ᠠᠮᠢᠳᠤᠷᠠᠯ ᠬᠠᠶᠢᠷ᠎ᠠ ᠲᠡᠭᠡᠷ᠎ᠡ ᠲᠤᠭᠳᠠᠳᠠᠭ
ᠨᠡᠶᠢᠲᠡᠯᠡᠭᠰᠡᠨ ᠴᠠᠭ᠄
2023/4/20
              ᠦᠭᠡ᠄ ᠱ᠊᠂ ᠲᠤᠯᠮ᠎ᠠ               ᠠᠶ᠎ᠠ᠄ ᠴ᠊᠂ ᠰᠡᠷᠡᠩᠴᠢᠮᠡᠳᠡᠵᠢ ᠶᠢᠨ ᠴᠠᠶᠢᠯᠭᠠᠨ ᠴᠠᠭᠠᠨ ᠰᠡᠳᠭᠢᠯ ᠡᠩᠬᠦᠷᠡᠢ ᠤᠶᠠᠬᠠᠨ ᠪᠦᠤᠪᠡᠢ ᠶᠢᠨ ᠲᠠᠭᠤᠤ ᠡᠷᠳᠡᠨᠢ ᠶᠢᠨ ᠬᠠᠷᠭᠤᠢ ᠳᠤ ᠡᠷᠭᠦᠭᠰᠡᠨ ᠰᠠᠴᠤᠯᠢ ᠡᠮᠵᠡᠭᠬᠡᠨ ᠬᠠᠶᠢᠷ᠎ᠠ ᠶᠢ ᠮᠡᠳᠡᠷᠡᠭᠰᠡᠨ ᠵᠢᠷᠦᠬᠡ       ᠠᠮᠢᠳᠤᠷᠠᠯ ᠬᠠᠶᠢᠷ᠎ᠠ ᠲᠡᠭᠡᠷ᠎ᠡ ᠲᠤᠭᠳᠠᠳᠠᠭ ᠭᠡᠵᠣ       ᠠᠯᠠᠭᠬᠠᠨ ᠬᠤᠷᠸ᠎ᠠ ᠬᠡᠯᠡᠭᠡᠳ ᠪᠠᠶᠢᠬᠤ ᠶᠤᠮ ᠡ ᠬᠦᠰᠡᠯ ᠤᠨ ᠲᠡᠭᠷᠢ ᠠᠯᠳᠠᠷᠠᠶᠢᠬᠠᠨ ᠬᠠᠨᠢ ᠪᠠᠨ ᠬᠦᠮᠤᠨ ᠤ ᠤᠷᠴᠢᠯᠠᠩ ᠳᠤ ᠬᠠᠶᠢᠷᠠᠯᠠᠨ ᠵᠢᠷᠭᠠᠭᠠᠵᠦ ᠪᠦᠬᠦᠨ ᠠᠴᠠ ᠤᠨᠴᠠᠯᠠᠨ ᠤᠶᠠᠷᠠᠵᠦ ᠰᠠᠭᠤᠭ᠎ᠠ ᠪᠦᠰᠡᠭᠦᠢ ᠬᠦᠮᠤᠨ ᠤ ᠡᠩᠭᠦᠷᠡᠶᠢᠬᠡᠨ ᠵᠢᠷᠤᠬᠡ       ᠠᠮᠢᠳᠤᠷᠠᠯ ᠬᠠᠶᠢᠷ᠎ᠠ ᠲᠡᠬᠡᠷ᠎ᠡ ᠲᠤᠭᠳᠠᠳᠠᠭ ᠭᠡᠵᠣ       ᠠᠯᠠᠭᠬᠠᠨ ᠬᠤᠷᠸ᠎ᠠ ᠬᠡᠯᠡᠭᠡᠳ ᠪᠠᠶᠢᠬᠤ ᠶᠤᠮ ᠡ ᠲᠡᠨᠢᠭᠦᠨ ᠪᠠᠶᠢᠭᠠᠯᠢ ᠶᠢᠨ ᠡᠩ ᠦᠭᠡᠢ ᠠᠭᠤᠳᠠᠮ ᠳᠠᠭᠠᠨ ᠲᠡᠭᠷᠢ ᠶᠢᠨ ᠰᠤᠯᠤᠩᠭ᠎ᠠ ᠬᠠᠷᠠᠨ ᠪᠠᠶᠠᠰᠤᠭᠠᠳ ᠪᠠᠷᠢᠵᠤ ᠴᠢᠳᠠᠭ᠎ᠠ ᠦᠭᠡᠢ ᠴᠤ ᠪᠢᠰᠢᠷᠡᠵᠦ ᠶᠠᠪᠤᠭᠰᠠᠨ ᠪᠠᠯᠴᠢᠷᠬᠠᠨ ᠨᠠᠰᠤᠨ ᠤ ᠠᠷᠢᠭᠤᠬᠠᠨ ᠲᠤᠷᠠᠳᠬᠠᠯ       ᠠᠮᠢᠳᠤᠷᠠᠯ ᠬᠠᠶᠢᠷ᠎ᠠ ᠲᠡᠭᠡᠷ᠎ᠡ ᠲᠤᠭᠳᠠᠳᠠᠭ ᠭᠡᠵᠣ       ᠠᠯᠠᠭᠬᠠᠨ ᠬᠤᠷᠸ᠎ᠠ ᠬᠡᠯᠡᠭᠡᠳ ᠪᠠᠶᠢᠬᠤ ᠶᠤᠮ ᠡ ᠬᠦᠬᠡ ᠲᠡᠭᠷᠢ ᠪᠠᠨ ᠨᠠᠷᠨ ᠰᠠᠷᠨ ᠲᠠᠢ ᠨᠢ ᠬᠦᠬᠡᠮᠳᠦᠭ ᠲᠠᠯ᠎ᠠ ᠪᠠᠨ ᠨᠠᠪᠴᠢ ᠴᠡᠴᠡᠭ ᠲᠠᠢ ᠨᠢ ᠬᠦᠪᠴᠢ ᠬᠠᠩᠭᠠᠢ ᠪᠠᠨ ᠠᠩ ᠭᠦᠷᠦᠭᠡᠰᠦ ᠲᠠᠢ ᠨᠢ ᠬᠦᠰᠡᠯ ᠬᠠᠶᠢᠷ᠎ᠠ ᠪᠠᠷ ᠳᠡᠭᠡᠳᠦᠯᠡᠬᠦ ᠵᠢᠷᠦᠬᠡ       ᠠᠮᠢᠳᠤᠷᠠᠯ ᠬᠠᠶᠢᠷ᠎ᠠ ᠲᠡᠭᠡᠷ᠎ᠡ ᠲᠤᠭᠳᠠᠳᠠᠭ ᠭᠡᠵᠣ       ᠠᠯᠠᠭᠬᠠᠨ ᠬᠤᠷᠸ᠎ᠠ ᠬᠡᠯᠡᠭᠡᠳ ᠪᠠᠶᠢᠬᠤ ᠶᠤᠮ ᠡ 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ