2023 ᠣᠨ ᠤ ᠣᠶᠤᠲᠠᠳ ᠤᠨ ᠰᠠᠶᠢᠨ ᠳᠤᠷ᠎ᠠ ᠠᠴᠠ ᠪᠠᠨ ᠪᠠᠷᠠᠭᠤᠨ ᠣᠷᠣᠨ ᠳᠤ ᠦᠢᠯᠡᠴᠢᠯᠡᠬᠦ | ᠲᠥᠯᠥᠪᠯᠡᠭᠡ ᠳᠤ ᠨᠡᠷ᠎ᠡ ᠮᠡᠳᠡᠭᠦᠯᠵᠦ ᠡᠬᠢᠯᠡᠪᠡ︕ | 4 ᠳ᠋ᠦ᠋ᠭᠡᠷ ᠰᠠᠷ᠎ᠠ ᠶᠢᠨ 12 ᠤᠨ ᠡᠳᠦᠷ ᠠᠴᠠ ᠡᠬᠢᠯᠡᠨ 5 ᠳ᠋ᠤᠭᠠᠷ ᠰᠠᠷ᠎ᠠ ᠶᠢᠨ ᠳᠤᠮᠳᠠᠴᠢ ᠰᠡᠭᠦᠯᠴᠢ | ᠪᠣᠯᠲᠠᠯ᠎ᠠ ᠪᠠᠷᠠᠭᠤᠨ ᠣᠷᠣᠨ ᠤ ᠲᠥᠯᠥᠪᠯᠡᠭᠡ ᠶᠢᠨ ᠠᠯᠪᠠᠨ ᠤ ᠰᠦᠯᠵᠢᠶ᠎ᠡ ︵http://xibu.youth.cn︶ ᠪᠠᠷ | ᠡᠩ ᠤᠨ ᠳᠡᠭᠡᠳᠦ ᠵᠡᠷᠭᠡ ᠶᠢᠨ ᠰᠤᠷᠭᠠᠭᠤᠯᠢ ᠶᠢᠨ ᠲᠤᠰ ᠵᠢᠯ ᠤᠨ ᠲᠡᠭᠦᠰᠦᠭᠰᠡᠳ ᠪᠤᠶᠤ ᠰᠤᠷᠭᠠᠭᠤᠯᠢ ᠳᠤ | ᠰᠤᠷᠤᠯᠴᠠᠵᠤ ᠪᠠᠶᠢᠭ᠎ᠠ ᠰᠣᠳᠣᠯᠬᠤ ᠰᠤᠷᠤᠭᠴᠢᠳ ᠤᠨ ᠨᠡᠷ᠎ᠡ ᠮᠡᠳᠡᠭᠦᠯᠬᠦ ᠶᠢ ᠭᠥᠯᠢᠶᠡᠨ ᠠᠪᠴᠤ ᠪᠤᠢ | | | 2023 ᠣᠨ ᠳᠤ ᠪᠠᠷᠠᠭᠤᠨ ᠣᠷᠣᠨ ᠤ ᠲᠥᠯᠥᠪᠯᠡᠭᠡ ᠶᠢᠨ ᠪᠥᠬᠦ ᠤᠯᠤᠰ ᠤᠨ ᠲᠥᠷᠥᠯ ᠵᠦᠢᠯ ᠤᠨ | ᠬᠡᠷᠡᠭᠵᠢᠭᠦᠯᠬᠦ ᠬᠡᠪᠴᠢᠶ᠎ᠡ ᠳᠤ ᠦᠷᠭᠦᠯᠵᠢᠯᠡᠨ 2 ᠲᠦᠮᠡᠨ ᠬᠥᠮᠥᠨ ᠢ ᠪᠠᠲᠤᠯᠠᠨ᠂ ᠣᠷᠣᠨ ᠨᠤᠲᠤᠭ ᠲᠠᠬᠢ ᠲᠥᠷᠥᠯ | ᠵᠦᠢᠯ ᠤᠨ ᠬᠡᠷᠡᠭᠵᠢᠭᠦᠯᠬᠦ ᠬᠡᠪᠴᠢᠶ᠎ᠡ ᠶᠢ ᠵᠢᠱᠢᠯᠲᠡ ᠪᠠᠷ 4 ᠲᠦᠮᠡᠨ ᠬᠥᠮᠥᠨ ᠠᠴᠠ ᠳᠠᠪᠠᠭᠤᠯᠵᠤ᠂ ᠬᠥᠳᠡᠭᠡ | ᠲᠣᠰᠬᠤᠨ ᠤ ᠰᠤᠷᠭᠠᠨ ᠬᠥᠮᠦᠵᠢᠯ᠂ ᠬᠥᠳᠡᠭᠡ ᠲᠣᠰᠬᠤᠨ ᠤ ᠪᠦᠲᠦᠭᠡᠨ ᠪᠠᠶᠢᠭᠤᠯᠤᠯᠲᠠ ᠳᠤ ᠦᠢᠯᠡᠴᠢᠯᠡᠬᠦ᠂ ᠡᠷᠡᠭᠦᠯ | ᠡᠩᠬᠡ ᠬᠥᠳᠡᠭᠡ ᠲᠣᠰᠬᠤᠨ᠂ ᠦᠨᠳᠦᠰᠦᠨ ᠱᠠᠲᠤᠨ ᠤ ᠵᠠᠯᠠᠭᠤᠴᠤᠳ ᠤᠨ ᠠᠵᠢᠯ᠂ ᠬᠥᠳᠡᠭᠡ ᠲᠣᠰᠬᠤᠨ ᠤ | ᠨᠡᠶᠢᠭᠡᠮ ᠤᠨ ᠵᠠᠰᠠᠯᠲᠠ᠂ ᠰᠢᠨᠵᠢᠶᠠᠩ ᠳᠤ ᠦᠢᠯᠡᠴᠢᠯᠡᠬᠦ᠂ ᠲᠥᠪᠡᠳ ᠲᠤ ᠦᠢᠯᠡᠴᠢᠯᠡᠬᠦ ᠵᠡᠷᠭᠡ 7 ᠲᠤᠰᠬᠠᠢ ᠵᠦᠢᠯ | ᠬᠤᠪᠢᠶᠠᠨ᠎ᠠ᠃ | | ︽ᠪᠠᠷᠠᠭᠤᠨ ᠣᠷᠣᠨ ᠤ ᠲᠥᠯᠥᠪᠯᠡᠭᠡ︾ ᠶᠢᠨ ᠲᠤᠬᠠᠢ ᠲᠠᠨ ᠤ ᠮᠡᠳᠡᠬᠦ ᠶᠣᠰᠣᠲᠠᠢ ᠵᠦᠢᠯᠡᠰ | | ᠣᠶᠤᠲᠠᠳ ᠤᠨ ᠰᠠᠶᠢᠨ ᠳᠤᠷ᠎ᠠ ᠠᠴᠠ ᠪᠠᠨ ᠪᠠᠷᠠᠭᠤᠨ ᠣᠷᠣᠨ ᠳᠤ ᠦᠢᠯᠡᠴᠢᠯᠡᠬᠦ ᠲᠥᠯᠥᠪᠯᠡᠭᠡ | ︵ᠲᠣᠪᠴᠢᠯᠠᠭᠠᠳ ᠪᠠᠷᠠᠭᠤᠨ ᠣᠷᠣᠨ ᠤ ᠲᠥᠯᠥᠪᠯᠡᠭᠡ ᠭᠡᠳᠡᠭ︶ ᠪᠣᠯ ᠲᠥᠷᠥ ᠶᠢᠨ ᠶᠠᠪᠤᠳᠠᠯ ᠤᠨ ᠬᠤᠷᠢᠶᠠᠨ ᠤ | ᠪᠠᠶᠢᠩᠭᠤ ᠶᠢᠨ ᠬᠤᠷᠠᠯ ᠢᠶᠠᠷ ᠳᠠᠮᠵᠢᠨ ᠲᠣᠭᠲᠠᠭᠠᠵᠤ᠂ ᠡᠪ ᠬᠠᠮᠲᠤ ᠵᠠᠯᠠᠭᠤᠴᠤᠳ ᠤᠨ ᠡᠪᠯᠡᠯ ᠤᠨ ᠲᠥᠪ ᠬᠤᠷᠢᠶ᠎ᠠ᠂ | ᠰᠤᠷᠭᠠᠨ ᠬᠥᠮᠦᠵᠢᠯ ᠤᠨ ᠶᠠᠮᠤᠨ᠂ ᠡᠳ᠋ ᠤᠨ ᠵᠠᠰᠠᠭ ᠤᠨ ᠶᠠᠮᠤᠨ᠂ ᠬᠥᠮᠥᠨ ᠤ ᠬᠦᠴᠦᠨ ᠤ ᠡᠬᠢ ᠪᠠᠶᠠᠯᠢᠭ ᠪᠠ | ᠨᠡᠶᠢᠭᠡᠮ ᠤᠨ ᠪᠠᠲᠤᠯᠠᠭ᠎ᠠ ᠶᠢᠨ ᠶᠠᠮᠤᠨ ᠬᠠᠮᠲᠤ ᠪᠠᠷ ᠵᠣᠬᠢᠶᠠᠨ ᠪᠠᠶᠢᠭᠤᠯᠤᠨ ᠬᠡᠷᠡᠭᠵᠢᠭᠦᠯᠵᠦ ᠪᠠᠶᠢᠭ᠎ᠠ ᠴᠢᠳᠠᠪᠤᠷᠢᠲᠠᠨ ᠤ | ᠲᠤᠬᠠᠢ ᠴᠢᠬᠤᠯᠠ ᠶᠡᠭᠡ ᠢᠨᠵᠧᠨᠧᠷᠢᠩ ᠮᠥᠨ᠃ | ᠲᠤᠰ ᠲᠥᠷᠥᠯ ᠵᠦᠢᠯ ᠢ 2003 ᠣᠨ ᠳᠤ ᠡᠬᠢᠯᠡᠨ ᠬᠡᠷᠡᠭᠵᠢᠭᠦᠯᠦᠭᠰᠡᠨ ᠠᠴᠠ ᠨᠠᠭᠠᠰᠢ᠂ ᠨᠢᠭᠡᠨᠲᠡ ᠨᠡᠶᠢᠲᠡ | 46.5 ᠲᠦᠮᠡ ᠭᠠᠷᠤᠢ ᠶᠡᠭᠡ ᠳᠡᠭᠡᠳᠦ ᠰᠤᠷᠭᠠᠭᠤᠯᠢ ᠲᠡᠭᠦᠰᠦᠭᠰᠡᠳ ᠪᠠ ᠰᠣᠳᠣᠯᠬᠤ ᠰᠤᠷᠤᠭᠴᠢᠳ ᠢ ᠡᠯᠰᠡᠭᠡᠳ᠂ | 2000 ᠭᠠᠷᠤᠢ ᠰᠢᠶᠠᠨ ︵ᠬᠤᠲᠠ᠂ ᠲᠣᠭᠤᠷᠢᠭ᠂ ᠬᠤᠰᠢᠭᠤ︶ ᠤ ᠦᠨᠳᠦᠰᠦᠨ ᠱᠠᠲᠤᠨ ᠳᠤ ᠦᠢᠯᠡᠴᠢᠯᠡᠭᠦᠯᠵᠦ᠂ ᠪᠦᠬᠦ | ᠨᠡᠶᠢᠭᠡᠮ ᠢᠯᠠᠩᠭᠤᠶ᠎ᠠ ᠵᠠᠯᠠᠭᠤᠴᠤᠳ ᠤᠨ ᠳᠤᠮᠳᠠ ᠪᠠᠷᠠᠭᠤᠨ ᠣᠷᠣᠨ ᠳᠤ ᠣᠴᠢᠬᠤ᠂ ᠦᠨᠳᠦᠰᠦᠨ ᠱᠠᠲᠤᠨ ᠳᠤ | ᠣᠴᠢᠬᠤ᠂ ᠡᠬᠡ ᠤᠯᠤᠰ ᠪᠠ ᠠᠷᠠᠳ ᠲᠦᠮᠡᠨ ᠤ ᠬᠠᠮᠤᠭ ᠤᠨ ᠬᠡᠷᠡᠭᠴᠡᠭᠡ ᠲᠠᠢ ᠭᠠᠵᠠᠷ ᠲᠤ ᠣᠴᠢᠵᠤ ᠭᠠᠪᠢᠶ᠎ᠠ | ᠪᠠᠶᠢᠭᠤᠯᠤᠨ ᠦᠢᠯᠡᠰ ᠴᠣᠭᠴᠠᠯᠠᠬᠤ ᠴᠠᠭ ᠦᠶ᠎ᠡ ᠶᠢᠨ ᠤᠷᠢᠶ᠎ᠠ ᠶᠢ ᠬᠠᠩᠭᠢᠨᠠᠭᠤᠯᠪᠠ᠃ 2023 ᠣᠨ ᠠᠴᠠ 2024 | ᠣᠨ ᠳᠤ᠂ ᠲᠥᠪ ᠤᠨ ᠡᠳ᠋ ᠤᠨ ᠵᠠᠰᠠᠭ ᠠᠴᠠ ᠳᠡᠮᠵᠢᠵᠦ᠂ ᠡᠩ ᠤᠨ ᠶᠡᠭᠡ ᠳᠡᠭᠡᠳᠦ ᠰᠤᠷᠭᠠᠭᠤᠯᠢ ︵ᠰᠤᠷᠭᠠᠨ | ᠬᠥᠮᠦᠵᠢᠯ ᠤᠨ ᠶᠠᠮᠤᠨ ᠤ ︽ᠪᠥᠬᠦ ᠤᠯᠤᠰ ᠤᠨ ᠡᠩ ᠤᠨ ᠶᠡᠭᠡ ᠳᠡᠭᠡᠳᠦ ᠰᠤᠷᠭᠠᠭᠤᠯᠢ ᠶᠢᠨ ᠨᠡᠷᠡᠰ︾ ᠲᠤ | ᠵᠢᠭᠰᠠᠭᠠᠭᠳᠠᠭᠰᠠᠨ ᠶᠡᠭᠡ ᠳᠡᠭᠡᠳᠦ ᠰᠤᠷᠭᠠᠭᠤᠯᠢ︶ ᠨᠤᠭᠤᠳ ᠤᠨ ᠲᠤᠰ ᠵᠢᠯ ᠤᠨ ᠲᠡᠭᠦᠰᠦᠭᠰᠡᠳ ᠪᠤᠶᠤ ᠰᠤᠷᠤᠯᠴᠠᠵᠤ | ᠪᠠᠶᠢᠭ᠎ᠠ ᠰᠣᠳᠣᠯᠬᠤ ᠰᠤᠷᠤᠭᠴᠢᠳ ᠠᠴᠠ ᠪᠠᠷᠠᠭᠤᠨ ᠣᠷᠣᠨ ᠤ ᠲᠥᠯᠥᠪᠯᠡᠭᠡ ᠶᠢᠨ ᠪᠦᠬᠦ ᠤᠯᠤᠰ ᠤᠨ ᠲᠥᠷᠥᠯ | ᠵᠦᠢᠯ ᠤᠨ 2 ᠲᠦᠮᠡᠨ ᠰᠠᠶᠢᠨ ᠳᠤᠷᠠᠴᠤᠳ ᠢ ᠢᠯᠡ ᠪᠠᠷ ᠡᠯᠰᠡᠬᠦ᠂ ᠰᠠᠶᠢᠨ ᠳᠤᠷ᠎ᠠ ᠠᠴᠠ ᠪᠠᠨ ᠨᠡᠷ᠎ᠡ ᠮᠡᠳᠡᠭᠦᠯᠬᠦ᠂ | ᠵᠣᠬᠢᠶᠠᠨ ᠪᠠᠶᠢᠭᠤᠯᠵᠤ ᠰᠢᠯᠢᠨ ᠰᠣᠩᠭᠤᠬᠤ᠂ ᠨᠢᠭᠡᠳᠦᠯᠲᠡᠢ ᠲᠣᠮᠢᠯᠠᠬᠤ ᠵᠡᠷᠭᠡ ᠠᠷᠭ᠎ᠠ ᠮᠠᠶ᠋ᠢᠭ ᠢᠶᠠᠷ ᠡᠯᠰᠡᠬᠦ ᠪᠠ ᠰᠢᠯᠢᠨ | ᠰᠣᠩᠭᠤᠵᠤ ᠪᠠᠷᠠᠭᠤᠨ ᠣᠷᠣᠨ ᠤ ᠦᠨᠳᠦᠰᠦᠨ ᠱᠠᠲᠤᠨ ᠳᠤ ᠲᠣᠮᠢᠯᠠᠨ ᠠᠵᠢᠯᠯᠠᠭᠤᠯᠤᠨ᠎ᠠ ︵ᠨᠢᠭᠡᠨᠲᠡ ᠡᠯᠰᠡᠭᠰᠡᠨ | ᠬᠤᠷᠢᠨ ᠲᠠᠪᠤᠳᠤᠭᠠᠷ ᠬᠤᠭᠤᠴᠠᠭᠠᠨ ᠤ ᠳᠤᠮᠳᠠᠳᠤ ᠤᠯᠤᠰ ᠤᠨ ᠵᠠᠯᠠᠭᠤ ᠰᠠᠶᠢᠨ ᠳᠤᠷᠠᠴᠤᠳ ᠤᠨ ᠶᠠᠳᠠᠭᠤ ᠶᠢ | ᠲᠡᠳᠬᠦᠬᠦ ᠪᠤᠤᠬᠢᠶ᠎ᠠ ᠲᠥᠯᠥᠪᠯᠡᠭᠡ ᠶᠢᠨ ᠰᠣᠳᠣᠯᠬᠤ ᠰᠤᠷᠤᠭᠴᠢᠳ ᠤᠨ ᠰᠤᠷᠭᠠᠨ ᠬᠥᠮᠦᠵᠢᠯ ᠢ ᠳᠡᠮᠵᠢᠬᠦ ᠪᠦᠯᠬᠦᠮ ᠤᠨ | ᠰᠠᠶᠢᠨ ᠳᠤᠷᠠᠴᠤᠳ ᠢ ᠪᠠᠭᠲᠠᠭᠠᠨ᠎ᠠ︶᠃ ᠡᠯ᠎ᠡ ᠭᠠᠵᠠᠷ ᠤᠨ ᠬᠢᠨ ᠪᠥᠬᠦ ᠤᠯᠤᠰ ᠤᠨ ᠲᠥᠷᠥᠯ ᠵᠦᠢᠯ ᠤᠨ | ᠠᠵᠢᠯᠯᠠᠭᠠᠨ ᠤ ᠵᠠᠭᠪᠤᠷ ᠪᠠ ᠠᠵᠢᠯ ᠤᠨ ᠱᠠᠭᠠᠷᠳᠠᠯᠭ᠎ᠠ ᠪᠠᠷ ᠯᠠᠪᠯᠠᠯᠲᠠ ᠪᠣᠯᠭᠠᠨ᠂ ᠪᠠᠷᠠᠭᠤᠨ ᠣᠷᠣᠨ ᠤ | ᠲᠥᠯᠥᠪᠯᠡᠭᠡ ᠶᠢᠨ ᠣᠷᠣᠨ ᠨᠤᠲᠤᠭ ᠲᠠᠬᠢ ᠲᠥᠷᠥᠯ ᠵᠦᠢᠯ ᠢ ᠵᠣᠬᠢᠶᠠᠨ ᠪᠠᠶᠢᠭᠤᠯᠤᠨ ᠬᠡᠷᠡᠭᠵᠢᠭᠦᠯᠵᠦ᠂ ᠵᠢᠱᠢᠯᠲᠡ ᠪᠠᠷ | ᠬᠡᠷᠡᠭᠵᠢᠭᠦᠯᠬᠦ ᠬᠡᠪᠴᠢᠶ᠎ᠡ ᠨᠢ 4 ᠲᠦᠮᠡ ᠬᠥᠮᠥᠨ ᠠᠴᠠ ᠳᠠᠪᠠᠭᠤᠯᠬᠤ ᠪᠣᠯᠣᠨ᠎ᠠ᠃ ᠪᠠᠷᠠᠭᠤᠨ ᠣᠷᠣᠨ ᠤ | ᠲᠥᠯᠥᠪᠯᠡᠭᠡ ᠶᠢᠨ ᠠᠯᠪᠠᠨ ᠤ ᠰᠦᠯᠵᠢᠶ᠎ᠡ ︵http://xibu.youth.cn︶ ᠪᠠᠷ ᠪᠠᠷᠠᠭᠤᠨ ᠣᠷᠣᠨ ᠤ | ᠲᠥᠯᠥᠪᠯᠡᠭᠡ ᠶᠢᠨ ᠪᠦᠬᠦ ᠤᠯᠤᠰ ᠤᠨ ᠲᠥᠷᠥᠯ ᠵᠦᠢᠯ ᠪᠠ ᠣᠷᠣᠨ ᠨᠤᠲᠤᠭ ᠲᠠᠬᠢ ᠲᠥᠷᠥᠯ ᠵᠦᠢᠯ ᠳᠤ ᠨᠡᠷ᠎ᠡ | ᠮᠡᠳᠡᠭᠦᠯᠵᠦ ᠪᠣᠯᠣᠨ᠎ᠠ᠃ ᠪᠠᠷᠠᠭᠤᠨ ᠣᠷᠣᠨ ᠤ ᠲᠥᠯᠥᠪᠯᠡᠭᠡ ᠶᠢᠨ ᠦᠢᠯᠡᠴᠢᠯᠡᠭᠡᠨ ᠤ ᠠᠭᠤᠯᠭ᠎ᠠ ᠶᠢ ᠬᠥᠳᠡᠭᠡ | ᠲᠣᠰᠬᠤᠨ ᠤ ᠰᠤᠷᠭᠠᠨ ᠬᠥᠮᠦᠵᠢᠯ᠂ ᠬᠥᠳᠡᠭᠡ ᠲᠣᠰᠬᠤᠨ ᠤ ᠪᠦᠲᠦᠭᠡᠨ ᠪᠠᠶᠢᠭᠤᠯᠤᠯᠲᠠ ᠳᠤ ᠦᠢᠯᠡᠴᠢᠯᠡᠬᠦ᠂ ᠡᠷᠡᠭᠦᠯ | ᠡᠩᠬᠡ ᠬᠥᠳᠡᠭᠡ ᠲᠣᠰᠬᠤᠨ᠂ ᠦᠨᠳᠦᠰᠦᠨ ᠱᠠᠲᠤᠨ ᠤ ᠵᠠᠯᠠᠭᠤᠴᠤᠳ ᠤᠨ ᠠᠵᠢᠯ᠂ ᠬᠥᠳᠡᠭᠡ ᠲᠣᠰᠬᠤᠨ ᠤ | ᠨᠡᠶᠢᠭᠡᠮ ᠤᠨ ᠵᠠᠰᠠᠯᠲᠠ᠂ ᠰᠢᠨᠵᠢᠶᠠᠩ ᠳᠤ ᠦᠢᠯᠡᠴᠢᠯᠡᠬᠦ᠂ ᠲᠥᠪᠡᠳ ᠲᠤ ᠦᠢᠯᠡᠴᠢᠯᠡᠬᠦ ᠭᠡᠬᠦ 7 ᠲᠤᠰᠬᠠᠢ ᠵᠦᠢᠯ | ᠬᠤᠪᠢᠶᠠᠨ᠎ᠠ᠃ ᠰᠠᠶᠢᠨ ᠳᠤᠷᠠᠴᠤᠳ ᠤᠨ ᠦᠢᠯᠡᠴᠢᠯᠡᠬᠦ ᠬᠤᠭᠤᠴᠠᠭ᠎ᠠ ᠨᠢ 1 ᠠᠴᠠ 3 ᠵᠢᠯ᠂ ᠦᠢᠯᠡᠴᠢᠯᠡᠭᠡᠨ ᠤ | ᠭᠡᠷ᠎ᠡ ᠶᠢ ᠨᠢᠭᠡ ᠵᠢᠯ ᠢᠶᠠᠷ ᠲᠣᠭᠲᠠᠨ᠎ᠠ᠃ | ︽ᠬᠡᠷᠬᠢᠨ ᠨᠡᠷ᠎ᠡ ᠮᠡᠳᠡᠭᠦᠯᠬᠦ ᠪᠣᠢ︖︾ ︽ᠨᠡᠷ᠎ᠡ ᠮᠡᠳᠡᠭᠦᠯᠬᠦ ᠳᠤ ᠶᠠᠮᠠᠷ ᠮᠠᠲ᠋ᠧᠷᠢᠶᠠᠯ ᠪᠡᠯᠡᠳᠬᠡᠬᠦ | ᠴᠢᠬᠤᠯᠠ ᠲᠠᠢ ᠪᠣᠢ︾ ᠲᠦᠷᠭᠡᠨ ᠦᠵᠡᠭᠡᠷᠡᠢ | ᠨᠡᠷ᠎ᠡ ᠮᠡᠳᠡᠭᠦᠯᠬᠦ ᠦᠶᠡᠰ ᠡᠷᠡᠭᠡᠯᠵᠡᠭᠡ ᠲᠠᠢ ᠵᠦᠢᠯᠡᠰ ᠪᠠᠶᠢᠪᠠᠯ | ᠪᠠᠷᠠᠭᠤᠨ ᠣᠷᠣᠨ ᠤ ᠲᠥᠯᠥᠪᠯᠡᠭᠡ ᠶᠢᠨ ᠡᠯ᠎ᠡ ᠮᠤᠵᠢ ︵ᠣᠷᠣᠨ᠂ ᠬᠤᠲᠠ︶ ᠶᠢᠨ ᠲᠥᠷᠦᠯ ᠵᠦᠢᠯ ᠤᠨ | ᠠᠯᠪᠠᠨ ᠭᠡᠷ ᠠᠴᠠ ᠯᠠᠪᠯᠠᠭᠠᠷᠠᠢ | | | ᠪᠦᠬᠦ ᠤᠯᠤᠰ ᠤᠨ ᠲᠦᠷᠦᠯ ᠵᠦᠢᠯ ᠤᠨ ᠠᠯᠪᠠᠨ ᠭᠡᠷ ᠤᠨ ᠯᠠᠪᠯᠠᠬᠤ ᠤᠲᠠᠰᠤ | ᠪᠦᠬᠦ ᠤᠯᠤᠰ ᠤᠨ ᠲᠦᠷᠦᠯ ᠵᠦᠢᠯ ᠤᠨ ᠠᠯᠪᠠᠨ ᠭᠡᠷ 010 — 85212269 | | | ᠡᠯ᠎ᠡ ᠮᠤᠵᠢ ︵ᠣᠷᠣᠨ᠂ ᠬᠤᠲᠠ︶ ᠶᠢᠨ ᠲᠥᠷᠦᠯ ᠵᠦᠢᠯ ᠤᠨ ᠠᠯᠪᠠᠨ ᠭᠡᠷ ᠤᠨ ᠯᠠᠪᠯᠠᠬᠤ ᠤᠲᠠᠰᠤ | ᠪᠡᠭᠡᠵᠢᠩ ᠤᠨ ᠲᠦᠷᠦᠯ ᠵᠦᠢᠯ ᠤᠨ ᠠᠯᠪᠠᠨ ᠭᠡᠷ 010 — 53975857 | ᠲᠢᠶᠠᠨᠵᠢᠨ ᠤ ᠲᠦᠷᠦᠯ ᠵᠦᠢᠯ ᠠᠯᠪᠠᠨ ᠭᠡᠷ 022 — 28236859 | ᠾᠧᠪᠧᠢ ᠶᠢᠨ ᠲᠦᠷᠦᠯ ᠵᠦᠢᠯ ᠤᠨ ᠠᠯᠪᠠᠨ ᠭᠡᠷ 0311 — 87903813 | ᠱᠠᠨ ᠰᠢ ᠶᠢᠨ ᠲᠥᠷᠥᠯ ᠵᠦᠢᠯ ᠤᠨ ᠠᠯᠪᠠᠨ ᠭᠡᠷ 0351 — 12355 | ᠥᠪᠥᠷ ᠮᠣᠩᠭᠤᠯ ᠤᠨ ᠲᠥᠷᠥᠯ ᠵᠦᠢᠯ ᠤᠨ ᠠᠯᠪᠠᠨ ᠭᠡᠷ 0471 — 4607245 | ᠯᠢᠶᠣᠣᠨᠢᠩ ᠤᠨ ᠲᠥᠷᠥᠯ ᠵᠦᠢᠯ ᠤᠨ ᠠᠯᠪᠠᠨ ᠭᠡᠷ 024 — 22827064 | ᠬᠢᠷᠢᠨ ᠤ ᠲᠥᠷᠥᠯ ᠵᠦᠢᠯ ᠤᠨ ᠠᠯᠪᠠᠨ ᠭᠡᠷ 0431 — 85876612 | ᠬᠠᠷᠠᠮᠥ᠋ᠷᠡᠨ ᠤ ᠲᠥᠷᠥᠯ ᠵᠦᠢᠯ ᠤᠨ ᠠᠯᠪᠠᠨ ᠭᠡᠷ 0451 — 53620211 | ᠱᠠᠩᠬᠠᠢ ᠶᠢᠨ ᠲᠥᠷᠥᠯ ᠵᠦᠢᠯ ᠤᠨ ᠠᠯᠪᠠᠨ ᠭᠡᠷ 021 — 52980326 | ᠵᠢᠶᠠᠩᠰᠤ ᠶᠢᠨ ᠲᠥᠷᠥᠯ ᠵᠦᠢᠯ ᠤᠨ ᠠᠯᠪᠠᠨ ᠭᠡᠷ 025 — 86906329 | ᠵᠧᠵᠢᠶᠠᠩ ᠤᠨ ᠲᠦᠷᠦᠯ ᠵᠦᠢᠯ ᠤᠨ ᠠᠯᠪᠠᠨ ᠭᠡᠷ 0571 — 85174175 | ᠠᠨᠾᠦ᠋ᠢ ᠶᠢᠨ ᠲᠦᠷᠦᠯ ᠵᠦᠢᠯ ᠤᠨ ᠠᠯᠪᠠᠨ ᠭᠡᠷ 0551 — 63609725 | ᠹᠦᠵᠢᠶᠠᠨ ᠤ ᠵᠦᠢᠯᠡᠰ ᠤᠨ ᠠᠯᠪᠠᠨ ᠭᠡᠷ 0591 — 87719872 | ᠵᠢᠶᠠᠩᠰᠢ ᠶᠢᠨ ᠲᠥᠷᠥᠯ ᠵᠦᠢᠯ ᠤᠨ ᠠᠯᠪᠠᠨ ᠭᠡᠷ 0791 — 88910810 | ᠱᠠᠨᠳᠦ᠋ᠩ ᠤᠨ ᠲᠥᠷᠥᠯ ᠵᠦᠢᠯ ᠤᠨ ᠠᠯᠪᠠᠨ ᠭᠡᠷ 0531 — 82073583 | ᠾᠧᠨᠠᠨ ᠤ ᠲᠥᠷᠥᠯ ᠵᠦᠢᠯ ᠤᠨ ᠠᠯᠪᠠᠨ ᠭᠡᠷ 0371 — 65903352 | ᠬᠤᠪᠧᠢ ᠶᠢᠨ ᠲᠥᠷᠥᠯ ᠵᠦᠢᠯ ᠤᠨ ᠠᠯᠪᠠᠨ ᠭᠡᠷ 027 — 87233557 | ᠬᠤᠨᠠᠨ ᠤ ᠲᠥᠷᠥᠯ ᠵᠦᠢᠯ ᠤᠨ ᠠᠯᠪᠠᠨ ᠭᠡᠷ 0731 — 88776720 | ᠭᠤᠸᠠᠩᠳᠦ᠋ᠩ ᠤᠨ ᠲᠥᠷᠥᠯ ᠵᠦᠢᠯ ᠤᠨ ᠠᠯᠪᠠᠨ ᠭᠡᠷ 020 — 87786223 | ᠭᠤᠸᠠᠩᠰᠢ ᠶᠢᠨ ᠲᠥᠷᠥᠯ ᠵᠦᠢᠯ ᠤᠨ ᠠᠯᠪᠠᠨ ᠭᠡᠷ 0771 — 5719569 | ᠬᠠᠶᠢᠨᠠᠨ ᠤ ᠲᠥᠷᠥᠯ ᠵᠦᠢᠯ ᠤᠨ ᠠᠯᠪᠠᠨ ᠭᠡᠷ 0898 — 65399100 | ᠴᠦᠩᠴᠢᠩ ᠤᠨ ᠲᠥᠷᠥᠯ ᠵᠦᠢᠯ ᠤᠨ ᠠᠯᠪᠠᠨ ᠭᠡᠷ 023 — 63861259 | ᠰᠧᠴᠤᠸᠠᠨ ᠤ ᠲᠥᠷᠥᠯ ᠵᠦᠢᠯ ᠤᠨ ᠠᠯᠪᠠᠨ ᠭᠡᠷ 028 — 86755167 | ᠭᠦᠢᠵᠧᠦ ᠶᠢᠨ ᠲᠦᠷᠦᠯ ᠵᠦᠢᠯ ᠤᠨ ᠠᠯᠪᠠᠨ ᠭᠡᠷ 0851 — 86571360 | ᠶᠦᠨᠨᠠᠨ ᠤ ᠲᠥᠷᠥᠯ ᠵᠦᠢᠯ ᠤᠨ ᠠᠯᠪᠠᠨ ᠭᠡᠷ 0871 — 63995453 | ᠲᠥᠪᠡᠳ ᠤᠨ ᠲᠥᠷᠥᠯ ᠵᠦᠢᠯ ᠠᠯᠪᠠᠨ ᠭᠡᠷ 0891 — 6323988 | ᠱᠠᠨᠰᠢ ᠶᠢᠨ ᠲᠥᠷᠥᠯ ᠵᠦᠢᠯ ᠤᠨ ᠠᠯᠪᠠᠨ ᠭᠡᠷ 029 — 88401563 | ᠭᠠᠨᠰᠤ ᠶᠢᠨ ᠲᠦᠷᠦᠯ ᠵᠦᠢᠯ ᠤᠨ ᠠᠯᠪᠠᠨ ᠭᠡᠷ 0931 — 8122102 | ᠬᠥᠬᠡᠨᠠᠭᠤᠷ ᠤᠨ ᠲᠥᠷᠥᠯ ᠵᠦᠢᠯ ᠤᠨ ᠠᠯᠪᠠᠨ ᠭᠡᠷ 0971 — 8220354 | ᠨᠢᠩᠰᠢᠶᠠ ᠶᠢᠨ ᠲᠦᠷᠦᠯ ᠵᠦᠢᠯ ᠤᠨ ᠠᠯᠪᠠᠨ ᠭᠡᠷ 0951 — 2090251 | ᠰᠢᠨᠵᠢᠶᠠᠩ ᠤᠨ ᠲᠥᠷᠥᠯ ᠵᠦᠢᠯ ᠠᠯᠪᠠᠨ ᠭᠡᠷ 0991 — 2817084 | ᠪᠢᠩᠲ᠋ᠤᠸᠠᠨ ᠤ ᠲᠦᠷᠦᠯ ᠵᠦᠢᠯ ᠤᠨ ᠠᠯᠪᠠᠨ ᠭᠡᠷ 0991 — 2890582 | | | ᠶᠡᠭᠡ ᠳᠡᠭᠡᠳᠦ ᠰᠤᠷᠭᠠᠭᠤᠯᠢ ᠶᠢᠨ ᠲᠦᠷᠦᠯ ᠵᠦᠢᠯ ᠤᠨ ᠠᠯᠪᠠᠨ ᠭᠡᠷ ᠢ ᠡᠯ᠎ᠡ ᠶᠡᠭᠡ ᠳᠡᠭᠡᠳᠦ | ᠰᠤᠷᠭᠠᠭᠤᠯᠢ ᠶᠢᠨ ᠡᠪᠯᠡᠯ ᠤᠨ ᠬᠤᠷᠢᠶᠠᠨ ᠳᠤ ᠲᠣᠬᠢᠷᠠᠭᠤᠯᠪᠠ | | |