ᠳᠦᠷᠪᠡᠨ ᠶᠡᠭᠡ ᠬᠠᠭᠠᠨᠲᠤ ᠤᠯᠤᠰ ᠤᠨ ᠲᠣᠶᠢᠮᠤ — ᠢᠯ ᠬᠠᠭᠠᠨᠲᠤ ᠤᠯᠤᠰ
ᠨᠡᠶᠢᠲᠡᠯᠡᠭᠰᠡᠨ ᠴᠠᠭ᠄
2023/4/13
      ᠳᠥᠷᠪᠡ᠂ ᠢᠯ ᠬᠠᠭᠠᠨᠲᠤ ᠤᠯᠤᠰ      ᠢᠯ ᠬᠠᠭᠠᠨᠲᠤ ᠤᠯᠤᠰ ᠪᠣᠯ 13 ᠳ᠋ᠤᠭᠠᠷ ᠵᠠᠭᠤᠨ ᠤ ᠳᠤᠮᠳᠠᠴᠢ ᠠᠴᠠ 14 ᠳ᠋ᠦ᠋ᠭᠡᠷ ᠵᠠᠭᠤᠨ ᠤ ᠳᠤᠮᠳᠠᠴᠢ ᠬᠦᠷᠲᠡᠯ᠎ᠡ ᠫᠧᠷᠰ ᠢ ᠨᠣᠶᠠᠷᠬᠠᠭᠰᠠᠨ ᠮᠣᠩᠭᠤᠯ ᠬᠠᠭᠠᠨᠲᠤ ᠤᠯᠤᠰ ᠪᠣᠯᠣᠨ᠎ᠠ᠃ ᠴᠢᠩᠭᠢᠰ ᠬᠠᠭᠠᠨ ᠤ ᠳᠥᠷᠪᠡᠳᠦᠭᠡᠷ ᠬᠦᠦ ᠲᠣᠯᠣᠢ ᠶᠢᠨ ᠬᠦᠪᠡᠭᠦᠨ ᠦᠯᠡᠬᠦ ᠪᠠᠶᠢᠭᠤᠯᠪᠠ᠃ ᠦᠯᠡᠬᠦ ᠪᠠ ᠲᠡᠭᠦᠨ ᠤ ᠵᠠᠯᠭᠠᠮᠵᠢᠯᠠᠭᠴᠢ ᠨᠠᠷ ᠦᠪᠡᠷ ᠤᠨ ᠪᠡᠶ᠎ᠡ ᠪᠠᠨ ᠢᠯᠠ ᠬᠠᠭᠠᠨ ᠭᠡᠵᠦ ᠳᠠᠭᠤᠳᠠᠵᠠᠢ᠃ ᠢᠯ ᠭᠡᠳᠡᠭ ᠦᠭᠡ ᠪᠣᠯ ᠲᠦᠷᠺ ᠦᠭᠡ ᠶᠢᠨ ᠬᠠᠷᠢᠶᠠᠯᠠᠭᠳᠠᠬᠤ ᠭᠡᠰᠡᠨ ᠤᠳᠬ᠎ᠠ ᠲᠠᠢ᠃      1221 ᠣᠨ ᠠᠴᠠ 1222 ᠣᠨ ᠬᠦᠷᠲᠡᠯ᠎ᠡ ᠴᠢᠩᠭᠢᠰ ᠬᠠᠭᠠᠨ ᠬᠤᠷᠧᠰᠮ ᠢ ᠮᠦᠬᠦᠭᠡᠬᠦ ᠳᠠᠶᠢᠨ ᠳᠤ ᠫᠧᠷᠰ ᠤᠨ ᠵᠡᠭᠦᠨ ᠲᠠᠯ᠎ᠠ ᠶᠢᠨ ᠬᠤᠷᠠᠰᠠᠨ ᠣᠷᠣᠨ ᠤ ᠬᠤᠲᠠ ᠨᠤᠭᠤᠳ ᠢ ᠡᠵᠡᠯᠡᠵᠡᠢ᠃ 1231 ᠣᠨ ᠳᠤ᠂ ᠦᠭᠡᠳᠡᠢ ᠶᠡᠭᠡ ᠵᠠᠩᠵᠤᠨ ᠴᠣᠷᠮᠠᠭᠠᠨ ᠢ ᠲᠣᠮᠢᠯᠠᠵᠤ ᠭᠤᠷᠪᠠᠨ ᠲᠦᠮᠡᠨ ᠮᠣᠩᠭᠤᠯ ᠴᠡᠷᠢᠭ ᠳᠠᠶᠢᠴᠢᠯᠠᠵᠤ ᠪᠠᠷᠠᠭᠤᠨᠰᠢ ᠳᠠᠶᠢᠯᠠᠵᠤ᠂ ᠫᠧᠷᠰ ᠤᠨ ᠪᠠᠷᠠᠭᠤᠨ ᠣᠷᠣᠨ ᠤ ᠤᠯᠤᠰ ᠢᠶᠠᠨ ᠰᠡᠷᠭᠦᠭᠡᠨ᠎ᠡ ᠭᠡᠵᠦ ᠣᠷᠣᠯᠳᠣᠵᠣ ᠪᠠᠶᠢᠭ᠎ᠠ ᠬᠤᠷᠧᠰᠮ ᠤᠨ ᠰᠤᠯᠳᠠᠨ ᠵᠢᠯᠠᠯᠳᠢᠨ ᠢ ᠮᠦᠬᠦᠭᠡᠵᠦ᠂ ᠫᠧᠷᠰ ᠤᠨ ᠶᠡᠬᠡᠩᠬᠢ ᠬᠡᠰᠡᠭ ᠭᠠᠵᠠᠷ ᠣᠷᠣᠨ ᠢ ᠲᠦᠪᠰᠢᠳᠭᠡᠭᠰᠡᠨ ᠪᠠ ᠢᠯᠪᠢᠨ ᠳᠠᠭᠠᠭᠤᠯᠪᠠ᠃ ᠲᠡᠭᠦᠨ ᠠᠴᠠ ᠬᠤᠶᠢᠰᠢ᠂ ᠭᠧᠷᠦᠭᠡ᠂ ᠠᠷᠮᠠᠨᠢᠶ᠎ᠠ ᠵᠡᠷᠭᠡ ᠤᠯᠤᠰ ᠤᠳ ᠤᠷᠢᠳ ᠬᠤᠵᠢᠳ ᠮᠣᠩᠭᠤᠯ ᠢ ᠳᠠᠭᠠᠪᠠ᠃ ᠴᠤᠷᠮᠠᠭᠠᠨ᠂ ᠦᠭᠡᠳᠡᠢ ᠬᠠᠭᠠᠨ ᠤ ᠵᠠᠷᠯᠢᠭ ᠢᠶᠠᠷ ᠳᠠᠭᠠᠭᠤᠯᠤᠭᠰᠠᠨ ᠴᠡᠷᠢᠭ ᠢᠶᠠᠨ ᠠᠪᠴᠤ ᠫᠧᠷᠰ ᠣᠷᠣᠨ ᠳᠤ ᠳᠠᠷᠤᠭ᠎ᠠ ᠪᠣᠯᠵᠤ ᠰᠠᠭᠤᠵᠠᠢ᠃ ᠪᠠᠰᠠ ᠠᠮᠦ᠋ ᠮᠦᠷᠡᠨ ᠠᠴᠠ ᠪᠠᠷᠠᠭᠤᠨᠰᠢ ᠫᠧᠷᠰ ᠤᠨ ᠡᠯ᠎ᠡ ᠮᠤᠵᠢ ᠳᠤ ᠵᠠᠰᠠᠭ ᠵᠠᠬᠢᠷᠭᠠᠨ ᠤ ᠶᠠᠮᠤᠨ ᠪᠠᠶᠢᠭᠤᠯᠪᠠ᠃ 1251 ᠣᠨ ᠳᠤ ᠮᠦᠩᠬᠡ ᠬᠠᠭᠠᠨ ᠰᠠᠭᠤᠭᠰᠠᠨ ᠠᠴᠠ ᠬᠤᠶᠢᠰᠢ ᠠᠮᠦ᠋ ᠮᠦᠷᠡᠨ ᠵᠡᠷᠭᠡ ᠭᠠᠵᠠᠷ ᠲᠤ ᠱᠠᠩ ᠱᠤ᠋ ᠱᠢ ᠶᠠᠮᠤᠨ ᠪᠠᠶᠢᠭᠤᠯᠵᠠᠢ᠃ ᠠᠷᠢᠭᠤᠨ ᠢ ᠡᠨᠡ ᠬᠤᠪᠢᠶᠠᠷᠢ ᠮᠤᠵᠢ ᠶᠢᠨ ᠳᠠᠷᠤᠭᠠᠴᠢ ᠨᠣᠶᠠᠨ ᠪᠣᠯᠭᠠᠵᠤ ᠬᠤᠷᠠᠰᠠᠨ ᠤ ᠲᠦᠰ ᠬᠤᠲᠠ ᠪᠠᠷ ᠭᠤᠣᠯ ᠭᠠᠵᠠᠷ ᠪᠣᠯᠭᠠᠪᠠ᠃ 1252 ᠣᠨ ᠳᠤ ᠮᠦᠩᠬᠡ ᠬᠠᠭᠠᠨ ᠲᠦᠷᠦᠭᠰᠡᠨ ᠳᠡᠭᠦᠦ ᠦᠯᠡᠬᠦ ᠪᠠᠨ ᠲᠣᠮᠢᠯᠠᠵᠤ᠂ ᠫᠧᠷᠰ ᠲᠤ ᠣᠴᠢᠭᠤᠯᠵᠤ ᠵᠠᠬᠢᠷᠤᠭᠤᠯᠤᠭᠠᠳ᠂ ᠪᠠᠰᠠ ᠪᠠᠭᠤᠵᠤ ᠥᠭᠭᠦᠭᠡᠳᠦᠢ ᠤᠯᠤᠰ ᠤᠳ ᠢ ᠲᠥᠪᠰᠢᠳᠭᠡ ᠭᠡᠵᠡᠢ ᠃ ᠡᠭᠦᠨ ᠤ ᠬᠠᠮᠲᠤ ᠴᠤᠷᠮᠠᠭᠠᠨ ᠪᠠ ᠺᠠᠱᠮᠢᠷ ᠵᠡᠷᠭᠡ ᠭᠠᠵᠠᠷ ᠤᠨ ᠮᠣᠩᠭᠤᠯ ᠴᠡᠷᠢᠭ ᠢ ᠪᠦᠷ ᠦᠯᠡᠬᠦ ᠳᠤ ᠵᠠᠬᠢᠷᠤᠭᠤᠯᠪᠠ᠃ ᠮᠦᠩᠬᠡ ᠬᠠᠭᠠᠨ ᠪᠠᠰᠠ ᠤᠭᠰᠠᠭ᠎ᠠ ᠶᠢᠨ ᠡᠯ᠎ᠡ ᠸᠠᠩ ᠨᠠᠷ ᠤᠨ ᠬᠠᠮᠢᠶᠠᠷᠴᠤ ᠪᠠᠶᠢᠭ᠎ᠠ ᠴᠡᠷᠢᠭ ᠤᠨ ᠠᠷᠪᠠᠨ ᠤ ᠬᠤᠶᠠᠷ ᠢ ᠦᠯᠡᠬᠦ ᠶᠢ ᠳᠠᠭᠠᠵᠤ ᠳᠠᠶᠢᠨ ᠳᠤ ᠮᠣᠷᠳᠠ ᠭᠡᠵᠦ ᠵᠠᠷᠯᠢᠭ ᠪᠠᠭᠤᠯᠭᠠᠪᠠ᠃ 1256 ᠣᠨ ᠳᠤ᠂ ᠦᠯᠡᠬᠦ ᠴᠡᠷᠢᠭ ᠳᠠᠶᠢᠴᠢᠯᠠᠵᠤ᠂ ᠮᠠᠽᠠᠨᠳᠠᠷᠠᠨ ︵ᠣᠳᠤ ᠶᠢᠨ ᠢᠷᠠᠨ ᠤ ᠮᠠᠽᠠᠨᠳᠠᠷᠠᠨ ᠮᠤᠵᠢ︶ ᠤ ᠣᠯᠠᠨ ᠠᠭᠤᠯᠠᠨ ᠬᠤᠲᠠ ᠪᠠᠷ ᠪᠦᠷᠢᠯᠳᠦᠭᠰᠡᠨ ᠮᠦᠯᠠᠬᠢᠳ᠋ ᠤᠯᠤᠰ ᠢ ᠮᠦᠬᠦᠭᠡᠵᠦ ︵ᠮᠦᠯᠡᠬᠢᠳ᠋ ᠭᠡᠳᠡᠭ ᠪᠣᠯ ᠢᠰᠯᠠᠮ ᠤᠨ ᠱᠠᠰᠢᠨ ᠤ ᠨᠢᠭᠡᠨ ᠡᠲᠡᠭᠡᠳ᠂ ᠢᠰᠯᠠᠮᠴᠤᠳ ᠪᠣᠯ ᠲᠡᠳᠡᠨ ᠢ ᠮᠦᠯᠠᠬᠢᠳ᠋ ᠭᠡᠵᠦ ᠳᠠᠭᠤᠳᠠᠳᠠᠭ᠂ ᠤᠳᠬ᠎ᠠ ᠨᠢ ᠮᠤᠵᠢᠭᠤ ᠡᠲᠡᠭᠡᠳ ᠭᠡᠰᠡᠨ ᠶᠤᠮ︶᠂ 1258 ᠣᠨ ᠳᠤ ᠦᠯᠡᠬᠦ ᠴᠡᠷᠢᠭ ᠳᠠᠶᠢᠴᠢᠯᠠᠵᠤ᠂ ᠪᠠᠭᠳᠠᠳ᠋ ︵ᠣᠳᠤ ᠶᠢᠨ ᠢᠷᠠᠺ ᠤᠨ ᠨᠡᠶᠢᠰᠯᠡᠯ ᠪᠠᠭᠳᠠᠳ᠋︶ ᠢ ᠡᠪᠳᠡᠨ ᠡᠵᠡᠯᠡᠪᠡ᠃ ᠳ᠋ᠠᠵᠢᠺᠧᠰ ᠤᠯᠤᠰ ᠢ ᠮᠦᠬᠦᠭᠡᠵᠦ᠂ ᠰᠡᠭᠦᠯ ᠤᠨ ᠨᠢᠭᠡ ᠡᠵᠡᠨ ᠬᠠᠯᠢᠹᠠ ᠶᠢ ᠪᠠᠷᠢᠪᠴᠢᠯᠠᠨ ᠠᠯᠠᠪᠠ᠃ 1259 ᠣᠨ ᠳᠤ᠂ ᠦᠯᠡᠬᠦ ᠴᠡᠷᠢᠭ ᠢᠶᠠᠨ ᠭᠤᠷᠪᠠᠨ ᠵᠠᠮ ᠬᠤᠪᠢᠶᠠᠵᠤ ᠰᠢᠷᠢᠶ᠎ᠠ ᠵᠦᠭ ᠳᠠᠭᠠᠷᠢᠵᠤ ᠣᠷᠣᠪᠠ᠃ 1260 ᠣᠨ ᠤ ᠬᠠᠪᠤᠷ ᠦᠯᠡᠬᠦ᠂ ᠮᠦᠩᠬᠡ ᠬᠠᠭᠠᠨ ᠰᠧᠴᠤᠸᠠᠨ ᠳᠤ ᠪᠡᠶ᠎ᠡ ᠪᠠᠷᠠᠭᠰᠠᠨ ᠴᠢᠮᠡᠭᠡ ᠶᠢ ᠰᠣᠨᠣᠰᠣᠭᠠᠳ ᠬᠡᠲᠡᠪᠤᠬ᠎ᠠ ᠪᠠᠷ ᠭᠠᠪᠰᠢᠭᠠᠶᠢᠯᠠᠭᠴᠢ ᠴᠡᠷᠢᠭ ᠳᠠᠶᠢᠴᠢᠯᠠᠭᠤᠯᠤᠨ ᠤᠷᠤᠭᠰᠢᠯᠠᠭᠤᠯᠤᠯ᠎ᠠ᠃ ᠦᠪᠡᠷ ᠢᠶᠠᠨ ᠨᠢᠭᠡ ᠪᠦᠯᠦᠭ ᠴᠡᠷᠢᠭ ᠢᠶᠠᠨ ᠳᠠᠶᠢᠴᠢᠯᠠᠨ ᠫᠧᠷᠰ ᠲᠤ ᠡᠷᠭᠢᠪᠡ᠃ 9 ᠰᠠᠷ᠎ᠠ ᠳᠤ ᠬᠡᠲᠡᠪᠤᠬ᠎ᠠ ᠶᠧᠵᠢᠫᠲ ᠤᠨ ᠰᠤᠯᠳᠠᠨ ᠬᠤᠲ᠋ᠤᠭ ᠤᠨ ᠴᠡᠷᠢᠭ ᠲᠤ ᠳᠡᠶᠢᠯᠦᠭᠳᠡᠵᠦ᠂ ᠨᠢᠭᠡᠨᠳᠡ ᠡᠵᠡᠯᠡᠭᠰᠡᠨ ᠰᠢᠷᠢᠶ᠎ᠠ ᠶᠢᠨ ᠡᠯ᠎ᠡ ᠬᠤᠲᠠ ᠪᠠᠨ ᠳᠠᠬᠢᠨ ᠠᠯᠳᠠᠭᠰᠠᠨ ᠪᠠᠶᠢᠯ᠎ᠠ᠃      ᠦᠯᠡᠬᠦ᠂ ᠫᠧᠷᠰ ᠣᠷᠣᠨ ᠳᠠᠭᠠᠨ ᠬᠠᠷᠢᠭᠠᠳ᠂ ᠬᠤᠪᠢᠯᠠᠢ ᠨᠢᠭᠡᠨᠲᠡ ᠶᠡᠭᠡ ᠬᠠᠭᠠᠨ ᠰᠠᠭᠤᠭᠰᠠᠨ ᠪᠦᠭᠡᠳ ᠣᠳᠬᠤᠨ ᠳᠡᠭᠦᠦ ᠠᠷᠢᠭᠪᠤᠬ᠎ᠠ ᠲᠠᠢ ᠪᠠᠨ ᠬᠠᠭᠠᠨ ᠡᠷᠬᠡ ᠪᠣᠯᠢᠶᠠᠯᠳᠤᠵᠤ ᠪᠠᠶᠢᠨ᠎ᠠ ᠭᠡᠰᠡᠨ ᠴᠢᠮᠡᠭᠡ ᠶᠢ ᠰᠣᠨᠣᠰᠣᠭᠠᠳ ᠮᠣᠩᠭᠤᠯ ᠣᠷᠣᠨ ᠳᠠᠭᠠᠨ ᠡᠷᠭᠢᠵᠦ ᠢᠷᠡᠭᠰᠡᠨ ᠦᠬᠡᠢ᠃ ᠦᠯᠡᠬᠦ᠂ ᠬᠤᠪᠢᠯᠠᠢ ᠪᠠ ᠠᠷᠢᠭᠪᠤᠬ᠎ᠠ ᠳᠤ ᠪᠦᠷ ᠡᠯᠴᠢ ᠲᠣᠮᠢᠯᠠᠵᠤ᠂ ᠬᠤᠪᠢᠯᠠᠢ ᠶᠢᠨ ᠶᠡᠭᠡ ᠬᠠᠭᠠᠨ ᠰᠠᠭᠤᠭᠰᠠᠨ ᠢ ᠬᠦᠷᠢᠶᠡᠯᠡᠨ᠂ ᠠᠷᠢᠭᠪᠤᠬ᠎ᠠ ᠶᠢᠨ ᠡᠷᠬᠡ ᠪᠤᠯᠢᠶᠠᠯᠳᠤᠬᠤ ᠶᠢ ᠰᠢᠭᠦᠮᠵᠢᠯᠡᠭᠰᠡᠨ ᠰᠠᠨᠠᠭ᠎ᠠ ᠪᠠᠨ ᠢᠯᠡᠳᠭᠡᠵᠡᠢ᠃ ᠬᠤᠪᠢᠯᠠᠢ ᠡᠯᠴᠢ ᠲᠣᠮᠢᠯᠠᠵᠤ ᠵᠠᠷᠯᠢᠭ ᠪᠠᠭᠤᠯᠭᠠᠵᠤ᠂ ᠠᠮᠦ᠋ ᠮᠦᠷᠡᠨ ᠠᠴᠠ ᠪᠠᠷᠠᠭᠤᠨᠰᠢ ᠶᠧᠵᠢᠫᠲ ᠤᠨ ᠬᠢᠯᠢ ᠬᠦᠷᠲᠡᠯ᠎ᠡ ᠫᠧᠷᠰ ᠤᠨ ᠭᠠᠵᠠᠷ ᠪᠠ ᠲᠤᠰ ᠣᠷᠣᠨ ᠳᠤ ᠪᠠᠶᠢᠭ᠎ᠠ ᠮᠣᠩᠭᠤᠯ᠂ ᠳ᠋ᠠᠵᠢᠺᠧᠰ ᠤᠨ ᠴᠡᠷᠢᠭ ᠠᠷᠠᠳ ᠢ ᠪᠦᠷ ᠦᠯᠡᠬᠦ ᠶᠢᠨ ᠨᠣᠶᠠᠷᠬᠠᠯ ᠳᠣᠣᠷ᠎ᠠ ᠪᠣᠯᠭᠠᠪᠠ᠃ ᠢᠩᠭᠢᠭᠡᠳ ᠤᠤᠯ ᠳᠠᠭᠠᠨ ᠮᠣᠩᠭᠤᠯ ᠤᠨ ᠶᠡᠭᠡ ᠬᠠᠭᠠᠨ ᠠᠴᠠ ᠰᠢᠭᠤᠳ ᠵᠠᠬᠢᠷᠴᠤ ᠪᠠᠶᠢᠭᠰᠠᠨ ᠫᠧᠷᠰ ᠤᠨ ᠣᠷᠣᠨ ᠳᠠᠷᠤᠢ ᠦᠯᠡᠬᠦ ᠶᠢᠨ ᠬᠠᠷᠢᠶᠠᠲᠤ ᠣᠷᠣᠨ ᠪᠣᠯᠵᠤ᠂ ᠢᠯ ᠬᠠᠭᠠᠨᠲᠤ ᠤᠯᠤᠰ ᠪᠣᠢ ᠪᠣᠯᠪᠠ᠃ ᠢᠯ ᠬᠠᠭᠠᠨᠲᠤ ᠤᠯᠤᠰ ᠤᠨ ᠨᠤᠲᠤᠭ ᠪᠣᠯ ᠵᠡᠭᠦᠨ ᠠᠴᠠ ᠠᠮᠦ᠋ ᠮᠦᠷᠡᠨ ᠪᠠ ᠡᠨᠡᠳᠬᠡᠭ ᠭᠤᠣᠯ᠂ ᠪᠠᠷᠠᠭᠤᠨ ᠲᠠᠯ᠎ᠠ ᠨᠢ ᠪᠠᠭ᠎ᠠ ᠠᠽᠢᠶ᠎ᠠ ᠶᠢᠨ ᠨᠢᠭᠡ ᠬᠡᠰᠡᠭ ᠢ ᠪᠠᠭᠲᠠᠭᠠᠵᠤ᠂ ᠡᠮᠦᠨᠡᠰᠢ ᠫᠧᠷᠰ ᠤᠨ ᠪᠤᠯᠤᠩ ᠲᠤᠯᠵᠤ᠂ ᠬᠤᠶᠢᠰᠢ ᠺᠡᠦ᠋ᠺᠡᠰ ᠤᠨ ᠠᠭᠤᠯᠠ ᠬᠦᠷᠦᠨ᠎ᠡ᠃ ᠮᠢᠯᠠᠬ᠎ᠠ ︵ᠣᠳᠤ ᠶᠢᠨ ᠢᠷᠠᠨ ᠠᠽᠧᠷᠪᠠᠶᠢᠵᠠᠨ ᠤ ᠮᠢᠯᠠᠬ᠎ᠠ︶ ᠪᠠᠷ ᠨᠡᠶᠢᠰᠯᠡᠯ ᠬᠤᠲᠠ ᠪᠣᠯᠭᠠᠵᠤ᠂ ᠽᠠᠶᠢᠰᠢᠶᠠᠩ ᠨᠡᠷᠡᠯᠡᠵᠦ᠂ ᠪᠦᠬᠦ ᠤᠯᠤᠰ ᠤᠨ ᠤᠯᠤᠰ ᠲᠦᠷᠦ ᠶᠢᠨ ᠬᠠᠮᠢᠶᠠᠷᠤᠭᠤᠯᠵᠤ᠂ ᠡᠯ᠎ᠡ ᠮᠤᠵᠢ ᠳᠤ ᠳᠠᠷᠤᠭᠠᠴᠢ ᠨᠣᠶᠠᠨ ᠰᠠᠭᠤᠯᠭᠠᠵᠤ᠂ ᠪᠠᠰᠠ ᠠᠬᠠᠮᠠᠳ ᠬᠦᠪᠡᠭᠦᠨ ᠠᠪᠠᠬ᠎ᠠ ᠪᠠᠷ ᠢᠯ ᠬᠠᠭᠠᠨᠲᠤ ᠤᠯᠤᠰ ᠤᠨ ᠵᠡᠭᠦᠨ ᠣᠷᠣᠨ ᠤ ᠬᠤᠷᠧᠰᠮ ᠵᠡᠷᠭᠡ ᠮᠤᠵᠢ ᠶᠢ ᠬᠠᠮᠢᠶᠠᠷᠤᠭᠤᠯᠪᠠ᠃ 1262 ᠣᠨ ᠳᠤ᠂ ᠬᠢᠪᠴᠠᠭ ᠬᠠᠭᠠᠨᠲᠤ ᠤᠯᠤᠰ ᠤᠨ ᠡᠵᠡᠨ ᠪᠡᠷᠬᠡ᠂ ᠦᠯᠡᠬᠦ ᠶᠢᠨ ᠡᠷᠬᠡᠰᠢᠶᠡᠯ ᠳᠤ ᠪᠠᠶᠢᠭ᠎ᠠ ᠠᠽᠧᠷᠪᠠᠶᠢᠵᠠᠨ ᠣᠷᠣᠨ ᠢ ᠪᠣᠯᠢᠶᠠᠯᠴᠠᠨ ᠳᠠᠶᠢᠯᠠᠪᠠ᠃ ᠬᠤᠶᠠᠷ ᠲᠠᠯ᠎ᠠ ᠪᠠᠷ ᠢᠶᠠᠨ ᠬᠤᠶᠠᠷ ᠵᠢᠯ ᠢᠯᠡᠭᠦᠦ ᠰᠢᠷᠦᠭᠦᠨ ᠲᠤᠯᠤᠯᠳᠤᠵᠠᠢ᠃ ᠪᠡᠷᠬᠡ ᠬᠡᠳᠦᠶᠢᠪᠡᠷ ᠴᠡᠷᠢᠭ ᠡᠭᠡᠭᠰᠡᠨ ᠪᠣᠯᠪᠠᠴᠤ ᠡᠭᠦᠨ ᠠᠴᠠ ᠬᠤᠶᠢᠰᠢ ᠬᠢᠪᠴᠠᠭ ᠬᠠᠭᠠᠨᠲᠤ ᠤᠯᠤᠰ ᠪᠠ ᠢᠯ ᠬᠠᠭᠠᠨᠲᠤ ᠤᠯᠤᠰ ᠤᠨ ᠬᠤᠭᠤᠷᠣᠨᠳᠣ ᠨᠤᠲᠤᠭ ᠳᠡᠪᠢᠰᠬᠡᠷ ᠪᠤᠯᠢᠶᠠᠯᠳᠤᠬᠤ ᠳᠠᠶᠢᠨ ᠦᠷᠭᠦᠯᠵᠢ ᠭᠠᠷᠴᠤ ᠪᠠᠶᠢᠯ᠎ᠠ᠃      1265 ᠣᠨ ᠳᠤ ᠦᠯᠡᠬᠦ ᠪᠡᠶ᠎ᠡ ᠪᠠᠷᠠᠵᠤ᠂ ᠣᠯᠠᠨ ᠤᠭᠰᠠᠭ᠎ᠠ ᠶᠢᠨ ᠸᠠᠩ ᠪᠠ ᠶᠡᠭᠡ ᠰᠠᠶᠢᠳ ᠨᠠᠷ ᠠᠪᠠᠬ᠎ᠠ ᠶᠢ ᠢᠯ ᠬᠠᠭᠠᠨᠲᠤ ᠤᠯᠤᠰ ᠤᠨ ᠡᠵᠡᠨ ᠪᠣᠯᠭᠠᠪᠠ ᠃ ᠠᠪᠠᠬ᠎ᠠ᠂ ᠶᠤᠸᠠᠨ ᠤᠯᠤᠰ ᠤᠨ ᠶᠡᠭᠡ ᠬᠠᠭᠠᠨ ᠤ ᠵᠦᠪᠰᠢᠶᠡᠷᠡᠯ ᠢ ᠣᠯᠣᠭᠰᠠᠨ ᠦᠬᠡᠢ ᠠᠴᠠ ᠡᠯᠴᠢ ᠲᠣᠮᠢᠯᠠᠨ ᠶᠣᠸᠠᠨ ᠤᠯᠤᠰ ᠤᠨ ᠶᠡᠭᠡ ᠬᠠᠭᠠᠨ ᠳᠤ ᠭᠠᠰᠢᠭᠤᠳᠠᠯ ᠤᠨ ᠴᠢᠮᠡᠭᠡ ᠬᠦᠷᠭᠡᠵᠦ᠂ ᠠᠳᠡᠬᠢ ᠪᠠᠶᠢᠳᠠᠯ ᠢᠶᠠᠨ ᠮᠡᠳᠡᠭᠳᠡᠭᠰᠡᠨ ᠳᠤ ᠬᠤᠪᠢᠯᠠᠢ ᠬᠠᠭᠠᠨ ᠡᠯᠴᠢ ᠲᠣᠮᠢᠯᠠᠨ ᠵᠤᠤ ᠪᠢᠴᠢᠭ ᠪᠠᠷᠢᠭᠤᠯᠵᠤ ᠠᠪᠠᠬ᠎ᠠ ᠶᠢ ᠢᠯ ᠬᠠᠭᠠᠨᠲᠤ ᠤᠯᠤᠰ ᠤᠨ ᠡᠵᠡᠨ ᠢᠶᠠᠷ ᠡᠷᠭᠦᠮᠵᠢᠯᠡᠵᠡᠢ᠃ ᠣᠳᠤ ᠶᠢᠨ ᠣᠯᠳᠠᠭᠰᠠᠨ 1279 ᠣᠨ ᠤ ᠠᠪᠠᠬ᠎ᠠ ᠶᠢᠨ ᠪᠠᠭᠤᠯᠭᠠᠭᠰᠠᠨ ᠨᠢᠭᠡᠨ ᠬᠠᠭᠤᠳᠠᠰᠣ ᠵᠠᠷᠯᠢᠭ ᠳᠡᠭᠡᠷ᠎ᠡ ︽ᠤᠯᠤᠰ ᠢ ᠵᠠᠰᠠᠨ ᠠᠷᠠᠳ ᠢ ᠠᠮᠤᠷᠵᠢᠭᠤᠯᠬᠤ ᠡᠷᠳᠡᠨᠢ︾ ᠭᠡᠵᠦ ᠬᠢᠲᠠᠳ ᠢᠶᠠᠷ ᠪᠢᠴᠢᠭᠰᠡᠨ ᠳᠥᠷᠪᠡᠯᠵᠢᠨ ᠲᠠᠮᠠᠭ᠎ᠠ ᠲᠠᠢ ᠪᠠᠶᠢᠪᠠ᠃ ᠪᠣᠳᠣᠬᠤ ᠳᠤ ᠡᠨᠡ ᠲᠠᠮᠠᠭ᠎ᠠ ᠪᠣᠯ ᠬᠤᠪᠢᠯᠠᠢ ᠬᠠᠭᠠᠨ ᠠᠴᠠ ᠠᠪᠠᠬ᠎ᠠ ᠳᠤ ᠱᠠᠩᠨᠠᠭᠰᠠᠨ ᠲᠠᠮᠠᠭ᠎ᠠ ᠮᠦᠨ᠃ ᠠᠪᠠᠬ᠎ᠠ᠂ ᠰᠠᠭᠤᠷᠢᠨ ᠳᠤ ᠰᠠᠭᠤᠭᠰᠠᠨ ᠠᠴᠠ ᠬᠤᠶᠢᠰᠢ ᠨᠡᠶᠢᠰᠯᠡᠯ ᠬᠤᠲᠠ ᠪᠠᠨ ᠲᠧᠪᠷᠢᠽ ︵ᠣᠳᠤ ᠶᠢᠨ ᠢᠷᠠᠨ ᠤ ᠠᠽᠧᠷᠪᠠᠶᠢᠵᠠᠨ ᠤ ᠲᠧᠪᠷᠢᠽ︶ ᠳᠤ ᠪᠣᠯᠭᠠᠪᠠ᠃ ᠮᠢᠯᠠᠬ᠎ᠠ ᠬᠤᠲᠠ ᠳᠡᠳ᠋ ᠨᠡᠶᠢᠰᠯᠡᠯ ᠪᠣᠯᠪᠠ᠃ ᠬᠤᠪᠢᠯᠠᠢ ᠬᠠᠭᠠᠨ ᠡᠮᠦᠨᠡᠲᠦ ᠰᠦᠩ ᠤᠯᠤᠰ ᠢ ᠳᠠᠶᠢᠯᠠᠬᠤ ᠦᠶ᠎ᠡ ᠳᠤ ᠠᠪᠠᠬ᠎ᠠ᠂ ᠤᠷᠠᠨ ᠳᠠᠷᠬᠠᠴᠤᠳ ᠢ ᠡᠯᠰᠡᠨ ᠠᠪᠴᠤ᠂ ᠬᠤᠪᠢᠯᠭᠠᠨ ᠫᠤᠤᠴᠢ ᠠᠯᠤᠸᠠᠳᠢᠩ ᠪᠠ ᠢᠰᠠᠮᠢᠨ ᠵᠡᠷᠭᠡ ᠬᠦᠮᠦᠨ ᠢ ᠶᠣᠸᠠᠨ ᠤᠯᠤᠰ ᠤᠨ ᠨᠡᠶᠢᠰᠯᠡᠯ ᠳᠠᠶᠢᠳᠤ ᠬᠤᠲᠠ ᠳᠤ ᠣᠴᠢᠭᠤᠯᠵᠤ᠂ ᠢᠩᠭᠢᠭᠡᠳ ᠠᠷᠠᠪ ᠤᠨ ᠫᠤᠤ ᠵᠡᠪᠰᠡᠭ ᠬᠢᠬᠦ ᠮᠡᠷᠭᠡᠵᠢᠯ ᠢ ᠳᠤᠮᠳᠠᠳᠤ ᠤᠯᠤᠰ ᠲᠤ ᠤᠯᠠᠮᠵᠢᠯᠠᠨ ᠢᠷᠡᠪᠡ᠃      1282 ᠣᠨ ᠳᠤ ᠠᠪᠠᠬ᠎ᠠ ᠨᠠᠰᠤ ᠪᠠᠷᠠᠵᠤ᠂ ᠲᠡᠭᠦᠨ ᠤ ᠳᠡᠭᠦᠦ ᠳᠡᠭᠦᠳᠡᠷ ︵ᠠᠬᠠᠮᠠᠳ︶ ᠡᠵᠡᠨ ᠰᠠᠭᠤᠷᠢ ᠶᠢ ᠵᠠᠯᠭᠠᠮᠵᠢᠯᠠᠪᠠ᠃ 1282 ᠣᠨ ᠳᠤ ᠠᠪᠠᠬ᠎ᠠ ᠶᠢᠨ ᠬᠦᠪᠡᠭᠦᠨ ᠠᠷᠢᠭᠤᠨ᠂ ᠦᠪᠡᠷ ᠢ ᠪᠠᠨ ᠡᠴᠢᠭᠡ ᠰᠢᠭ ᠢᠶᠠᠨ ᠬᠤᠪᠢᠯᠠᠢ ᠬᠠᠭᠠᠨ ᠤ ᠨᠡᠷᠡᠯᠡᠭᠰᠡᠨ ᠢᠯ ᠬᠠᠭᠠᠨᠲᠤ ᠤᠯᠤᠰ ᠤᠨ ᠡᠵᠡᠨ ᠭᠡᠳ ᠬᠠᠭᠠᠨ ᠰᠠᠭᠤᠷᠢᠨ ᠢ ᠪᠢ ᠵᠠᠯᠭᠠᠮᠵᠢᠯᠠᠪᠠᠯ ᠵᠣᠬᠢᠰᠲᠠᠢ ᠭᠡᠪᠡ᠃ ᠢᠩᠭᠢᠭᠡᠳ ᠠᠷᠢᠭᠤᠨ ᠡᠷᠬᠡᠲᠦ ᠰᠠᠶᠢᠳ ᠪᠤᠬ᠎ᠠ ᠶᠢᠨ ᠳᠡᠮᠵᠢᠯᠭᠡ ᠪᠠᠷ ᠴᠡᠷᠢᠭ ᠢᠶᠠᠨ ᠳᠠᠶᠢᠴᠢᠯᠠᠵᠤ᠂ ᠠᠪᠠᠭ᠎ᠠ ᠳᠡᠭᠦᠳᠡᠷ ᠢ ᠬᠦᠭᠡᠭᠡᠨ ᠶᠠᠪᠤᠭᠤᠯᠵᠤ᠂ ᠶᠣᠸᠠᠨ ᠤ ᠲᠦᠷᠦ ᠳᠤ ᠴᠢᠮᠡᠭᠡ ᠮᠡᠳᠡᠭᠦᠯᠪᠡ᠃ ᠬᠤᠪᠢᠯᠠᠢ ᠬᠠᠭᠠᠨ᠂ ᠠᠷᠢᠭᠤᠨ ᠢ ᠢᠯ ᠬᠠᠭᠠᠨᠲᠤ ᠤᠯᠤᠰ ᠤᠨ ᠡᠵᠡᠨ ᠢᠶᠠᠷ ᠡᠷᠭᠦᠮᠵᠢᠯᠡᠭᠰᠡᠨ ᠪᠦᠭᠡᠳ ᠪᠤᠬ᠎ᠠ ᠳᠤ ᠴᠧᠩᠰᠢᠶᠠᠩ ᠤᠨ ᠲᠤᠰᠢᠶᠠᠯ ᠥᠭᠴᠡᠢ᠃ ᠡᠭᠦᠨ ᠠᠴᠠ ᠡᠮᠦᠨ᠎ᠡ᠂ ᠬᠤᠪᠢᠯᠠᠢ ᠬᠠᠭᠠᠨ ᠪᠤᠯᠤ ᠴᠧᠩᠰᠢᠶᠠᠩ ᠵᠡᠷᠭᠡ ᠬᠦᠮᠦᠨ ᠢ ᠢᠯ ᠬᠠᠭᠠᠨᠲᠤ ᠤᠯᠤᠰ ᠲᠤ ᠲᠤᠮᠢᠯᠠᠵᠤ ᠲᠡᠳᠡ᠂ 1282 ᠣᠨ ᠳᠤ ᠬᠦᠷᠴᠡᠢ᠃ ᠪᠤᠯᠤ᠂ ᠶᠣᠸᠠᠨ ᠤ ᠲᠦᠷᠦ ᠳᠤ ᠴᠢᠬᠤᠯᠠ ᠡᠷᠬᠡ ᠶᠢ ᠠᠳᠬᠤᠵᠤ ᠪᠠᠶᠢᠭᠰᠠᠨ ᠪᠦᠭᠡᠳ ᠮᠡᠳᠡᠯᠭᠡ ᠲᠠᠢ ᠬᠦᠮᠦᠨ ᠪᠠᠶᠢᠵᠠᠢ᠃ ᠠᠷᠢᠭᠤᠨ᠂ ᠪᠤᠯᠤ ᠴᠧᠩᠰᠢᠶᠠᠩ ᠢ ᠡᠵᠡᠨ ᠣᠷᠣᠨ ᠳᠠᠭᠠᠨ ᠦᠯᠡᠳᠡᠭᠡᠨ ᠲᠦᠷᠦ ᠶᠢᠨ ᠵᠦᠪᠯᠡᠭᠴᠢ ᠪᠣᠯᠭᠠᠪᠠ᠃ ᠠᠪᠠᠬ᠎ᠠ᠂ ᠠᠷᠢᠭᠤᠨ ᠡᠴᠢᠭᠡ ᠬᠦᠪᠡᠭᠦᠨ ᠰᠢᠷᠢᠶ᠎ᠠ ᠣᠷᠣᠨ ᠢ ᠡᠵᠡᠯᠡᠬᠦ ᠶᠢᠨ ᠲᠦᠯᠦᠭᠡ ᠡᠸᠦ᠋ᠷᠦᠫᠡ ᠶᠢᠨ ᠾᠷᠢᠰᠲ᠋ᠣᠰ ᠤᠨ ᠤᠯᠤᠰ ᠲᠠᠢ ᠬᠤᠯᠪᠤᠭ᠎ᠠ ᠪᠠᠶᠢᠭᠤᠯᠬᠤ ᠲᠦᠷᠦ ᠶᠢᠨ ᠪᠣᠳᠣᠯᠭ᠎ᠠ ᠠᠪᠴᠤ ᠷᠤᠮ ᠤᠨ ᠱᠠᠰᠢᠨ ᠤ ᠬᠠᠭᠠᠨ ᠪᠠ ᠠᠩᠭ᠍ᠯᠢ᠂ ᠹᠷᠠᠨᠼᠢ ᠵᠡᠷᠭᠡ ᠤᠯᠤᠰ ᠲᠤ ᠡᠯᠴᠢ ᠲᠣᠮᠢᠯᠠᠨ ᠨᠠᠶᠢᠷᠰᠠᠭ ᠬᠠᠷᠢᠴᠠᠭ᠎ᠠ ᠪᠠᠶᠢᠭᠤᠯᠪᠠ᠃ 1291 ᠣᠨ ᠳᠤ ᠠᠷᠢᠭᠤᠨ ᠦᠷᠭᠦᠵᠦ᠂ ᠲᠡᠭᠦᠨ ᠤ ᠳᠡᠭᠦᠦ ᠷᠢᠨᠴᠢᠨᠳᠣᠷᠵᠢ ︵ᠭᠠᠭ᠋ᠠᠶᠢᠲᠤ︶ ᠰᠠᠭᠤᠷᠢ ᠶᠢ ᠵᠠᠯᠭᠠᠵᠤ᠂ ᠳᠤᠷ᠎ᠠ ᠲᠠᠪᠠ ᠪᠠᠷ ᠮᠦᠩᠭᠦ ᠵᠣᠭᠤᠰ ᠵᠠᠷᠤᠨ᠂ ᠤᠯᠤᠰ ᠤᠨ ᠰᠠᠩ ᠬᠦᠮᠦᠷᠭᠡ ᠶᠢ ᠬᠤᠭᠤᠰᠣᠷᠠᠭᠤᠯᠤᠭᠰᠠᠨ ᠪᠢᠯᠡ᠃ ᠡᠶᠢᠮᠦ ᠠᠴᠠ ᠲᠡᠷᠡ᠂ ᠶᠣᠸᠠᠨ ᠤᠯᠤᠰ ᠢ ᠳᠠᠭᠤᠷᠢᠶᠠᠨ ᠵᠣᠭᠤᠰ ᠬᠢᠬᠦ ᠶᠢ ᠰᠡᠳᠭᠢᠭᠰᠡᠨ ᠳᠤ᠂ ᠪᠤᠯᠤ ᠴᠧᠩᠰᠢᠶᠠᠩ ᠡᠨᠡ ᠠᠵᠢᠯ ᠢ ᠤᠳᠤᠷᠢᠳᠪᠠ᠃ ᠭᠡᠪᠡᠴᠦ ᠤᠳᠠᠯ ᠦᠭᠡᠢ ᠡᠨᠡᠬᠦ ᠵᠣᠭᠤᠰ ᠢ ᠬᠡᠷᠡᠭᠯᠡᠬᠦ ᠦᠬᠡᠢ ᠪᠣᠯᠵᠠᠢ᠃      1295 ᠣᠨ ᠳᠤ ᠡᠷᠬᠡᠲᠦ ᠰᠠᠶᠢᠳ ᠷᠢᠨᠴᠢᠨᠳᠣᠷᠵᠢ ᠶᠢ ᠠᠯᠠᠵᠤ᠂ ᠪᠠᠶᠢᠳᠣ ᠶᠢ ᠤᠯᠤᠰ ᠤᠨ ᠡᠵᠡᠨ ᠪᠣᠯᠭᠠᠪᠠ᠃ ᠠᠷᠢᠭᠤᠨ ᠤ ᠬᠦᠪᠡᠭᠦᠨ ᠭᠠᠽᠠᠨ ᠴᠡᠷᠢᠭ ᠳᠠᠶᠢᠴᠢᠯᠠᠵᠤ᠂ ᠲᠡᠭᠦᠨ ᠲᠠᠢ ᠡᠵᠡᠨ ᠡᠷᠬᠡ ᠪᠤᠯᠢᠶᠠᠯᠳᠤᠭᠰᠠᠨ ᠠᠵᠢ᠃ ᠭᠠᠽᠠᠨ᠂ ᠢᠯ ᠬᠠᠭᠠᠨᠲᠤ ᠤᠯᠤᠰ ᠤᠨ ᠹᠸᠥᠳᠡᠯ ᠤᠨ ᠡᠵᠡᠳ ᠪᠠ ᠮᠦᠰᠯᠢᠮᠴᠤᠳ ᠤᠨ ᠳᠡᠮᠵᠢᠯᠭᠡ ᠶᠢ ᠣᠯᠬᠤ ᠶᠢᠨ ᠲᠦᠯᠦᠭᠡ ᠮᠦᠰᠯᠢᠮ ᠤᠨ ᠱᠠᠰᠢᠨ ᠢ ᠰᠢᠲᠦᠵᠦ᠂ ᠤᠯᠤᠰ ᠤᠨ ᠱᠠᠰᠢᠨ ᠪᠣᠯᠭᠠᠪᠠ᠃ ᠭᠠᠽᠠᠨ ᠡᠵᠡᠨ ᠰᠠᠭᠤᠷᠢ ᠶᠢ ᠵᠠᠯᠭᠠᠭᠰᠠᠨ ᠪᠠ ᠱᠠᠰᠢᠨ ᠰᠢᠲᠦᠭᠡᠨ ᠢ ᠦᠭᠡᠷᠡᠴᠢᠯᠡᠨ ᠰᠢᠲᠦᠭᠰᠡᠨ ᠶᠠᠪᠤᠳᠠᠯ ᠨᠢ ᠶᠣᠸᠠᠨ ᠤᠯᠤᠰ ᠤᠨ ᠲᠡᠮᠦᠷ ᠬᠠᠭᠠᠨ ᠤ ᠵᠦᠪᠰᠢᠶᠡᠷᠡᠯ ᠢ ᠣᠯᠣᠭᠰᠠᠨ ᠪᠢᠯᠡ᠃ 1298 ᠣᠨ ᠳᠤ ᠭᠠᠽᠠᠨ ᠡᠯᠴᠢ ᠲᠣᠮᠢᠯᠠᠨ ᠶᠣᠸᠠᠨ ᠤᠯᠤᠰ ᠲᠤ ᠣᠴᠢᠭᠤᠯᠵᠤ᠂ ᠰᠣᠪᠣᠳ ᠡᠷᠳᠡᠨᠢ ᠵᠡᠷᠭᠡ ᠬᠤᠪᠤᠷ ᠴᠤᠬᠠᠭ ᠡᠳᠡ ᠡᠷᠳᠡᠨᠢᠰ ᠢ ᠶᠡᠭᠡ ᠬᠠᠭᠠᠨ ᠳᠤ ᠡᠷᠭᠦᠪᠡ᠃ ᠥᠩᠭᠡᠷᠡᠭᠰᠡᠨ ᠳᠤ ᠮᠦᠩᠬᠡ ᠬᠠᠭᠠᠨ ᠤ ᠴᠠᠭ ᠦᠶ᠎ᠡ ᠳᠤ᠂ ᠵᠦᠩᠶᠣᠸᠠᠨ ᠭᠠᠵᠠᠷ ᠤᠨ ᠵᠠᠩ ᠳ᠋ᠧ ᠯᠦ ᠵᠠᠮ ᠳᠠᠭᠠᠤ ᠣᠷᠣᠨ ᠢ ᠦᠯᠡᠬᠦ ᠳᠤ ᠬᠠᠷᠢ ᠨᠤᠲᠤᠭ ᠢᠶᠠᠷ ᠱᠠᠩᠨᠠᠪᠠ᠃ ᠲᠡᠮᠦᠷ ᠬᠠᠭᠠᠨ ᠤ ᠴᠠᠭ ᠦᠶ᠎ᠡ ᠳᠤ ᠦᠯᠡᠬᠦ ᠶᠢᠨ ᠡᠨᠡᠬᠦ ᠬᠠᠷᠢᠶᠠᠲᠤ ᠣᠷᠣᠨ ᠠᠴᠠ ᠲᠠᠲᠠᠵᠤ ᠠᠪᠤᠭᠰᠠᠨ ᠵᠢᠯ ᠤᠨ ᠱᠠᠩᠨᠠᠯ ᠢ ᠭᠠᠽᠠᠨ ᠬᠠᠭᠠᠨ ᠳᠤ ᠥᠭᠪᠡ᠃ ᠣᠳᠤ ᠪᠣᠯᠲᠠᠯ᠎ᠠ ᠦᠯᠡᠳᠡᠵᠦ ᠪᠠᠶᠢᠭ᠎ᠠ 1302 ᠣᠨ ᠳᠤ ᠭᠠᠽᠠᠨ ᠬᠠᠭᠠᠨ ᠹᠷᠠᠨᠼᠢ ᠶᠢᠨ ᠬᠠᠭᠠᠨ ᠳᠤ ᠥᠭᠭᠦᠭᠰᠡᠨ ᠵᠠᠬᠢᠳᠠᠯ ᠳᠤ ᠬᠢᠲᠠᠳ ᠢᠶᠠᠷ ᠰᠡᠶᠢᠯᠦᠭᠰᠡᠨ ︽ᠸᠠᠩ ᠤᠨ ᠣᠷᠳᠣ᠂ ᠤᠯᠤᠰ ᠢ ᠲᠣᠭᠲᠠᠭᠠᠬᠤ᠂ ᠠᠷᠠᠳ ᠢ ᠵᠠᠰᠠᠬᠤ ᠡᠷᠳᠡᠨᠢ︾ ᠭᠡᠰᠡᠨ ᠲᠠᠮᠠᠭ᠎ᠠ ᠲᠠᠢ ᠪᠠᠶᠢᠳᠠᠭ᠃      ᠡᠨᠡ ᠲᠠᠮᠠᠭ᠎ᠠ ᠪᠣᠯ ᠶᠣᠸᠠᠨ ᠤᠯᠤᠰ ᠠᠴᠠ ᠢᠯ ᠬᠠᠭᠠᠨᠲᠤ ᠤᠯᠤᠰ ᠤᠨ ᠡᠵᠡᠨ ᠳᠤ ᠰᠢᠨ᠎ᠡ ᠰᠡᠶᠢᠯᠵᠦ ᠥᠭᠭᠦᠭᠰᠡᠨ ᠲᠠᠮᠠᠭ᠎ᠠ ᠮᠦᠨ᠃ ᠭᠠᠽᠠᠨ ᠬᠠᠭᠠᠨ ᠰᠠᠭᠤᠷᠢ ᠶᠢ ᠵᠠᠯᠭᠠᠮᠵᠢᠯᠠᠭᠰᠠᠨ ᠠᠴᠠ ᠬᠤᠶᠢᠰᠢ ᠶᠡᠭᠡ ᠬᠡᠮᠵᠢᠶ᠎ᠡ ᠪᠠᠷ ᠨᠡᠶᠢᠭᠡᠮ ᠤᠨ ᠦᠭᠡᠷᠡᠴᠢᠯᠡᠯᠲᠡ ᠬᠢᠵᠦ᠂ ᠭᠠᠵᠠᠷ ᠲᠠᠷᠢᠶ᠎ᠠ᠂ ᠭᠠᠶᠢᠯᠢ ᠭᠤᠪᠴᠢᠭᠤᠷ᠂ ᠥᠷᠲᠡᠭᠡ ᠵᠠᠮ᠂ ᠵᠣᠭᠤᠰ ᠵᠤᠭ᠎ᠠ ᠵᠡᠷᠭᠡ ᠶᠢᠨ ᠳᠦᠷᠢᠮ ᠢ ᠰᠢᠨ᠎ᠡ ᠪᠠᠷ ᠲᠣᠭᠲᠠᠭᠠᠵᠤ᠂ ᠪᠠᠰᠠ ᠮᠣᠩᠭᠤᠯ ᠤᠨ ᠢᠵᠠᠭᠤᠷᠲᠠᠨ ᠵᠠᠩᠵᠤᠨ ᠵᠠᠬᠢᠷᠤᠭᠴᠢ ᠪᠠ ᠨᠣᠶᠠᠨ ᠠᠴᠠ ᠳᠤᠷ᠎ᠠ ᠪᠠᠷ ᠢᠶᠠᠨ ᠭᠠᠶᠢᠯᠢ ᠭᠤᠪᠴᠢᠭᠤᠷ ᠠᠪᠬᠤ ᠶᠢ ᠬᠤᠷᠢᠭᠯᠠᠭᠰᠠᠨ ᠠᠴᠠ ᠢᠯ ᠬᠠᠭᠠᠨᠲᠤ ᠤᠯᠤᠰ ᠤᠨ ᠲᠠᠷᠢᠶᠠᠯᠠᠩ ᠠᠵᠤ ᠠᠬᠤᠢ᠂ ᠭᠠᠷ ᠦᠢᠯᠡᠳᠪᠦᠷᠢ ᠪᠠ ᠠᠷᠠᠯᠵᠢᠶ᠎ᠠ ᠮᠠᠶᠢᠮᠠᠢ ᠬᠦᠭᠵᠢᠵᠦ᠂ ᠤᠯᠤᠰ ᠤᠨ ᠣᠷᠣᠯᠭ᠎ᠠ ᠨᠡᠮᠡᠭᠳᠡᠪᠡ᠃ ᠭᠠᠽᠠᠨ ᠬᠠᠭᠠᠨ ᠪᠠᠰᠠ ᠰᠢᠨᠵᠢᠯᠡᠬᠦ ᠤᠬᠠᠭᠠᠨ ᠤ ᠬᠦᠭᠵᠢᠯᠲᠡ ᠶᠢ ᠬᠦᠬᠢᠭᠦᠯᠵᠦ᠂ ᠨᠡᠶᠢᠰᠯᠡᠯ ᠬᠤᠲᠠᠨ ᠳᠠᠭᠠᠨ ᠣᠳᠣᠨ ᠣᠷᠣᠨ ᠤ ᠰᠤᠳᠤᠯᠭᠠᠨ ᠤ ᠭᠠᠵᠠᠷ ᠪᠠᠶᠢᠭᠤᠯᠵᠤ᠂ ᠪᠠᠰᠠ ᠰᠤᠷᠭᠠᠭᠤᠯᠢ ᠪᠠᠶᠢᠭᠤᠯᠤᠨ ᠴᠧᠩᠰᠢᠶᠠᠩ ᠷᠠᠰᠢᠳ᠋ — ᠠᠳ᠋ — ᠳ᠋ᠢᠨ ᠢ ᠵᠠᠷᠯᠢᠭᠳᠠᠵᠤ ︽ᠰᠤᠳᠤᠷ ᠤᠨ ᠴᠢᠭᠤᠯᠭᠠᠨ︾ ᠢ ᠡᠮᠬᠢᠳᠭᠡᠪᠡ᠃ ᠭᠠᠽᠠᠨ ᠬᠠᠭᠠᠨ ᠪᠣᠯ ᠣᠯᠠᠨ ᠵᠦᠢᠯ ᠤᠨ ᠬᠡᠯᠡ ᠳᠤ ᠨᠡᠪᠲᠡᠷᠬᠡᠢ ᠪᠦᠭᠡᠳ ᠣᠳᠣᠨ ᠤᠬᠠᠭᠠᠨ᠂ ᠡᠮ ᠡᠮᠨᠡᠯᠭᠡ ᠪᠠ ᠨᠡᠯᠢᠶᠡᠳ ᠣᠯᠠᠨ ᠤᠷᠠᠨ ᠮᠡᠷᠭᠡᠵᠢᠯ ᠳᠤ ᠪᠦᠷ ᠮᠡᠷᠭᠡᠵᠢᠭᠰᠡᠨ ᠶᠤᠮ᠃ ᠢᠯᠠᠩᠭᠤᠶ᠎ᠠ ᠲᠡᠦᠬᠡᠨ ᠳᠤ ᠶᠡᠭᠡ ᠪᠠᠬ᠎ᠠ ᠲᠠᠢ ᠪᠦᠭᠡᠳ ᠰᠡᠴᠡᠨ ᠮᠡᠷᠭᠡᠨ ᠡᠵᠡᠨ ᠭᠡᠵᠦ ᠬᠦᠨᠳᠦᠳᠬᠡᠭᠳᠡᠨ ᠳᠠᠭᠤᠳᠠᠭᠳᠠᠵᠤ ᠪᠠᠶᠢᠪᠠ᠃ ᠲᠡᠷᠡ ᠶᠧᠵᠢᠫᠲ ᠤᠨ ᠨᠢᠭᠡ ᠸᠠᠩᠲᠤ ᠤᠯᠤᠰ ᠲᠠᠢ ᠰᠢᠷᠢᠶ᠎ᠠ ᠶᠢ ᠪᠤᠯᠢᠶᠠᠯᠴᠠᠨ ᠣᠯᠠᠨᠲᠠ ᠳᠠᠶᠢᠨ ᠬᠢᠵᠦ᠂ ᠴᠠᠭᠠᠳᠠᠢ ᠬᠠᠭᠠᠨᠲᠤ ᠤᠯᠤᠰ ᠤᠨ ᠡᠵᠡᠨ ᠲᠤᠸᠠ ᠡᠨᠡ ᠵᠠᠪᠰᠢᠶᠠᠨ ᠢ ᠳᠠᠯᠢᠮᠳᠠᠭᠤᠯᠵᠤ᠂ ᠢᠯ ᠬᠠᠭᠠᠨᠲᠤ ᠤᠯᠤᠰ ᠤᠨ ᠵᠡᠭᠦᠨ ᠬᠡᠰᠡᠭ ᠤᠨ ᠲᠤᠬᠠᠷ᠎ᠠ ︵ᠣᠳᠤ ᠶᠢᠨ ᠠᠹᠭᠠᠨᠢᠰᠲ᠋ᠠᠨ ᠤ ᠵᠡᠭᠦᠨ ᠬᠤᠶᠢᠳᠤ ᠣᠷᠣᠨ ᠳᠤ ᠪᠣᠢ︶ ᠭᠡᠳᠡᠭ ᠭᠠᠵᠠᠷ ᠢ ᠡᠵᠡᠯᠡᠨ ᠠᠪᠤᠪᠠ᠃ 1304 ᠣᠨ ᠳᠤ ᠭᠠᠽᠠᠨ ᠬᠠᠭᠠᠨ ᠪᠡᠶ᠎ᠡ ᠪᠠᠷᠠᠵᠤ᠂ ᠲᠡᠭᠦᠨ ᠤ ᠳᠡᠭᠦᠦ ᠬᠠᠷᠠᠪᠠᠨᠳᠠ ︵ᠦᠯᠵᠡᠶᠢᠲᠦ︶ ᠡᠵᠡᠨ ᠰᠠᠭᠤᠷᠢ ᠶᠢ ᠵᠠᠯᠭᠠᠮᠵᠢᠯᠠᠨ᠂ ᠨᠡᠶᠢᠰᠯᠡᠯ ᠢᠶᠠᠨ ᠰᠦᠨᠲ᠋ᠠᠨᠢᠶᠧ ︵ᠣᠳᠤ ᠶᠢᠨ ᠢᠷᠠᠨ ᠤ ᠠᠽᠧᠷᠪᠠᠶᠢᠵᠠᠨ ᠤ ᠰᠦᠯᠲᠨᠢᠶᠧ︶ ᠳᠤ ᠨᠡᠭᠦᠯᠭᠡᠪᠡ᠃ ᠬᠠᠷᠠᠪᠠᠨᠳᠠ ᠠᠬ᠎ᠠ ᠶᠢᠨ ᠢᠶᠠᠨ ᠲᠣᠭᠲᠠᠭᠠᠭᠰᠠᠨ ᠲᠦᠷᠦ ᠶᠢᠨ ᠪᠣᠳᠣᠯᠭ᠎ᠠ ᠶᠢ ᠪᠠᠷᠢᠮᠲᠠᠯᠠᠨ ᠶᠠᠪᠤᠭᠤᠯᠵᠤ᠂ ᠷᠠᠰᠢᠳ᠋ — ᠠᠳ᠋ — ᠳ᠋ᠢᠨ ᠢᠶᠠᠷ ᠮᠦᠨ ᠴᠧᠩᠰᠢᠶᠠᠩ ᠪᠣᠯᠭᠠᠵᠤ᠂ ᠠᠵᠤ ᠠᠬᠤᠢ᠂ ᠰᠣᠶᠣᠯ ᠢ ᠦᠷᠬᠦᠯᠵᠢᠯᠡᠨ ᠬᠦᠭᠵᠢᠭᠦᠯᠵᠡᠢ᠃ ᠷᠠᠰᠢᠳ᠋ — ᠠᠳ᠋ — ᠳ᠋ᠢᠨ ︽ᠰᠣᠳᠤᠷ ᠤᠨ ᠴᠢᠭᠤᠯᠭᠠᠨ︾ ᠤ ᠣᠯᠠᠨ ᠪᠤᠳᠢ ᠶᠢ ᠡᠮᠬᠢᠳᠬᠡᠨ ᠪᠢᠴᠢᠭᠰᠡᠨ ᠠᠴᠠ ᠭᠠᠳᠠᠨ᠎ᠠ᠂ ᠪᠠᠰᠠ ︽ᠢᠯ ᠬᠠᠭᠠᠨ ᠤ ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠡᠷᠳᠡᠨᠢ ᠶᠢᠨ ᠰᠠᠩ︾ ᠭᠡᠰᠡᠨ ᠨᠣᠮ ᠢ ᠡᠮᠬᠢᠳᠭᠡᠪᠡ᠃ ᠡᠨᠡ ᠨᠣᠮ ᠳᠠᠭᠠᠨ ᠳᠤᠮᠳᠠᠳᠤ ᠤᠯᠤᠰ ᠤᠨ ᠡᠯ᠎ᠡ ᠲᠦᠷᠦ ᠶᠢᠨ ᠡᠮ ᠡᠮᠨᠡᠯᠭᠡ ᠶᠢᠨ ᠤᠬᠠᠭᠠᠨ ᠤ ᠠᠮᠵᠢᠯᠲᠠ ᠶᠢ ᠲᠠᠨᠢᠯᠴᠠᠭᠤᠯᠪᠠ᠃ ᠡᠨᠡ ᠦᠶ᠎ᠡ ᠶᠢᠨ ᠶᠠᠭ ᠶᠣᠸᠠᠨ ᠤᠯᠤᠰ ᠤᠨ ᠲᠡᠮᠦᠷ ᠬᠠᠭᠠᠨ ᠤ ᠦᠶ᠎ᠡ ᠪᠠ ᠳᠤᠸᠠ᠂ ᠴᠡᠪᠡᠷ ᠬᠤᠶᠠᠷ ᠡᠪᠰᠡᠨ ᠮᠣᠩᠭᠤᠯ ᠤᠨ ᠬᠠᠭᠠᠨ ᠤᠭᠰᠠᠭᠠᠨ ᠤ ᠳᠣᠲᠣᠷᠠᠬᠢ ᠬᠢᠮᠤᠷᠠᠯᠳᠤᠭᠠᠨ ᠲᠦᠷ ᠵᠣᠭᠰᠤᠵᠤ᠂ ᠵᠡᠭᠦᠨ ᠪᠠᠷᠠᠭᠤᠨ ᠵᠠᠮ ᠨᠡᠪᠲᠡᠷᠡᠯᠭᠡ ᠦᠷᠬᠦᠯᠵᠢᠯᠡᠨ ᠨᠡᠪᠲᠡᠷᠡᠭᠰᠡᠨ ᠴᠠᠭ ᠪᠠᠶᠢᠪᠠ᠃ ᠢᠯ ᠬᠠᠭᠠᠨᠲᠤ ᠤᠯᠤᠰ ᠪᠠ ᠶᠣᠸᠠᠨ ᠤᠯᠤᠰ ᠤᠨ ᠡᠯᠴᠢᠳ ᠤᠨ ᠶᠠᠪᠤᠯᠴᠠᠭ᠎ᠠ ᠨᠡᠩ ᠣᠯᠠᠰᠢᠷᠠᠭᠰᠠᠨ ᠪᠠᠶᠢᠯ᠎ᠠ᠃      1305 ᠣᠨ ᠳᠤ ᠬᠠᠷᠠᠪᠠᠨᠳᠠ᠂ ᠹᠷᠠᠨᠼᠢ ᠶᠢᠨ ᠸᠠᠩ ᠫᠸᠧᠷ ᠳᠥᠷᠪᠡᠳᠦᠭᠡᠷ ᠲᠤ ᠡᠨᠡ ᠴᠢᠮᠡᠭᠡ ᠶᠢ ᠬᠡᠯᠡᠵᠦ ᠥᠭᠭᠦᠭᠰᠡᠨ ᠵᠠᠬᠢᠳᠠᠯ ᠳᠡᠭᠡᠷ᠎ᠡ ᠮᠦᠨ ᠬᠢᠲᠠᠳ ᠦᠰᠦᠭ ᠢᠶᠠᠷ ᠰᠡᠶᠢᠯᠦᠭᠰᠡᠨ ︽ᠦᠨᠡᠨ ᠵᠠᠶᠠᠭᠠᠲᠤ ᠬᠠᠭᠠᠨ᠂ ᠲᠦᠮᠡᠨ ᠬᠠᠷᠢ ᠶᠢ ᠢᠯᠪᠢᠨ ᠳᠠᠭᠠᠭᠤᠯᠬᠤ ᠶᠢᠨ ᠡᠷᠳᠡᠨᠢ︾ ᠭᠡᠰᠡᠨ ᠳᠥᠷᠪᠡᠯᠵᠢᠨ ᠲᠠᠮᠠᠭ᠎ᠠ ᠲᠠᠢ ᠪᠠᠶᠢᠪᠠ᠃      1316 ᠣᠨ ᠳᠤ ᠬᠠᠷᠠᠪᠠᠨᠳᠠ ᠪᠡᠶ᠎ᠡ ᠪᠠᠷᠠᠵᠤ᠂ ᠲᠡᠭᠦᠨ ᠤ ᠬᠦᠪᠡᠭᠦᠨ ᠠᠪᠣᠰᠠᠶᠢᠳ᠋ ᠰᠠᠭᠤᠷᠢ ᠵᠠᠯᠭᠠᠮᠵᠢᠯᠠᠨ ᠰᠠᠭᠤᠪᠠ᠃ ᠲᠡᠭᠡᠭᠡᠳ ᠲᠡᠷᠡ ᠤᠤᠯ ᠤᠨ ᠨᠡᠶᠢᠰᠯᠡᠯ ᠲᠧᠪᠷᠢᠽ ᠳᠡᠭᠡᠨ ᠡᠭᠡᠵᠦ ᠨᠡᠶᠢᠰᠯᠡᠨ ᠰᠠᠭᠤᠯ᠎ᠠ᠃ ᠡᠷᠬᠡᠲᠦ ᠰᠠᠶᠢᠳ ᠴᠦᠪᠠᠨ᠂ ᠠᠪᠤᠰᠠᠶᠢᠳ᠋ ᠢ ᠡᠵᠡᠨ ᠰᠠᠭᠤᠷᠢᠨ ᠳᠤ ᠰᠠᠭᠤᠯᠭᠠᠬᠤ ᠳᠤ ᠲᠤᠰᠠᠯᠠᠭᠰᠠᠨ ᠭᠠᠪᠢᠶ᠎ᠠ ᠲᠠᠢ ᠪᠣᠯᠵᠤ ᠠᠪᠤᠰᠠᠶᠢᠳ᠋ ᠲᠡᠭᠦᠨ ᠤ ᠲᠦᠯᠦᠭᠡ ᠶᠣᠸᠠᠨ ᠤᠯᠤᠰ ᠲᠤ ᠵᠡᠷᠭᠡ ᠭᠤᠶᠤᠴᠢᠯᠠᠵᠤ ᠥᠭᠭᠦᠭᠰᠡᠨ ᠳᠤ᠂ 1324 ᠣᠨ ᠳᠤ ᠶᠣᠸᠠᠨ ᠤᠯᠤᠰ ᠤᠨ ᠶᠢᠰᠦᠨᠲᠡᠮᠦᠷ ᠬᠠᠭᠠᠨ ᠠᠴᠠ ᠴᠦᠪᠠᠨ ᠳᠤ ᠭᠦᠸᠧ ᠭᠦᠩ ︵ᠤᠯᠤᠰ ᠤᠨ ᠭᠦᠩ︶ ᠵᠡᠷᠭᠡ ᠥᠭᠭᠦᠭᠰᠡᠨ ᠪᠦᠭᠡᠳ ᠮᠦᠩᠭᠦᠨ ᠲᠠᠮᠠᠭ᠎ᠠ᠂ ᠠᠯᠳᠠᠨ ᠴᠤᠴᠤᠭ᠎ᠠ ᠱᠠᠩᠨᠠᠪᠠ ᠃ ᠡᠶᠢᠮᠦ ᠠᠴᠠ᠂ ᠤᠯᠤᠰ ᠤᠨ ᠲᠦᠷᠦ ᠶᠢ ᠭᠠᠭᠴᠠᠭᠠᠷ ᠠᠳᠬᠤᠵᠤ ᠦᠷ᠎ᠡ ᠬᠡᠦᠬᠡᠳ ᠨᠢ ᠪᠦᠷ ᠴᠢᠬᠤᠯᠠ ᠡᠷᠬᠡ ᠶᠢ ᠠᠳᠬᠤᠨ ᠠᠪᠤᠰᠠᠶᠢᠳ᠋ ᠬᠠᠭᠠᠨ ᠲᠠᠢ ᠵᠦᠷᠢᠴᠡᠯ ᠡᠭᠦᠰᠴᠡᠢ᠃ ᠠᠪᠤᠰᠠᠶᠢᠳ᠋ ᠬᠠᠭᠠᠨ᠂ ᠴᠦᠪᠠᠨ ᠤ ᠭᠤᠷᠪᠠᠳᠤᠭᠠᠷ ᠬᠦᠦ ᠶᠢ ᠶᠠᠯᠠᠳᠠᠨ ᠠᠯᠠᠭᠰᠠᠨ ᠳᠤ ᠴᠦᠪᠠᠨ ᠤᠷᠪᠠᠵᠤ ᠢᠯᠠᠭᠳᠠᠨ ᠠᠯᠠᠭᠳᠠᠪᠠ᠃ ᠡᠨᠡ ᠤᠳᠠᠭᠠᠨ ᠤ ᠳᠣᠲᠣᠭᠠᠳᠤ ᠶᠢᠨ ᠤᠷᠪᠠᠯᠭᠠᠨ ᠤ ᠳᠠᠷᠠᠭ᠎ᠠ ᠢᠯ ᠬᠠᠭᠠᠨᠲᠤ ᠤᠯᠤᠰ ᠤᠨ ᠢᠳᠡ ᠬᠦᠴᠦ ᠨᠢ ᠪᠠᠭᠤᠷᠠᠨ᠂ ᠨᠣᠶᠠᠷᠬᠠᠭᠴᠢ ᠪᠦᠯᠦᠭ ᠤᠨ ᠳᠣᠲᠣᠷᠠᠬᠢ ᠵᠦᠷᠢᠴᠡᠯ ᠪᠠ ᠤᠯᠤᠰ ᠤᠨ ᠳᠣᠲᠣᠷᠠᠬᠢ ᠦᠨᠳᠦᠰᠦᠲᠡᠨ ᠤ ᠵᠦᠷᠢᠴᠡᠯ᠂ ᠠᠩᠭᠢ ᠶᠢᠨ ᠵᠦᠷᠢᠴᠡᠯ ᠨᠡᠩ ᠬᠤᠷᠴᠠ ᠰᠢᠷᠦᠭᠦᠨ ᠪᠣᠯᠣᠭᠰᠠᠨ ᠠᠵᠢ᠃      1335 ᠣᠨ ᠳᠤ᠂ ᠠᠪᠤᠰᠠᠶᠢᠳ᠋ ᠦᠭᠦᠭᠰᠡᠨ ᠤ ᠳᠠᠷᠠᠭ᠎ᠠ᠂ ᠢᠯ ᠬᠠᠭᠠᠨᠲᠤ ᠤᠯᠤᠰ ᠲᠦᠷᠭᠡᠨ ᠳᠣᠷᠣᠶᠢᠲᠠᠨ᠂ ᠡᠷᠬᠡᠲᠦ ᠲᠦᠰᠢᠮᠡᠯ᠂ ᠴᠡᠷᠢᠭ ᠤᠨ ᠵᠠᠩᠵᠤᠨ ᠨᠠᠷ ᠦᠪᠡᠷ ᠦᠪᠡᠷ ᠢᠶᠠᠨ ᠮᠠᠨᠤᠤᠯ ᠬᠠᠭᠠᠨ ᠪᠤᠰᠬᠠᠵᠤ᠂ ᠬᠠᠷᠢᠯᠴᠠᠨ ᠬᠠᠳᠬᠤᠯᠳᠤᠨ ᠳᠠᠭᠠᠷᠢᠵᠤ ᠳᠣᠪᠲᠣᠯᠵᠠᠢ᠃ 1335 ᠣᠨ ᠳᠤ ᠬᠢᠪᠴᠠᠭ ᠬᠠᠭᠠᠨᠲᠤ ᠤᠯᠤᠰ ᠤᠨ ᠡᠵᠡᠨ ᠵᠠᠨᠢ ᠪᠠᠬᠢ ᠲᠧᠪᠷᠢᠽ ᠢ ᠡᠵᠡᠯᠡᠵᠦ᠂ ᠢᠯ ᠬᠠᠭᠠᠨᠲᠤ ᠤᠯᠤᠰ ᠤᠨ ᠡᠷᠬᠡ ᠠᠳᠬᠤᠵᠤ ᠪᠠᠶᠢᠭᠰᠠᠨ ᠴᠦᠪᠠᠨ ᠤ ᠦᠷᠡᠳᠦᠰ ᠢ ᠬᠢᠲᠤᠨ ᠠᠯᠠᠵᠤ᠂ ᠢᠯ ᠬᠠᠭᠠᠨᠲᠤ ᠤᠯᠤᠰ ᠤᠨ ᠡᠵᠡᠨ ᠨᠦᠰᠠᠶᠢᠷᠸᠠᠨ ᠦᠯᠦ ᠮᠡᠳᠡᠭ ᠦᠬᠡᠢ ᠪᠣᠯᠪᠠ᠃ ᠡᠨᠡᠬᠦ ᠰᠠᠮᠠᠭᠤᠨ ᠳᠤ ᠨᠢᠭᠡ ᠬᠡᠰᠡᠭ ᠣᠷᠣᠨ ᠨᠤᠲᠤᠭ ᠤᠨ ᠢᠵᠠᠭᠤᠷᠲᠠᠨ ᠪᠠᠰᠠ ᠵᠠᠪᠰᠢᠶᠠᠨ ᠢ ᠳᠠᠯᠢᠮᠳᠠᠭᠤᠯᠵᠤ᠂ ᠲᠤᠰᠠᠭᠠᠷ ᠲᠤᠭᠲᠠᠨᠢᠨ᠂ ᠣᠷᠣᠨ ᠨᠤᠲᠤᠭ ᠢ ᠬᠡᠰᠡᠭᠯᠡᠨ ᠡᠵᠡᠯᠡᠬᠦ ᠪᠠᠶᠢᠳᠠᠯ ᠪᠣᠢ ᠪᠣᠯᠵᠠᠢ᠃ ᠪᠠᠭᠳᠠᠳ᠋ ᠢ ᠡᠵᠡᠯᠡᠵᠦ ᠪᠠᠶᠢᠭᠰᠠᠨ ᠮᠣᠩᠭᠤᠯ ᠤᠨ ᠢᠵᠠᠭᠤᠷᠲᠠᠨ ᠬᠠᠰ ︵ᠵᠠᠯᠠᠶᠢᠷ ᠣᠪᠣᠭᠲᠠᠨ︶ 1340 ᠣᠨ ᠳᠤ ᠪᠡᠶ᠎ᠡ ᠪᠠᠨ ᠬᠠᠨ ᠡᠷᠭᠦᠮᠵᠢᠯᠡᠪᠡ᠃ 1358 ᠣᠨ ᠳᠤ ᠲᠡᠭᠦᠨ ᠤ ᠬᠦᠪᠡᠭᠦᠨ ᠤᠸᠠᠰ ᠬᠠᠨ ᠠᠽᠧᠷᠪᠠᠶᠢᠵᠠᠨ ᠵᠡᠷᠭᠡ ᠮᠤᠵᠢ ᠶᠢ ᠡᠵᠡᠯᠡᠨ ᠲᠧᠪᠷᠢᠽ ᠳᠤ ᠨᠡᠭᠦᠨ ᠨᠡᠶᠢᠰᠯᠡᠪᠡ᠃ ᠲᠡᠦᠬᠡᠨ ᠳᠡᠭᠡᠷ᠎ᠡ ᠲᠡᠳᠡᠨ ᠤ ᠤᠯᠤᠰ ᠢ ᠵᠠᠯᠠᠶᠢᠷ ᠸᠠᠩᠲᠤ ᠤᠯᠤᠰ ᠭᠡᠵᠡᠢ᠃ 14 ᠳ᠋ᠦ᠋ᠭᠡᠷ ᠵᠠᠭᠤᠨ ᠤ ᠰᠡᠭᠦᠯᠴᠢ ᠪᠠᠷ ᠵᠠᠯᠠᠶᠢᠷ ᠸᠠᠩᠲᠤ ᠤᠯᠤᠰ ᠲᠡᠮᠦᠷ ᠤᠨ ᠬᠠᠭᠠᠨᠲᠤ ᠤᠯᠤᠰ ᠲᠤ ᠮᠦᠬᠦᠭᠡᠭᠳᠡᠪᠡ᠃
ᠢᠷᠡᠯᠲᠡ᠄ ︽ᠮᠣᠩᠭᠤᠯ ᠬᠠᠭᠠᠨᠲᠤ ᠤᠯᠤᠰ ᠤᠨ ᠲᠣᠪᠴᠢ ᠲᠡᠦᠬᠡ︾ ᠨᠣᠮ