᠶᠠᠭ ᠦᠬᠡᠢ ᠳᠤᠸᠠ ᠶᠢ ᠣᠴᠢᠵᠤ ᠳᠠᠭᠠᠪᠠ᠃ ᠦᠭᠡᠳᠡᠢ ᠬᠠᠭᠠᠨᠲᠤ ᠤᠯᠤᠰ ᠤᠨ ᠬᠠᠷᠢᠶᠠᠲᠤ ᠣᠷᠣᠨ ᠤ ᠲᠣᠮᠣ ᠨᠣᠶᠠᠳ ᠤᠨ ᠨᠢᠭᠡ ᠬᠡᠰᠡᠭ ᠨᠢ ᠶᠤᠸᠠᠨ ᠤᠯᠤᠰ ᠢ ᠳᠠᠭᠠᠵᠤ᠂ ᠶᠡᠭᠡ ᠬᠡᠰᠡᠭ ᠨᠢ ᠳᠤᠸᠠ ᠳᠤ ᠪᠠᠭᠤᠵᠤ ᠦᠭᠴᠡᠢ᠃      1309 ᠣᠨ ᠳᠤ ᠴᠡᠪᠡᠷ ᠴᠠᠭᠠᠳᠠᠢ ᠬᠠᠭᠠᠨᠲᠤ ᠤᠯᠤᠰ ᠤᠨ ᠨᠢᠭᠡᠨ ᠤᠳᠠᠭᠠᠨ ᠤ ᠳᠣᠲᠣᠭᠠᠳᠤ ᠶᠢᠨ ᠬᠢᠮᠤᠷᠠᠯᠳᠤᠭᠠᠨ ᠳᠤ ᠣᠷᠣᠯᠴᠠᠭᠠᠳ ᠳᠡᠶᠢᠯᠦᠭᠳᠡᠨ ᠶᠤᠸᠠᠨ ᠤᠯᠤᠰ ᠲᠤ ᠳᠤᠲᠠᠭᠠᠵᠤ ᠣᠴᠢᠪᠠ᠃ ᠶᠤᠸᠠᠨ ᠤᠯᠤᠰ ᠤᠨ ᠬᠠᠭᠠᠨ ᠲᠡᠭᠦᠨ ᠢ ᠷᠦ ᠨᠠᠠ ᠸᠠᠩ ᠢᠶᠠᠷ ᠡᠷᠭᠦᠮᠵᠢᠯᠡᠵᠡᠢ᠃      ᠴᠡᠪᠡᠷ ᠤᠨ ᠤᠤᠯ ᠤᠨ ᠣᠷᠣᠨ ᠨᠤᠲᠤᠭ ᠤᠨ ᠶᠡᠭᠡ ᠬᠠᠭᠠᠰ ᠨᠢ ᠴᠠᠭᠠᠳᠠᠢ ᠬᠠᠭᠠᠨᠲᠤ ᠤᠯᠤᠰ ᠤᠨ ᠡᠵᠡᠨ ᠡᠰᠡᠨ ᠪᠤᠬ᠎ᠠ ᠶᠢᠨ ᠡᠷᠬᠡᠰᠢᠶᠡᠯ ᠳᠤ ᠣᠷᠣᠪᠠ᠃ ᠢᠩᠭᠢᠭᠡᠳ ᠦᠭᠡᠳᠡᠢ ᠬᠠᠭᠠᠨᠲᠤ ᠤᠯᠤᠰ ᠮᠦᠬᠦᠪᠡ᠃
ᠢᠷᠡᠯᠲᠡ᠄ ︽ᠮᠣᠩᠭᠤᠯ ᠬᠠᠭᠠᠨᠲᠤ ᠤᠯᠤᠰ ᠤᠨ ᠲᠣᠪᠴᠢ ᠲᠡᠦᠬᠡ︾ ᠨᠣᠮ